ᠶᠡᠷᠦᠩᠭᠡᠢ ᠰᠠᠢ᠌ᠳ ᠯᠢ ᠺᠸ ᠴᠢᠶᠠᠩ 10 ᠳ᠋ᠤᠭ᠋ᠠᠷ ᠰᠠᠷ᠎ᠠ ᠵᠢᠨ 8᠎ᠤ ᠠ᠋ᠳᠤᠷ᠎ᠤᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠩᠭᠤ ᠵᠢᠨ ᠬᠤᠷᠠᠯ ᠳᠡᠭᠡᠷ᠎ᠠ᠄ 《ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠪᠤᠯ ᠠᠷᠠᠳ᠎ᠤᠨ ᠠᠮᠢᠳᠤᠷᠠᠯ᠎ᠤᠨ ᠢᠨᠵᠸᠨ᠋ᠸᠷᠢᠩ ᠪᠤᠯᠬᠤ ᠪᠦᠭᠡᠳ ᠬᠦᠭᠵᠢᠯᠳᠡ ᠵᠢᠨ ᠢᠨᠵᠸᠨ᠋ᠸᠷᠢᠩ ᠪᠤᠯᠤᠨ᠎ᠠ》᠃ 《ᠠ᠋ᠨᠡᠬᠦ ᠠᠵᠢᠯ᠎ᠨᠢ ᠤᠷᠤᠨ ᠰᠠᠭᠤᠴᠠ ᠵᠢᠨ ᠬᠦᠴᠢᠷᠳᠡᠯ᠎ᠲᠠᠢ ᠤᠯᠠᠨ ᠳᠦᠮᠡᠨ᠎ᠤ ᠤᠷᠤᠨ ᠰᠠᠭᠤᠴᠠ ᠵᠢᠨ ᠨᠦᠬᠦᠴᠡᠯ᠎ᠢ ᠰᠠᠢ᠌ᠵᠢᠷᠠᠭᠤᠯᠬᠤ᠂ ᠬᠦᠭᠵᠢᠯᠳᠡ ᠵᠢᠨ ᠳᠤᠳᠠᠭᠤᠳᠠᠯ᠎ᠢ ᠨᠦᠬᠦᠪᠤᠷᠢᠯᠡᠬᠦ᠂ ᠪᠦᠳᠦᠮᠵᠢᠳᠠᠢ ᠭᠡᠷᠡᠭᠴᠡᠭᠡ ᠵᠢ ᠦᠷᠭᠡᠳᠭᠡᠬᠦ ᠵᠡᠷᠭᠡ᠎ᠳᠤ ᠴᠢᠬᠤᠯᠠ ᠦᠢ᠍ᠯᠡᠳᠤᠯ ᠦᠵᠡᠬᠦᠯᠵᠤ᠂ 〈ᠨᠢᠭᠡ ᠯᠡ ᠠᠷᠭ᠎ᠠ᠎ᠪᠠᠷ ᠤᠯᠠᠨ ᠶᠠᠭᠤᠮ᠎ᠠ ᠵᠢ ᠪᠦᠳᠦᠭᠡᠬᠦ〉 ᠪᠤᠯᠤᠨ᠎ᠠ᠃ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ᠎ᠳᠤ᠎ᠪᠠᠨ ᠤᠷᠤᠨ ᠰᠠᠭᠤᠴᠠ ᠵᠢᠨ ᠰᠠᠭᠤᠬᠤ᠎ᠳᠤ ᠳᠤᠬᠢᠷᠠᠮᠵᠢᠳᠠᠢ ᠪᠠᠢ᠌ᠬᠤ ᠵᠢ ᠴᠢᠬᠤᠯᠠᠴᠢᠯᠠᠵᠤ᠂ ᠠ᠋ᠨᠡᠬᠦ ᠰᠠᠢ᠌ᠨ ᠭᠡᠷᠡᠭ᠎ᠢ ᠦᠨᠡᠨᠬᠦ ᠰᠠᠢ᠌ᠬᠠᠨ ᠬᠢᠬᠦ ᠭᠡᠷᠡᠭᠳᠡᠢ》 ᠭᠡᠵᠤ ᠴᠢᠬᠤᠯᠠᠴᠢᠯᠠᠵᠠᠢ᠃
ᠳᠤᠰ ᠠ᠋ᠳᠤᠷ᠎ᠤᠨ ᠬᠤᠷᠠᠯ ᠳᠡᠭᠡᠷ᠎ᠠ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠵᠢ ᠠᠬᠢᠭᠤᠯᠵᠤ᠂ ᠤᠷᠤᠨ ᠰᠠᠭᠤᠴᠠ ᠵᠢᠨ ᠬᠦᠴᠢᠷᠳᠡᠯ᠎ᠲᠠᠢ ᠤᠯᠠᠨ ᠳᠦᠮᠡᠨ᠎ᠤ ᠤᠷᠤᠨ ᠰᠠᠭᠤᠴᠠ ᠵᠢᠨ ᠨᠦᠬᠦᠴᠠᠯ᠎ᠢ ᠰᠠᠢ᠌ᠵᠢᠷᠠᠭᠤᠯᠬᠤ ᠠᠵᠢᠯ᠎ᠢ ᠪᠠᠢ᠌ᠷᠢᠯᠠᠭᠤᠯᠪᠠ᠃ ᠳᠤᠭ᠎ᠠ ᠪᠦᠷᠢᠳᠭᠡᠯ᠎ᠳᠤ ᠢᠯᠡᠷᠡᠬᠦᠯᠦᠭᠰᠡᠨ ᠵᠶ᠋ᠡᠷ᠂ ᠨᠠᠮ᠎ᠤᠨ ᠳᠦᠪ ᠬᠤᠷᠢᠶ᠎ᠠ ᠪᠤᠯᠤᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠷᠢᠯᠠᠭᠤᠯᠤᠯᠳᠠ᠎ᠪᠠᠷ᠂ ᠣᠢ᠌ᠷ᠎ᠠ ᠵᠢᠨ ᠭᠡᠳᠤᠨ ᠵᠢᠯ᠎ᠳᠤ ᠡᠯ᠎ᠡ ᠭᠠᠵᠠᠷ ᠡᠯ᠎ᠡ ᠰᠠᠯᠠᠭ᠎ᠠ ᠮᠦᠴᠢᠷ᠎ᠤᠨ᠎ᠬᠢᠨ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠠᠵᠢᠯ᠎ᠢ ᠶᠡᠭᠡᠪᠡᠷ ᠠᠬᠢᠭᠤᠯᠤᠨ᠂ ᠨᠡᠢ᠌ᠳᠡ ᠨᠢᠭᠡ ᠳ᠋ᠦᠩᠰᠢᠭᠤᠷ ᠠ᠋ᠷᠦᠭᠡ ᠵᠢ ᠳᠦᠬᠦᠮ ᠪᠦᠳᠦᠴᠡᠳᠤ ᠭᠡᠷ ᠤᠷᠤᠨ᠎ᠠᠴᠠ᠎ᠪᠠᠨ ᠠᠰᠠᠷ᠎ᠲᠤ ᠨᠡᠬᠦᠯᠭᠡᠨ ᠰᠠᠭᠤᠯᠭ᠋ᠠᠵᠠᠢ᠃ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ᠎ᠪᠠᠷ ᠳᠠᠮᠵᠢᠭᠤᠯᠤᠨ 1200 ᠭᠠᠷᠤᠢ ᠳᠦᠮᠡᠨ ᠳᠠᠷᠢᠶᠠᠴᠢᠨ᠎ᠢ ᠳᠤᠰ ᠭᠠᠵᠠᠷ᠎ᠲᠤᠨᠢ ᠬᠤᠳᠠ ᠵᠢᠨ ᠠᠷᠠᠳ ᠪᠤᠯᠭ᠋ᠠᠨ ᠬᠤᠪᠢᠷᠠᠭᠤᠯᠵᠠᠢ᠃ ᠤᠯᠤᠰ᠎ᠤᠨ ᠦᠮᠴᠢᠯᠠᠯᠳᠤ ᠦᠢ᠍ᠯᠡᠳᠪᠤᠷᠢ ᠠᠭᠤᠷᠬᠠᠢ ᠵᠢᠨ ᠤᠷᠤᠨ᠎ᠤ 305 ᠳᠦᠮᠡᠨ ᠢᠵᠢ᠂ ᠰᠢᠭᠤᠢ᠌ᠳᠤ ᠤᠷᠤᠨ᠎ᠤ 166 ᠳᠦᠮᠡᠨ ᠢᠵᠢ ᠳᠦᠬᠦᠮ ᠪᠦᠳᠦᠴᠡᠳᠤ ᠭᠡᠷ ᠤᠷᠤᠨ ᠪᠠ ᠠᠳᠠᠷ ᠬᠠᠭ᠋ᠠᠯᠪᠤᠷᠢᠯᠠᠯᠳᠠ ᠵᠢᠨ ᠤᠷᠤᠨ᠎ᠤ 238 ᠳᠦᠮᠡᠨ ᠢᠵᠢ ᠨᠤᠷᠠᠬᠤ ᠠᠶᠤᠯᠲᠠᠢ ᠭᠡᠷ᠎ᠢ ᠦᠭᠡᠷᠡᠴᠢᠯᠡᠨ ᠵᠠᠰᠠᠵᠤ᠂ ᠤᠯᠤᠰ᠎ᠤᠨ ᠦᠮᠴᠢᠯᠠᠯᠳᠤ ᠦᠢ᠍ᠯᠡᠳᠪᠤᠷᠢ ᠠᠭᠤᠷᠬᠠᠢ ᠵᠢᠨ ᠤᠷᠤᠨ᠂ ᠰᠢᠭᠤᠢ᠌ᠳᠤ ᠤᠷᠤᠨ᠂ ᠠᠳᠠᠷ ᠬᠠᠭ᠋ᠠᠯᠪᠤᠷᠢᠯᠠᠯᠳᠠ ᠵᠢᠨ ᠤᠷᠤᠨ᠎ᠤ ᠦᠷᠬᠦᠯᠵᠢᠯᠡᠨ ᠬᠦᠭᠵᠢᠬᠦ ᠵᠢ ᠠᠬᠢᠭᠤᠯᠵᠠᠢ᠃
ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠠᠵᠢᠯ᠎ᠨᠢ ᠪᠡᠯᠡ ᠤᠷᠤᠭᠤᠯᠤᠯᠳᠠ ᠵᠢᠨ ᠭᠡᠷᠡᠭᠯᠡᠭᠡ ᠵᠢᠨ ᠨᠡᠮᠡᠭᠳᠡᠯ᠎ᠢ ᠳᠠᠢ᠌ᠴᠢᠯᠠᠭᠰᠠᠨ ᠪᠠᠢ᠌ᠨ᠎ᠠ᠃ 2013 ᠤᠨ᠎ᠠᠴᠠ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ᠎ᠳᠤ 7 ᠳᠦᠮᠡ ᠭᠠᠷᠤᠢ ᠳ᠋ᠦᠩᠰᠢᠭᠤᠷ ᠳᠦᠬᠦᠷᠢᠭ᠎ᠤᠨ ᠪᠡᠯᠡ ᠤᠷᠤᠭᠤᠯᠤᠨ᠂ ᠠ᠋ᠨᠡ᠎ᠨᠢ ᠪᠠᠷᠢᠯᠭ᠎ᠠ ᠵᠢᠨ ᠮᠠᠲᠸᠷᠢᠶᠠᠯ᠂ ᠵᠠᠰᠠᠵᠤ ᠴᠢᠮᠡᠬᠦ᠂ ᠭᠡᠷ᠎ᠤᠨ ᠴᠠᠬᠢᠯᠭ᠋ᠠᠨ ᠭᠡᠷᠡᠭᠰᠡᠯ ᠵᠡᠷᠭᠡ ᠬᠤᠯᠪᠤᠭᠳᠠᠯ ᠪᠦᠬᠦᠢ ᠠᠵᠤ ᠦᠢ᠍ᠯᠡᠰ᠎ᠢ ᠳᠠᠢ᠌ᠴᠢᠯᠠᠨ ᠬᠦᠭᠵᠢᠬᠦᠯᠵᠤ᠂ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠵᠢᠴᠢ ᠬᠤᠯᠪᠤᠭᠳᠠᠯ ᠪᠦᠬᠦᠢ ᠠᠵᠤ ᠦᠢ᠍ᠯᠡᠰ᠎ᠤᠨ ᠶᠡᠷᠦᠩᠭᠡᠢ ᠪᠡᠯᠡ ᠤᠷᠤᠭᠤᠯᠤᠯᠳᠠ᠎ᠨᠢ 15 ᠳ᠋ᠦᠩᠰᠢᠭᠤᠷ ᠳᠦᠬᠦᠷᠢᠭ᠎ᠲᠤ ᠬᠦᠷᠴᠡᠢ᠃ ᠠ᠋ᠨᠡ ᠵᠢᠯ᠎ᠤᠨ 1᠎ᠠᠴᠠ 9 ᠳ᠋ᠤᠭᠡᠷ ᠰᠠᠷ᠎ᠠ ᠪᠤᠯᠳᠠᠯ᠎ᠠ ᠪᠦᠬᠦ ᠤᠯᠤᠰ᠎ᠤᠨ ᠭᠡᠪᠴᠢᠶᠠᠨ᠎ᠳᠤ 534 ᠳᠦᠮᠡᠨ ᠢᠵᠢ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠠᠨ ᠵᠠᠰᠠᠬᠤ ᠠᠵᠢᠯ᠎ᠢ ᠠ᠋ᠬᠢᠯᠡᠬᠦᠯᠵᠤ᠂ ᠠ᠋ᠨᠡ᠎ᠨᠢ ᠪᠦᠬᠦ ᠵᠢᠯ᠎ᠤᠨ ᠠ᠋ᠬᠦᠷᠭᠡ ᠵᠢᠨ 92% ᠭᠠᠷᠤᠢ ᠵᠢ ᠡᠵᠡᠯᠡᠵᠡᠢ᠃
ᠯᠢ ᠺᠸ ᠴᠢᠶᠠᠩ᠂ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠠᠵᠢᠯ᠎ᠤᠨ ᠳᠦᠬᠦᠷᠵᠢᠭᠰᠡᠨ ᠳᠦᠷᠦ ᠵᠢᠨ ᠪᠤᠳᠤᠯᠭ᠎ᠠ ᠵᠢ ᠦᠨᠡᠨᠬᠦ ᠰᠠᠢ᠌ᠳᠤᠷ ᠨᠠᠢ᠌ᠳᠠᠪᠤᠷᠢᠵᠢᠭᠤᠯᠤᠨ᠂ ᠳᠦᠪ᠎ᠤᠨ ᠠ᠋ᠳ᠋᠎ᠤᠨ ᠵᠠᠰᠠᠭ᠎ᠤᠨ ᠪᠡᠯᠡ ᠮᠦᠩᠬᠦᠨ᠎ᠤ ᠨᠦᠬᠦᠪᠤᠷᠢ ᠵᠢ ᠪᠠᠭᠤᠷᠠᠭᠤᠯᠬᠤ ᠦᠭᠡᠢ ᠪᠠᠢ᠌ᠵᠤ᠂ ᠤᠷᠤᠨ ᠨᠤᠳᠤᠭ᠎ᠤᠨ ᠵᠠᠰᠠᠭ᠎ᠤᠨ ᠤᠷᠳᠤᠨ᠎ᠤ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠳᠤᠰᠬᠠᠢ ᠵᠢᠭᠡᠯᠡᠯᠭᠡ ᠵᠢᠨ ᠲᠡᠮᠲᠡᠭ ᠳᠠᠷᠬᠠᠭ᠋ᠠᠬᠤ ᠵᠢ ᠠ᠋ᠮᠬᠢ ᠵᠢᠷᠤᠮ᠎ᠲᠠᠢ ᠨᠡᠮᠡᠭᠳᠡᠬᠦᠯᠬᠦ ᠵᠢ ᠪᠠᠳᠤᠯᠠᠬᠤ ᠭᠡᠷᠡᠭᠳᠡᠢ᠃ ᠠ᠋ᠬᠦᠨ᠎ᠤ ᠬᠠᠮᠳᠤ ᠰᠢᠨ᠎ᠠ᠎ᠪᠠᠷ ᠠ᠋ᠬᠢᠯᠡᠬᠦᠯᠦᠭᠰᠡᠨ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠳᠦᠷᠦᠯ ᠵᠦᠢ᠍ᠯ᠎ᠢ ᠳᠡᠮᠵᠢᠬᠦ ᠮᠦᠩᠬᠦᠨ ᠬᠦᠢ᠍ᠯᠭᠡᠭᠡᠨ᠎ᠤ ᠳᠦᠷᠦ ᠵᠢᠨ ᠪᠤᠳᠤᠯᠭ᠎ᠠ ᠵᠢ ᠳᠠᠷᠤᠢ ᠳᠦᠷᠭᠡᠨ ᠰᠤᠳᠤᠯᠤᠨ ᠳᠤᠭᠳᠠᠭ᠋ᠠᠵᠤ᠂ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠰᠠᠢ᠌ᠵᠢᠷᠠᠭᠤᠯᠬᠤ ᠨᠡᠷ᠎ᠡ ᠵᠢ ᠠᠰᠢᠭᠯᠠᠨ ᠰᠤᠬᠤᠷ ᠪᠠᠯᠠᠢ᠎ᠪᠠᠷ ᠦᠷᠢ ᠰᠢᠷᠢ ᠳᠠᠯᠪᠢᠬᠤ ᠪᠤᠶᠤ ᠪᠤᠰᠤᠳ ᠬᠠᠤᠯᠢ᠎ᠠᠴᠠ ᠵᠦᠷᠢᠴᠡᠭᠰᠡᠨ ᠠᠵᠢᠯᠯᠠᠭ᠎ᠠ ᠬᠢᠬᠦ ᠵᠢ ᠠ᠋ᠷᠡᠰ ᠬᠤᠷᠢᠭᠯᠠᠬᠤ ᠭᠡᠷᠡᠭᠳᠡᠢ ᠭᠡᠵᠤ ᠱᠠᠭ᠋ᠠᠷᠳᠠᠪᠠ᠃
ᠯᠢ ᠺᠸ ᠴᠢᠶᠠᠩ᠄ 《ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠬᠦᠷᠢᠶ᠎ᠠ ᠭᠡᠪᠴᠢᠶ᠎ᠠ ᠪᠤᠯᠤᠨ ᠪᠠᠷᠢᠮᠵᠢᠶ᠎ᠠ ᠵᠢ ᠴᠢᠩᠭ᠎ᠠ ᠡᠵᠡᠮᠳᠡᠵᠤ᠂ ᠶᠠᠭᠤ ᠪᠦᠬᠦᠨ᠎ᠢ ᠠ᠋ᠨᠡᠬᠦ ᠠᠵᠢᠯ᠎ᠲᠠᠢ ᠬᠤᠳᠬᠤᠯᠳᠤᠭᠤᠯᠬᠤ ᠵᠢ ᠰᠡᠷᠭᠡᠢ᠌ᠯᠡᠬᠦ ᠭᠡᠷᠡᠭᠳᠡᠢ》 ᠭᠡᠵᠤ ᠴᠢᠬᠤᠯᠠᠴᠢᠯᠠᠪᠠ᠃
ᠳᠤᠰ ᠠ᠋ᠳᠤᠷ᠎ᠤᠨ ᠬᠤᠷᠠᠯ ᠳᠡᠭᠡᠷ᠎ᠠ᠂ ᠬᠤᠢ᠌ᠰᠢᠳᠠ ᠠᠷᠠᠳ ᠳᠦᠮᠡᠨ ᠵᠶ᠋ᠡᠷ ᠭᠤᠤᠯ ᠪᠤᠯᠭ᠋ᠠᠬᠤ ᠬᠦᠭᠵᠢᠯᠳᠡ ᠵᠢᠨ ᠦᠵᠡᠯ ᠰᠠᠨᠠᠭ᠎ᠠ ᠵᠢ ᠪᠠᠷᠢᠮᠳᠠᠯᠠᠨ᠂ ᠤᠷᠤᠨ ᠰᠠᠭᠤᠴᠠ ᠵᠢᠨ ᠰᠠᠭᠤᠬᠤ᠎ᠳᠤ ᠳᠤᠬᠢᠷᠠᠮᠵᠢᠳᠠᠢ ᠪᠠᠢ᠌ᠬᠤ ᠵᠢ ᠴᠢᠬᠤᠯᠠᠴᠢᠯᠠᠬᠤ ᠭᠡᠷᠡᠭᠳᠡᠢ᠄ ᠨᠢᠭᠡ᠎ᠳᠤ᠂ ᠠ᠋ᠨᠡ ᠵᠢᠯ᠎ᠤᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ ᠳᠤᠭᠳᠠᠭ᠋ᠠᠭᠰᠠᠨ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠭᠤᠷᠪᠠᠨ ᠵᠢᠯ᠎ᠤᠨ ᠰᠢᠨ᠎ᠠ ᠳᠦᠯᠦᠪᠯᠡᠭᠡ ᠵᠢ ᠵᠢᠷᠤᠮᠯᠠᠨ᠂ ᠡᠯ᠎ᠡ ᠭᠠᠵᠠᠷ᠎ᠤᠨ ᠠᠵᠢᠯ᠎ᠤᠨ ᠠᠬᠢᠴᠡ ᠵᠢ ᠳᠦᠷᠭᠡᠳᠭᠡᠬᠦ᠂ ᠳᠦᠬᠦᠷᠵᠢᠭᠰᠡᠨ ᠰᠠᠭᠤᠷᠢ ᠳᠦᠬᠦᠭᠡᠷᠦᠮᠵᠢ ᠵᠢᠨ ᠪᠦᠳᠦᠭᠡᠨ ᠪᠠᠢ᠌ᠭᠤᠯᠤᠯᠳᠠ ᠵᠢ ᠴᠢᠩᠭ᠋ᠠᠳᠬᠠᠬᠤ᠂ ᠢᠨᠵᠸᠨ᠋ᠸᠷᠢᠩ᠎ᠤᠨ ᠶᠠᠰᠤ ᠴᠢᠨᠠᠷ ᠠᠮᠤᠷ ᠳᠦᠪᠰᠢᠨ᠎ᠤ ᠬᠢᠨᠠᠨ ᠬᠠᠮᠢᠶᠠᠷᠤᠯᠳᠠ ᠵᠢ ᠴᠢᠩᠭ᠋ᠠᠷᠠᠭᠤᠯᠬᠤ᠂ ᠳᠦᠪ ᠭᠤᠤᠯᠴᠢ᠎ᠪᠠᠷ ᠬᠤᠪᠢᠶᠠᠬᠤ᠂ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠵᠢᠯ᠎ᠤᠨ ᠠ᠋ᠬᠦᠷᠭᠡ᠎ᠪᠠᠨ ᠴᠠᠭ᠎ᠲᠤ᠎ᠪᠠᠨ ᠪᠠᠶᠠᠯᠠᠬᠦᠯᠬᠦ ᠵᠢ ᠱᠠᠯᠠᠪᠳᠠᠭᠤᠯᠤᠨ᠎ᠠ᠃ ᠬᠤᠶᠠᠷ᠎ᠲᠤ᠂ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠬᠦᠷᠢᠶ᠎ᠠ ᠭᠡᠪᠴᠢᠶ᠎ᠠ ᠪᠤᠯᠤᠨ ᠪᠠᠷᠢᠮᠵᠢᠶ᠎ᠠ ᠵᠢ ᠴᠢᠩᠭ᠎ᠠ ᠡᠵᠡᠮᠳᠡᠵᠤ᠂ ᠬᠠᠭᠤᠴᠢᠨ ᠬᠤᠳᠠ ᠳᠤᠭᠤᠷᠢᠭ᠎ᠤᠨ ᠪᠤᠵᠠᠷ ᠠ᠋ᠮᠬᠢ ᠵᠠᠮᠪᠠᠷᠠᠭ᠎ᠠ ᠦᠭᠡᠢ ᠮᠠᠭᠤ ᠳᠦᠬᠦᠮ ᠪᠦᠳᠦᠴᠡᠳᠤ ᠭᠡᠷ ᠤᠷᠤᠨ᠎ᠤ ᠳᠤᠭᠤᠷᠢᠭ ᠪᠤᠯᠤᠨ ᠤᠯᠤᠰ᠎ᠤᠨ ᠦᠮᠴᠢᠯᠠᠯ᠎ᠤᠨ ᠦᠢ᠍ᠯᠡᠳᠪᠤᠷᠢ ᠠᠭᠤᠷᠬᠠᠢ ᠵᠢᠨ ᠤᠷᠤᠨ᠂ ᠰᠢᠭᠤᠢ᠌ᠳᠤ ᠤᠷᠤᠨ᠂ ᠠᠳᠠᠷ ᠬᠠᠭ᠋ᠠᠯᠪᠤᠷᠢᠯᠠᠯᠳᠠ ᠵᠢᠨ ᠤᠷᠤᠨ᠎ᠤ ᠳᠦᠬᠦᠮ ᠪᠦᠳᠦᠴᠡᠳᠤ ᠭᠡᠷ ᠤᠷᠤᠨ᠎ᠢ ᠭᠤᠤᠯᠳᠠᠯᠭ᠎ᠠ᠎ᠲᠠᠢ ᠦᠭᠡᠷᠡᠴᠢᠯᠡᠨ ᠵᠠᠰᠠᠬᠤ ᠭᠡᠷᠡᠭᠳᠡᠢ᠃ ᠳᠤᠬᠠᠢ ᠵᠢᠨ ᠭᠠᠵᠠᠷ᠎ᠤᠨ ᠪᠤᠳᠠᠳᠤ ᠪᠠᠢ᠌ᠳᠠᠯ᠎ᠳᠤ ᠳᠤᠬᠢᠷᠠᠭᠤᠯᠤᠨ ᠳᠦᠬᠦᠮ ᠪᠦᠳᠦᠴᠡᠳᠤ ᠭᠡᠷ ᠤᠷᠤᠨ᠎ᠤ ᠦᠭᠡᠷᠡᠴᠢᠯᠡᠯᠳᠡ ᠵᠢ ᠵᠣᠭᠣᠰᠵᠢᠭᠤᠯᠤᠨ ᠵᠣᠬᠢᠴᠠᠭᠤᠯᠬᠤ ᠳᠦᠷᠦ ᠵᠢᠨ ᠪᠤᠳᠤᠯᠭ᠎ᠠ ᠵᠢ ᠳᠤᠬᠢᠷᠠᠭᠤᠯᠵᠤ᠂ ᠳᠠᠸᠠᠷ᠎ᠤᠨ ᠤᠷᠤᠨ ᠰᠠᠭᠤᠴᠠ ᠵᠢᠨ ᠬᠠᠳᠠᠭ᠋ᠠᠯᠠᠮᠵᠢ ᠳᠤᠳᠠᠮᠠᠭ᠂ ᠭᠡᠷ᠎ᠤᠨ ᠦᠨ᠎ᠠ ᠦᠰᠦᠭᠰᠡᠨ ᠵᠡᠷᠭᠡ ᠳᠠᠷᠤᠭ᠋ᠠᠰᠤ ᠶᠡᠭᠡᠳᠡᠢ ᠬᠤᠳᠠ ᠰᠢᠶᠠᠨ᠎ᠨᠢ ᠵᠣᠭᠣᠰᠵᠢᠭᠤᠯᠤᠨ ᠳᠤᠬᠢᠷᠠᠭᠤᠯᠬᠤ ᠬᠠᠷᠠᠭ᠋ᠠᠯᠵᠠᠯ᠎ᠤᠨ ᠳᠦᠷᠦ ᠵᠢᠨ ᠪᠤᠳᠤᠯᠭ᠎ᠠ᠎ᠪᠠᠨ ᠳᠠᠷᠤᠢ ᠳᠦᠷᠭᠡᠨ ᠬᠠᠰᠤᠵᠤ ᠬᠦᠴᠦᠨ ᠦᠭᠡᠢ ᠪᠤᠯᠭ᠋ᠠᠬᠤ ᠭᠡᠷᠡᠭᠳᠡᠢ᠃ ᠭᠤᠷᠪᠠ᠎ᠳᠤ᠂ ᠡᠯ᠎ᠡ ᠭᠠᠵᠠᠷ᠎ᠤᠨ᠎ᠬᠢᠨ ᠠ᠋ᠳ᠋᠎ᠤᠨ ᠵᠠᠰᠠᠭ᠎ᠤᠨ ᠳᠠᠭ᠋ᠠᠭ᠋ᠠᠴᠠ ᠵᠢᠨ ᠴᠢᠳᠠᠪᠤᠷᠢ᠎ᠪᠠᠨ ᠰᠠᠢ᠌ᠳᠤᠷ ᠵᠢᠱ᠌ᠢᠵᠤ᠂ 2019 ᠤᠨ᠎ᠤ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠠ᠋ᠬᠦᠷᠭᠡ᠎ᠪᠠᠨ ᠰᠢᠨᠵᠢᠯᠠᠬᠦ ᠤᠬᠠᠭ᠋ᠠᠨᠴᠢ᠎ᠪᠠᠷ ᠳᠤᠭᠳᠠᠭ᠋ᠠᠬᠤ ᠭᠡᠷᠡᠭᠳᠡᠢ᠃ ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠡᠨ ᠵᠠᠰᠠᠬᠤ ᠪᠦᠳᠦᠭᠡᠨ ᠪᠠᠢ᠌ᠭᠤᠯᠤᠯᠳᠠ᠎ᠳᠤ ᠭᠡᠷᠡᠭᠯᠡᠬᠦ ᠭᠠᠵᠠᠷ᠎ᠤᠨ ᠰᠢᠨ᠎ᠠ᠎ᠪᠠᠷ ᠨᠡᠮᠡᠭᠳᠡᠬᠦ ᠵᠢ ᠳᠦᠯᠦᠪᠯᠡᠭᠡᠨ᠎ᠳᠤ ᠤᠷᠤᠭᠤᠯᠤᠨ ᠪᠠᠳᠤᠯᠠᠵᠤ᠂ ᠬᠠᠭᠤᠴᠢᠨ ᠭᠡᠷ᠎ᠢ ᠨᠤᠷᠠᠭ᠋ᠠᠨ ᠰᠢᠨᠡᠳᠭᠡᠵᠤ ᠪᠠᠷᠢᠬᠤ᠂ ᠦᠭᠡᠷᠡᠴᠢᠯᠡᠨ ᠦᠷᠭᠡᠳᠭᠡᠵᠤ ᠪᠠᠷᠢᠬᠤ᠂ ᠰᠢᠨᠡᠳᠭᠡᠵᠤ ᠪᠠᠷᠢᠬᠤ ᠵᠡᠷᠭᠡ ᠤᠯᠠᠨ ᠵᠦᠢ᠍ᠯ᠎ᠤᠨ ᠠᠷᠭ᠎ᠠ᠎ᠪᠠᠷ ᠨᠡᠩ ᠤᠯᠠᠨ ᠤᠷᠤᠨ ᠰᠠᠭᠤᠴᠠ ᠵᠢᠨ ᠬᠦᠴᠢᠷᠳᠡᠯ᠎ᠲᠠᠢ ᠤᠯᠠᠨ ᠳᠦᠮᠡᠨ᠎ᠢ ᠠ᠋ᠷᠳᠡ ᠨᠢᠭᠡᠨ ᠠ᠋ᠳᠤᠷ ᠰᠢᠨ᠎ᠠ ᠤᠷᠤᠨ ᠰᠠᠭᠤᠴᠠ᠎ᠲᠠᠢ ᠪᠤᠯᠭ᠋ᠠᠬᠤ ᠭᠡᠷᠡᠭᠳᠡᠢ ᠭᠡᠵᠡᠢ᠃
ᠯᠢ ᠺᠸ ᠴᠢᠶᠠᠩ᠄ 《ᠳᠦᠬᠦᠮ ᠪᠦᠳᠦᠴᠡᠳᠤ ᠭᠡᠷ ᠤᠷᠤᠨ᠎ᠢ ᠦᠭᠡᠷᠡᠴᠢᠯᠠᠨ ᠵᠠᠰᠠᠬᠤ ᠪᠤᠯ ᠳᠡᠤᠭᠡᠨ ᠦᠷᠢ ᠵᠢ ᠳᠦᠯᠦᠬᠦ ᠠᠷᠠᠳ᠎ᠤᠨ ᠠᠮᠢᠳᠤᠷᠠᠯ᠎ᠤᠨ ᠢᠨᠵᠸᠨ᠋ᠸᠷᠢᠩ ᠪᠤᠯᠬᠤ ᠪᠦᠭᠡᠳ ᠰᠢᠨ᠎ᠠ ᠭᠡᠯᠪᠡᠷᠢ ᠵᠢᠨ ᠬᠤᠳᠠ ᠪᠠᠯᠭ᠋ᠠᠰᠤᠵᠢᠯᠳᠠ ᠵᠢ ᠠᠬᠢᠭᠤᠯᠬᠤ ᠴᠢᠬᠤᠯᠠ ᠠᠷᠭ᠎ᠠ ᠵᠠᠮ ᠪᠤᠯᠤᠨ᠎ᠠ᠂ ᠢᠳᠡᠪᠬᠢᠳᠡᠢ ᠠᠬᠢᠭᠤᠯᠵᠤ᠂ ᠬᠤᠳᠠ ᠪᠠᠯᠭ᠋ᠠᠰᠤᠨ᠎ᠤ ᠤᠷᠤᠨ ᠰᠠᠭᠤᠴᠠ ᠵᠢᠨ ᠬᠦᠴᠢᠷᠳᠡᠯ᠎ᠲᠠᠢ ᠭᠡᠷ ᠪᠦᠯᠢ ᠵᠢᠨ ᠤᠷᠤᠨ ᠰᠠᠭᠤᠴᠠ ᠵᠢᠨ ᠨᠦᠬᠦᠴᠡᠯ᠎ᠢ ᠦᠨᠡᠨᠬᠦ ᠰᠠᠢ᠌ᠵᠢᠷᠠᠭᠤᠯᠬᠤ ᠭᠡᠷᠡᠭᠳᠡᠢ》 ᠭᠡᠵᠤ ᠱᠠᠭ᠋ᠠᠷᠳᠠᠵᠠᠢ᠃

ᠵᠢᠷᠤᠭ ᠪᠤᠯ 2017 ᠤᠨ᠎ᠤ 7 ᠳ᠋ᠤᠭ᠋ᠠᠷ ᠰᠠᠷ᠎ᠡ ᠵᠢᠨ 11᠎ᠤ ᠠ᠋ᠳᠤᠷ᠂ ᠶᠡᠷᠦᠩᠭᠡᠢ ᠰᠠᠢ᠌ᠳ ᠯᠢ ᠺᠸ ᠴᠢᠶᠠᠩ ᠱᠠᠨᠰᠢ ᠮᠤᠵᠢ ᠵᠢᠨ ᠪᠤᠤ ᠵᠢᠢ ᠬᠤᠳᠠ ᠵᠢᠨ ᠬᠤᠩ ᠸᠸᠨ ᠵᠠᠮ᠎ᠤᠨ ᠳᠦᠬᠦᠮ ᠪᠦᠳᠦᠴᠡᠳᠤ ᠭᠡᠷ ᠤᠷᠤᠨ᠎ᠤ ᠳᠤᠭᠤᠷᠢᠭ ᠵᠶ᠋ᠡᠷ ᠬᠦᠨᠵᠡᠭᠡᠢ᠌ᠷᠡᠨ ᠠᠷᠠᠳ᠎ᠤᠨ ᠠᠮᠢᠳᠤᠷᠠᠯ᠎ᠤᠨ ᠪᠠᠢ᠌ᠳᠠᠯ᠎ᠢ ᠤᠢ᠌ᠯᠠᠭ᠋ᠠᠵᠤ ᠪᠠᠢ᠌ᠭ᠎ᠠ᠎ᠨᠢ