ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠸᠠᠩ ᠢ᠄ ᠬᠠᠮᠳᠤᠷᠠᠯᠴᠠᠨ ᠬᠠᠮᠳᠤᠪᠠᠷ ᠠᠰᠢᠭ ᠤᠯᠬᠤ ᠵᠦᠪ ᠵᠠᠮ᠎ᠢ ᠪᠠᠷᠢᠮᠳᠠᠯᠠᠨ ᠮᠦᠷᠬᠦᠯᠳᠦᠵᠤ ᠠ᠋ᠰᠡᠷᠬᠦᠴᠡᠯᠳᠦᠬᠦ ᠭᠠᠵᠢᠭᠤ ᠵᠠᠮ᠎ᠳᠤ ᠤᠷᠤᠬᠤ ᠦᠭᠡᠢ ᠪᠡᠢ᠌ᠬᠤ ᠭᠡᠷᠡᠭᠳᠡᠢ
ᠨᠡᠶᠢᠲᠡᠯᠡᠭᠰᠡᠨ ᠴᠠᠭ᠄ 2018-11-27

           
     10 ᠳ᠋ᠤᠭ᠋ᠠᠷ ᠰᠠᠷ᠎ᠠ ᠵᠢᠨ 8᠎ᠤ ᠠ᠋ᠳᠤᠷ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠪᠡᠭᠡᠵᠢᠩ᠎ᠳᠤ ᠠᠮᠸᠷᠢᠺᠠ ᠵᠢᠨ ᠤᠯᠤᠰ᠎ᠤᠨ ᠶᠠᠪᠤᠳᠠᠯ᠎ᠤᠨ ᠰᠠᠢ᠌ᠳ ᠫᠤᠨᠫᠸᠡᠤᠤ᠎ᠲᠠᠢ ᠠᠭᠤᠯᠵᠠᠪᠠ᠃
      ᠸᠠᠩ ᠢ᠂ ᠤᠯᠤᠰ᠎ᠤᠨ ᠶᠠᠪᠤᠳᠠᠯ᠎ᠤᠨ ᠰᠠᠢ᠌ᠳ ᠠᠪᠤᠭ᠋ᠠᠢ ᠳᠤᠮᠳᠠᠳᠤ ᠤᠯᠤᠰ᠎ᠲᠤ ᠠᠢ᠌ᠯᠴᠢᠯᠠᠬᠤ ᠬᠦᠰᠡᠯ ᠵᠶ᠋ᠡᠨ ᠳᠤᠷᠠᠳᠤᠭᠰᠠᠨ᠎ᠳᠤ ᠪᠢᠳᠠ ᠳᠤᠷᠠᠳᠠᠶ᠎ᠠ ᠬᠦᠯᠢᠶᠠᠨ ᠠᠪᠴᠤ ᠠᠭᠤᠯᠵᠠᠪᠠ᠃ ᠣᠢ᠌ᠷ᠎ᠠ ᠵᠢᠨ ᠬᠤᠭᠤᠴᠠᠭ᠋ᠠᠨ᠎ᠳᠤ ᠠᠮᠸᠷᠢᠺᠠ ᠵᠢᠨ᠎ᠬᠢᠨ ᠳᠤᠮᠳᠠᠳᠤ᠎ᠯᠤᠭ᠎ᠠ ᠵᠢᠨ ᠠᠷᠠᠯᠵᠢᠶᠠᠨ᠎ᠤ ᠵᠦᠷᠢᠯᠳᠦᠭᠡᠨ ᠵᠶ᠋ᠡᠨ ᠳᠠᠰᠤᠷᠠᠯᠳᠠ ᠦᠭᠡᠢ ᠶᠡᠭᠡᠰᠭᠡᠬᠦ ᠵᠢᠨ ᠬᠠᠮᠳᠤ ᠳᠠᠢ᠌ᠸᠠᠨ᠎ᠤ ᠠᠰᠠᠭᠤᠳᠠᠯ ᠳᠡᠭᠡᠷ᠎ᠠ ᠴᠤ᠌ ᠳᠤᠮᠳᠠᠳᠤ ᠵᠢᠨ᠎ᠬᠢᠨ᠎ᠤ ᠠᠰᠢᠭ ᠳᠤᠰᠠ ᠵᠢ ᠬᠤᠬᠢᠷᠠᠭᠤᠯᠬᠤ ᠠᠵᠢᠯᠯᠠᠭ᠎ᠠ ᠬᠢᠵᠤ᠂ ᠳᠡᠬᠦᠨᠴᠢᠯᠠᠨ ᠤᠴᠢᠷ ᠰᠢᠯᠳᠠᠭ᠋ᠠᠨ ᠦᠭᠡᠢ᠎ᠪᠠᠷ ᠳᠤᠮᠳᠠᠳᠤ ᠤᠯᠤᠰ᠎ᠤᠨ ᠳᠤᠳᠤᠭ᠋ᠠᠳᠤ ᠭᠠᠳᠠᠭ᠋ᠠᠳᠤ ᠵᠢᠨ ᠳᠦᠷᠦ ᠵᠢᠨ ᠪᠤᠳᠤᠯᠭ᠎ᠠ ᠵᠢ ᠪᠤᠷᠤᠭᠤᠰᠢᠶᠠᠨ ᠵᠢᠮᠡᠯᠡᠪᠡ᠃ ᠠ᠋ᠳᠡᠭᠡᠷ ᠠᠵᠢᠯᠯᠠᠭ᠎ᠠ᠎ᠨᠢ ᠬᠤᠶᠠᠷ ᠳᠡᠯ᠎ᠡ ᠵᠢᠨ ᠬᠠᠷᠢᠯᠴᠠᠨ ᠢᠳᠡᠭᠡᠯᠴᠡᠭᠡ᠎ᠳᠤ ᠴᠣᠬᠢᠯᠲᠠ ᠪᠤᠯᠵᠤ᠂ ᠳᠤᠮᠳᠠᠳᠤ ᠠᠮᠸᠷᠢᠺᠠ ᠵᠢᠨ ᠬᠠᠷᠢᠴᠠᠭ᠋ᠠᠨ᠎ᠤ ᠠᠯᠤᠰ᠎ᠤᠨ ᠳᠦᠯᠦᠪ᠎ᠢ ᠨᠦᠯᠦᠭᠡᠯᠡᠭᠰᠡᠨ ᠮᠦᠷᠳᠡᠭᠡᠨ ᠬᠤᠶᠠᠷ ᠤᠯᠤᠰ᠎ᠤᠨ ᠠᠷᠠᠳ ᠳᠦᠮᠡᠨ᠎ᠤ ᠠᠰᠢᠭ ᠳᠤᠰᠠ᠎ᠳᠤ ᠪᠦᠷᠢᠮᠦᠰᠦᠨ ᠨᠡᠢ᠌ᠴᠡᠬᠦ ᠦᠭᠡᠢ ᠶᠤᠮ᠃ ᠪᠢᠳᠠ ᠠᠮᠸᠷᠢᠺᠠ ᠵᠢᠨ᠎ᠬᠢᠨ᠎ᠤ ᠪᠤᠷᠤᠭᠤ ᠦᠭᠡ ᠶᠠᠷᠢᠶ᠎ᠠ ᠦᠢ᠍ᠯᠡ ᠠᠵᠢᠯᠯᠠᠭ᠎ᠠ᠎ᠪᠠᠨ ᠳᠠᠷᠤᠢ ᠳᠦᠷᠭᠡᠨ ᠵᠤᠭᠰᠤᠭ᠋ᠠᠬᠤ ᠵᠢ ᠬᠦᠰᠡᠵᠤ ᠪᠠᠢ᠌ᠨ᠎ᠠ᠃ ᠳᠤᠮᠳᠠᠳᠤ ᠠᠮᠸᠷᠢᠺᠠ ᠬᠤᠶᠠᠷ ᠤᠯᠤᠰ ᠬᠠᠮᠳᠤᠷᠠᠯᠴᠠᠨ ᠬᠠᠮᠳᠤᠪᠠᠷ ᠠᠰᠢᠭ ᠤᠯᠬᠤ ᠵᠦᠪ ᠵᠠᠮ ᠵᠶ᠋ᠡᠷ ᠶᠠᠪᠤᠵᠤ᠂ ᠮᠦᠷᠬᠦᠯᠳᠦᠵᠤ ᠠ᠋ᠰᠡᠷᠬᠦᠴᠡᠯᠳᠦᠬᠦ ᠭᠠᠵᠢᠭᠤ ᠵᠠᠮ᠎ᠳᠤ ᠤᠷᠤᠬᠤ ᠦᠭᠡᠢ ᠪᠡᠢ᠌ᠪᠠᠯ ᠵᠤᠬᠢᠨ᠎ᠠ᠃ ᠲᠠ ᠠ᠋ᠨᠡ ᠤᠳᠠᠭ᠋ᠠᠨ᠎ᠤ ᠠᠶᠠᠯᠠᠯ᠎ᠳᠤ᠎ᠪᠠᠨ ᠳᠤᠮᠳᠠᠳᠤ ᠵᠢᠨ᠎ᠬᠢᠨ᠎ᠲᠠᠢ ᠰᠤᠯᠤᠩᠭᠤᠰ ᠬᠤᠢ᠌ᠭ ᠵᠡᠷᠭᠡ ᠭᠠᠵᠠᠷ ᠤᠷᠤᠨ᠎ᠤ ᠬᠠᠯᠠᠮᠰᠢᠯ ᠠᠰᠠᠭᠤᠳᠠᠯ᠎ᠤᠨ ᠳᠤᠬᠠᠢ ᠰᠠᠨᠠᠯ ᠵᠶ᠋ᠡᠨ ᠰᠤᠯᠢᠯᠴᠠᠬᠤ ᠰᠠᠨᠠᠭ᠎ᠠ᠎ᠲᠠᠢ ᠵᠢ ᠪᠢ ᠮᠠᠳᠠᠵᠤ ᠪᠠᠢ᠌ᠨ᠎ᠠ᠃ ᠠ᠋ᠨᠡ᠎ᠨᠢ ᠶᠠᠭ ᠰᠠᠢ᠌ᠬᠠᠨ ᠬᠤᠶᠠᠷ ᠳᠤᠮᠤ ᠤᠯᠤᠰ᠂ ᠬᠤᠶᠠᠷ ᠠᠶᠤᠯᠬᠦᠢ ᠵᠢᠨ ᠵᠦᠪᠯᠡᠯ᠎ᠤᠨ ᠪᠠᠢ᠌ᠩᠭᠤ ᠵᠢᠨ ᠭᠡᠷᠡᠭ ᠠ᠋ᠷᠬᠢᠯᠡᠭᠴᠢ ᠤᠯᠤᠰ ᠤᠯᠤᠯᠴᠠᠭ᠎ᠠ ᠬᠠᠮᠳᠤᠷᠠᠯᠴᠠᠭ᠎ᠠ᠎ᠪᠠᠨ ᠴᠢᠩᠭ᠋ᠠᠳᠬᠠᠨ᠂ ᠳᠡᠯᠡᠭᠡᠢ ᠨᠡᠢ᠌ᠳᠡ᠎ᠠᠴᠠ ᠪᠢᠳᠠᠨ᠎ᠳᠤ ᠳᠤᠰᠢᠶᠠᠭᠰᠠᠨ ᠠ᠋ᠬᠦᠷᠭᠡ ᠬᠠᠷᠢᠭᠤᠴᠠᠯᠭ᠎ᠠ ᠵᠢ ᠬᠠᠷᠢᠭᠤᠴᠠᠪᠠᠯ ᠵᠤᠬᠢᠬᠤ ᠵᠢ ᠳᠤᠳᠤᠷᠬᠠᠢ᠌ᠯᠠᠵᠤ ᠪᠠᠢ᠌ᠭ᠎ᠠ ᠶᠤᠮ᠃ ᠠ᠋ᠬᠦᠨ᠎ᠤ ᠬᠠᠮᠳᠤ ᠠ᠋ᠢ᠌ᠮᠤᠷᠬᠦ ᠬᠠᠮᠳᠤᠷᠠᠯᠴᠠᠭ᠎ᠠ᠎ᠨᠢ ᠬᠤᠶᠠᠷ ᠳᠠᠯ᠎ᠠ ᠵᠢᠨ ᠠ᠋ᠷᠡᠬᠦᠯ ᠳᠤᠭᠳᠠᠭᠤᠨ ᠬᠠᠷᠢᠴᠠᠭ᠎ᠠ᠎ᠪᠠᠷ ᠳᠤᠯᠭ᠋ᠠᠭᠤᠷᠢᠯᠠᠯ ᠪᠤᠯᠭ᠋ᠠᠭᠰᠠᠨ ᠪᠠᠢ᠌ᠬᠤ ᠭᠡᠷᠡᠭᠳᠡᠢ ᠶᠤᠮ᠃ ᠤᠯᠤᠰ᠎ᠤᠨ ᠶᠠᠪᠤᠳᠠᠯ᠎ᠤᠨ ᠰᠠᠢ᠌ᠳ ᠠᠪᠤᠭ᠋ᠠᠢ ᠵᠢᠨ ᠠ᠋ᠨᠡ ᠤᠳᠠᠭ᠋ᠠᠨ᠎ᠤ ᠪᠡᠭᠡᠵᠢᠩ᠎ᠤᠨ ᠠᠶᠠᠯᠠᠯ᠎ᠨᠢ ᠠ᠋ᠨᠡᠬᠦ ᠬᠠᠷᠠᠯᠳᠠ ᠵᠢ ᠪᠡᠶᠡᠯᠡᠬᠦᠯᠬᠦ᠎ᠳᠤ ᠢᠳᠡᠪᠬᠢᠳᠡᠢ ᠦᠢ᠍ᠯᠡᠳᠤᠯ ᠦᠵᠡᠬᠦᠯᠬᠦ ᠵᠢ ᠬᠦᠰᠡᠵᠤ ᠪᠠᠢ᠌ᠨ᠎ᠠ ᠭᠡᠵᠤ ᠢᠯᠡᠷᠭᠡᠢ᠌ᠯᠡᠵᠠᠢ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ 8 ᠠ᠋ᠳᠤᠷ᠎ᠤᠨ ᠳᠤᠳᠤᠷ᠎ᠠ ᠭᠠᠳᠠᠭ᠋ᠠᠳᠤ ᠠᠷᠠᠯᠵᠢᠶ᠎ᠠ ᠵᠢ ᠨᠡᠮᠡᠭᠳᠡᠬᠦᠯᠬᠦ ᠪᠡ ᠪᠤᠭᠤᠮᠳᠠ ᠦᠩᠭᠡᠷᠡᠬᠦ ᠵᠢ ᠳᠦᠬᠦᠮᠴᠢᠯᠠᠬᠦ ᠠᠵᠢᠯ᠎ᠢ ᠬᠤᠶᠠᠷᠳᠠ ᠪᠠᠢ᠌ᠷᠢᠯᠠᠭᠤᠯᠪᠠ
ᠯᠢ ᠺᠸ ᠴᠢᠶᠠᠩ᠄ ᠭᠠᠳᠠᠭ᠋ᠠᠳᠤ ᠵᠢᠨ ᠠᠷᠠᠯᠵᠢᠶᠠᠴᠢᠨ ᠪᠡᠯᠡ ᠤᠷᠤᠭᠤᠯᠬᠤ ᠴᠢᠬᠤᠯᠠ ᠳᠦᠷᠦᠯ ᠵᠦᠢ᠍ᠯ᠎ᠢ ᠳᠦᠷᠭᠡᠨ ᠨᠠᠢ᠌ᠳᠠᠪᠤᠷᠢᠵᠢᠭᠤᠯᠬᠤ ᠭᠡᠷᠡᠭᠳᠡᠢ
ᠯᠢ ᠺᠸ ᠴᠢᠶᠠᠩ᠄ ᠳᠤᠮᠳᠠᠳᠤ ᠤᠯᠤᠰ᠎ᠤᠨ ᠵᠠᠰᠠᠭ᠎ᠤᠨ ᠤᠷᠳᠤᠨ᠎ᠠᠴᠠ ᠳᠤᠮᠳᠠᠳᠤ ᠤᠯᠤᠰ᠎ᠲᠤ ᠠᠵᠢᠯᠯᠠᠵᠤ ᠪᠠᠢ᠌ᠭ᠎ᠠ ᠭᠠᠳᠠᠭ᠋ᠠᠳᠤ ᠵᠢᠨ ᠳᠤᠰᠬᠠᠢ ᠮᠡᠷᠭᠡᠵᠢᠯᠳᠡᠨ᠎ᠳᠤ ᠳᠦᠬᠦᠮ ᠦᠵᠡᠬᠦᠯᠦᠨ᠎ᠡ
ᠵᠤᠤ ᠺᠸ ᡁᠢ ᠪᠦᠬᠦ ᠤᠯᠤᠰ᠎ᠤᠨ ᠰᠦᠷᠳᠡᠬᠦᠯᠦᠯ᠎ᠢ ᠠ᠋ᠰᠡᠷᠬᠦᠴᠡᠬᠦ ᠠᠵᠢᠯ᠎ᠤᠨ ᠲᠸᠯᠸᠢᠰ ᠬᠤᠷᠠᠯ ᠳᠡᠭᠡᠷ᠎ᠡ ᠰᠢᠨ᠎ᠠ ᠴᠠᠭ ᠦᠶ᠎ᠡ ᠵᠢᠨ ᠰᠦᠷᠳᠡᠬᠦᠯᠦᠯ᠎ᠢ ᠠ᠋ᠰᠡᠷᠬᠦᠴᠡᠬᠦ ᠠᠵᠢᠯ᠎ᠤᠨ ᠰᠢᠨ᠎ᠠ ᠪᠠᠢ᠌ᠳᠠᠯ᠎ᠢ ᠴᠢᠷᠮᠠᠢ᠌ᠨ ᠪᠤᠢ ᠪᠤᠯᠭ᠋ᠠᠰᠤᠭ᠋ᠠᠢ ᠭᠡᠪᠡ
ᠬᠠᠨ ᠵᠸᠩ ᠰᠢᠶᠠᠩᠭ᠋ᠠᠩ᠎ᠤᠨ ᠠᠵᠢᠯᠴᠢᠨ᠎ᠤ ᠡᠪᠯᠡᠯ᠎ᠤᠨ ᠬᠤᠯᠪᠤᠭ᠋ᠠᠳᠤ ᠬᠤᠷᠠᠯ᠎ᠤᠨ ᠠᠢ᠌ᠯᠴᠢᠯᠠᠬᠤ ᠪᠦᠯᠬᠦᠮ᠎ᠲᠠᠢ ᠠᠭᠤᠯᠵᠠᠪᠠ
 
            