8 ᠳ᠋ᠤᠭ᠋ᠠᠷ ᠰᠠᠷ᠎ᠠ ᠵᠢᠨ 22᠎ᠤᠨ ᠠ᠋ᠳᠤᠷ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠶᠡᠷᠦᠩᠭᠡᠢ ᠰᠠᠢ᠌ᠳ ᠯᠢ ᠺᠸ ᠴᠢᠶᠠᠩ ᠫᠠᠺᠢᠰᠲ᠋ᠠᠨ᠎ᠤ ᠶᠡᠷᠦᠩᠭᠡᠢ ᠰᠠᠢ᠌ᠳ ᠢᠮᠦᠷᠡᠨ᠂ ᠬᠠᠨ᠎ᠲᠠᠢ ᠤᠳᠠᠰᠤ᠎ᠪᠠᠷ ᠶᠠᠷᠢᠯᠴᠠᠪᠠ᠃
ᠯᠢ ᠺᠸ ᠴᠢᠶᠠᠩ ᠢᠮᠦᠷᠡᠨ᠂ ᠬᠠᠨ᠎ᠤ ᠫᠠᠺᠢᠰᠲ᠋ᠠᠨ᠎ᠤ ᠶᠡᠷᠦᠩᠭᠡᠢ ᠰᠠᠢ᠌ᠳ᠎ᠤᠨ ᠳᠤᠰᠢᠶᠠᠯ ᠠ᠋ᠬᠦᠷᠭᠡᠯᠡᠭᠰᠡᠨᠳᠤ ᠪᠠᠶᠠᠷ ᠬᠦᠷᠭᠡᠬᠦ ᠵᠢᠨ ᠬᠠᠮᠳᠤ ᠫᠠᠺᠢᠰᠲ᠋ᠠᠨ ᠪᠤᠯ ᠳᠤᠮᠳᠠᠳᠤ ᠤᠯᠤᠰ᠎ᠤᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠮᠳᠤᠷᠠᠯᠴᠠᠭ᠋ᠠᠨ᠎ᠤ ᠬᠠᠨᠢᠳᠠᠨ ᠪᠤᠯᠤᠨ᠎ᠠ᠂ ᠳᠤᠮᠳᠠᠳᠤ ᠫᠠᠺᠢᠰᠲ᠋ᠠᠨ᠎ᠤ ᠬᠠᠷᠢᠴᠠᠭ᠎ᠠ᠎ᠨᠢ ᠴᠠᠭ ᠬᠤᠭᠤᠴᠠᠭ᠎ᠠ ᠪᠤᠯᠤᠨ ᠳᠡᠯᠡᠭᠡᠢ ᠵᠢᠨ ᠤᠷᠪᠠᠭ᠋ᠠᠨ ᠬᠦᠷᠪᠡᠭᠡᠨᠢ ᠳᠤᠭᠤᠯᠤᠭᠰᠠᠨ ᠠ᠋ᠷᠭᠡ ᠳᠡᠭᠰᠢ᠂ ᠬᠠᠷᠢᠯᠴᠠᠨ ᠳᠡᠮᠵᠢᠯᠴᠡᠭᠰᠡᠨ ᠬᠠᠷᠢᠴᠠᠭ᠎ᠠ ᠪᠤᠯᠤᠨ᠎ᠠ᠃ ᠳᠡᠷᠢᠬᠦᠯᠡᠭᠴᠢ ᠰᠢ ᠵᠢᠨ ᠫᠢᠩ 2015 ᠤᠨ᠎ᠳᠤ ᠫᠠᠺᠢᠰᠲ᠋ᠠᠨ᠎ᠳᠤ ᠠᠮᠵᠢᠯᠳᠠ᠎ᠲᠠᠢ ᠠᠢ᠌ᠯᠴᠢᠯᠠᠵᠤ᠂ ᠬᠤᠶᠠᠷ ᠤᠯᠤᠰ᠎ᠤᠨ ᠬᠠᠷᠢᠴᠠᠭ᠋ᠠᠨ᠎ᠤ ᠬᠦᠭᠵᠢᠯᠳᠡ ᠵᠢ ᠠᠬᠢᠭᠤᠯᠪᠠ᠃ ᠳᠤᠮᠳᠠᠳᠤ ᠵᠢᠨ᠎ᠬᠢᠨ ᠫᠠᠺᠢᠰᠲ᠋ᠠᠨ᠎ᠤ ᠤᠯᠤᠰ᠎ᠤᠨ ᠵᠶ᠋ᠡᠨ ᠠᠮᠤᠷ ᠳᠦᠪᠰᠢᠨ᠂ ᠳᠤᠭᠳᠠᠭᠤᠨ ᠬᠢᠭᠡᠳ ᠬᠦᠭᠵᠢᠯᠳᠡ᠎ᠪᠠᠨ ᠬᠠᠮᠠᠭ᠋ᠠᠯᠠᠬᠤ ᠵᠢ ᠦᠷᠬᠦᠯᠵᠢᠯᠡᠨ ᠳᠡᠮᠵᠢᠵᠤ᠂ ᠳᠤᠷᠠᠳᠠᠶ᠎ᠡ ᠫᠠᠺᠢᠰᠲ᠋ᠠᠨ᠎ᠤ ᠳᠠᠯ᠎ᠠ᠎ᠲᠠᠢ ᠳᠡᠭᠡᠳᠤ ᠳᠠᠪᠬᠤᠷᠭ᠋ᠠᠨ᠎ᠤ ᠬᠠᠷᠢᠯᠴᠠᠭ᠎ᠠ ᠶᠠᠪᠤᠯᠴᠠᠭ᠎ᠠ᠎ᠪᠠᠨ ᠨᠢᠬᠳᠠᠷᠠᠭᠤᠯᠤᠨ᠂ ᠪᠤᠳᠠᠳᠠᠢ ᠵᠢ ᠠ᠋ᠷᠬᠢᠮᠯᠡᠭᠰᠡᠨ ᠬᠠᠮᠳᠤᠷᠠᠯᠴᠠᠭ᠎ᠠ ᠵᠢ ᠬᠦᠨᠵᠡᠭᠡᠢ᠌ᠷᠡᠬᠦᠯᠵᠤ᠂ ᠤᠯᠠᠨ ᠤᠯᠤᠰ᠂ ᠭᠠᠵᠠᠷ ᠤᠷᠤᠨ᠎ᠤ ᠴᠢᠬᠤᠯᠠ ᠠᠰᠠᠭᠤᠳᠠᠯ᠎ᠢ ᠵᠤᠬᠢᠴᠠᠭᠤᠯᠬᠤ᠎ᠪᠠᠨ ᠴᠢᠩᠭ᠋ᠠᠳᠬᠠᠨ᠂ ᠬᠤᠶᠠᠷ ᠤᠯᠤᠰ᠎ᠤᠨ ᠬᠠᠮᠳᠤ ᠵᠢᠨ ᠬᠦᠭᠵᠢᠯᠳᠡ ᠵᠢ ᠠᠬᠢᠭᠤᠯᠵᠤ᠂ ᠭᠠᠵᠠᠷ ᠤᠷᠤᠨ᠎ᠤ ᠠᠮᠤᠷ ᠳᠠᠢ᠌ᠪᠤᠩ ᠬᠢᠭᠡᠳ ᠴᠡᠴᠡᠭᠯᠡᠯ ᠬᠦᠭᠵᠢᠯ᠎ᠳᠤ ᠬᠤᠪᠢ ᠨᠡᠮᠡᠷᠢ ᠦᠵᠡᠬᠦᠯᠦᠨ᠎ᠡ ᠭᠡᠵᠤ ᠢᠯᠡᠷᠭᠡᠢ᠌ᠯᠡᠪᠡ᠃
ᠯᠢ ᠺᠸ ᠴᠢᠶᠠᠩ᠂ ᠳᠤᠮᠳᠠᠳᠤ ᠫᠠᠺᠢᠰᠲ᠋ᠠᠨ᠎ᠤ ᠠᠵᠤ ᠠᠬᠤᠢ ᠵᠢᠨ ᠬᠤᠩᠬᠢᠯ ᠪᠤᠯ ᠰᠢᠨ᠎ᠠ ᠴᠠᠭ ᠦᠶ᠎ᠠ᠎ᠳᠠᠬᠢ ᠳᠤᠮᠳᠠᠳᠤ ᠫᠠᠺᠢᠰᠲ᠋ᠠᠨ᠎ᠤ ᠬᠠᠮᠳᠤᠷᠠᠯᠴᠠᠭ᠋ᠠᠨ᠎ᠤ ᠪᠡᠯᠭᠡ ᠳᠡᠮᠳᠡᠭ᠎ᠤᠨ ᠴᠢᠨᠠᠷᠲᠠᠢ ᠢᠨᠵᠸᠨ᠋ᠸᠷᠢᠩ ᠪᠤᠯᠤᠨ᠎ᠠ᠃ ᠳᠤᠮᠳᠠᠳᠤ ᠵᠢᠨ᠎ᠬᠢᠨ ᠶᠡᠷᠦᠩᠭᠡᠢ ᠰᠠᠢ᠌ᠳ ᠠᠪᠤᠭ᠋ᠠᠢ ᠵᠢᠨ ᠠᠵᠤ ᠠᠬᠤᠢ ᠵᠢᠨ ᠬᠤᠩᠬᠢᠯ᠎ᠤᠨ ᠪᠦᠳᠦᠭᠡᠨ ᠪᠠᠢ᠌ᠭᠤᠯᠤᠯᠳᠠ ᠵᠢ ᠳᠡᠮᠵᠢᠬᠦ ᠢᠳᠡᠪᠬᠢᠳᠤ ᠤᠪᠤᠷ᠎ᠢ ᠰᠠᠢ᠌ᠰᠢᠶᠠᠨ ᠪᠢᠰᠢᠷᠡᠵᠤ ᠪᠠᠢ᠌ᠬᠤ ᠵᠢᠨ ᠬᠠᠮᠳᠤ ᠫᠠᠺᠢᠰᠲ᠋ᠠᠨ᠎ᠤ᠎ᠬᠢᠨ᠎ᠤ ᠠᠵᠤ ᠠᠬᠤᠢ ᠵᠢᠨ ᠬᠤᠩᠬᠢᠯ᠎ᠤᠨ ᠪᠦᠳᠦᠭᠡᠨ ᠪᠠᠢ᠌ᠭᠤᠯᠤᠯᠳᠠ ᠵᠢᠨ ᠠᠮᠤᠷ ᠳᠦᠪᠰᠢᠨ᠎ᠢ ᠪᠠᠳᠤᠯᠠᠬᠤ᠎ᠳᠤ ᠶᠡᠭᠡ ᠭᠡᠮᠵᠢᠶᠡᠨ᠎ᠤ ᠴᠢᠷᠮᠠᠢ᠌ᠯᠳᠠ ᠭᠠᠷᠭ᠋ᠠᠭᠰᠠᠨ᠎ᠢ ᠰᠠᠢ᠌ᠰᠢᠶᠠᠨ ᠪᠢᠰᠢᠷᠡᠵᠤ ᠪᠠᠢ᠌ᠨ᠎ᠠ᠂ ᠫᠠᠺᠢᠰᠲ᠋ᠠᠨ᠎ᠤ᠎ᠬᠢᠨ ᠦᠷᠬᠦᠯᠵᠢᠯᠡᠨ ᠴᠢᠩᠭ᠎ᠠ ᠬᠢᠨᠠᠮᠠᠭ᠋ᠠᠢ ᠠᠷᠭ᠎ᠠ ᠠᠪᠴᠤ ᠪᠠᠢ᠌ᠭ᠋ᠠᠳ ᠫᠠᠺᠢᠰᠲ᠋ᠠᠨ᠎ᠳᠤ ᠪᠠᠢ᠌ᠭ᠎ᠠ ᠳᠤᠮᠳᠠᠳᠤ ᠵᠢᠨ ᠠᠵᠢᠯᠳᠠᠨ᠂ ᠪᠠᠢ᠌ᠭᠤᠯᠭ᠎ᠠ ᠨᠢᠭᠡᠴᠢ ᠭᠢᠭᠡᠳ ᠳᠦᠷᠦᠯ ᠵᠦᠢ᠍ᠯ᠎ᠤᠨ ᠠᠮᠤᠷ ᠳᠦᠪᠰᠢᠨ᠎ᠢ ᠪᠠᠳᠤᠯᠠᠬᠤ ᠵᠢ ᠢᠳᠡᠭᠡᠵᠤ ᠪᠠᠢ᠌ᠨ᠎ᠠ᠃ ᠳᠤᠮᠳᠠᠳᠤ ᠵᠢᠨ᠎ᠬᠢᠨ ᠳᠤᠷᠠᠳᠠᠶ᠎ᠡ ᠫᠠᠺᠢᠰᠲ᠋ᠠᠨ᠎ᠲᠠᠢ ᠬᠠᠮᠳᠤ᠎ᠪᠠᠷ ᠡᠯ᠎ᠡ ᠬᠦᠷᠢᠶ᠎ᠡ ᠴᠠᠷᠠᠭ᠎ᠠ ᠵᠢᠨ ᠬᠠᠮᠳᠤᠷᠠᠯᠴᠠᠭ᠎ᠠ᠎ᠪᠠᠨ ᠴᠢᠩᠭ᠋ᠠᠳᠬᠠᠵᠤ᠂ ᠫᠠᠺᠢᠰᠲ᠋ᠠᠨ᠎ᠤ ᠰᠢᠯᠢᠳᠡᠭ ᠦᠢ᠍ᠯᠡᠳᠬᠦᠨ᠎ᠢ ᠤᠷᠤᠭᠤᠯᠵᠤ ᠠᠪᠴᠢᠷᠠᠨ᠂ ᠠᠷᠠᠯᠵᠢᠶ᠎ᠠ ᠬᠤᠳᠠᠯᠳᠤᠭ᠋ᠠᠨ᠎ᠤ ᠳᠡᠩᠴᠡᠬᠦᠷᠢᠳᠡᠢ ᠬᠦᠭᠵᠢᠯᠳᠡ ᠵᠢ ᠠᠬᠢᠭᠤᠯᠵᠤ᠂ ᠬᠤᠶᠠᠷ ᠤᠯᠤᠰ᠎ᠤᠨ ᠠᠷᠠᠳ ᠳᠦᠮᠡᠨ᠎ᠳᠤ ᠨᠡᠩ ᠠᠷᠪᠢᠨ ᠵᠤᠯ ᠵᠢᠷᠭ᠋ᠠᠯ ᠠ᠋ᠳ᠋ᠯᠡᠬᠦᠯᠦᠨᠡ ᠭᠡᠵᠤ ᠵᠢᠭ᠋ᠠᠵᠤ ᠭᠠᠷᠭ᠋ᠠᠪᠠ᠃
ᠢᠮᠦᠷᠡᠨ᠂ ᠬᠠᠨ᠂ ᠫᠠᠺᠢᠰᠲ᠋ᠠᠨ ᠳᠤᠮᠳᠠᠳᠤ ᠬᠤᠶᠠᠷ ᠤᠯᠤᠰ᠎ᠤᠨ ᠠᠷᠠᠳ ᠳᠦᠮᠡᠨ ᠬᠦᠨ ᠵᠤᠵᠠᠭ᠋ᠠᠨ ᠨᠦᠬᠦᠷᠯᠡᠯ᠎ᠲᠠᠢ᠃ ᠫᠠᠺᠢᠰᠲ᠋ᠠᠨ ᠳᠦᠢ᠍ᠯ᠎ᠤᠨ ᠶᠡᠭᠡ ᠬᠦᠴᠢᠷᠳᠡᠯ ᠳᠤᠯᠭ᠋ᠠᠷᠠᠭᠰᠠᠨ ᠦᠶ᠎ᠡ᠎ᠳᠤ ᠳᠤᠮᠳᠠᠳᠤ ᠵᠢᠨ᠎ᠬᠢᠨ ᠫᠠᠺᠢᠰᠲ᠋ᠠᠨ᠎ᠲᠠᠢ ᠨᠢᠭᠡ ᠵᠤᠭᠰᠤᠯᠳᠠ ᠳᠡᠭᠡᠷ᠎ᠡ ᠵᠤᠬᠰᠤᠭᠰᠠᠨ ᠶᠤᠮ᠃ ᠫᠠᠺᠢᠰᠲ᠋ᠠᠨ᠎ᠤ ᠰᠢᠨ᠎ᠠ ᠵᠠᠰᠠᠭ᠎ᠤᠨ ᠤᠷᠳᠤᠨ ᠳᠤᠷᠠᠳᠠᠶ᠎ᠡ ᠳᠤᠮᠳᠠᠳᠤ᠎ᠯᠤᠭ᠎ᠠ ᠵᠢᠨ ᠬᠠᠷᠢᠴᠠᠭ᠎ᠠ᠎ᠪᠠᠨ ᠤᠯᠠᠮ ᠵᠶ᠋ᠡᠷ ᠬᠦᠭᠵᠢᠬᠦᠯᠦᠨ᠎ᠠ᠃ ᠫᠠᠺᠢᠰᠲ᠋ᠠᠨ ᠳᠤᠮᠳᠠᠳᠤ ᠵᠢᠨ ᠠᠵᠤ ᠠᠬᠤᠢ ᠵᠢᠨ ᠬᠤᠩᠬᠢᠯ᠎ᠨᠢ ᠫᠠᠺᠢᠰᠲ᠋ᠠᠨ᠎ᠳᠤ ᠬᠦᠭᠵᠢᠯᠳᠡ ᠵᠢᠨ ᠰᠢᠨ᠎ᠠ ᠠᠵᠠ ᠳᠤᠬᠢᠶᠠᠯ ᠤᠯᠭᠤᠪᠠ᠃ ᠫᠠᠺᠢᠰᠲ᠋ᠠᠨ᠎ᠤ᠎ᠬᠢᠨ ᠠᠵᠤ ᠠᠬᠤᠢ ᠵᠢᠨ ᠬᠤᠩᠬᠢᠯ᠎ᠤᠨ ᠪᠦᠳᠦᠭᠡᠨ ᠪᠠᠢ᠌ᠭᠤᠯᠤᠯᠳᠠ ᠵᠢ ᠦᠷᠬᠦᠯᠵᠢᠯᠡᠨ ᠠᠬᠢᠭᠤᠯᠵᠤ᠂ ᠬᠠᠮᠣᠭ᠎ᠤᠨ ᠴᠢᠩᠭ᠎ᠠ ᠨᠢᠭ᠍ᠳᠡ ᠠᠷᠭ᠎ᠠ ᠭᠡᠮᠵᠢᠶ᠎ᠡ ᠠᠪᠴᠤ ᠪᠠᠢ᠌ᠭ᠋ᠠᠳ ᠫᠠᠺᠢᠰᠲ᠋ᠠᠨ᠎ᠳᠤ ᠪᠠᠢ᠌ᠭ᠎ᠠ ᠳᠤᠮᠳᠠᠳᠤ ᠵᠢᠨ ᠠᠵᠢᠯᠳᠠᠨ ᠵᠢᠴᠢ ᠳᠦᠷᠦᠯ ᠵᠦᠢ᠍ᠯ᠎ᠤᠨ ᠠᠮᠤᠷ ᠳᠦᠪᠰᠢᠨ᠎ᠢ ᠪᠠᠳᠤᠯᠠᠨ᠎ᠠ ᠭᠡᠵᠤ ᠢᠯᠡᠷᠭᠡᠢ᠌ᠯᠡᠪᠡ᠃