ᠴᠠᠭᠠᠨ ᠰᠢᠶᠠᠩᠵᠢᠶᠤᠤ ᠦᠵᠦᠮ
ᠨᠡᠶᠢᠲᠡᠯᠡᠭᠰᠡᠨ ᠴᠠᠭ᠄
2023/12/26
     ᠴᠠᠭᠠᠨ ᠰᠢᠶᠠᠩᠵᠢᠶᠤᠤ ᠦᠵᠦᠮ ᠪᠤᠯ ᠦᠪᠦᠷ ᠮᠤᠩᠭᠤᠯ ᠭᠠᠵᠠᠷ ᠤᠷᠤᠨ ᠳᠤ ᠬᠦᠷᠢᠶᠡᠯᠡᠯ ᠤᠯᠤᠭᠰᠠᠨ ᠰᠢᠯᠢᠳᠡᠭ ᠰᠠᠶᠢᠨ ᠲᠦᠬᠦᠬᠡᠢ ᠪᠠᠷ ᠢᠳᠡᠬᠦ ᠲᠦᠷᠦᠯ ᠵᠦᠢᠯ ᠪᠤᠯᠤᠨ᠎ᠠ᠃     ᠴᠠᠭᠠᠨ ᠰᠢᠶᠠᠩᠵᠢᠶᠤᠤ ᠦᠵᠦᠮ ᠤᠨ ᠡᠮᠵᠡᠭ ᠦᠵᠦᠬᠦᠷ ᠪᠤᠯᠤᠨ ᠨᠢᠷᠠᠢ ᠨᠠᠪᠴᠢ ᠨᠢ ᠰᠢᠷᠠᠪᠲᠤᠷ ᠦᠩᠭᠡᠳᠡᠢ ᠪᠦᠬᠡᠳ ᠦᠰᠦᠷᠬᠡᠭ ᠪᠠᠶᠢᠳᠠᠭ᠃ ᠨᠠᠪᠴᠢ ᠨᠢ ᠵᠤᠵᠠᠭᠠᠨ᠂ ᠵᠢᠷᠦᠬᠡ ᠬᠡᠯᠪᠡᠷᠢᠳᠠᠢ᠂ ᠦᠩᠭᠡᠨ ᠲᠠᠯ᠎ᠠ ᠨᠢ ᠪᠠᠷᠴᠢᠭᠠᠷ᠂ ᠠᠷᠤ ᠲᠠᠯ᠎ᠠ ᠪᠠᠷ ᠨᠢ ᠴᠠᠭᠠᠨ ᠨᠤᠯᠤᠤᠷ ᠨᠢᠭ᠋ ᠪᠦᠷᠬᠦᠭᠰᠡᠨ ᠪᠠᠶᠢᠳᠠᠭ᠃ ᠵᠢᠮᠢᠰ ᠤᠨ ᠲᠦᠷᠦᠬᠦᠦ ᠶᠢᠨ ᠬᠡᠯᠪᠡᠷᠢ ᠨᠢ ᠲᠤᠩ ᠭᠤᠶᠤᠮᠰᠤᠭ᠂ ᠵᠢᠮᠢᠰ ᠤᠨ ᠮᠦᠬᠦᠯᠢᠭ ᠨᠢ ᠲᠤᠮᠤ ᠪᠦᠭᠡᠳ ᠵᠢᠭᠳᠡ᠂ ᠵᠤᠤᠪᠠᠩ ᠬᠡᠯᠪᠡᠷᠢᠳᠠᠢ᠂ ᠰᠢᠷᠠᠪᠲᠤᠷ ᠨᠤᠭᠤᠭᠠᠨ᠂ ᠵᠢᠮᠢᠰ ᠤᠨ ᠬᠠᠯᠢᠰᠤ ᠨᠢ ᠨᠢᠮᠭᠡᠨ᠂ ᠠᠩᠬᠢᠯᠤᠮ᠎ᠠ ᠦᠨᠦᠷᠳᠡᠢ᠂ ᠴᠢᠨᠠᠷ ᠨᠢ ᠤᠬᠢ ᠰᠠᠶᠢᠨ ᠪᠠᠶᠢᠳᠠᠭ᠃     ᠮᠤᠳᠤᠨ ᠤ ᠤᠷᠭᠤᠯᠳᠠ ᠨᠢ ᠲᠤᠮᠳᠠ ᠲᠦᠯᠦᠪ᠂ ᠦᠷ᠎ᠡ ᠵᠢᠮᠢᠰ ᠤᠨ ᠰᠠᠭᠤᠳᠠᠯ ᠨᠢ ᠦᠨᠳᠦᠷ᠂ ᠡᠯᠪᠡᠭ ᠬᠤᠷᠢᠶᠠᠯᠳᠠ ᠲᠠᠢ᠃ ᠮᠠᠨ ᠤ ᠤᠷᠤᠨ ᠤ ᠲᠠᠯᠠᠨ ᠬᠠᠷ᠎ᠠ ᠠᠭᠤᠯᠠ ᠶᠢᠨ ᠡᠮᠦᠨ᠎ᠡ ᠬᠤᠷᠮᠤᠢ ᠪᠠᠷ ᠤᠷᠭᠤᠳᠠᠭ᠃ ᠶᠢᠰᠦᠳᠦᠭᠡᠷ ᠰᠠᠷ᠎ᠠ ᠶᠢᠨ ᠬᠤᠷᠢᠳ ᠢᠶᠠᠷ ᠪᠤᠯᠪᠠᠰᠤᠷᠠᠨ᠎ᠠ᠃     ᠴᠠᠭᠠᠨ ᠰᠢᠶᠠᠩᠵᠢᠶᠤᠤ ᠦᠵᠦᠮ ᠬᠦᠢᠲᠡᠨ ᠳᠤ ᠲᠡᠰᠪᠦᠷᠢᠳᠡᠢ ᠪᠦᠭᠡᠳ ᠵᠤᠬᠢᠴᠠᠯᠳᠤᠬᠤ ᠴᠢᠨᠠᠷ ᠢᠶᠠᠷ ᠴᠢᠩᠭ᠎ᠠ᠃ ᠭᠡᠮᠳᠦᠯ ᠬᠤᠷᠤᠬᠠᠶᠢᠳᠤᠯ ᠢ ᠡᠰᠡᠷᠬᠦᠴᠡᠬᠦ ᠴᠢᠨᠠᠷ ᠰᠠᠶᠢᠨ ᠪᠠᠶᠢᠳᠠᠭ᠃ ᠡᠬᠦᠨ ᠳᠤ ᠰᠢᠪᠡᠭᠡ ᠰᠦᠷᠦ ᠪᠤᠶᠤ ᠵᠢᠵᠢᠭ ᠭᠤᠳᠤᠮ ᠰᠦᠷᠦ ᠪᠤᠰᠬᠠᠵᠤ ᠪᠤᠶᠢᠵᠢᠭᠤᠯᠪᠠᠯ ᠶᠡᠭᠡ ᠲᠤᠬᠢᠷᠠᠳᠠᠭ ᠶᠤᠮ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号