10 ᠳ᠋ᠤᠭ᠋ᠠᠷ ᠰᠠᠷᠡ ᠵᠢᠨ 8ᠤ ᠠ᠋ᠳᠤᠷ᠂ ᠳᠦᠷᠦ ᠵᠢᠨ ᠶᠠᠪᠤᠳᠠᠯᠤᠨ ᠬᠤᠷᠢᠶᠠᠨᠤ ᠶᠡᠷᠦᠩᠭᠡᠢ ᠰᠠᠢ᠌ᠳ ᠯᠢ ᠺᠸ ᠴᠢᠶᠠᠩ ᠪᠤᠯᠤᠨ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠠ᠋ᠭᠡᠯᠵᠢ ᠵᠢᠨ ᠳᠡᠷᠢᠬᠦᠯᠡᠭᠴᠢ ᠤᠯᠤᠰ ᠰᠢᠩᠭ᠋ᠠᠫᠤᠷ ᠵᠢᠨ ᠶᠡᠷᠦᠩᠭᠡᠢ ᠰᠠᠢ᠌ᠳ ᠯᠢ ᠰᠢᠶᠠᠨ ᠯᠦᠩ ᠬᠠᠷᠢᠯᠴᠠᠨ ᠪᠠᠶᠠᠷᠤᠨ ᠴᠠᠬᠢᠯᠭ᠋ᠠᠨ ᠮᠡᠳᠡᠭᠡ ᠢᠯᠡᠭᠡᠵᠤ᠂ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠪᠠᠢ᠌ᠯᠳᠤᠬᠤ ᠪᠤᠳᠤᠯᠭᠠ ᠵᠢᠨ ᠬᠠᠨᠢᠳᠠᠨᠤ ᠬᠠᠷᠢᠴᠠᠭᠠ ᠪᠠᠢ᠌ᠭᠤᠯᠤᠭᠰᠠᠨ 15 ᠵᠢᠯᠤᠨ ᠤᠢ ᠵᠢ ᠪᠡᠯᠭᠡᠯᠡᠪᠡ᠃
ᠯᠢ ᠺᠸ ᠴᠢᠶᠠᠩ ᠪᠠᠶᠠᠷᠤᠨ ᠴᠠᠬᠢᠯᠭ᠋ᠠᠨ ᠮᠡᠳᠡᠭᠡᠨᠳᠤᠪᠠᠨ᠂ 2003 ᠤᠨᠳᠤ ᠳᠤᠮᠳᠠᠳᠤ ᠤᠯᠤᠰ ᠳᠦᠷᠦᠬᠦᠯᠡᠨ 《ᠵᠡᠬᠦᠨ ᠠ᠋ᠮᠤᠨᠡᠳᠤ ᠠᠽᠢᠶᠠ ᠵᠢᠨ ᠨᠦᠬᠦᠷᠰᠡᠭ ᠬᠠᠮᠳᠤᠷᠠᠯᠴᠠᠭ᠋ᠠᠨᠤ ᠭᠡᠷᠡ》ᠳᠤ ᠤᠷᠤᠵᠤ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠᠲᠠᠢ ᠪᠠᠢ᠌ᠯᠳᠤᠬᠤ ᠪᠤᠳᠤᠯᠭᠠ ᠵᠢᠨ ᠬᠠᠨᠢᠳᠠᠨᠤ ᠬᠠᠷᠢᠴᠠᠭᠠ ᠪᠠᠢ᠌ᠭᠤᠯᠤᠭᠰᠠᠨ ᠠᠩᠬᠠᠳᠠᠭᠴᠢ ᠤᠯᠤᠰ ᠪᠤᠯᠤᠭᠰᠠᠨ ᠶᠤᠮ᠃ 15 ᠵᠢᠯᠤᠨ ᠳᠤᠷᠰᠢᠳᠠ᠂ ᠳᠤᠮᠳᠠᠳᠤ ᠤᠯᠤᠰ ᠪᠤᠯᠤᠨ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠤᠯᠤᠰᠤᠨ ᠬᠠᠮᠳᠤ ᠵᠢᠨ ᠴᠢᠷᠮᠠᠢ᠌ᠯᠭᠠᠪᠠᠷ ᠬᠤᠶᠠᠷ ᠳᠠᠯᠠ ᠵᠢᠨ ᠬᠠᠷᠢᠴᠠᠭᠠ ᠠ᠋ᠷᠡᠬᠦᠯ ᠪᠦᠭᠡᠳ ᠳᠤᠭᠳᠠᠭᠤᠨ ᠵᠶ᠋ᠡᠷ ᠬᠦᠭᠵᠢᠵᠤ᠂ ᠤᠯᠤᠰ ᠳᠦᠷᠦ ᠵᠢᠨ ᠢᠳᠡᠭᠡᠯ ᠳᠠᠰᠤᠷᠠᠯᠳᠠ ᠦᠭᠡᠢ ᠳᠡᠭᠡᠭᠰᠢᠯᠡᠨ᠂ ᠠᠵᠤ ᠠᠬᠤᠢ ᠠᠷᠠᠯᠵᠢᠶᠠ ᠵᠢᠨ ᠬᠠᠷᠢᠴᠠᠭᠠ ᠠ᠋ᠳᠤᠷ ᠢᠷᠡᠬᠦᠶᠡ ᠨᠢᠭ᠍ᠳᠡ ᠪᠤᠯᠵᠤ᠂ ᠬᠠᠷᠢᠯᠴᠠᠨ ᠠᠰᠢᠭᠳᠠᠢ ᠬᠠᠮᠳᠤᠷᠠᠯᠴᠠᠭᠠ ᠠ᠋ᠯᠪᠡᠭ ᠠᠮᠵᠢᠯᠳᠠ ᠤᠯᠤᠨ᠂ ᠬᠦᠮᠦᠨ ᠨᠡᠢ᠌ᠭᠡᠮᠤᠨ ᠰᠤᠯᠢᠯᠴᠠᠭᠠ ᠶᠠᠪᠤᠯᠴᠠᠭᠠ ᠳᠡᠤᠭᠡᠨᠳᠤ ᠦᠭᠡᠢ ᠬᠦᠭᠵᠢᠶᠡᠨᠲᠠᠢ ᠪᠤᠯᠪᠠ᠃ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠬᠠᠷᠢᠴᠠᠭᠠ ᠵᠢᠨ ᠬᠦᠭᠵᠢᠯᠳᠡᠨᠢ ᠬᠤᠶᠠᠷ ᠳᠠᠯᠠ ᠵᠢᠨ 20 ᠳ᠋ᠦᠩᠰᠢᠭᠤᠷ ᠠᠷᠠᠳ ᠳᠦᠮᠡᠨᠳᠤ ᠪᠤᠳᠠᠳᠤ ᠠᠰᠢᠭ ᠬᠦᠷᠳᠡᠭᠡᠵᠤ᠂ ᠭᠠᠵᠠᠷ ᠤᠷᠤᠨ ᠴᠢᠨᠠᠭᠰᠢᠯᠠᠨ ᠳᠡᠯᠡᠭᠡᠢ ᠵᠢᠨ ᠠ᠋ᠩᠭᠡ ᠳᠡᠢ᠌ᠪᠤᠩ ᠠᠮᠤᠷ ᠳᠤᠭᠳᠠᠭᠤᠨ ᠬᠢᠭᠡᠳ ᠴᠡᠴᠡᠭᠯᠡᠯ ᠬᠦᠭᠵᠢᠯᠢ ᠠᠬᠢᠭᠤᠯᠪᠠ᠃ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠬᠠᠷᠢᠴᠠᠭᠠ ᠳᠡᠰ ᠳᠡᠪᠰᠢᠵᠤ ᠪᠤᠯᠪᠠᠰᠤᠷᠠᠭᠰᠠᠨ ᠱᠠᠳᠤᠨᠳᠤ ᠤᠷᠤᠵᠤ᠂ ᠰᠢᠨᠠ ᠬᠦᠭᠵᠢᠯᠳᠡ ᠵᠢᠨ ᠠᠵᠠ ᠳᠤᠬᠢᠶᠠᠯᠢ ᠤᠭᠳᠤᠨ ᠠᠪᠴᠢᠷᠠᠯᠠ᠃ ᠳᠤᠮᠳᠠᠳᠤ ᠵᠢᠨᠬᠢᠨ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢ ᠬᠦᠷᠰᠢ ᠵᠡᠷᠭᠡᠯᠡᠳᠡᠭᠡ ᠭᠠᠳᠠᠭ᠋ᠠᠳᠤ ᠬᠠᠷᠢᠴᠠᠭ᠋ᠠᠨᠤ ᠳᠡᠷᠢᠬᠦᠨ ᠰᠤᠩᠭᠤᠯᠳᠠ ᠪᠤᠯᠭ᠋ᠠᠵᠤ᠂ ᠳᠤᠷᠠᠳᠠᠶᠠ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠᠲᠠᠢ ᠬᠠᠮᠳᠤᠪᠠᠷ ᠬᠦᠭᠵᠢᠬᠦ᠂ ᠬᠠᠮᠳᠤᠪᠠᠷ ᠠ᠋ᠩᠭᠡ ᠳᠡᠢ᠌ᠪᠤᠩᠢ ᠴᠤᠭᠴᠠᠯᠠᠬᠤ᠂ ᠨᠡᠭᠡᠭᠡᠯᠳᠡ ᠬᠢᠵᠤ ᠬᠠᠮᠳᠤᠪᠠᠷ ᠠᠰᠢᠭ ᠤᠯᠬᠤ᠂ ᠵᠠᠮ ᠨᠡᠭᠡᠭᠡᠨ ᠰᠢᠨᠠ ᠵᠢ ᠠ᠋ᠬᠦᠳᠬᠦ᠂ ᠬᠠᠷᠢᠯᠴᠠᠨ ᠪᠠᠭᠳᠠᠭ᠋ᠠᠭᠰᠠᠨ ᠰᠠᠢ᠌ᠨ ᠬᠠᠨᠢᠳᠠᠨ ᠪᠤᠯᠵᠤ᠂ ᠳᠡᠭᠡᠳᠤ ᠳᠦᠪᠰᠢᠨ ᠪᠦᠬᠦᠢ ᠪᠠᠢ᠌ᠯᠳᠤᠬᠤ ᠪᠤᠳᠤᠯᠭᠠ ᠵᠢᠨ ᠬᠠᠨᠢᠳᠠᠨᠤ ᠬᠠᠷᠢᠴᠠᠭᠠ ᠪᠠᠢ᠌ᠭᠤᠯᠤᠨ᠂ ᠨᠡᠩ ᠨᠢᠬᠳᠠ ᠬᠤᠪᠢ ᠵᠠᠶᠠᠭ᠋ᠠᠨᠤ ᠬᠠᠮᠳᠤ ᠵᠢᠨ ᠴᠤᠭᠴᠠ ᠵᠢ ᠪᠠᠢ᠌ᠭᠤᠯᠵᠤ᠂ ᠬᠤᠶᠠᠷ ᠳᠠᠯᠠ ᠵᠢᠨ ᠬᠠᠷᠢᠴᠠᠭ᠋ᠠᠨᠤ ᠭᠡᠷᠡᠯ ᠰᠠᠴᠤᠷᠠᠩᠭᠤᠢ ᠢᠷᠡᠭᠡᠳᠦᠢ ᠵᠢ ᠬᠠᠮᠳᠤᠪᠠᠷ ᠴᠤᠭᠴᠠᠯᠠᠨᠠ ᠭᠡᠵᠡᠢ᠃
ᠯᠢ ᠰᠢᠶᠠᠨ ᠯᠦᠩ ᠪᠠᠶᠠᠷᠤᠨ ᠴᠠᠬᠢᠯᠭ᠋ᠠᠨ ᠮᠡᠳᠡᠭᠡᠨᠳᠤᠪᠠᠨ᠂ ᠵᠡᠬᠦᠨ ᠠ᠋ᠮᠤᠨᠡᠳᠤ ᠵᠢᠨ ᠠᠽᠢᠶᠠ ᠵᠢᠨ ᠬᠤᠯᠪᠤᠭᠠ — ᠳᠤᠮᠳᠠᠳᠤ ᠤᠯᠤᠰᠤᠨ ᠪᠠᠢ᠌ᠯᠳᠤᠬᠤ ᠪᠤᠳᠤᠯᠭᠠ ᠵᠢᠨ ᠬᠠᠨᠢᠳᠠᠨᠤ ᠬᠠᠷᠢᠴᠠᠭᠠ ᠠ᠋ᠷᠴᠢᠮᠳᠠᠢ᠂ ᠪᠤᠳᠠᠳᠠᠢ᠂ ᠬᠠᠷᠢᠯᠴᠠᠨ ᠠᠰᠢᠭᠲᠠᠢᠪᠠᠷ ᠬᠦᠭᠵᠢᠪᠡ᠃ 15 ᠵᠢᠯᠤᠨ ᠳᠤᠷᠰᠢᠳᠠ᠂ ᠤᠯᠤᠰ ᠳᠦᠷᠦ ᠵᠢᠨ ᠠᠮᠤᠷ ᠳᠦᠪᠰᠢᠨ᠂ ᠠᠵᠤ ᠠᠬᠤᠢ ᠠᠷᠠᠯᠵᠢᠶᠠ᠂ ᠬᠦᠮᠦᠨ ᠨᠡᠢ᠌ᠭᠡᠮ ᠭᠤᠷᠪᠠᠨ ᠶᠡᠭᠡ ᠳᠤᠯᠭ᠋ᠠᠭᠤᠷᠢᠯᠠᠯᠤᠨ ᠳᠤᠭᠤᠷᠢᠨᠳᠤ ᠬᠤᠶᠠᠷ ᠳᠠᠯᠠ ᠵᠢᠨ ᠬᠠᠮᠳᠤᠷᠠᠯᠴᠠᠭᠠ ᠳᠠᠰᠤᠷᠠᠯᠳᠠ ᠦᠭᠡᠢ ᠬᠦᠨᠵᠡᠭᠡᠢ᠌ᠷᠡᠵᠤ ᠦᠷᠭᠡᠵᠢᠪᠡ᠃ ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠬᠢᠭᠡᠳ ᠳᠤᠮᠳᠠᠳᠤ ᠤᠯᠤᠰ ᠬᠠᠷᠢᠯᠴᠠᠨ ᠬᠤᠯᠪᠤᠭ᠋ᠠᠯᠠᠵᠤ ᠬᠠᠷᠢᠯᠴᠠᠨ ᠨᠡᠪᠳᠡᠷᠡᠯᠴᠡᠬᠦ ᠳᠡᠭᠡᠷᠡ ᠬᠦᠴᠦ ᠳᠠᠯᠪᠢᠨ᠂ 《ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ ᠵᠢᠨ ᠬᠠᠷᠢᠯᠴᠠᠨ ᠬᠤᠯᠪᠤᠭ᠋ᠠᠯᠠᠵᠤ ᠬᠠᠷᠢᠯᠴᠠᠨ ᠨᠡᠪᠳᠡᠷᠡᠯᠴᠡᠬᠦ ᠶᠡᠷᠦᠩᠭᠡᠢ ᠳᠦᠯᠦᠪᠵᠢᠬᠦᠯᠭᠡ 2025》 ᠬᠢᠭᠡᠳ 《ᠨᠢᠭᠡ ᠪᠦᠰᠡ ᠨᠢᠭᠡ ᠵᠠᠮ》ᠤᠨ ᠰᠠᠨᠠᠭ᠋ᠠᠴᠢᠯᠠᠭᠠ ᠵᠢ ᠠᠪᠴᠠᠯᠳᠤᠭᠤᠯᠤᠨ ᠴᠢᠩᠭ᠋ᠠᠳᠬᠠᠪᠠ᠃ 21 ᠳ᠋ᠤᠭᠡᠷ ᠤᠳᠠᠭ᠋ᠠᠨᠤ ᠤᠳᠤᠷᠢᠳᠬᠤ ᠬᠦᠮᠦᠨᠤ ᠬᠤᠷᠠᠯᠤᠨ 《ᠵᠡᠬᠦᠨ ᠠ᠋ᠮᠤᠨᠡᠳᠤ ᠠᠽᠢᠶᠠ ᠵᠢᠨ ᠬᠤᠯᠪᠤᠭᠠ — ᠳᠤᠮᠳᠠᠳᠤ ᠤᠯᠤᠰᠤᠨ ᠪᠠᠢ᠌ᠯᠳᠤᠬᠤ ᠪᠤᠳᠤᠯᠭᠠ ᠵᠢᠨ ᠬᠠᠨᠢᠳᠠᠨᠤ ᠬᠠᠷᠢᠴᠠᠭᠠ ᠵᠢᠨ 2030 ᠤᠨᠤ ᠠᠯᠤᠰ ᠳᠦᠰᠦᠪ》ᠢ ᠪᠠᠷᠠᠭ᠋ᠠᠯᠠᠵᠤ᠂ ᠬᠤᠶᠠᠷ ᠳᠠᠯᠠ ᠵᠢᠨ ᠬᠠᠷᠢᠴᠠᠭᠠ ᠵᠢᠨ ᠬᠤᠵᠢᠮᠤᠨ ᠬᠦᠭᠵᠢᠯᠳᠡᠳᠤ ᠪᠠᠢ᠌ᠯᠳᠤᠬᠤ ᠪᠤᠳᠤᠯᠭᠠ ᠵᠢᠨ ᠴᠢᠭᠯᠡᠯ ᠵᠢᠭ᠋ᠠᠬᠤ ᠵᠢ ᠬᠦᠰᠡᠵᠤ ᠪᠠᠢ᠌ᠨᠠ ᠭᠡᠵᠡᠢ᠃