ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠸᠠᠩ ᠢ ᠸᠢᠶᠸᠲᠨᠠᠮ᠎ᠤᠨ ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠭᠡᠰᠢᠬᠦᠨ ᠬᠤ᠌ ᡁᠢ ᠮᠢᠩ ᠬᠤᠳᠠ ᠵᠢᠨ ᠨᠠᠮ᠎ᠤᠨ ᠬᠤᠷᠢᠶᠠᠨ᠎ᠤ ᠱᠦᠵᠢ ᠷᠤᠸᠠᠨ ᠱᠠᠨ ᠷᠸᠨ᠎ᠲᠠᠢ ᠠᠭᠤᠯᠵᠠᠪᠠ
ᠨᠡᠶᠢᠲᠡᠯᠡᠭᠰᠡᠨ ᠴᠠᠭ᠄ 2018-11-27

                   
     2018 ᠤᠨ᠎ᠤ 9 ᠳ᠋ᠤᠭᠡᠷ ᠰᠠᠷ᠎ᠠ ᠵᠢᠨ 15᠎ᠤ ᠠ᠋ᠳᠤᠷ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠬᠤ᠌ ᡁᠢ ᠮᠢᠩ ᠬᠤᠳᠠ᠎ᠳᠤ ᠸᠢᠶᠸᠲᠨᠠᠮ᠎ᠤᠨ ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠭᠡᠰᠢᠬᠦᠨ᠂ ᠬᠤ᠌ ᡁᠢ ᠮᠢᠩ ᠬᠤᠳᠠ ᠵᠢᠨ ᠨᠠᠮ᠎ᠤᠨ ᠬᠤᠷᠢᠶᠠᠨ᠎ᠤ ᠱᠦᠵᠢ ᠷᠤᠸᠠᠨ ᠱᠠᠨ ᠷᠸᠨ᠎ᠲᠠᠢ ᠠᠭᠤᠯᠵᠠᠪᠠ᠃
      ᠷᠤᠸᠠᠨ ᠱᠠᠨ ᠷᠸᠨ᠂ ᠸᠠᠩ ᠢ ᠵᠢᠨ ᠳᠤᠮᠳᠠᠳᠤ ᠸᠢᠶᠸᠲᠨᠠᠮ᠎ᠤᠨ ᠬᠤᠶᠠᠷ ᠳᠠᠯ᠎ᠠ ᠵᠢᠨ ᠬᠠᠮᠳᠤᠷᠠᠯᠴᠠᠭ᠋ᠠᠨ᠎ᠤ ᠵᠢᠯᠤᠭᠤᠳᠬᠤ ᠵᠦᠪᠯᠡᠯ᠎ᠤᠨ ᠠᠷᠪᠠᠨ ᠨᠢᠭᠡᠳᠦᠭᠡᠷ ᠤᠳᠠᠭ᠋ᠠᠨ᠎ᠤ ᠬᠤᠷᠠᠯ᠎ᠢ ᠠ᠋ᠷᠬᠢᠯᠡᠬᠦ᠎ᠪᠠᠷ ᠬᠤ᠌ ᡁᠢ ᠮᠢᠩ ᠬᠤᠳᠠ᠎ᠳᠤ ᠢᠷᠡᠭᠰᠡᠨ᠎ᠢ ᠪᠠᠶᠠᠷᠯᠠᠨ ᠤᠭᠳᠤᠵᠤ ᠪᠠᠢ᠌ᠬᠤ᠎ᠪᠠᠨ ᠢᠯᠡᠷᠭᠡᠢ᠌ᠯᠡᠬᠦ ᠵᠢᠨ ᠬᠠᠮᠳᠤ ᠪᠢ ᠤᠯᠠᠨᠳᠠ ᠳᠤᠮᠳᠠᠳᠤ ᠤᠯᠤᠰ᠎ᠲᠤ ᠠᠢ᠌ᠯᠴᠢᠯᠠᠭᠰᠠᠨ ᠪᠦᠭᠡᠳ ᠬᠤᠶᠠᠷ ᠤᠳᠠᠭ᠎ᠠ ᠵᠢᠯᠤᠭᠤᠳᠬᠤ ᠵᠦᠪᠯᠡᠯ᠎ᠤᠨ ᠬᠤᠷᠠᠯ᠎ᠢ ᠠ᠋ᠷᠬᠢᠯᠡᠭᠰᠡᠨ ᠶᠤᠮ᠃ ᠪᠢ ᠳᠤᠮᠳᠠᠳᠤ ᠤᠯᠤᠰ᠎ᠤᠨ ᠬᠦᠭᠵᠢᠯᠳᠡ ᠪᠤᠯᠤᠨ ᠸᠢᠶᠸᠲᠨᠠᠮ ᠳᠤᠮᠳᠠᠳᠤ ᠵᠢᠨ ᠬᠠᠷᠢᠴᠠᠭ᠎ᠠ ᠵᠢ ᠳᠦᠢ᠍ᠯ ᠵᠶ᠋ᠡᠷ ᠠᠩᠬᠠᠷᠳᠠᠭ᠃ ᠳᠤᠮᠳᠠᠳᠤ ᠤᠯᠤᠰ᠎ᠤᠨ ᠠᠮᠵᠢᠯᠳᠠ᠎ᠨᠢ ᠳᠤᠰ ᠤᠯᠤᠰ᠎ᠤᠨ ᠠᠷᠠᠳ ᠳᠦᠮᠡᠨ᠎ᠳᠤ ᠵᠤᠯ ᠵᠢᠷᠭ᠋ᠠᠯ ᠤᠯᠭᠤᠭᠰᠠᠨ ᠵᠶ᠋ᠡᠷ ᠪᠠᠷᠠᠬᠤ ᠦᠭᠡᠢ ᠸᠢᠶᠸᠲᠨᠠᠮ᠎ᠤᠨ ᠬᠦᠭᠵᠢᠯᠳᠡ᠎ᠳᠤ ᠴᠤ᠌ ᠠᠵᠠ ᠳᠤᠬᠢᠶᠠᠯ ᠤᠯᠭᠤᠪᠠ᠃ ᠬᠤ᠌ ᡁᠢ ᠮᠢᠩ ᠨᠦᠬᠦᠷ ᠠᠮᠢᠳᠤ ᠰᠡᠷᠡᠬᠦᠨ ᠪᠡᠢ᠌ᠬᠤ᠎ᠳᠤ᠎ᠪᠠᠨ ᠳᠤᠮᠳᠠᠳᠤ ᠤᠯᠤᠰ᠎ᠲᠤ 10 ᠵᠢᠯ ᠠᠮᠢᠳᠤᠷᠠᠨ᠂ ᠳᠤᠮᠳᠠᠳᠤ ᠤᠯᠤᠰ᠎ᠤᠨ ᠭᠤᠷᠪᠠᠨ᠎ᠤᠨ ᠬᠤᠶᠠᠷ᠎ᠤᠨ ᠮᠤᠵᠢ ᠤᠷᠤᠨ᠎ᠳᠤ ᠤᠴᠢᠵᠤ ᠦᠩᠭᠡᠷᠡᠪᠡ᠃ ᠸᠢᠶᠸᠲᠨᠠᠮ ᠳᠤᠮᠳᠠᠳᠤ ᠤᠯᠤᠰ ᠪᠤᠯ ᠬᠦᠷᠰᠢ ᠵᠡᠷᠭᠡᠯᠡᠳᠡᠭᠡ ᠤᠯᠤᠰ ᠪᠦᠭᠡᠳ ᠰᠠᠢ᠌ᠨ ᠨᠦᠬᠦᠷ ᠮᠦᠨ᠂ ᠪᠢᠳᠡ ᠬᠤ᠌ ᡁᠢ ᠮᠢᠩ ᠵᠡᠷᠭᠡ ᠬᠤᠶᠠᠷ ᠤᠯᠤᠰ᠎ᠤᠨ ᠠᠬᠠᠮᠠᠳ ᠦᠶ᠎ᠠ ᠵᠢᠨ ᠤᠳᠤᠷᠢᠳᠤᠯᠭ᠎ᠠ ᠵᠢᠨ ᠪᠠᠢ᠌ᠭᠤᠯᠤᠭᠰᠠᠨ ᠬᠤᠪᠢᠰᠬᠠᠯᠳᠤ ᠨᠦᠬᠦᠷᠯᠡᠯ᠎ᠢ ᠵᠠᠯᠭ᠋ᠠᠮᠵᠢᠯᠠᠨ ᠬᠦᠭᠵᠢᠬᠦᠯᠵᠤ᠂ ᠸᠶᠸᠲᠨᠠᠮ ᠳᠤᠮᠳᠠᠳᠤ ᠵᠢᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠨᠢᠳᠠᠨ᠎ᠤ ᠬᠠᠷᠢᠴᠠᠭ᠋ᠠᠨ᠎ᠤ ᠨᠡᠩ ᠶᠡᠭᠡ ᠠᠮᠵᠢᠯᠳᠠ ᠵᠢ ᠣᠯᠵᠤ᠂ ᠬᠤᠶᠠᠷ ᠤᠯᠤᠰ᠎ᠤᠨ ᠠᠷᠠᠳ ᠳᠦᠮᠡᠨ᠎ᠳᠤ ᠵᠤᠯ ᠵᠢᠷᠭ᠋ᠠᠯ ᠠ᠋ᠳ᠋ᠯᠡᠬᠦᠯᠦᠨ᠎ᠡ᠃ ᠬᠤ᠌ ᡁᠢ ᠮᠢᠩ ᠬᠤᠳᠠ᠎ᠨᠢ ᠸᠶᠸᠲᠨᠠᠮ᠎ᠤᠨ ᠠᠵᠤ ᠠᠬᠤᠢ ᠵᠢᠨ ᠬᠦᠭᠵᠢᠯᠳᠡ ᠵᠢᠨ ᠴᠢᠬᠤᠯᠠ ᠭᠠᠵᠠᠷ ᠤᠷᠤᠨ ᠪᠠᠢ᠌ᠵᠤ᠂ ᠤᠳᠤ ᠶᠠᠭ ᠰᠠᠢ᠌ᠬᠠᠨ 《ᠤᠶᠤᠨ ᠴᠢᠳᠠᠪᠤᠷᠢᠳᠤ ᠬᠤᠳᠠ》 ᠵᠢ ᠪᠠᠢ᠌ᠭᠤᠯᠬᠤ᠎ᠪᠠᠷ ᠴᠢᠷᠮᠠᠢ᠌ᠵᠤ ᠪᠠᠢ᠌ᠨ᠎ᠠ᠃ ᠳᠤᠮᠳᠠᠳᠤ ᠤᠯᠤᠰ᠎ᠤᠨ ᠬᠤᠯᠪᠤᠭᠳᠠᠯ ᠪᠦᠬᠦᠢ ᠮᠤᠵᠢ ᠬᠤᠳᠠ᠎ᠲᠠᠢ ᠬᠠᠮᠳᠤᠷᠠᠯᠴᠠᠭ᠎ᠠ᠎ᠪᠠᠨ ᠴᠢᠩᠭ᠋ᠠᠳᠬᠠᠬᠤ ᠵᠢ ᠬᠦᠰᠡᠵᠤ ᠪᠠᠢ᠌ᠨ᠎ᠠ ᠭᠡᠵᠤ ᠢᠯᠡᠷᠭᠡᠢ᠌ᠯᠡᠪᠡ᠃
      ᠸᠠᠩ ᠢ᠂ ᠳᠤᠮᠳᠠᠳᠤ ᠸᠢᠶᠢᠲᠨᠠᠮ ᠪᠤᠯ ᠠᠭᠤᠯᠠ ᠤᠰᠤ᠎ᠪᠠᠷ ᠵᠠᠯᠭ᠋ᠠᠯᠳᠤᠭᠰᠠᠨ ᠰᠠᠢ᠌ᠨ ᠠᠬ᠎ᠠ ᠳᠡᠬᠦᠤ ᠪᠤᠯᠬᠤ᠎ᠪᠠᠷ ᠪᠠᠷᠠᠬᠤ ᠦᠭᠡᠢ ᠬᠠᠮᠳᠤᠷᠠᠯᠴᠠᠵᠤ ᠬᠠᠮᠳᠤᠪᠠᠷ ᠠᠰᠢᠭ ᠤᠯᠬᠤ ᠬᠠᠨᠢᠳᠠᠨ ᠪᠦᠭᠡᠳ ᠦᠵᠡᠯ ᠪᠤᠳᠤᠯ ᠨᠢᠭᠡᠳᠡᠢ ᠰᠠᠢ᠌ᠨ ᠨᠦᠬᠦᠷ ᠶᠤᠮ᠃ ᠬᠤᠶᠠᠷ ᠤᠯᠤᠰ᠎ᠤᠨ ᠠᠷᠠᠳ ᠳᠦᠮᠡᠨ ᠤᠷᠳᠤ ᠬᠤᠭᠤᠴᠠᠭ᠎ᠠ᠎ᠪᠠᠷ ᠠ᠋ᠶ᠎ᠡ ᠨᠠᠢ᠌ᠷᠳᠠᠢ᠎ᠪᠠᠷ ᠬᠠᠮᠳᠤᠪᠠᠷ ᠤᠷᠤᠰᠢᠨ ᠬᠦᠨ ᠵᠤᠵᠠᠭ᠋ᠠᠨ ᠨᠦᠬᠦᠷᠯᠡᠯ᠎ᠢ ᠪᠤᠢ ᠪᠤᠯᠭ᠋ᠠᠵᠤ᠂ ᠠ᠋ᠨᠡᠬᠦ ᠨᠦᠬᠦᠷᠯᠡᠯ᠎ᠨᠢ ᠤᠯᠤᠰ ᠬᠦᠷᠤᠨ᠎ᠤ ᠳᠤᠰᠠᠭ᠋ᠠᠷ ᠳᠤᠭᠳᠠᠨᠢᠯ ᠪᠤᠯᠤᠨ ᠦᠨᠳᠦᠰᠦᠳᠡᠨ᠎ᠤ ᠴᠢᠯᠦᠭᠡᠯᠡᠯᠳᠡ ᠵᠢᠨ ᠳᠡᠮᠡᠴᠡᠯ ᠳᠤᠮᠳᠠ ᠤᠯᠠᠮ ᠵᠶ᠋ᠡᠷ ᠪᠠᠳᠤᠵᠢᠨ᠂ ᠨᠡᠢ᠌ᠭᠡᠮ ᠵᠢᠷᠤᠮ᠎ᠤᠨ ᠪᠦᠳᠦᠭᠡᠨ ᠪᠠᠢ᠌ᠭᠤᠯᠤᠯᠳᠠ ᠵᠢᠨ ᠦᠢ᠍ᠯᠡᠰ ᠳᠤᠮᠳᠠ ᠳᠠᠰᠤᠷᠠᠯᠳᠠ ᠦᠭᠡᠢ ᠬᠦᠨᠵᠡᠭᠡᠢ᠌ᠷᠡᠪᠡ᠃ ᠳᠡᠯᠡᠭᠡᠢ ᠳᠡᠭᠡᠷᠡᠬᠢ ᠬᠤᠶᠠᠷ ᠴᠢᠬᠤᠯᠠ ᠨᠡᠢ᠌ᠭᠡᠮ ᠵᠢᠷᠤᠮᠳᠤ ᠤᠯᠤᠰ ᠪᠤᠯᠤᠭᠰᠠᠨ᠎ᠤ ᠬᠤᠪᠢ᠎ᠳᠤ᠂ ᠳᠤᠮᠳᠠᠳᠤ ᠸᠢᠶᠢᠲᠨᠠᠮ᠎ᠤᠨ ᠬᠤᠶᠠᠷ ᠨᠠᠮ ᠬᠤᠶᠠᠷ ᠤᠯᠤᠰ ᠬᠠᠷᠢᠯᠴᠠᠨ ᠢᠳᠡᠭᠡᠵᠤ ᠬᠠᠷᠢᠯᠴᠠᠨ ᠳᠡᠮᠵᠢᠵᠤ ᠬᠠᠷᠢᠯᠴᠠᠨ ᠬᠠᠮᠳᠤᠷᠠᠯᠴᠠᠵᠤ᠂ ᠤᠯᠤᠰ᠎ᠤᠨ ᠵᠶ᠋ᠡᠨ ᠬᠦᠭᠵᠢᠯ ᠪᠠᠳᠠᠷᠠᠯ᠎ᠢ ᠠᠬᠢᠭᠤᠯᠤᠭᠰᠠᠨ ᠵᠶ᠋ᠡᠷ ᠪᠠᠷᠠᠬᠤ ᠦᠭᠡᠢ ᠬᠦᠮᠦᠨ ᠳᠦᠷᠦᠯᠬᠢᠳᠡᠨ᠎ᠤ ᠬᠦᠭᠵᠢᠯᠳᠡ᠎ᠳᠤ ᠢᠳᠡᠪᠬᠢᠳᠡᠢ ᠪᠦᠭᠡᠳ ᠬᠦᠨ ᠨᠦᠯᠦᠭᠡ ᠦᠵᠡᠬᠦᠯᠪᠡ᠃ ᠳᠤᠮᠳᠠᠳᠤ ᠸᠢᠶᠢᠲᠨᠠᠮ ᠬᠤᠶᠠᠷ ᠤᠯᠤᠰ ᠤᠷᠤᠭᠤᠯ ᠰᠢᠳᠤ ᠮᠡᠳᠤ ᠬᠠᠷᠢᠴᠠᠭ᠎ᠠ᠎ᠲᠠᠢ ᠪᠠᠢ᠌ᠵᠤ᠂ ᠬᠤᠶᠠᠷ ᠤᠯᠤᠰ᠎ᠤᠨ ᠬᠠᠷᠢᠴᠠᠭ᠎ᠠ ᠬᠤᠶᠠᠷ ᠳᠠᠯ᠎ᠠ ᠵᠢᠨ ᠠᠢ᠎ᠠᠴᠠ ᠳᠠᠪᠠᠵᠤ ᠴᠢᠬᠤᠯᠠ ᠶᠡᠭᠡ ᠪᠠᠢ᠌ᠯᠳᠤᠬᠤ ᠪᠤᠳᠤᠯᠭ᠎ᠠ ᠵᠢᠨ ᠤᠳᠬ᠎ᠠ ᠠᠭᠤᠯᠭ᠎ᠠ᠎ᠲᠠᠢ ᠪᠤᠯᠤᠭᠰᠠᠨ ᠪᠠᠢ᠌ᠨ᠎ᠠ ᠭᠡᠵᠤ ᠢᠯᠡᠷᠭᠡᠢ᠌ᠯᠡᠪᠡ᠃ ᠸᠠᠩ ᠢ᠂ ᠬᠤ᠌ ᡁᠢ ᠮᠢᠩ ᠪᠤᠯ ᠳᠤᠮᠳᠠᠳᠤ ᠸᠢᠶᠸᠲᠨᠠᠮ᠎ᠤᠨ ᠨᠦᠬᠦᠷᠯᠡᠯ᠎ᠤᠨ ᠳᠤᠭ ᠳᠡᠮᠳᠡᠭ ᠪᠤᠯᠤᠨ᠎ᠠ᠃ ᠪᠢᠳᠡ ᠳᠤᠮᠳᠠᠳᠤ ᠸᠢᠶᠢᠲᠨᠠᠮ᠎ᠤᠨ ᠤᠯᠠᠮᠵᠢᠯᠠᠯᠳᠤ ᠨᠦᠬᠦᠷᠯᠡᠯ᠎ᠢ ᠦᠷᠬᠦᠯᠵᠢᠯᠡᠨ ᠵᠠᠯᠭ᠋ᠠᠮᠵᠢᠯᠠᠨ ᠬᠦᠭᠵᠢᠬᠦᠯᠵᠤ᠂ ᠮᠠᠤ ᠽᠸ ᠳ᠋ᠦᠩ ᠳᠡᠷᠢᠬᠦᠯᠡᠭᠴᠢ᠂ ᠵᠸᠤ ᠠ᠋ᠸᠨ ᠯᠠᠢ ᠶᠡᠷᠦᠩᠭᠡᠢ ᠰᠠᠢ᠌ᠳ ᠪᠤᠯᠤᠨ ᠬᠤ᠌ ᡁᠢ ᠮᠢᠩ ᠳᠡᠷᠢᠬᠦᠯᠡᠭᠴᠢ᠎ᠲᠠᠢ ᠠᠳᠠᠯᠢ᠎ᠪᠠᠷ ᠬᠠᠷᠢᠯᠴᠠᠨ ᠰᠡᠳᠬᠢᠯ ᠵᠶ᠋ᠡᠨ ᠤᠯᠤᠯᠴᠠᠵᠤ᠂ ᠬᠤᠪᠢ ᠵᠠᠶᠠᠭ᠎ᠠ᠎ᠪᠠᠨ ᠬᠠᠮᠳᠤᠳᠬᠠᠨ᠎ᠠ ᠭᠡᠵᠤ ᠭᠡᠯᠡᠪᠡ᠃
      ᠸᠠᠩ ᠢ᠂ ᠤᠷᠤᠨ ᠨᠤᠳᠤᠭ᠎ᠤᠨ ᠬᠠᠮᠳᠤᠷᠠᠯᠴᠠᠭ᠎ᠠ ᠪᠤᠯ ᠳᠤᠮᠳᠠᠳᠤ ᠸᠢᠶᠢᠲᠨᠠᠮ᠎ᠤᠨ ᠬᠠᠷᠢᠴᠠᠭ᠋ᠠᠨ᠎ᠤ ᠴᠢᠬᠤᠯᠠ ᠪᠦᠷᠢᠯᠳᠦᠬᠦᠨ ᠭᠡᠰᠡᠭ ᠪᠤᠯᠤᠨ᠎ᠠ᠂ ᠳᠤᠮᠳᠠᠳᠤ ᠸᠢᠶᠢᠲᠨᠠᠮ᠎ᠤᠨ ᠨᠦᠬᠦᠷᠯᠡᠯ ᠪᠤᠯ ᠬᠤᠶᠠᠷ ᠤᠯᠤᠰ᠎ᠤᠨ ᠠᠷᠠᠳ ᠳᠦᠮᠡᠨ᠎ᠤ ᠬᠠᠮᠳᠤ ᠵᠢᠨ ᠦᠢ᠍ᠯᠡᠰ ᠪᠤᠯᠤᠨ᠎ᠠ᠃ ᠬᠤ᠌ ᡁᠢ ᠮᠢᠩ ᠬᠤᠳᠠ᠎ᠨᠢ ᠦᠩᠭᠡ ᠭᠡᠷᠡᠯᠳᠤ ᠬᠤᠪᠢᠰᠬᠠᠯᠳᠤ ᠤᠯᠠᠮᠵᠢᠯᠠᠯ᠎ᠲᠠᠢ ᠬᠤᠳᠠ ᠪᠤᠯᠬᠤ ᠪᠦᠭᠡᠳ ᠸᠢᠶᠢᠲᠨᠠᠮ᠎ᠤᠨ ᠦᠭᠡᠷᠡᠴᠢᠯᠡᠯᠳᠡ ᠪᠤᠯᠤᠨ ᠨᠡᠭᠡᠭᠡᠯᠳᠡ ᠵᠢᠨ ᠴᠢᠬᠤᠯᠠ ᠴᠤᠩᠬᠤ ᠪᠤᠯᠤᠨ᠎ᠠ᠃ ᠠ᠋ᠨᠡ ᠤᠳᠠᠭ᠎ᠠ ᠵᠢᠨ ᠬᠤᠷᠠᠯ᠎ᠳᠤ ᠤᠷᠤᠯᠴᠠᠬᠤ᠎ᠪᠠᠷ ᠢᠷᠡᠭᠰᠡᠨ ᠳᠤᠮᠳᠠᠳᠤ ᠵᠢᠨ ᠳᠦᠯᠦᠭᠡᠯᠡᠭᠴᠢ ᠵᠢᠨ ᠪᠦᠯᠬᠦᠮ᠎ᠤᠨ ᠪᠦᠷᠢᠯᠳᠦᠬᠦᠨ᠎ᠳᠤ ᠭᠤᠸᠠᠩᠳᠦᠢ᠍ᠩ᠂ ᠭᠤᠸᠠᠩᠰᠢ᠂ ᠶᠦᠨᠨᠡᠨ᠂ ᠴᠦᠩᠴᠢᠩ ᠵᠡᠷᠭᠡ ᠮᠤᠵᠢ ᠬᠤᠳᠠ ᠵᠢᠨ ᠬᠠᠷᠢᠭᠤᠴᠠᠯᠭ᠋ᠠᠳᠠᠨ᠎ᠢ ᠪᠠᠭᠳᠠᠭ᠋ᠠᠭᠰᠠᠨ ᠶᠤᠮ᠃ ᠳᠤᠮᠳᠠᠳᠤ ᠵᠢᠨ᠎ᠬᠢᠨ ᠳᠤᠷᠠᠳᠠᠶ᠎ᠠ ᠬᠤ᠌ ᡁᠢ ᠮᠢᠩ ᠬᠤᠳᠠ᠎ᠲᠠᠢ ᠬᠠᠷᠢᠴᠠᠭ᠎ᠠ᠎ᠪᠠᠨ ᠤᠯᠠᠮ ᠵᠶ᠋ᠡᠷ ᠴᠢᠩᠭ᠋ᠠᠳᠬᠠᠨ᠂ ᠬᠠᠮᠳᠤᠷᠠᠯᠴᠠᠭ᠎ᠠ᠎ᠪᠠᠨ ᠬᠦᠨᠵᠡᠭᠡᠢ᠌ᠷᠡᠬᠦᠯᠵᠤ᠂ ᠳᠤᠮᠳᠠᠳᠤ ᠸᠢᠶᠢᠲᠨᠠᠮ᠎ᠤᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠮᠳᠤᠷᠠᠯᠴᠠᠭ᠋ᠠᠨ᠎ᠤ ᠬᠠᠨᠢᠳᠠᠨ᠎ᠤ ᠬᠠᠷᠢᠴᠠᠭ᠎ᠠ ᠵᠢ ᠳᠡᠬᠦᠯᠳᠡᠷᠵᠢᠬᠦᠯᠬᠦ᠎ᠳᠤ ᠬᠤᠪᠢ ᠨᠡᠮᠡᠷᠢ ᠦᠵᠡᠬᠦᠯᠦᠨ᠎ᠡ ᠭᠡᠵᠤ ᠢᠯᠡᠷᠭᠡᠢ᠌ᠯᠡᠪᠡ᠃
      ᠠᠭᠤᠯᠵᠠᠯᠳᠠ᠎ᠠᠴᠠ ᠠ᠋ᠮᠤᠨ᠎ᠠ᠂ ᠸᠠᠩ ᠢ ᠷᠤᠸᠠᠨ ᠱᠠᠨ ᠷᠸᠨ᠎ᠤ ᠪᠠᠷ᠎ᠠ ᠪᠤᠯᠤᠯᠭ᠎ᠠ᠎ᠪᠠᠷ ᠬᠤ᠌ ᡁᠢ ᠮᠢᠩ᠎ᠤᠨ ᠱᠤᠭᠤᠮᠠᠯ ᠬᠦᠷᠤᠭ᠌᠎ᠲᠤ ᠴᠡᠴᠡᠭᠳᠤ ᠰᠠᠭᠰᠤ ᠬᠦᠷᠭᠡᠪᠡ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠳᠤᠮᠳᠠᠳᠤ ᠸᠢᠶᠸᠲᠨᠠᠮ᠎ᠤᠨ ᠬᠤᠶᠠᠷ ᠳᠠᠯ᠎ᠠ ᠵᠢᠨ ᠬᠠᠮᠳᠤᠷᠠᠯᠴᠠᠭ᠋ᠠᠨ᠎ᠤ ᠵᠢᠯᠤᠭᠤᠳᠬᠤ ᠵᠦᠪᠯᠡᠯ᠎ᠤᠨ ᠠᠷᠪᠠᠨ ᠨᠢᠭᠡᠳᠦᠭᠡᠷ ᠤᠳᠠᠭ᠋ᠠᠨ᠎ᠤ ᠬᠤᠷᠠᠯ ᠬᠤᠷᠠᠯᠳᠤᠪᠠ
ᠸᠠᠩ ᠶᠦᠩ ᠳᠤᠮᠳᠠᠳᠤ ᠤᠯᠤᠰ᠎ᠤᠨ ᠵᠡᠮᠳᠡᠭᠴᠤᠳ᠎ᠤᠨ ᠳᠤᠯᠤᠳᠤᠭ᠋ᠠᠷ ᠤᠳᠠᠭ᠋ᠠᠨ᠎ᠤ ᠪᠦᠬᠦ ᠤᠯᠤᠰ᠎ᠤᠨ ᠳᠦᠯᠦᠭᠡᠯᠡᠭᠴᠢᠳ᠎ᠤᠨ ᠶᠡᠭᠡ ᠬᠤᠷᠠᠯ ᠳᠡᠭᠡᠷ᠎ᠠ ᠰᠢᠨ᠎ᠠ ᠴᠠᠭ ᠦᠶ᠎ᠠ ᠵᠢᠨ ᠵᠡᠮᠳᠡᠭᠴᠤᠳ᠎ᠤᠨ ᠦᠢ᠍ᠯᠡᠰ᠎ᠤᠨ ᠪᠦᠬᠦ ᠳᠠᠯ᠎ᠠ ᠵᠢᠨ ᠬᠦᠭᠵᠢᠯᠳᠡ ᠵᠢ ᠠᠬᠢᠭᠤᠯᠬᠤ ᠭᠡᠷᠡᠭᠳᠡᠢ ᠭᠡᠪᠡ
ᠯᠢ ᠺᠸ ᠴᠢᠶᠠᠩ ᠬᠤᠷᠠᠯ ᠬᠢᠵᠤ 《ᠬᠠᠴᠢᠨ ᠵᠢᠭ᠌ᠲᠠᠢ ᠭᠡᠷᠡᠴᠢ》᠎ᠤᠨ ᠴᠡᠭᠴᠡᠯᠠᠨ ᠵᠠᠰᠠᠬᠤ ᠵᠢ ᠰᠤᠳᠤᠯᠤᠨ ᠶᠠᠷᠢᠯᠴᠠᠪᠠ
ᠯᠢ ᠺᠸ ᠴᠢᠶᠠᠩ᠄ ᠠ᠋ᠳ᠋᠎ᠤᠨ ᠵᠠᠰᠠᠭ ᠠ᠋ᠨᠡᠬᠦ ᠵᠠᠷᠤᠳᠠᠯ᠎ᠢ ᠵᠠᠷᠤᠬᠤ᠎ᠨᠢ ᠵᠤᠬᠢᠰᠳᠠᠢ ᠭᠡᠪᠡ
ᠬᠤ᠌ ᠴᠦᠨ ᠬᠤᠸᠠ ᠬᠦᠮᠦᠨ᠎ᠤ ᠬᠦᠴᠦ᠎ᠪᠠᠷ ᠴᠠᠭ ᠠᠭᠤᠷ᠎ᠢ ᠨᠦᠯᠦᠭᠡᠯᠡᠬᠦ ᠠᠵᠢᠯ᠎ᠤᠨ ᠶᠠᠷᠢᠯᠴᠠᠬᠤ ᠬᠤᠷᠠᠯ᠎ᠳᠤ ᠤᠷᠤᠯᠴᠠᠭᠰᠠᠨ ᠪᠦᠭᠡᠳ ᠶᠡᠷᠢᠶ᠎ᠡ ᠳᠠᠯᠪᠢᠵᠠᠢ
 
            