ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠣᠷᠣᠰ᠎ᠤᠨ ᠵᠠᠭᠤᠴᠢᠯᠠᠭᠤᠷ᠎ᠲᠤ ᠨᠡᠷ᠎ᠡ ᠬᠠᠳᠠᠭᠰᠠᠨ ᠵᠣᠬᠢᠶᠠᠯ ᠨᠡᠶ᠋ᠢᠲᠡᠯᠡᠪᠡ
ᠨᠡᠶᠢᠲᠡᠯᠡᠭᠰᠡᠨ ᠴᠠᠭ᠄ 2025-05-23

    ᠰᠢᠨᠬᠤᠸᠠ ᠬᠤᠷᠢᠶ᠎ᠠ ᠵᠢᠨ ᠮᠣᠰᠺᠸᠠ ᠵᠢᠨ 5 ᠰᠠᠷ᠎ᠠ ᠵᠢᠨ 7᠎ᠤ ᠴᠠᠭᠢᠯᠭ᠋ᠠᠨ ᠮᠡᠳᠡᠭᠡ 5 ᠰᠠᠷ᠎ᠠ ᠵᠢᠨ 7᠎ᠤ ᠡᠳᠦᠷ᠂ ᠮᠣᠰᠺᠸᠠ᠎ᠳᠤ ᠬᠦᠷᠴᠦ ᠣᠷᠣᠰ᠎ᠲᠤ ᠲᠥᠷᠥ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ ᠵᠢᠨ ᠬᠠᠮᠲᠤ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠲᠡᠶ᠋ᠢᠨ ᠢᠯᠠᠯᠲᠠ ᠣᠯᠣᠭᠰᠠᠨ 80 ᠵᠢᠯ᠎ᠤᠨ ᠣᠶ ᠵᠢ ᠳᠤᠷᠠᠰᠬᠠᠬᠤ ᠪᠠᠶᠠᠷ᠎ᠤᠨ ᠶᠣᠰᠣᠯᠠᠯ᠎ᠳᠤ ᠣᠷᠤᠯᠴᠠᠬᠤ ᠲᠠᠰᠢᠷᠠᠮ᠎ᠳᠤ᠂ ᠤᠯᠤᠰ᠎ᠤᠨ ᠲᠡᠷᠢᠭᠦᠯᠡᠭᠴᠢ ᠰᠢ ᠵᠢᠨ ᠫᠢᠩ 《ᠣᠷᠣᠰ ᠰᠣᠨᠢᠨ》᠎ᠳᠤ 《ᠲᠡᠦᠬᠡ᠎ᠪᠠᠷ ᠲᠣᠯᠢ ᠪᠤᠯᠭ᠋ᠠᠵᠤ ᠬᠠᠮᠲᠤ᠎ᠪᠠᠷ ᠢᠷᠡᠭᠡᠳᠦᠢ᠎ᠪᠠᠨ ᠴᠣᠭᠴᠠᠯᠠᠶ᠎ᠠ》 ᠭᠡᠬᠦ ᠭᠠᠷᠴᠠᠭ᠎ᠲᠠᠢ ᠨᠡᠷ᠎ᠡ ᠬᠠᠲᠠᠭᠰᠠᠨ ᠵᠣᠬᠢᠶᠠᠯ ᠨᠡᠶ᠋ᠢᠲᠡᠯᠡᠪᠡ᠃ ᠵᠣᠬᠢᠶᠠᠯ᠎ᠤᠨ ᠪᠦᠭᠦ ᠠᠭᠤᠯᠭ᠎ᠠ᠎ᠨᠢ ᠳᠣᠣᠷᠠᠬᠢ ᠮᠡᠲᠦ᠄
    ᠲᠡᠦᠬᠡ᠎ᠪᠠᠷ ᠲᠣᠯᠢ ᠪᠤᠯᠭ᠋ᠠᠵᠤ ᠬᠠᠮᠲᠤ᠎ᠪᠠᠷ ᠢᠷᠡᠭᠡᠳᠦᠢ᠎ᠪᠠᠨ ᠴᠣᠭᠴᠠᠯᠠᠶ᠎ᠠ
    ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭᠴᠢ ᠰᠢ ᠵᠢᠨ ᠫᠢᠩ
       ᠡᠨᠡ ᠵᠢᠯ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠳᠠᠶ᠋ᠢᠨ᠂ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠳᠠᠶ᠋ᠢᠨ ᠵᠢᠴᠢ ᠳᠡᠯᠡᠬᠡᠢ ᠵᠢᠨ ᠹᠠᠱ᠌ᠢᠰ᠎ᠢ ᠡᠰᠡᠷᠭᠦᠴᠡᠬᠦ ᠳᠠᠶ᠋ᠢᠨ ᠢᠯᠠᠯᠲᠠ ᠣᠯᠣᠭᠰᠠᠨ 80 ᠵᠢᠯ᠎ᠤᠨ ᠣᠶ ᠪᠤᠯᠬᠤ ᠪᠥᠭᠡᠳ ᠪᠠᠰᠠ ᠴᠤ᠌ ᠣᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠪᠠᠶ᠋ᠢᠭᠤᠯᠤᠭᠳᠠᠭᠰᠠᠨ 80 ᠵᠢᠯ᠎ᠤᠨ ᠣᠶ ᠪᠣᠯᠣᠨ᠎ᠠ᠃ ᠡᠨᠡ ᠬᠦ᠌ 《ᠠᠯᠢᠮᠠᠨ ᠴᠡᠴᠡᠭᠡᠰ ᠲᠡᠭᠷᠢ ᠵᠢᠨ ᠬᠠᠶᠠᠭ᠎ᠠ ᠲᠤᠯᠲᠠᠯ᠎ᠠ ᠮᠢᠷᠠᠯᠵᠠᠨ ᠳᠡᠯᠭᠡᠷᠡᠭᠰᠡᠨ》 ᠤᠯᠠᠷᠢᠯ᠎ᠳᠤ᠂ ᠪᠢ ᠤᠳᠠᠯ ᠦᠭᠡᠢ ᠤᠷᠤᠰ᠎ᠲᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ ᠵᠢᠨ ᠬᠠᠮᠲᠤ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠲᠠᠶ᠋ᠢᠨ᠎ᠤ ᠢᠯᠠᠯᠲᠠ ᠣᠯᠣᠭᠰᠠᠨ 80 ᠵᠢᠯ᠎ᠤᠨ ᠤᠢ ᠵᠢ ᠳᠤᠷᠠᠰᠬᠠᠬᠤ ᠪᠠᠶᠠᠷ᠎ᠤᠨ ᠶᠣᠰᠣᠯᠠᠯ᠎ᠳᠤ ᠣᠷᠣᠯᠴᠠᠵᠤ᠂ ᠪᠠᠭ᠋ᠠᠲᠤᠷᠯᠢᠭ ᠤᠷᠤᠰ᠎ᠤᠨ ᠠᠷᠠᠳ ᠲᠦᠮᠡᠨ᠎ᠲᠠᠢ ᠬᠠᠮᠲᠤ᠎ᠪᠠᠷ ᠲᠡᠦᠬᠡ ᠵᠢ ᠲᠠᠭᠢᠨ ᠡᠷᠭᠢᠴᠡᠭᠦᠯᠵᠦ᠂ ᠦᠷᠡᠭᠳᠡᠭᠰᠡᠨ ᠪᠠᠭ᠋ᠠᠲᠤᠷᠴᠤᠳ᠎ᠢ ᠳᠤᠷᠠᠰᠤᠨ ᠰᠠᠨᠠᠭ᠋ᠠᠯᠵᠠᠨ᠎ᠠ᠃
      10 ᠵᠢᠯ᠎ᠤᠨ ᠡᠮᠦᠨᠡᠬᠢ ᠡᠨᠡ ᠦᠶ᠎ᠡ᠎ᠳᠤ᠂ ᠪᠢ ᠤᠷᠤᠰ᠎ᠲᠤ ᠬᠦᠷᠴᠦ ᠤᠯᠤᠰ ᠵᠶ᠋ᠠᠨ ᠬᠠᠮᠠᠭ᠋ᠠᠯᠠᠬᠤ ᠲᠠᠶ᠋ᠢᠨ ᠢᠯᠠᠯᠲᠠ ᠣᠯᠣᠭᠰᠠᠨ 70 ᠵᠢᠯ᠎ᠤᠨ ᠤᠢ ᠵᠢ ᠪᠡᠯᠭᠡᠯᠡᠬᠦ ᠶᠣᠰᠣᠯᠠᠯ᠎ᠳᠤ ᠣᠷᠣᠯᠴᠠᠵᠤ᠂ ᠤᠷᠤᠰ᠎ᠤᠨ 18 ᠠᠬᠠᠮᠠᠳ ᠪᠠᠶ᠋ᠢᠯᠳᠤᠭᠴᠢ ᠵᠢᠨ ᠲᠥᠯᠥᠭᠡᠯᠡᠭᠴᠢ᠎ᠲᠠᠢ ᠲᠤᠰᠬᠠᠶ᠋ᠢᠯᠠᠨ ᠠᠭᠤᠯᠵᠠᠪᠠ᠂ ᠲᠡᠳᠡ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠲᠠᠶ᠋ᠢᠨ ᠪᠣᠯᠣᠨ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠲᠠᠶ᠋ᠢᠨ᠎ᠤ ᠲᠠᠯᠠᠪᠤᠷ᠎ᠲᠤ ᠴᠢᠰᠤ᠎ᠪᠠᠨ ᠤᠷᠤᠰᠬᠠᠨ ᠪᠠᠶ᠋ᠢᠯᠳᠤᠵᠤ ᠥᠩᠭᠡᠷᠡᠪᠡ᠃ ᠠᠬᠠᠮᠠᠳ ᠪᠠᠶ᠋ᠢᠯᠳᠤᠭᠴᠢᠳ᠎ᠤᠨ ᠬᠠᠳᠠᠨ ᠵᠣᠷᠢᠭ ᠪᠠ ᠡᠷᠡᠰ ᠪᠠᠲᠤ ᠴᠤᠭ ᠵᠢᠪᠬᠤᠭ᠎ᠠ ᠵᠢ ᠪᠢ ᠤᠳᠤ ᠪᠤᠯᠲᠠᠯ᠎ᠠ ᠮᠠᠷᠲᠠᠭ᠎ᠠ ᠦᠭᠡᠢ᠃ ᠥᠩᠭᠡᠷᠡᠭᠰᠡᠨ ᠬᠡᠳᠦᠨ ᠵᠢᠯ᠎ᠳᠤ᠂ ᠵᠢᠶᠠᠯᠢᠶᠧᠹ ᠠᠬᠠᠯᠠᠭᠴᠢ ᠭᠧᠨᠧᠷᠡᠯ᠂ ᠱᠦᠳᠧᠯᠦᠸᠧ ᠬᠤᠰᠢᠭᠤᠴᠢ ᠭᠧᠨᠧᠷᠡᠯ ᠵᠡᠷᠭᠡ ᠠᠬᠠᠮᠠᠳ ᠪᠠᠶ᠋ᠢᠯᠳᠤᠭᠴᠢ ᠤᠷᠢᠳ ᠬᠤᠵᠢᠳ ᠨᠠᠰᠤ ᠪᠠᠷᠠᠵᠠᠢ᠂ ᠪᠢ ᠲᠡᠳᠡᠨ᠎ᠢ ᠲᠤᠶ᠋ᠢᠯ ᠵᠶ᠋ᠠᠷ ᠳᠤᠷᠠᠰᠤᠨ ᠰᠠᠨᠠᠭ᠋ᠠᠯᠵᠠᠵᠤ ᠪᠠᠶ᠋ᠢᠨ᠎ᠠ᠃ ᠭᠧᠨᠧᠷᠡᠯ᠎ᠠᠴᠠ ᠠᠪᠤᠭ᠋ᠠᠳ ᠡᠩ᠎ᠤᠨ ᠪᠠᠶ᠋ᠢᠯᠳᠤᠭᠴᠢ ᠭᠦᠷᠲᠡᠯ᠎ᠡ᠂ ᠳᠡᠯᠡᠬᠡᠢ ᠵᠢᠨ ᠹᠠᠱ᠌ᠢᠰ᠎ᠢ ᠡᠰᠡᠷᠭᠦᠴᠡᠬᠦ ᠲᠠᠶ᠋ᠢᠨ᠎ᠤ ᠢᠯᠠᠯᠲᠠ ᠵᠢ ᠣᠯᠬᠤ᠎ᠳᠤ ᠭᠠᠷᠮᠠᠭ᠋ᠠᠢ ᠭᠠᠪᠢᠶ᠎ᠠ ᠪᠠᠶ᠋ᠢᠭᠤᠯᠤᠭᠰᠠᠨ ᠪᠤᠢ ᠪᠦᠬᠦᠢ ᠠᠬᠠᠮᠠᠳ ᠪᠠᠶ᠋ᠢᠯᠳᠤᠭᠴᠢ ᠵᠢ ᠪᠢᠳᠡ ᠬᠡᠵᠢᠶᠡᠳᠡ ᠮᠠᠷᠲᠠᠬᠤ ᠦᠭᠡᠢ ᠶᠤᠮ! ᠪᠠᠭ᠋ᠠᠲᠤᠷᠴᠤᠳ ᠪᠠᠯᠠᠷᠠᠰᠢ ᠦᠭᠡᠢ᠂ ᠲᠥᠪ ᠶᠣᠰᠣ ᠮᠥᠩᠬᠡ ᠣᠷᠣᠰᠢᠨ᠎ᠠ!
       ᠳᠡᠯᠡᠬᠡᠢ ᠵᠢᠨ ᠹᠠᠱ᠌ᠢᠰ᠎ᠢ ᠡᠰᠡᠷᠭᠦᠴᠡᠬᠦ ᠳᠠᠶ᠋ᠢᠨ᠎ᠤ ᠳᠤᠮᠳᠠ᠂ ᠳᠤᠮᠳᠠᠳᠤ ᠣᠷᠣᠰ ᠬᠤᠶᠠᠷ ᠤᠯᠤᠰ᠎ᠤᠨ ᠠᠷᠠᠳ ᠲᠦᠮᠡᠨ ᠮᠥᠷᠥ ᠵᠡᠷᠭᠡᠴᠡᠨ ᠪᠠᠶ᠋ᠢᠯᠳᠤᠵᠤ᠂ ᠬᠠᠷᠢᠯᠴᠠᠨ ᠳᠡᠮᠵᠢᠯᠴᠡᠪᠡ᠃ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠲᠠᠶ᠋ᠢᠨ᠎ᠤ ᠬᠦᠴᠢᠷ ᠪᠡᠷᠬᠡᠰᠢᠶᠡᠯᠲᠦ ᠴᠠᠭ ᠮᠥᠴᠡ᠎ᠳᠤ᠂ ᠵᠥᠪᠯᠡᠯᠲᠦ ᠵᠢᠨ ᠳᠤᠮᠳᠠᠳᠤ ᠵᠢ ᠲᠤᠰᠠᠯᠠᠭᠰᠠᠨ ᠠᠭ᠋ᠠᠷ᠎ᠤᠨ ᠠᠩᠭᠢ ᠨᠠᠨᠵᠢᠩ᠂ ᠦᠬᠠᠨ᠂ ᠴᠦᠩᠴᠢᠩ ᠵᠡᠷᠭᠡ ᠭᠠᠵᠠᠷ᠎ᠲᠤ 《ᠡᠷᠡᠯᠬᠡᠭ ᠪᠦᠷᠭᠦᠳ ᠮᠡᠲᠦ᠎ᠪᠠᠷ ᠣᠭᠲᠠᠷᠭᠤᠢ᠎ᠳᠤ ᠳᠡᠭᠦᠯᠢᠨ ᠨᠢᠰᠴᠦ》᠂ ᠶᠠᠫᠤᠨ ᠳᠡᠭᠡᠷᠡᠮ᠎ᠢ ᠬᠤᠷᠢᠭᠯᠠᠨ ᠴᠣᠬᠢᠵᠤ᠂ ᠮᠠᠰᠢ ᠤᠯᠠᠨ ᠨᠢᠰᠬᠡᠯᠴᠢ ᠡᠷᠬᠢᠮ ᠨᠠᠨᠳᠢᠨ ᠠᠮᠢ ᠨᠠᠰᠤ᠎ᠪᠠᠨ ᠵᠣᠷᠢᠭᠤᠯᠪᠠ᠃ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠳᠠᠶ᠋ᠢᠨ᠎ᠤ ᠬᠠᠮᠤᠭ᠎ᠤᠨ ᠲᠦᠭᠰᠢᠭᠦᠷᠢᠲᠡᠢ ᠵᠠᠩᠭᠢᠯᠠᠭ᠎ᠠ ᠵᠢᠨ ᠦᠶ᠎ᠡ᠎ᠳᠤ᠂ 《ᠳᠣᠷᠣᠨᠠᠳᠠᠬᠢᠨ᠎ᠤ ᠽᠦᠷᠭᠧ》 — ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠢᠭᠤᠴᠠ᠎ᠪᠠᠷ ᠲᠡᠮᠡᠴᠡᠭᠰᠡᠨ ᠰᠢᠯᠢᠳᠡᠭ ᠠᠵᠢᠯᠲᠠᠨ ᠶᠠᠨ ᠪᠦᠦ ᠬᠠᠩ ᠵᠥᠪᠯᠡᠯᠲᠦ᠎ᠳᠤ ᠠᠩᠬᠠᠨ᠎ᠤ ᠨᠢᠭᠤᠴᠠ ᠮᠡᠳᠡᠭᠡ ᠵᠢ ᠬᠠᠩᠭ᠋ᠠᠵᠤ ᠪᠠᠶ᠋ᠢᠪᠠ᠃ ᠳᠠᠶ᠋ᠢᠨ᠎ᠤ ᠭᠠᠯ ᠳᠦᠷᠡᠯᠵᠡᠭᠰᠡᠨ ᠣᠨ ᠵᠢᠯ᠎ᠤᠳ᠎ᠲᠤ᠂ ᠵᠥᠪᠯᠡᠯᠲᠦ᠎ᠠᠴᠠ ᠳᠤᠮᠳᠠᠳᠤ ᠤᠯᠤᠰ᠎ᠲᠤ ᠶᠡᠭᠡ ᠬᠡᠮᠵᠢᠶᠡᠨ᠎ᠤ ᠵᠡᠪᠰᠡᠭ ᠲᠣᠨᠣᠭᠯᠠᠯ ᠬᠠᠩᠭ᠋ᠠᠭᠰᠠᠨ ᠪᠥᠭᠡᠳ ᠳᠤᠮᠳᠠᠳᠤ ᠤᠯᠤᠰ ᠴᠤ᠌ ᠵᠥᠪᠯᠡᠯᠲᠦ᠎ᠳᠤ ᠪᠠᠴᠢᠮ ᠬᠡᠷᠡᠭᠰᠡᠬᠦ ᠪᠠᠶ᠋ᠢᠯᠳᠤᠬᠤ ᠪᠣᠳᠣᠯᠭ᠎ᠠ ᠵᠢᠨ ᠡᠳ᠋ ᠪᠣᠳᠠᠰ ᠬᠦᠷᠭᠡᠵᠦ᠂ ᠬᠤᠶᠠᠷ ᠤᠯᠤᠰ ᠭᠠᠷ ᠬᠤᠯᠪᠣᠨ ᠶᠡᠭᠡ ᠡᠯᠡᠰᠦᠨ ᠭᠤᠪᠢ᠎ᠳᠤ ᠨᠢᠭᠡᠨ ᠵᠤᠷᠪᠤᠰ ᠤᠯᠠᠨ ᠤᠯᠤᠰ᠎ᠤᠨ 《ᠠᠮᠢ ᠨᠠᠰᠤᠨ᠎ᠤ ᠵᠠᠮ》᠎ᠢ ᠨᠡᠭᠡᠭᠡᠵᠦ᠂ ᠲᠤᠰ ᠲᠤᠰ᠎ᠤᠨ ᠵᠶ᠋ᠠᠨ ᠹᠠᠱ᠌ᠢᠰ᠎ᠢ ᠡᠰᠡᠷᠭᠦᠴᠡᠬᠦ ᠲᠠᠶ᠋ᠢᠨ᠎ᠢ ᠬᠠᠷᠢᠯᠴᠠᠨ ᠳᠡᠮᠵᠢᠬᠦ᠎ᠳᠤ ᠴᠢᠬᠤᠯᠠ ᠦᠢ᠍ᠯᠡᠳᠦᠯ ᠦᠵᠡᠭᠦᠯᠪᠡ᠃ ᠬᠤᠶᠠᠷ ᠤᠯᠤᠰ᠎ᠤᠨ ᠠᠷᠠᠳ ᠲᠦᠮᠡᠨ᠎ᠤ ᠠᠷᠢᠭᠤᠨ ᠴᠢᠰᠤ ᠠᠮᠢ ᠨᠠᠰᠤ᠎ᠪᠠᠷ ᠵᠶ᠋ᠠᠨ ᠪᠠᠶ᠋ᠢᠭᠤᠯᠤᠭᠰᠠᠨ ᠭᠦᠨ ᠵᠤᠵᠠᠭ᠋ᠠᠨ ᠨᠥᠬᠦᠷᠯᠡᠯ᠎ᠨᠢ ᠬᠠᠳᠤᠨ ᠭᠤᠣᠯ᠎ᠤᠨ ᠤᠰᠤ ᠰᠢᠭ᠋ ᠰᠢᠷᠭᠢᠰᠢ ᠦᠭᠡᠢ ᠳᠠᠪᠠᠯᠭ᠋ᠠᠯᠠᠨ ᠤᠷᠤᠰᠴᠤ᠂ ᠸᠣᠯᠭ᠎ᠠ ᠮᠥᠷᠡᠨ᠎ᠤ ᠤᠰᠤ ᠮᠡᠲᠦ ᠥᠷᠭᠡᠨ ᠠᠭᠤᠳᠠᠮ ᠭᠦᠨ ᠪᠠᠶ᠋ᠢᠵᠤ᠂ ᠳᠤᠮᠳᠠᠳᠤ ᠤᠷᠤᠰ᠎ᠤᠨ ᠦᠶ᠎ᠡ ᠵᠢᠨ ᠦᠶ᠎ᠡ᠎ᠳᠡᠭᠡᠨ ᠨᠥᠭᠦᠷᠰᠡᠭ ᠪᠠᠶ᠋ᠢᠬᠤ ᠵᠢᠨ ᠰᠢᠷᠭᠢᠰᠢ ᠦᠭᠡᠢ ᠡᠬᠢ ᠪᠤᠯᠠᠭ ᠪᠣᠯᠤᠭᠰᠠᠨ ᠪᠠᠶ᠋ᠢᠨ᠎ᠠ᠃
      80 ᠵᠢᠯ᠎ᠤᠨ ᠡᠮᠦᠨ᠎ᠡ᠂ ᠳᠤᠮᠳᠠᠳᠤ ᠤᠯᠤᠰ᠂ ᠵᠥᠪᠯᠡᠯᠲᠦ ᠵᠢ ᠪᠠᠭᠲᠠᠭ᠋ᠠᠭᠰᠠᠨ ᠪᠦᠭᠦ ᠳᠡᠯᠡᠬᠡᠢ ᠵᠢᠨ ᠰᠢᠳᠤᠷᠭᠤ ᠶᠣᠰᠣᠨ᠎ᠤ ᠬᠦᠴᠦᠨ ᠬᠠᠷᠭᠢᠰ ᠳᠠᠶ᠋ᠢᠰᠤᠨ᠎ᠢ ᠬᠠᠮᠲᠤ᠎ᠪᠠᠷ ᠡᠰᠡᠷᠭᠦᠴᠡᠵᠦ᠂ ᠡᠷᠡᠯᠬᠡᠭ ᠪᠠᠭ᠋ᠠᠲᠤᠷᠯᠢᠭ ᠵᠶ᠋ᠠᠷ ᠪᠠᠶ᠋ᠢᠯᠳᠤᠵᠤ᠂ ᠮᠥᠷᠥ ᠵᠡᠷᠭᠡᠴᠡᠨ ᠨᠢᠭᠡ ᠦᠶ᠎ᠡ ᠰᠠᠭᠰᠠᠭᠤᠷᠠᠨ ᠠᠭ᠋ᠠᠰᠢᠯᠠᠵᠤ ᠪᠠᠶ᠋ᠢᠭᠰᠠᠨ ᠹᠠᠱ᠌ᠢᠰ᠎ᠤᠨ ᠬᠦᠴᠦᠨ᠎ᠢ ᠪᠠᠶ᠋ᠢᠯᠳᠤᠨ ᠢᠯᠠᠪᠠ᠃ 80 ᠵᠢᠯ᠎ᠤᠨ ᠳᠠᠷᠠᠭ᠋ᠠᠬᠢ ᠥᠨᠥᠳᠥᠷ᠂ ᠭᠠᠭᠴᠠ ᠲᠠᠯᠠᠲᠤ ᠦᠵᠡᠯ᠂ ᠡᠵᠡᠷᠬᠡᠬᠦ ᠦᠵᠡᠯ᠂ ᠡᠵᠡᠷᠬᠡᠭ ᠶᠣᠰᠣᠨ᠎ᠤ ᠡᠵᠡᠷᠬᠡᠭ ᠠᠵᠢᠯᠯᠠᠭ᠎ᠠ ᠵᠢᠨ ᠬᠤᠣᠷ ᠬᠥᠨᠥᠭᠡᠯ ᠬᠦᠨᠳᠦ ᠨᠣᠴᠢᠲᠠᠢ ᠪᠠᠶ᠋ᠢᠵᠤ᠂ ᠬᠥᠮᠥᠨ ᠲᠥᠷᠥᠯᠬᠢᠲᠡᠨ ᠪᠠᠰᠠ ᠨᠢᠭᠡ ᠤᠳᠠᠭ᠎ᠠ ᠪᠦᠯᠬᠦᠮᠳᠡᠬᠦ ᠦᠦ ᠡᠰᠡᠬᠦᠯ᠎ᠡ ᠬᠠᠭ᠋ᠠᠴᠠᠬᠤ ᠤᠤ᠂ ᠶᠠᠷᠢᠯᠴᠠᠬᠤ ᠦᠦ ᠡᠰᠡᠬᠦᠯ᠎ᠡ ᠡᠰᠡᠷᠭᠦᠴᠡᠯᠳᠦᠬᠦ ᠤᠤ᠂ ᠬᠠᠮᠲᠤ᠎ᠪᠠᠷ ᠠᠰᠢᠭ ᠭᠦᠷᠳᠡᠭᠦ ᠦᠦ ᠡᠰᠡᠬᠦᠯ᠎ᠡ ᠦᠯᠤ ᠡᠪᠰᠡᠬᠦ ᠤᠤ ᠭᠡᠬᠦ ᠠᠰᠠᠭᠤᠯᠳᠠ ᠵᠢᠨ ᠲᠣᠨᠣᠯᠵᠢᠨ ᠵᠠᠮ᠎ᠳᠤ ᠵᠣᠭᠰᠣᠪᠠ᠃ ᠤᠷᠤᠰ᠎ᠤᠨ ᠠᠭᠤᠤ ᠶᠡᠭᠡ ᠵᠣᠬᠢᠶᠠᠯᠴᠢ ᠯᠧ · ᠲᠤᠯᠰᠲ᠋ᠤᠢ 《ᠳᠠᠶ᠋ᠢᠨ ᠪᠠ ᠡᠩᠬᠡ ᠲᠠᠶ᠋ᠢᠪᠤᠩ》 ᠭᠡᠬᠦ ᠵᠣᠬᠢᠶᠠᠯ᠎ᠳᠠᠭᠠᠨ᠄ 《ᠲᠡᠦᠬᠡ ᠪᠣᠯ ᠤᠯᠤᠰ ᠪᠠ ᠬᠥᠮᠥᠨ ᠲᠥᠷᠥᠯᠬᠢᠲᠡᠨ᠎ᠤ ᠨᠠᠮᠲᠠᠷ ᠮᠥᠨ》 ᠭᠡᠵᠦ ᠪᠢᠴᠢᠭᠰᠡᠨ ᠪᠢᠯᠡ᠃ ᠲᠡᠦᠬᠡ ᠵᠢᠨ ᠳᠤᠷᠠᠰᠤᠮᠵᠢ ᠪᠣᠯᠣᠨ ᠦᠨᠡᠨ ᠬᠡᠷᠡᠭ ᠶᠠᠪᠤᠳᠠᠯ᠎ᠨᠢ ᠣᠨ ᠰᠠᠷ᠎ᠠ ᠵᠢᠨ ᠥᠩᠭᠡᠷᠡᠬᠦ ᠵᠢ ᠳᠠᠭ᠋ᠠᠯᠳᠤᠨ ᠥᠩᠭᠡ ᠬᠤᠪᠢᠷᠠᠬᠤ ᠦᠭᠡᠢ ᠶᠤᠮ᠂ ᠪᠢᠳᠡᠨ᠎ᠳᠤ ᠥᠭᠭᠦᠭᠰᠡᠨ ᠰᠡᠩᠬᠡᠷᠡᠭᠦᠯᠦᠯ᠎ᠨᠢ ᠥᠨᠢ ᠡᠭᠦᠷᠢᠳᠡ ᠪᠣᠳᠠᠲᠤ ᠠᠬᠤᠢ ᠵᠢ ᠲᠤᠰᠬᠠᠵᠤ᠂ ᠢᠷᠡᠭᠡᠳᠦᠢ ᠵᠢ ᠪᠡᠯᠭᠡᠳᠡᠵᠦ ᠪᠠᠶ᠋ᠢᠳᠠᠭ᠃ ᠪᠢᠳᠡ ᠲᠡᠦᠬᠡ᠎ᠪᠠᠷ ᠲᠣᠯᠢ ᠪᠤᠯᠭ᠋ᠠᠵᠤ᠂ ᠳᠡᠯᠡᠬᠡᠢ ᠵᠢᠨ ᠬᠤᠶᠠᠳᠤᠭ᠋ᠠᠷ ᠶᠡᠭᠡ ᠲᠠᠶ᠋ᠢᠨ᠎ᠤ ᠭᠦᠨᠵᠡᠭᠡᠢ ᠰᠤᠷᠭ᠋ᠠᠮᠵᠢ ᠪᠣᠯᠣᠨ ᠹᠠᠱ᠌ᠢᠰ᠎ᠢ ᠡᠰᠡᠷᠭᠦᠴᠡᠬᠦ ᠲᠠᠶ᠋ᠢᠨ᠎ᠤ ᠠᠭᠤᠤ ᠶᠡᠭᠡ ᠢᠯᠠᠯᠲᠠ᠎ᠠᠴᠠ ᠤᠶᠤᠨ ᠤᠬᠠᠭ᠋ᠠᠨ ᠪᠠ ᠬᠦᠴᠦᠨ ᠴᠢᠳᠠᠯ ᠣᠯᠵᠤ᠂ ᠠᠯᠢᠪᠠ ᠭᠡᠯᠪᠡᠷᠢ ᠵᠢᠨ ᠡᠵᠡᠷᠬᠡᠬᠦ ᠦᠵᠡᠯ ᠪᠠ ᠬᠦᠴᠦᠷᠬᠡᠭᠯᠡᠯ᠎ᠤᠨ ᠤᠯᠤᠰ ᠲᠦᠷᠦ ᠵᠢ ᠡᠷᠡᠰ ᠡᠰᠡᠷᠭᠦᠴᠡᠵᠦ᠂ ᠬᠥᠮᠥᠨ ᠲᠥᠷᠥᠯᠬᠢᠲᠡᠨ᠎ᠤ ᠨᠡᠩ ᠰᠠᠶ᠋ᠢᠨ ᠰᠠᠶ᠋ᠢᠬᠠᠨ ᠢᠷᠡᠭᠡᠳᠦᠢ ᠵᠢ ᠬᠠᠮᠲᠤ᠎ᠪᠠᠷ ᠴᠣᠭᠴᠠᠯᠠᠶ᠎ᠠ᠃
       — ᠪᠢᠳᠡ ᠳᠡᠯᠡᠬᠡᠢ ᠵᠢᠨ ᠬᠤᠶᠠᠳᠤᠭ᠋ᠠᠷ ᠶᠡᠭᠡ ᠳᠠᠶ᠋ᠢᠨ᠎ᠤ ᠲᠤᠬᠠᠢ ᠵᠥᠪ ᠲᠡᠦᠬᠡ ᠵᠢᠨ ᠦᠵᠡᠯᠲᠡ ᠵᠢ ᠪᠠᠷᠢᠮᠲᠠᠯᠠᠶ᠎ᠠ᠃ ᠳᠤᠮᠳᠠᠳᠤ ᠤᠯᠤᠰ᠂ ᠵᠥᠪᠯᠡᠯᠲᠦ ᠲᠤᠰ ᠲᠤᠰ ᠳᠡᠯᠡᠬᠡᠢ ᠵᠢᠨ ᠬᠤᠶᠠᠳᠤᠭ᠋ᠠᠷ ᠶᠡᠭᠡ ᠲᠠᠶ᠋ᠢᠨ᠎ᠤ ᠠᠽᠢᠶ᠎ᠠ ᠲᠢᠪ ᠪᠣᠯᠣᠨ ᠡᠸᠦ᠋ᠷᠦᠫᠡ ᠲᠢᠪ᠎ᠤᠨ ᠭᠤᠣᠯ ᠲᠠᠶ᠋ᠢᠨ᠎ᠤ ᠲᠠᠯᠠᠪᠤᠷ ᠪᠣᠯᠤᠭᠰᠠᠨ᠎ᠤ ᠬᠤᠪᠢ᠎ᠳᠤ᠂ ᠶᠠᠫᠤᠨ᠎ᠤ ᠴᠡᠷᠢᠭᠯᠡᠬᠦ ᠦᠵᠡᠯ ᠪᠣᠯᠣᠨ ᠭᠧᠷᠮᠠᠨ᠎ᠤ ᠨᠠᠼᠢᠰ ᠦᠵᠡᠯ᠎ᠢ ᠡᠰᠡᠷᠭᠦᠴᠡᠬᠦ ᠭᠤᠣᠯ ᠲᠤᠯᠭ᠋ᠠᠭᠤᠷᠢ ᠪᠣᠯᠵᠤ᠂ ᠳᠡᠯᠡᠬᠡᠢ ᠵᠢᠨ ᠹᠠᠱ᠌ᠢᠰ᠎ᠢ ᠡᠰᠡᠷᠭᠦᠴᠡᠬᠦ ᠲᠠᠶ᠋ᠢᠨ᠎ᠤ ᠢᠯᠠᠯᠲᠠ ᠣᠯᠬᠤ᠎ᠳᠤ ᠰᠢᠢ᠍ᠳᠪᠦᠷᠢᠯᠡᠭᠴᠢ ᠴᠢᠨᠠᠷᠲᠠᠢ ᠬᠤᠪᠢ ᠨᠡᠮᠡᠷᠢ ᠦᠵᠡᠭᠦᠯᠪᠡ᠃ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠳᠠᠶ᠋ᠢᠨ ᠡᠬᠢᠯᠡᠭᠰᠡᠨ ᠴᠠᠭ᠎ᠨᠢ ᠬᠠᠮᠤᠭ᠎ᠤᠨ ᠡᠷᠲᠡ᠂ ᠦᠷᠭᠦᠯᠵᠢᠯᠡᠭᠰᠡᠨ ᠴᠠᠭ᠎ᠨᠢ ᠬᠠᠮᠤᠭ᠎ᠤᠨ ᠤᠷᠲᠤ ᠶᠤᠮ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠨᠠᠭ᠋ᠠᠴᠢᠯᠠᠨ ᠪᠠᠶ᠋ᠢᠭᠤᠯᠤᠭᠰᠠᠨ ᠶᠠᠫᠤᠨ᠎ᠢ ᠡᠰᠡᠷᠭᠦᠴᠡᠬᠦ ᠦᠨᠳᠦᠰᠦᠲᠡᠨ᠎ᠤ ᠨᠢᠭᠡᠳᠦᠮᠡᠯ ᠹᠷᠣᠨᠲ᠎ᠤᠨ ᠲᠤᠭ᠎ᠤᠨ ᠳᠣᠣᠷ᠎ᠠ᠂ ᠳᠤᠮᠳᠠᠳᠤ ᠵᠢᠨ ᠬᠥᠪᠡᠭᠦᠳ ᠥᠬᠢᠳ ᠡᠮᠦᠨᠡᠬᠢ᠎ᠨᠢ ᠤᠨᠠᠲᠠᠯ᠎ᠠ ᠬᠤᠶ᠋ᠢᠨᠠᠬᠢ᠎ᠨᠢ ᠵᠠᠯᠭ᠋ᠠᠮᠵᠢᠯᠠᠵᠤ᠂ ᠰᠡᠳᠬᠢᠯ ᠵᠶ᠋ᠠᠨ ᠨᠢᠭᠡᠳᠬᠡᠵᠦ᠂ ᠯᠤᠲᠤ ᠶᠡᠭᠡ ᠦᠷᠡᠭᠳᠡᠯ ᠭᠠᠷᠭ᠋ᠠᠵᠤ ᠲᠤᠶ᠋ᠢᠯ᠎ᠤᠨ ᠬᠠᠷᠭᠢᠰ ᠬᠡᠷᠴᠡᠭᠡᠢ ᠶᠠᠫᠤᠨ᠎ᠤ ᠴᠡᠷᠢᠭᠯᠡᠬᠦ ᠦᠵᠡᠯᠲᠡᠳ᠎ᠢ ᠴᠣᠬᠢᠨ ᠢᠯᠠᠵᠤ᠂ ᠶᠠᠫᠤᠨ᠎ᠢ ᠡᠰᠡᠷᠭᠦᠴᠡᠬᠦ ᠳᠠᠶ᠋ᠢᠨ᠎ᠤ ᠢᠯᠠᠯᠲᠠ ᠵᠢᠨ ᠠᠭᠤᠤ ᠶᠡᠭᠡ ᠬᠠᠭᠤᠳᠠᠰᠤ ᠵᠢ ᠪᠢᠴᠢᠭᠯᠡᠭᠰᠡᠨ ᠪᠠᠶ᠋ᠢᠨ᠎ᠠ᠃ ᠡᠸᠦ᠋ᠷᠦᠫᠡ ᠲᠢᠪ᠎ᠤᠨ ᠲᠠᠶ᠋ᠢᠨ᠎ᠤ ᠲᠠᠯᠠᠪᠤᠷ᠎ᠲᠤ᠂ ᠵᠥᠪᠯᠡᠯᠲᠦ ᠵᠢᠨ ᠤᠯᠠᠭ᠋ᠠᠨ ᠴᠡᠷᠢᠭ ᠬᠠᠳᠠᠨ ᠪᠠᠲᠤ ᠵᠣᠷᠢᠭ ᠵᠶ᠋ᠠᠷ ᠪᠣᠯᠣᠳ ᠲᠡᠮᠦᠷ ᠮᠡᠲᠦ ᠬᠦᠴᠦᠲᠦ ᠤᠷᠤᠰᠬᠠᠯ᠎ᠢ ᠳᠠᠪᠲᠠᠨ ᠪᠤᠯᠪᠠᠰᠤᠷᠠᠭᠤᠯᠵᠤ᠂ ᠨᠠᠼᠢᠰ᠎ᠤᠨ ᠲᠦᠷᠢᠮᠡᠬᠡᠶ᠋ᠢᠯᠡᠭᠴᠢᠳ᠎ᠤᠨ ᠵᠡᠷᠯᠢᠭ ᠰᠠᠨᠠᠭ᠎ᠠ ᠵᠢ ᠰᠦᠢ᠍ᠷᠡᠭᠦᠯᠵᠦ᠂ ᠭᠧᠷᠮᠠᠨ᠎ᠤ ᠹᠠᠱ᠌ᠢᠰ᠎ᠲᠤ ᠪᠣᠭᠤᠯᠴᠢᠯᠠᠭᠳᠠᠭᠰᠠᠨ ᠠᠷᠠᠳ ᠲᠦᠮᠡᠨ᠎ᠢ ᠴᠢᠯᠦᠭᠡᠯᠡᠵᠦ᠂ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠲᠠᠶ᠋ᠢᠨ᠎ᠤ ᠢᠯᠠᠯᠲᠠ ᠵᠢᠨ ᠢᠷᠠᠭᠤ ᠭᠠᠶ᠋ᠢᠬᠠᠮᠰᠢᠭᠲᠤ ᠲᠤᠤᠯᠢᠰ᠎ᠢ ᠪᠢᠴᠢᠭᠯᠡᠪᠡ᠃
       ᠭᠡᠭᠡᠨ ᠰᠠᠷᠠᠭᠤᠯ ᠯᠠᠪᠲᠠᠢ ᠪᠠᠯᠠᠷ ᠬᠠᠷᠠᠩᠭᠤᠢ ᠵᠢ ᠦᠯᠳᠠᠵᠤ᠂ ᠰᠢᠳᠤᠷᠭᠤ ᠶᠣᠰᠣ ᠡᠴᠦᠰ᠎ᠲᠡᠭᠡᠨ ᠭᠠᠵᠢᠭᠤ ᠪᠤᠷᠤᠭᠤ ᠵᠢ ᠢᠯᠠᠨ᠎ᠠ ᠭᠡᠳᠡᠭ᠎ᠢ ᠲᠡᠦᠬᠡ ᠪᠢᠳᠡᠨ᠎ᠳᠤ ᠬᠡᠯᠡᠵᠦ ᠥᠭᠪᠡ᠃ ᠨᠢᠦᠶ᠋ᠢᠷᠧᠨ᠋ᠪᠦ᠋ᠷᠡᠭ᠎ᠤᠨ ᠤᠯᠠᠨ ᠤᠯᠤᠰ᠎ᠤᠨ ᠴᠡᠷᠢᠭ᠎ᠤᠨ ᠶᠠᠪᠤᠳᠠᠯ᠎ᠤᠨ ᠰᠢᠭᠦᠬᠦ ᠲᠢᠩᠬᠢᠮ᠂ ᠠᠯᠤᠰ ᠳᠣᠷᠣᠨᠠᠲᠤ ᠵᠢᠨ ᠤᠯᠠᠨ ᠤᠯᠤᠰ᠎ᠤᠨ ᠴᠡᠷᠢᠭ᠎ᠤᠨ ᠶᠠᠪᠤᠳᠠᠯ᠎ᠤᠨ ᠰᠢᠭᠦᠬᠦ ᠲᠢᠩᠬᠢᠮ ᠲᠠᠶ᠋ᠢᠨ᠎ᠤ ᠶᠠᠯᠠᠳᠡᠨ᠎ᠢ ᠲᠡᠦᠬᠡ ᠵᠢᠨ ᠭᠤᠲᠤᠮᠰᠢᠭ᠎ᠤᠨ ᠪᠠᠭ᠋ᠠᠨ᠎ᠠ ᠳᠡᠭᠡᠷ᠎ᠡ ᠡᠭᠦᠷᠢᠳᠡ ᠬᠠᠳᠠᠵᠤ ᠲᠠᠯᠪᠢᠪᠠ᠂ ᠡᠨᠡ ᠬᠤᠶᠠᠷ ᠤᠳᠠᠭ᠎ᠠ ᠵᠢᠨ ᠶᠡᠭᠡ ᠰᠢᠭᠦᠨ ᠲᠠᠰᠤᠯᠤᠯᠳᠠ ᠵᠢᠨ ᠰᠢᠳᠤᠷᠭᠤ ᠶᠣᠰᠣᠨ᠎ᠤ ᠰᠢᠨᠵᠢ ᠴᠢᠨᠠᠷ᠂ ᠲᠡᠦᠬᠡ ᠵᠢᠨ ᠦᠨ᠎ᠡ ᠦᠷᠳᠡᠭ᠂ ᠴᠠᠭ ᠦᠶ᠎ᠡ ᠵᠢᠨ ᠠᠴᠢ ᠬᠤᠯᠪᠣᠭᠳᠠᠯ ᠪᠣᠯ ᠭᠤᠶ᠋ᠢᠪᠢᠰᠢ ᠦᠭᠡᠢ ᠶᠤᠮ! ᠳᠡᠯᠡᠬᠡᠢ ᠵᠢᠨ ᠬᠤᠶᠠᠳᠤᠭ᠋ᠠᠷ ᠲᠠᠶ᠋ᠢᠨ᠎ᠤ ᠲᠡᠦᠬᠡ ᠵᠢᠨ ᠦᠨᠡᠨ᠎ᠢ ᠭᠠᠵᠢᠭᠤᠳᠠᠭᠤᠯᠵᠤ᠂ ᠳᠡᠯᠡᠬᠡᠢ ᠵᠢᠨ ᠬᠤᠶᠠᠳᠤᠭ᠋ᠠᠷ ᠲᠠᠶ᠋ᠢᠨ᠎ᠤ ᠢᠯᠠᠯᠲᠠ ᠵᠢᠨ ᠦᠷ᠎ᠡ ᠪᠦᠲᠦᠭᠡᠯ᠎ᠢ ᠦᠭᠡᠶ᠋ᠢᠰᠬᠡᠵᠦ᠂ ᠳᠤᠮᠳᠠᠳᠤ ᠵᠥᠪᠯᠡᠯᠲᠦ ᠵᠢᠨ ᠲᠡᠦᠬᠡᠨ ᠭᠠᠪᠢᠶ᠎ᠠ ᠵᠢᠳᠬᠦᠯ᠎ᠢ ᠭᠤᠲᠤᠭ᠋ᠠᠬᠤ ᠭᠡᠰᠡᠨ ᠠᠯᠢᠪᠠ ᠭᠤᠷᠢᠳᠠᠯᠭ᠎ᠠ ᠴᠥᠮ ᠪᠡᠶᠡᠯᠡᠭᠳᠡᠬᠦ ᠦᠭᠡᠢ ᠶᠤᠮ! ᠲᠡᠦᠬᠡ ᠵᠢ ᠤᠬᠤᠷᠢᠭᠤᠯᠬᠤ ᠶᠠᠮᠠᠷᠪᠠ ᠠᠵᠢᠯᠯᠠᠭ᠎ᠠ ᠵᠢ ᠳᠤᠮᠳᠠᠳᠤ ᠤᠷᠤᠰ ᠬᠤᠶᠠᠷ ᠤᠯᠤᠰ᠎ᠤᠨ ᠠᠷᠠᠳ ᠲᠦᠮᠡᠨ ᠵᠥᠪᠰᠢᠶᠡᠷᠡᠬᠦ ᠦᠭᠡᠢ᠎ᠪᠠᠷ ᠪᠠᠷᠠᠬᠤ ᠦᠭᠡᠢ ᠳᠡᠯᠡᠬᠡᠢ ᠵᠢᠨ ᠡᠯ᠎ᠡ ᠤᠯᠤᠰ᠎ᠤᠨ ᠠᠷᠠᠳ ᠲᠦᠮᠡᠨ ᠴᠦ᠍ ᠵᠥᠪᠰᠢᠶᠡᠷᠡᠬᠦ ᠦᠭᠡᠢ ᠶᠤᠮ!
       — ᠪᠢᠲᠠ ᠳᠠᠶ᠋ᠢᠨ᠎ᠤ ᠳᠠᠷᠠᠭ᠋ᠠᠬᠢ ᠣᠯᠠᠨ ᠤᠯᠤᠰ᠎ᠤᠨ ᠡᠮᠬᠢ ᠳᠢᠭᠯᠢᠮ᠎ᠢ ᠡᠷᠡᠰ ᠬᠠᠮᠠᠭ᠋ᠠᠯᠠᠶ᠎ᠠ᠃ ᠳᠡᠯᠡᠬᠡᠢ ᠵᠢᠨ ᠬᠤᠶᠠᠳᠤᠭ᠋ᠠᠷ ᠲᠠᠶ᠋ᠢᠨ ᠳᠠᠭᠤᠰᠬᠤ᠎ᠠᠴᠠ ᠡᠮᠦᠨ᠎ᠡ ᠬᠤᠶ᠋ᠢᠨᠠᠬᠢ ᠳᠡᠯᠡᠬᠡᠢ ᠨᠡᠶ᠋ᠢᠲᠡ ᠵᠢᠨ ᠲᠣᠭᠲᠠᠭ᠋ᠠᠭᠰᠠᠨ ᠬᠠᠮᠤᠭ᠎ᠤᠨ ᠴᠢᠬᠤᠯᠠ ᠲᠣᠭᠲᠠᠭ᠋ᠠᠯ ᠪᠣᠯ ᠳᠠᠷᠤᠢ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢ ᠪᠠᠶ᠋ᠢᠭᠤᠯᠬᠤ ᠶᠠᠪᠤᠳᠠᠯ ᠪᠣᠯᠣᠨ᠎ᠠ᠃ ᠳᠤᠮᠳᠠᠳᠤ ᠤᠯᠤᠰ ᠪᠣᠯᠣᠨ ᠵᠥᠪᠯᠡᠯᠲᠦ ᠬᠠᠮᠤᠭ᠎ᠤᠨ ᠲᠦᠷᠦᠭᠦᠨ᠎ᠳᠤ 《ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠦᠨᠳᠦᠰᠦᠨ ᠳᠦᠷᠢᠮ》 ᠳᠡᠭᠡᠷ᠎ᠡ ᠭᠠᠷ᠎ᠤᠨ ᠦᠰᠦᠭ ᠵᠢᠷᠤᠪᠠ᠂ ᠬᠤᠶᠠᠷ ᠤᠯᠤᠰ᠎ᠤᠨ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠠᠶᠤᠯ ᠦᠭᠡᠢ ᠵᠢᠨ ᠵᠥᠪᠯᠡᠯ᠎ᠳᠠᠬᠢ ᠪᠠᠶ᠋ᠢᠩᠭᠤ ᠵᠢᠨ ᠬᠡᠷᠡᠭ ᠡᠷᠭᠢᠯᠡᠭᠴᠢ ᠤᠯᠤᠰ ᠪᠤᠯᠬᠤ ᠪᠠᠶ᠋ᠢᠷᠢ ᠰᠠᠭᠤᠷᠢ ᠪᠣᠯ ᠲᠡᠦᠬᠡ᠎ᠠᠴᠠ ᠪᠦᠷᠢᠯᠳᠦᠭᠰᠡᠨ ᠶᠤᠮ᠂ ᠠᠷᠢᠭᠤᠨ ᠴᠢᠰᠤ ᠪᠠ ᠠᠮᠢ ᠨᠠᠰᠤ᠎ᠪᠠᠷ ᠵᠶ᠋ᠠᠨ ᠰᠣᠯᠢᠵᠤ ᠠᠪᠴᠢᠷᠠᠭᠰᠠᠨ ᠶᠤᠮ᠃ ᠳᠡᠯᠡᠬᠡᠢ ᠵᠢᠨ ᠪᠠᠶ᠋ᠢᠳᠠᠯ ᠬᠡᠳᠦᠢ ᠤᠷᠪᠠᠭ᠋ᠠᠨ ᠬᠥᠷᠪᠡᠭᠡᠨ᠎ᠲᠠᠢ ᠪᠤᠯᠬᠤ ᠲᠤᠳᠤᠮ᠂ ᠪᠢᠳᠡ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠡᠷᠬᠡ ᠰᠦᠷ᠎ᠢ ᠤᠯᠠᠮ ᠪᠠᠷᠢᠮᠲᠠᠯᠠᠨ ᠬᠠᠮᠠᠭ᠋ᠠᠯᠠᠵᠤ᠂ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ᠎ᠪᠠᠷ ᠭᠤᠣᠯ ᠪᠤᠯᠭ᠋ᠠᠬᠰᠠᠨ ᠤᠯᠠᠨ ᠤᠯᠤᠰ᠎ᠤᠨ ᠰᠢᠰᠲ᠋ᠧᠮ᠂ ᠤᠯᠠᠨ ᠤᠯᠤᠰ᠎ᠤᠨ ᠬᠠᠤᠯᠢ᠎ᠳᠤ ᠰᠠᠭᠤᠷᠢᠯᠠᠭᠰᠠᠨ ᠤᠯᠠᠨ ᠤᠯᠤᠰ᠎ᠤᠨ ᠡᠮᠬᠢ ᠳᠢᠭᠯᠢᠮ᠂ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠦᠨᠳᠦᠰᠦᠨ ᠳᠦᠷᠢᠮ᠎ᠤᠨ ᠵᠣᠷᠢᠯᠲᠠ ᠪᠠ ᠵᠠᠷᠴᠢᠮ ᠵᠶ᠋ᠠᠷ ᠰᠠᠭᠤᠷᠢ ᠪᠤᠯᠭ᠋ᠠᠬᠰᠠᠨ ᠤᠯᠠᠨ ᠤᠯᠤᠰ᠎ᠤᠨ ᠬᠠᠷᠢᠴᠠᠭ᠋ᠠᠨ᠎ᠤ ᠦᠨᠳᠦᠰᠦᠨ ᠪᠠᠷᠢᠮᠵᠢᠶ᠎ᠠ ᠵᠢ ᠡᠷᠡᠰ ᠬᠠᠮᠠᠭ᠋ᠠᠯᠠᠵᠤ᠂ ᠡᠷᠬᠡ ᠲᠡᠭᠰᠢ ᠡᠮᠬᠢ ᠵᠢᠷᠤᠮ᠎ᠲᠠᠢ ᠳᠡᠯᠡᠬᠡᠢ ᠵᠢᠨ ᠤᠯᠠᠨ ᠲᠤᠶ᠋ᠢᠯᠵᠢᠯᠳᠠ᠂ ᠲᠦᠭᠡᠮᠡᠯ ᠬᠠᠷᠠᠭ᠋ᠠᠯᠵᠠᠯᠲᠤ ᠪᠠᠭᠲᠠᠭ᠋ᠠᠮᠵᠢᠲᠠᠢ ᠠᠵᠤ ᠠᠬᠤᠢ ᠵᠢᠨ ᠳᠡᠯᠡᠬᠡᠶ᠋ᠢᠵᠢᠯᠲᠡ ᠵᠢ ᠦᠷᠭᠦᠯᠵᠢᠯᠡᠨ ᠠᠬᠢᠭᠤᠯᠤᠶ᠎ᠠ᠃
       ᠡᠨᠡ ᠵᠢᠯ ᠪᠣᠯ ᠮᠥᠨ ᠴᠤ᠌ ᠲᠠᠶ᠋ᠢᠸᠠᠨ᠎ᠢ ᠡᠭᠡᠭᠦᠯᠦᠨ ᠠᠪᠤᠭᠰᠠᠨ 80 ᠵᠢᠯ᠎ᠤᠨ ᠣᠶ ᠪᠣᠯᠣᠨ᠎ᠠ᠃ ᠲᠠᠶ᠋ᠢᠸᠠᠨ ᠳᠤᠮᠳᠠᠳᠤ ᠤᠯᠤᠰ᠎ᠲᠤ ᠪᠤᠴᠠᠵᠤ ᠢᠷᠡᠭᠰᠡᠨ ᠶᠠᠪᠤᠳᠠᠯ ᠪᠣᠯ ᠳᠡᠯᠡᠬᠡᠢ ᠵᠢᠨ ᠬᠤᠶᠠᠳᠤᠭ᠋ᠠᠷ ᠳᠠᠶ᠋ᠢᠨ᠎ᠤ ᠢᠯᠠᠯᠲᠠ ᠵᠢᠨ ᠦᠷ᠎ᠡ ᠪᠦᠲᠦᠭᠡᠯ ᠪᠠ ᠳᠠᠶ᠋ᠢᠨ᠎ᠤ ᠳᠠᠷᠠᠭ᠋ᠠᠬᠢ ᠣᠯᠠᠨ ᠤᠯᠤᠰ᠎ᠤᠨ ᠡᠮᠬᠢ ᠳᠢᠭᠯᠢᠮ᠎ᠤᠨ ᠴᠢᠬᠤᠯᠠ ᠪᠦᠷᠢᠯᠳᠦᠭᠦᠨ ᠬᠡᠰᠡᠭ ᠮᠥᠨ᠃ 《ᠺᠠᠶ᠋ᠢᠷᠤ᠋ ᠵᠢᠨ ᠲᠤᠩᠬᠠᠭ》᠂ 《ᠫᠤᠼᠳᠠᠮ᠎ᠤᠨ ᠠᠯᠪᠠᠨ ᠵᠠᠷᠯᠠᠯ》 ᠵᠡᠷᠭᠡ ᠤᠯᠠᠨ ᠤᠯᠤᠰ᠎ᠤᠨ ᠬᠠᠤᠯᠢ ᠵᠢᠨ ᠬᠦᠴᠦᠨ ᠪᠦᠬᠦᠢ ᠠᠯᠢ ᠤᠯᠠᠨ ᠪᠢᠴᠢᠭ ᠮᠠᠲ᠋ᠧᠷᠢᠶᠠᠯ᠎ᠳᠤ ᠴᠥᠮ ᠳᠤᠮᠳᠠᠳᠤ ᠤᠯᠤᠰ᠎ᠤᠨ ᠲᠠᠶ᠋ᠢᠸᠠᠨ᠎ᠳᠠᠬᠢ ᠡᠷᠬᠡ ᠮᠡᠳᠡᠯ᠎ᠢ ᠨᠤᠲᠠᠯᠠᠪᠠ᠂ ᠲᠡᠭᠦᠨ᠎ᠤ ᠲᠡᠦᠬᠡ ᠪᠠ ᠬᠠᠤᠯᠢ ᠶᠣᠰᠣᠨ᠎ᠤ ᠪᠣᠳᠠᠲᠤ ᠬᠡᠷᠡᠭ᠎ᠨᠢ ᠰᠡᠵᠢᠭᠯᠡᠭᠳᠡᠰᠢ ᠦᠭᠡᠢ ᠶᠤᠮ᠂ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠶᠡᠭᠡ ᠬᠤᠷᠠᠯ᠎ᠤᠨ 2758 ᠳ᠋ᠤᠭ᠋ᠠᠷ ᠲᠣᠭ᠋ᠠᠲᠤ ᠰᠢᠢ᠍ᠳᠪᠦᠷᠢ ᠵᠢᠨ ᠡᠷᠬᠡ ᠰᠦᠷᠲᠦ ᠴᠢᠨᠠᠷ᠎ᠲᠤ ᠬᠠᠯᠳᠠᠵᠤ ᠪᠣᠯᠣᠰᠢ ᠦᠭᠡᠢ ᠶᠤᠮ᠃ ᠲᠠᠶ᠋ᠢᠸᠠᠨ ᠠᠷᠠᠯ᠎ᠤᠨ ᠳᠣᠲᠣᠭ᠋ᠠᠳᠤ ᠵᠢᠨ ᠪᠠᠶ᠋ᠢᠳᠠᠯ᠎ᠳᠤ ᠶᠠᠮᠠᠷ ᠬᠤᠪᠢᠷᠠᠯᠲᠠ ᠭᠠᠷᠤᠭᠰᠠᠨ ᠴᠤ᠌᠂ ᠭᠠᠳᠠᠭ᠋ᠠᠳᠤ ᠵᠢᠨ ᠬᠦᠴᠦᠨ ᠶᠠᠭ᠋ᠠᠬᠢᠵᠤ ᠲᠦᠢ᠍ᠪᠡᠭᠡᠭᠰᠡᠨ ᠴᠦ᠍᠂ ᠳᠤᠮᠳᠠᠳᠤ ᠤᠯᠤᠰ ᠡᠴᠦᠰ᠎ᠲᠡᠭᠡᠨ ᠨᠢᠭᠡᠳᠦᠯ᠎ᠢ ᠪᠡᠶᠡᠯᠡᠭᠦᠯᠬᠦ ᠪᠥᠭᠡᠳ ᠯᠠᠪᠲᠠᠢ ᠨᠢᠭᠡᠳᠦᠯ᠎ᠢ ᠪᠡᠶᠡᠯᠡᠭᠦᠯᠬᠦ ᠲᠡᠦᠬᠡ ᠵᠢᠨ ᠶᠡᠭᠡ ᠬᠠᠨᠳᠤᠰᠢ ᠬᠤᠷᠢᠭᠯᠠᠭᠳᠠᠰᠢ ᠦᠭᠡᠢ ᠶᠤᠮ᠃
       ᠳᠤᠮᠳᠠᠳᠤ ᠤᠷᠤᠰ ᠲᠤᠰ ᠲᠤᠰ᠎ᠤᠨ ᠵᠶ᠋ᠠᠨ ᠭᠤᠣᠯᠯᠠᠭᠴᠢ ᠠᠰᠢᠭ ᠲᠤᠰᠠ ᠪᠣᠯᠣᠨ ᠠᠩᠬᠠᠷᠴᠤ ᠪᠠᠶ᠋ᠢᠭ᠎ᠠ ᠴᠢᠬᠤᠯᠠ ᠶᠡᠭᠡ ᠠᠰᠠᠭᠤᠳᠠᠯ᠎ᠤᠨ ᠲᠠᠯ᠎ᠠ᠎ᠪᠠᠷ ᠢᠮᠠᠭᠲᠠ ᠡᠷᠡᠰ ᠳᠡᠮᠵᠢᠯᠴᠡᠪᠡ᠃ ᠤᠷᠤᠰ᠎ᠤᠨ ᠲᠠᠯ᠎ᠠ ᠵᠢᠨ᠎ᠬᠢᠨ ᠨᠢᠭᠡ ᠯᠡ ᠳᠤᠮᠳᠠᠳᠤ ᠤᠯᠤᠰ ᠪᠠᠶ᠋ᠢᠬᠤ ᠵᠠᠷᠴᠢᠮ᠎ᠢ ᠬᠢᠴᠢᠶᠡᠩᠭᠦᠶ᠋ᠢᠯᠡᠨ ᠵᠢᠷᠤᠮᠯᠠᠨ᠎ᠠ᠂ ᠲᠠᠶ᠋ᠢᠸᠠᠨ ᠪᠣᠯ ᠳᠤᠮᠳᠠᠳᠤ ᠤᠯᠤᠰ᠎ᠤᠨ ᠨᠤᠲᠤᠭ ᠳᠡᠪᠢᠰᠬᠡᠷ᠎ᠤᠨ ᠰᠠᠯᠵᠤ ᠪᠣᠯᠣᠰᠢ ᠦᠭᠡᠢ ᠨᠢᠭᠡ ᠬᠡᠰᠡᠭ ᠮᠥᠨ᠂ ᠶᠠᠮᠠᠷᠪᠠ ᠭᠡᠯᠪᠡᠷᠢ ᠵᠢᠨ 《ᠲᠠᠶ᠋ᠢᠸᠠᠨ᠎ᠢ ᠲᠤᠰᠠᠭ᠋ᠠᠷ ᠲᠣᠭᠲᠠᠨᠢᠭᠤᠯᠬᠤ》 ᠵᠢ ᠡᠰᠡᠷᠭᠦᠴᠡᠵᠦ᠂ ᠳᠤᠮᠳᠠᠳᠤ ᠤᠯᠤᠰ᠎ᠤᠨ ᠵᠠᠰᠠᠭ᠎ᠤᠨ ᠣᠷᠳᠣᠨ ᠪᠠ ᠳᠤᠮᠳᠠᠳᠤ ᠤᠯᠤᠰ᠎ᠤᠨ ᠠᠷᠠᠳ ᠲᠦᠮᠡᠨ᠎ᠤ ᠤᠯᠤᠰ ᠭᠡᠷ᠎ᠤᠨ ᠵᠶ᠋ᠠᠨ ᠨᠢᠭᠡᠳᠦᠯ᠎ᠢ ᠪᠡᠶᠡᠯᠡᠭᠦᠯᠬᠦ ᠵᠢᠨ ᠲᠥᠯᠥᠭᠡ ᠠᠪᠤᠭᠰᠠᠨ ᠠᠯᠢᠪᠠ ᠠᠷᠭ᠎ᠠ ᠬᠡᠮᠵᠢᠶ᠎ᠡ ᠵᠢ ᠡᠷᠡᠰ ᠳᠡᠮᠵᠢᠨ᠎ᠡ ᠭᠡᠵᠦ ᠣᠯᠠᠨᠲᠠ ᠴᠢᠬᠤᠯᠠᠴᠢᠯᠠᠪᠠ᠃ ᠳᠤᠮᠳᠠᠳᠤ ᠤᠯᠤᠰ ᠡᠭᠦᠨ᠎ᠢ ᠳᠡᠭᠡᠳᠦ ᠬᠡᠮᠵᠢᠶ᠎ᠡ᠎ᠪᠠᠷ ᠦᠨᠡᠯᠡᠵᠦ ᠪᠠᠶ᠋ᠢᠨ᠎ᠠ᠃
       — ᠪᠢᠳᠠ ᠳᠡᠯᠡᠬᠡᠢ ᠵᠢᠨ ᠲᠥᠪ ᠭᠤᠣᠯᠴᠢ ᠰᠢᠳᠤᠷᠭᠤ ᠶᠣᠰᠣ ᠵᠢ ᠡᠷᠡᠰ ᠬᠠᠮᠠᠭ᠋ᠠᠯᠠᠶ᠎ᠠ᠃ ᠣᠳᠣᠬᠠᠨ᠎ᠤ ᠳᠡᠯᠡᠬᠡᠢ ᠶᠢᠷᠲᠢᠨᠴᠦ᠎ᠳᠤ᠂ ᠡᠩᠬᠡ ᠲᠠᠶ᠋ᠢᠪᠤᠩ᠎ᠤᠨ ᠤᠯᠠᠭ᠋ᠠᠨ ᠲᠤᠭ᠎ᠠ᠂ ᠬᠥᠭᠵᠢᠯᠲᠡ ᠵᠢᠨ ᠤᠯᠠᠭ᠋ᠠᠨ ᠲᠤᠭ᠎ᠠ᠂ ᠠᠮᠤᠷ ᠲᠦᠪᠰᠢᠨ᠎ᠤ ᠤᠯᠠᠭ᠋ᠠᠨ ᠲᠤᠭ᠎ᠠ᠂ ᠵᠠᠰᠠᠯᠲᠠ ᠵᠢᠨ ᠤᠯᠠᠭ᠋ᠠᠨ ᠲᠤᠭ᠎ᠠ ᠨᠡᠮᠡᠭᠳᠡᠭᠰᠡᠨ᠎ᠠᠴᠠ ᠪᠢᠰᠢ ᠬᠠᠰᠤᠭᠳᠠᠭᠰᠠᠨ ᠦᠭᠡᠢ᠃ ᠪᠢ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠪᠠᠶ᠋ᠢᠭᠤᠯᠬᠤ ᠵᠢ ᠠᠬᠢᠭᠤᠯᠵᠤ᠂ ᠪᠦᠭᠦ ᠪᠥᠮᠪᠥᠷᠴᠡᠭ᠎ᠤᠨ ᠬᠥᠭᠵᠢᠯᠲᠡ ᠵᠢᠨ ᠰᠠᠨᠠᠭ᠋ᠠᠴᠢᠯᠠᠭ᠎ᠠ᠂ ᠪᠦᠭᠦ ᠪᠥᠮᠪᠥᠷᠴᠡᠭ᠎ᠤᠨ ᠠᠮᠤᠷ ᠲᠦᠪᠰᠢᠨ᠎ᠤ ᠰᠠᠨᠠᠭ᠋ᠠᠴᠢᠯᠠᠭ᠎ᠠ᠂ ᠪᠦᠭᠦ ᠪᠥᠮᠪᠥᠷᠴᠡᠭ᠎ᠤᠨ ᠪᠣᠯᠪᠠᠰᠤᠨ᠎ᠤ ᠰᠠᠨᠠᠭ᠋ᠠᠴᠢᠯᠠᠭ᠎ᠠ ᠵᠢ ᠳᠤᠷᠠᠳᠤᠭᠰᠠᠨ᠎ᠨᠢ ᠳᠠᠷᠤᠢ ᠳᠡᠭᠡᠷ᠎ᠡ ᠳᠤᠷᠠᠳᠤᠭᠰᠠᠨ ᠤᠯᠠᠭ᠋ᠠᠨ ᠲᠤᠭ᠎ᠠ ᠵᠢ ᠰᠢᠢ᠍ᠳᠪᠦᠷᠢᠯᠡᠵᠦ᠂ ᠲᠥᠪ ᠭᠤᠣᠯᠴᠢ ᠰᠢᠳᠤᠷᠭᠤ ᠶᠣᠰᠣ᠎ᠪᠠᠷ ᠣᠶ᠋ᠢᠯᠠᠭ᠋ᠠᠭᠳᠠᠬᠤᠨ ᠪᠤᠯᠭ᠋ᠠᠵᠤ ᠪᠦᠭᠦ ᠪᠥᠮᠪᠥᠷᠴᠡᠭ᠎ᠤᠨ ᠵᠠᠰᠠᠯᠲᠠ ᠵᠢᠨ ᠰᠢᠰᠲ᠋ᠧᠮ᠎ᠤᠨ ᠬᠤᠪᠢᠰᠤᠯᠲᠠ ᠵᠢ ᠢᠳᠡᠪᠬᠢᠲᠡᠢ ᠬᠥᠲᠥᠯᠥᠨ ᠳᠠᠭ᠋ᠠᠭᠤᠯᠬᠤ ᠵᠢᠨ ᠲᠥᠯᠥᠭᠡ ᠶᠤᠮ᠃
       ᠳᠡᠯᠡᠬᠡᠢ ᠶᠢᠷᠲᠢᠨᠴᠦ ᠲᠥᠪ ᠭᠤᠣᠯᠴᠢ ᠪᠠᠶ᠋ᠢᠬᠤ ᠬᠡᠷᠡᠭᠲᠡᠢ᠂ ᠬᠠᠷᠭᠢᠰ ᠬᠡᠷᠴᠡᠭᠡᠢ ᠪᠠᠶ᠋ᠢᠵᠤ ᠪᠤᠯᠬᠤ ᠦᠭᠡᠢ᠃ ᠪᠦᠭᠦ ᠪᠥᠮᠪᠥᠷᠴᠡᠭ᠎ᠤᠨ ᠴᠢᠨᠠᠷᠲᠠᠢ ᠥᠷᠢᠰᠦᠯᠳᠦᠭᠡᠨ᠎ᠢ ᠠᠷᠭ᠋ᠠᠴᠠᠭ᠋ᠠᠬᠤ᠎ᠳᠤ ᠡᠷᠬᠡᠪᠰᠢ ᠬᠠᠮᠲᠤ᠎ᠪᠠᠷ ᠵᠥᠪᠳᠡᠬᠦ ᠬᠠᠮᠲᠤ᠎ᠪᠠᠷ ᠪᠠᠶ᠋ᠢᠭᠤᠯᠬᠤ ᠬᠠᠮᠲᠤ᠎ᠪᠠᠷ ᠡᠳ᠋ᠯᠡᠬᠦ ᠪᠦᠭᠦ ᠪᠥᠮᠪᠥᠷᠴᠡᠭ᠎ᠤᠨ ᠵᠠᠰᠠᠯᠲᠠ ᠵᠢᠨ ᠦᠵᠡᠯᠲᠡ ᠵᠢ ᠪᠠᠷᠢᠮᠲᠠᠯᠠᠵᠤ᠂ ᠶᠠᠷᠢᠯᠴᠠᠭ᠎ᠠ ᠬᠢᠬᠦ᠎ᠠᠴᠠ ᠪᠢᠰᠢ ᠡᠰᠡᠷᠭᠦᠴᠡᠯᠳᠦᠬᠦ ᠦᠭᠡᠢ᠂ ᠬᠠᠨᠢᠲᠠᠨ ᠪᠤᠯᠬᠤ᠎ᠠᠴᠠ ᠪᠢᠰᠢ ᠬᠤᠯᠪᠤᠭ᠎ᠠ ᠪᠠᠶ᠋ᠢᠭᠤᠯᠬᠤ ᠦᠭᠡᠢ᠂ ᠬᠠᠮᠲᠤ᠎ᠪᠠᠷ ᠠᠰᠢᠭ ᠭᠦᠷᠳᠡᠭᠦ᠎ᠠᠴᠠ ᠪᠢᠰᠢ ᠦᠯᠦ ᠡᠪᠰᠡᠬᠦ ᠦᠭᠡᠢ ᠪᠠᠶ᠋ᠢᠬᠤ ᠵᠢ ᠪᠠᠷᠢᠮᠲᠠᠯᠠᠵᠤ᠂ ᠵᠢᠩᠬᠢᠨᠢ ᠤᠯᠠᠨ ᠲᠠᠯᠠᠲᠤ ᠦᠵᠡᠯ᠎ᠢ ᠦᠢ᠍ᠯᠡᠳᠦᠯᠭᠡᠵᠢᠭᠦᠯᠵᠦ᠂ ᠡᠯ᠎ᠡ ᠲᠠᠯ᠎ᠠ ᠵᠢᠨ᠎ᠬᠢᠨ᠎ᠤ ᠵᠦᠢ ᠶᠣᠰᠣᠨ᠎ᠤ ᠠᠩᠬᠠᠷᠴᠤ ᠪᠠᠶ᠋ᠢᠭ᠎ᠠ ᠠᠰᠠᠭᠤᠳᠠᠯ᠎ᠢ ᠬᠠᠷᠠᠭ᠋ᠠᠯᠵᠠᠵᠤ᠂ ᠤᠯᠠᠨ ᠤᠯᠤᠰ᠎ᠤᠨ ᠳᠦᠷᠢᠮ ᠪᠠ ᠡᠮᠬᠢ ᠳᠢᠭᠯᠢᠮ᠎ᠢ ᠬᠠᠮᠠᠭ᠋ᠠᠯᠠᠬᠤ ᠵᠢ ᠪᠠᠷᠢᠮᠲᠠᠯᠠᠬᠤ ᠬᠡᠷᠡᠭᠲᠡᠢ ᠭᠡᠳᠡᠭ᠎ᠢ ᠲᠡᠦᠬᠡ ᠪᠠ ᠪᠣᠳᠠᠲᠤ ᠠᠬᠤᠢ ᠴᠥᠮ ᠬᠠᠷᠠᠭᠤᠯᠵᠤ ᠪᠠᠶ᠋ᠢᠨ᠎ᠠ᠃ ᠳᠡᠯᠡᠬᠡᠢ ᠵᠢᠨ ᠡᠯ᠎ᠡ ᠤᠯᠤᠰ᠎ᠤᠨ ᠠᠷᠠᠳ ᠲᠦᠮᠡᠨ ᠪᠦᠷ ᠲᠡᠦᠬᠡ ᠵᠢᠨ ᠵᠥᠪ ᠲᠠᠯ᠎ᠠ᠎ᠳᠤ ᠵᠣᠭᠰᠣᠵᠤ᠂ ᠲᠥᠪ ᠭᠤᠣᠯᠴᠢ ᠰᠢᠳᠤᠷᠭᠤ ᠶᠣᠰᠣᠨ᠎ᠤ ᠲᠠᠯ᠎ᠠ᠎ᠳᠤ ᠵᠣᠭᠰᠣᠨ᠎ᠠ ᠭᠡᠳᠡᠭ᠎ᠢ ᠪᠢᠳᠡ ᠪᠠᠲᠤ ᠢᠲᠡᠭᠡᠵᠦ ᠪᠠᠶ᠋ᠢᠨ᠎ᠠ᠃
       ᠳᠤᠮᠳᠠᠳᠤ ᠤᠯᠤᠰ ᠪᠣᠯᠣᠨ ᠤᠷᠤᠰ ᠪᠣᠯ ᠴᠥᠮ ᠴᠢᠬᠤᠯᠠ ᠨᠥᠯᠥᠭᠡᠯᠡᠬᠦ ᠬᠦᠴᠦᠨ᠎ᠲᠠᠢ ᠲᠣᠮᠣ ᠤᠯᠤᠰ ᠮᠥᠨ᠂ ᠪᠦᠭᠦ ᠪᠥᠮᠪᠥᠷᠴᠡᠭ᠎ᠤᠨ ᠪᠠᠶ᠋ᠢᠯᠳᠤᠬᠤ ᠪᠣᠳᠣᠯᠭ᠎ᠠ ᠵᠢᠨ ᠲᠣᠭᠲᠠᠭᠤᠨ᠎ᠢ ᠬᠠᠮᠠᠭ᠋ᠠᠯᠠᠬᠤ᠂ ᠪᠦᠭᠦ ᠪᠥᠮᠪᠥᠷᠴᠡᠭ᠎ᠤᠨ ᠵᠠᠰᠠᠯᠲᠠ ᠵᠢ ᠲᠡᠭᠦᠯᠳᠡᠷᠵᠢᠭᠦᠯᠬᠦ ᠪᠦᠲᠦᠭᠡᠯᠴᠢ ᠴᠢᠨᠠᠷᠲᠠᠢ ᠬᠦᠴᠦᠨ ᠮᠥᠨ᠃ ᠳᠤᠮᠳᠠᠳᠤ ᠤᠷᠤᠰ᠎ᠤᠨ ᠬᠠᠷᠢᠯᠴᠠᠭ᠎ᠠ ᠲᠣᠪ ᠲᠣᠳᠣᠷᠬᠠᠢ ᠲᠡᠦᠬᠡ ᠵᠢᠨ ᠯᠣᠭᠢᠭ᠂ ᠬᠦᠴᠦᠷᠬᠡᠭ ᠶᠡᠭᠡ ᠳᠣᠲᠣᠭ᠋ᠠᠳᠤ ᠬᠥᠳᠡᠯᠭᠡᠬᠦ ᠬᠦᠴᠦᠨ᠂ ᠭᠦᠨ ᠵᠤᠵᠠᠭ᠋ᠠᠨ ᠪᠣᠯᠪᠠᠰᠤᠨ᠎ᠤ ᠣᠣᠷ ᠲᠤᠨᠳᠠᠰᠤ᠎ᠲᠠᠢ ᠶᠤᠮ᠂ ᠭᠤᠷᠪᠠᠳᠤᠭ᠋ᠠᠷ ᠡᠲᠡᠭᠡᠳ᠎ᠲᠤ ᠴᠢᠭᠯᠡᠭᠦᠯᠬᠦ ᠦᠭᠡᠢ ᠪᠥᠭᠡᠳ ᠶᠠᠮᠠᠷᠪᠠ ᠭᠤᠷᠪᠠᠳᠤᠭ᠋ᠠᠷ ᠡᠲᠡᠭᠡᠳ᠎ᠲᠤ ᠴᠦ᠍ ᠬᠢᠵᠠᠭ᠋ᠠᠷᠯᠠᠭᠳᠠᠬᠤ ᠦᠭᠡᠢ᠃ ᠬᠤᠶᠠᠷ ᠲᠠᠯ᠎ᠠ᠎ᠪᠠᠷ ᠵᠶ᠋ᠠᠨ ᠳᠤᠮᠳᠠᠳᠤ ᠤᠷᠤᠰ᠎ᠤᠨ ᠨᠥᠬᠦᠷᠯᠡᠯ ᠪᠣᠯᠣᠨ ᠢᠲᠡᠭᠡᠯᠴᠡᠭᠡ ᠵᠢ ᠡᠪᠳᠡᠬᠦ ᠶᠠᠮᠠᠷᠪᠠ ᠭᠤᠷᠢᠳᠠᠯᠭ᠎ᠠ ᠵᠢ ᠬᠠᠮᠲᠤ᠎ᠪᠠᠷ ᠡᠰᠡᠷᠭᠦᠴᠡᠵᠦ᠂ ᠲᠦᠷ ᠴᠠᠭ᠎ᠤᠨ ᠶᠠᠪᠤᠳᠠᠯ᠎ᠳᠤ ᠲᠥᠭᠡᠷᠢᠭᠳᠡᠬᠦ ᠦᠭᠡᠢ᠂ ᠰᠢᠷᠦᠭᠦᠨ ᠰᠠᠯᠬᠢ ᠲᠤᠬᠰᠢᠨ ᠳᠠᠪᠠᠯᠭ᠋ᠠᠨ᠎ᠳᠤ ᠨᠥᠯᠥᠭᠡᠯᠡᠭᠳᠡᠬᠦ ᠦᠭᠡᠢ ᠪᠠᠶ᠋ᠢᠵᠤ᠂ ᠳᠤᠮᠳᠠᠳᠤ ᠤᠷᠤᠰ᠎ᠤᠨ ᠪᠠᠶ᠋ᠢᠯᠳᠤᠬᠤ ᠪᠣᠳᠣᠯᠭ᠎ᠠ ᠵᠢᠨ ᠬᠠᠮᠵᠢᠯᠴᠠᠭ᠋ᠠᠨ᠎ᠤ ᠲᠣᠬᠲᠠᠭ᠋ᠠᠯᠲᠤ ᠴᠢᠨᠠᠷ ᠪᠣᠯᠣᠨ ᠤᠶᠠᠨ ᠬᠠᠳᠠᠨ ᠴᠢᠨᠠᠷ ᠵᠶ᠋ᠠᠷ ᠳᠡᠯᠡᠬᠡᠢ ᠵᠢᠨ ᠤᠯᠠᠨ ᠲᠤᠶ᠋ᠢᠯᠵᠢᠯᠲᠠ ᠵᠢᠨ ᠠᠬᠢᠴᠠ ᠵᠢ ᠬᠠᠮᠲᠤ᠎ᠪᠠᠷ ᠠᠬᠢᠭᠤᠯᠵᠤ᠂ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠪᠠᠶ᠋ᠢᠭᠤᠯᠬᠤ ᠵᠢ ᠬᠠᠮᠲᠤ᠎ᠪᠠᠷ ᠠᠬᠢᠭᠤᠯᠤᠶ᠎ᠠ᠃
       ᠳᠤᠮᠳᠠᠳᠤ ᠤᠯᠤᠰ ᠪᠠ ᠤᠷᠤᠰ ᠪᠣᠯ ᠴᠥᠮ ᠭᠡᠷᠡᠯ ᠰᠠᠴᠤᠷᠠᠩᠭᠤᠢ ᠪᠣᠯᠪᠠᠰᠤᠨ᠎ᠲᠠᠢ ᠠᠭᠤᠤ ᠶᠡᠭᠡ ᠤᠯᠤᠰ ᠮᠥᠨ᠂ ᠳᠤᠮᠳᠠᠳᠤ ᠤᠯᠤᠰ᠎ᠤᠨ ᠠᠷᠠᠳ ᠲᠦᠮᠡᠨ ᠪᠠ ᠤᠷᠤᠰ᠎ᠤᠨ ᠠᠷᠠᠳ ᠲᠦᠮᠡᠨ ᠪᠣᠯ ᠴᠥᠮ ᠪᠠᠭ᠋ᠠᠲᠤᠷᠯᠢᠭ ᠤᠳᠤᠮᠰᠢᠯ᠎ᠲᠠᠢ ᠠᠭᠤᠤ ᠶᠡᠭᠡ ᠠᠷᠠᠳ ᠲᠦᠮᠡᠨ ᠮᠥᠨ᠃ 80 ᠵᠢᠯ᠎ᠤᠨ ᠡᠮᠦᠨ᠎ᠡ᠂ ᠪᠢᠳᠠ ᠡᠷᠡᠯᠬᠡᠭ ᠵᠶ᠋ᠠᠷ ᠡᠰᠡᠷᠭᠦᠴᠡᠨ ᠲᠡᠮᠡᠴᠡᠵᠦ ᠹᠠᠱ᠌ᠢᠰ᠎ᠢ ᠡᠰᠡᠷᠭᠦᠴᠡᠬᠦ ᠲᠠᠶ᠋ᠢᠨ᠎ᠤ ᠠᠭᠤᠤ ᠶᠡᠭᠡ ᠢᠯᠠᠯᠲᠠ ᠵᠢ ᠣᠯᠪᠠ᠃ 80 ᠵᠢᠯ᠎ᠤᠨ ᠳᠠᠷᠠᠭ᠋ᠠᠬᠢ ᠥᠨᠥᠳᠥᠷ᠂ ᠪᠢᠳᠡ ᠠᠯᠢᠪᠠ ᠴᠢᠬᠤᠯᠠ ᠪᠦᠬᠦᠢ ᠠᠷᠭ᠎ᠠ ᠬᠡᠮᠵᠢᠶ᠎ᠡ ᠵᠢ ᠠᠪᠴᠤ᠂ ᠲᠤᠰ ᠪᠡᠶ᠎ᠡ ᠵᠢᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠵᠢᠨ ᠠᠰᠢᠭ ᠲᠤᠰᠠ᠎ᠪᠠᠨ ᠡᠷᠡᠰ ᠬᠠᠮᠠᠭ᠋ᠠᠯᠠᠵᠤ᠂ ᠡᠷᠡᠰ ᠪᠠᠲᠤ᠎ᠪᠠᠷ ᠲᠡᠦᠬᠡ ᠵᠢᠨ ᠳᠤᠷᠠᠰᠤᠮᠵᠢ ᠵᠢᠨ ᠬᠠᠮᠠᠭ᠋ᠠᠯᠠᠭᠴᠢ᠂ ᠬᠥᠭᠵᠢᠯ ᠮᠠᠨᠳᠤᠯ᠎ᠤᠨ ᠵᠠᠮ᠎ᠳᠠᠬᠢ ᠬᠠᠮᠲᠤ ᠤᠷᠤᠭᠰᠢᠯᠠᠭᠴᠢ᠂ ᠤᠯᠠᠨ ᠤᠯᠤᠰ᠎ᠤᠨ ᠲᠥᠪ ᠭᠤᠣᠯᠴᠢ ᠰᠢᠳᠤᠷᠭᠤ ᠶᠣᠰᠣᠨ᠎ᠤ ᠬᠠᠮᠠᠭ᠋ᠠᠯᠠᠭᠴᠢ ᠪᠣᠯᠵᠤ᠂ ᠭᠠᠷ ᠬᠤᠯᠪᠣᠨ ᠬᠥᠮᠥᠨ ᠲᠥᠷᠥᠯᠬᠢᠲᠡᠨ᠎ᠤ ᠢᠷᠡᠭᠡᠳᠦᠢ ᠬᠤᠪᠢ ᠵᠠᠶᠠᠭ᠋ᠠᠨ᠎ᠤ ᠲᠥᠯᠥᠭᠡ ᠨᠡᠩ ᠭᠡᠭᠡᠨ ᠰᠠᠷᠠᠭᠤᠯ ᠢᠷᠡᠭᠡᠳᠦᠢ ᠵᠢ ᠲᠡᠮᠡᠴᠡᠨ ᠴᠣᠭᠴᠠᠯᠠᠶ᠎ᠠ᠃
   

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ 《ᠡᠩᠬᠡ ᠲᠠᠶ᠋ᠢᠪᠤᠩ᠎ᠤᠨ ᠭᠠᠯ ᠪᠠᠮᠪᠠᠷ ᠴᠠᠭ ᠦᠶ᠎ᠡ ᠵᠢᠨ ᠰᠢᠨ᠎ᠡ ᠬᠠᠭᠤᠳᠠᠰᠤ — ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠳᠠᠶ᠋ᠢᠨ ᠪᠣᠯᠣᠨ ᠵᠥᠪᠯᠡᠯᠲᠦ ᠵᠢᠨ ᠤᠯᠤᠰ ᠵᠶ᠋ᠠᠨ ᠬᠠᠮᠠᠭ᠋ᠠᠯᠠᠬᠤ ᠠᠭᠤᠤ ᠶᠡᠭᠡ ᠳᠠᠶ᠋ᠢᠨ ᠢᠯᠠᠯᠲᠠ ᠣᠯᠣᠭᠰᠠᠨ 80 ᠵᠢᠯ᠎ᠤᠨ ᠣᠶ ᠵᠢ ᠳᠤᠷᠠᠰᠬᠠᠬᠤ ᠳᠤᠮᠳᠠᠳᠤ ᠣᠷᠣᠰ᠎ᠤᠨ ᠰᠣᠶᠣᠯ ᠢᠷᠭᠡᠨᠰᠢᠯ᠎ᠤᠨ ᠰᠣᠯᠢᠯᠴᠠᠭ᠋ᠠᠨ᠎ᠤ ᠠᠵᠢᠯᠯᠠᠭ᠎ᠠ》᠎ᠳᠤ ᠪᠠᠶᠠᠷ᠎ᠤᠨ ᠵᠠᠬᠢᠳᠠᠯ ᠢᠯᠡᠭᠡᠪᠡ
《ᠡᠭᠡᠯ ᠪᠣᠷᠣᠭᠵᠢᠭᠤᠨ ᠦᠭᠡ — ᠰᠢ ᠵᠢᠨ ᠫᠢᠩ᠎ᠤᠨ ᠪᠠᠭ᠍ᠠᠷᠬᠠᠳᠠᠭ ᠡᠷᠲᠡᠨ᠎ᠤ ᠰᠣᠩᠭᠤᠳᠠᠭ ᠬᠡᠯᠡᠯᠭᠡ》 (ᠤᠯᠠᠨ ᠤᠯᠤᠰ᠎ᠤᠨ ᠬᠡᠪᠯᠡᠯ) ᠵᠢ ᠣᠷᠣᠰ᠎ᠤᠨ ᠵᠠᠭᠤᠴᠢᠯᠠᠭᠤᠷ᠎ᠲᠤ ᠨᠡᠪᠲᠡᠷᠡᠭᠦᠯᠪᠡ
ᠰᠢ ᠵᠢᠨ ᠫᠢᠩ᠎ᠤᠨ 《ᠳᠤᠮᠳᠠᠳᠤ ᠵᠢᠨ ᠪᠥᠬᠦ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ ᠪᠠᠶ᠋ᠢᠭᠤᠯᠤᠭᠳᠠᠭᠰᠠᠨ 100 ᠵᠢᠯ᠎ᠤᠨ ᠣᠢ ᠵᠢ ᠪᠡᠯᠡᠭᠯᠡᠬᠦ ᠵᠢᠴᠢ ᠪᠥᠬᠦ ᠤᠯᠤᠰ᠎ᠤᠨ ᠬᠥᠳᠡᠯᠮᠦᠷᠢ ᠵᠢᠨ ᠵᠢᠱ᠌ᠢᠶᠡᠴᠢ ᠪᠣᠯᠣᠨ ᠲᠡᠷᠢᠭᠦᠨ᠎ᠤ ᠠᠵᠢᠯᠲᠠᠨ᠎ᠢ ᠬᠥᠬᠢᠭᠦᠯᠦᠨ ᠰᠠᠶ᠋ᠢᠰᠢᠶᠠᠬᠤ ᠶᠡᠭᠡ ᠬᠤᠷᠠᠯ ᠳᠡᠭᠡᠷᠡᠬᠢ ᠶᠠᠷᠢᠶ᠎ᠠ》 ᠵᠢᠨ ᠲᠤᠰᠬᠠᠢ ᠳᠡᠪᠲᠡᠷ ᠬᠡᠪᠯᠡᠭᠳᠡᠪᠡ
ᠰᠢ ᠵᠢᠨ ᠫᠢᠩ ᠤᠷᠤᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠬᠠᠮᠲᠤ᠎ᠪᠠᠷ ᠰᠤᠷᠪᠤᠯᠵᠢᠯᠠᠬ᠍ᠴᠢᠳ᠎ᠲᠠᠢ ᠠᠭᠤᠯᠵᠠᠪᠠ
ᠰᠢ ᠵᠢᠨ ᠫᠢᠩ ᠣᠷᠣᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠴᠠᠢ ᠵᠢᠨ ᠵᠣᠭᠤᠭ ᠳᠡᠯᠭᠡᠪᠡ
 
            