ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠸᠠᠩ ᠢ ᠰᠢᠩᠭ᠋ᠠᠫᠤᠷ᠎ᠤᠨ ᠶᠡᠷᠦᠩᠭᠡᠢ᠌ᠯᠡᠭᠴᠢ ᠬᠠᠯᠢᠮᠠ᠎ᠲᠠᠢ ᠠᠭᠤᠯᠵᠠᠪᠠ
ᠨᠡᠶᠢᠲᠡᠯᠡᠭᠰᠡᠨ ᠴᠠᠭ᠄ 2018-11-08


     8 ᠳ᠋ᠤᠭ᠋ᠠᠷ ᠰᠠᠷ᠎ᠠ ᠵᠢᠨ 2᠎ᠤᠨ ᠠ᠋ᠳᠤᠷ ᠰᠢᠩᠭ᠋ᠠᠫᠤᠷ᠎ᠤᠨ ᠶᠡᠷᠦᠩᠭᠡᠢ᠌ᠯᠡᠭᠴᠢ ᠬᠠᠯᠢᠮᠠ ᠶᠡᠷᠦᠩᠭᠡᠢ᠌ᠯᠡᠭᠴᠢ ᠵᠢᠨ ᠤᠷᠳᠤᠨ᠎ᠳᠤ᠎ᠪᠠᠨ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠵᠢ ᠬᠦᠯᠢᠶᠠᠨ ᠠᠪᠴᠤ ᠠᠭᠤᠯᠵᠠᠪᠠ᠃
      ᠬᠠᠯᠢᠮᠠ ᠶᠡᠷᠤᠩᠬᠡᠢ᠌ᠯᠡᠭᠴᠢ ᠸᠠᠩ ᠢ᠎ᠪᠠᠷ ᠳᠤᠮᠳᠠᠳᠤ ᠤᠯᠤᠰ᠎ᠤᠨ ᠤᠳᠤᠷᠢᠳᠬᠤ ᠬᠦᠮᠦᠨ᠎ᠳᠤ ᠳᠤᠳᠤᠨᠤ ᠮᠡᠨᠳᠤᠴᠢᠯᠠᠯ ᠬᠦᠷᠭᠡᠵᠤ ᠪᠠᠢ᠌ᠬᠤ᠎ᠪᠠᠨ ᠳᠡᠮᠵᠢᠭᠤᠯᠤᠭᠰᠠᠨ᠎ᠤ ᠳᠠᠭ᠋ᠠᠤ ᠰᠢᠩᠭ᠋ᠠᠫᠤᠷ ᠳᠤᠮᠳᠠᠳᠤ ᠵᠢᠨ ᠬᠠᠷᠢᠴᠠᠭ᠎ᠠ ᠮᠠᠰᠢ ᠰᠠᠢ᠌ᠨ ᠶᠤᠮ᠂ ᠬᠤᠶᠠᠷ ᠳᠠᠯ᠎ᠠ ᠵᠢᠨ ᠳᠡᠭᠡᠳᠤ ᠳᠠᠪᠬᠤᠷᠭ᠋ᠠᠨ᠎ᠤ ᠶᠠᠪᠤᠯᠴᠠᠭ᠎ᠠ ᠬᠠᠷᠢᠯᠴᠠᠭ᠎ᠠ ᠤᠯᠠᠨᠳᠠᠢ ᠪᠦᠭᠡᠳ ᠡᠯ᠎ᠠ ᠬᠦᠷᠢᠶ᠎ᠠ ᠴᠠᠷᠠᠭ᠎ᠠ ᠵᠢᠨ ᠬᠠᠮᠳᠤᠷᠠᠯᠴᠠᠭ᠋ᠠᠨ᠎ᠳᠤ ᠠ᠋ᠯᠪᠡᠭ ᠠᠮᠵᠢᠯᠳᠠ ᠤᠯᠵᠤ᠂ 《ᠨᠢᠭᠡ ᠪᠦᠰᠡ ᠨᠢᠭᠡ ᠵᠠᠮ》᠎ᠤᠨ ᠪᠤᠷᠤ ᠳᠦᠯᠦᠪ᠎ᠲᠠᠬᠢ ᠬᠠᠮᠳᠤᠷᠠᠯᠴᠠᠭ᠎ᠠ ᠴᠢᠨᠠᠭᠰᠢᠯᠠᠨ ᠭᠤᠷᠪᠠᠳᠤᠭ᠋ᠠᠷ ᠳᠠᠯ᠎ᠠ ᠵᠢ ᠪᠠᠭᠳᠠᠭ᠋ᠠᠭᠰᠠᠨ ᠬᠠᠮᠳᠤᠷᠠᠯᠴᠠᠭ᠎ᠠ ᠴᠦᠮ ᠤᠷᠤᠭᠰᠢᠳᠠᠢ ᠠᠬᠢᠪᠠ᠃ ᠬᠤᠶᠠᠷ ᠳᠠᠯ᠎ᠠ᠎ᠪᠠᠷ ᠵᠶ᠋ᠡᠨ ᠰᠢᠨ᠎ᠠ ᠰᠡᠳᠬᠢᠴᠡ᠂ ᠰᠢᠨ᠎ᠠ ᠠᠷᠭ᠎ᠠ ᠵᠢ ᠢᠳᠡᠪᠬᠢᠳᠡᠢ ᠰᠦᠪᠡᠭᠴᠢᠯᠠᠨ᠂ ᠬᠤᠶᠠᠷ ᠳᠠᠯ᠎ᠠ᠎ᠳᠤ ᠠᠰᠢᠭ᠎ᠲᠠᠢ ᠬᠠᠮᠳᠤᠷᠠᠯᠴᠠᠭ᠎ᠠ ᠵᠢ ᠤᠯᠠᠮ ᠵᠶ᠋ᠡᠷ ᠦᠷᠭᠡᠳᠭᠡᠨ ᠬᠦᠨᠵᠡᠭᠡᠢ᠌ᠷᠡᠬᠦᠯᠪᠡ᠃ ᠬᠤᠶᠠᠷ ᠳᠠᠯ᠎ᠠ ᠵᠢᠨ ᠠᠷᠠᠯᠵᠢᠶᠠᠨ᠎ᠤ ᠵᠦᠪᠳᠡᠯᠴᠡᠭᠡ ᠵᠢ ᠳᠦᠷᠭᠡᠳᠭᠡᠨ ᠳᠡᠰ ᠳᠡᠪᠰᠢᠬᠦᠯᠬᠦ ᠵᠢ ᠬᠦᠰᠡᠵᠤ ᠪᠠᠢ᠌ᠨ᠎ᠠ᠃ ᠦᠩᠭᠡᠷᠡᠭᠰᠡᠨ ᠭᠤᠷᠪᠠᠨ ᠵᠢᠯ᠎ᠳᠤ ᠰᠢᠩᠭ᠋ᠠᠫᠤᠷ ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ — ᠳᠤᠮᠳᠠᠳᠤ ᠤᠯᠤᠰ᠎ᠤᠨ ᠬᠠᠷᠢᠴᠠᠭ᠎ᠠ ᠵᠢ ᠵᠤᠬᠢᠴᠠᠭᠤᠯᠬᠤ ᠤᠯᠤᠰ ᠪᠤᠯᠤᠭᠰᠠᠨ᠎ᠤ ᠬᠤᠪᠢ᠎ᠳᠤ ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ — ᠳᠤᠮᠳᠠᠳᠤ ᠤᠯᠤᠰ᠎ᠤᠨ ᠬᠠᠷᠢᠴᠠᠭ᠎ᠠ ᠵᠢ ᠢᠳᠡᠪᠬᠢᠳᠡᠢ ᠠᠬᠢᠭᠤᠯᠪᠠ᠃ ᠰᠢᠩᠭ᠋ᠠᠫᠤᠷ᠎ᠤᠨ᠎ᠬᠢᠨ ᠳᠤᠷᠠᠳᠠᠶ᠎ᠠ ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ — ᠳᠤᠮᠳᠠᠳᠤ ᠤᠯᠤᠰ᠎ᠤᠨ ᠬᠠᠷᠢᠴᠠᠭ᠎ᠠ ᠵᠢ ᠠᠬᠢᠭᠤᠯᠬᠤ᠎ᠳᠤ ᠦᠷᠬᠦᠯᠵᠢᠯᠡᠨ ᠢᠳᠡᠪᠬᠢᠳᠡᠢ ᠦᠢ᠍ᠯᠡᠳᠤᠯ ᠦᠵᠠᠬᠦᠯᠦᠨ᠎ᠠ ᠭᠡᠵᠤ ᠢᠯᠡᠷᠭᠡᠢ᠌ᠯᠡᠪᠡ᠃
      ᠸᠠᠩ ᠢ᠎ᠠᠴᠠ ᠳᠤᠮᠳᠠᠳᠤ ᠤᠯᠤᠰ᠎ᠤᠨ ᠤᠳᠤᠷᠢᠳᠬᠤ ᠬᠦᠮᠦᠨ ᠬᠠᠯᠢᠮᠠ᠎ᠳᠤ ᠳᠤᠳᠤᠨᠤ ᠮᠡᠨᠳᠤᠴᠢᠯᠠᠯ ᠬᠦᠷᠭᠡᠵᠤ ᠪᠠᠢ᠌ᠭ᠎ᠠ ᠵᠢ ᠳᠡᠮᠵᠢᠭᠤᠯᠤᠭᠰᠠᠨ ᠪᠦᠭᠡᠳ ᠳᠤᠮᠳᠠᠳᠤ ᠤᠯᠤᠰ ᠰᠢᠩᠭ᠋ᠠᠫᠤᠷ ᠪᠤᠯ ᠰᠠᠢ᠌ᠨ ᠨᠠᠢ᠌ᠵᠠ᠂ ᠰᠠᠢ᠌ᠨ ᠬᠠᠨᠢᠳᠠᠨ ᠪᠤᠯᠤᠨ᠎ᠠ᠃ ᠠ᠋ᠨᠡ ᠵᠢᠯ ᠪᠤᠯ ᠳᠤᠮᠳᠠᠳᠤ ᠤᠯᠤᠰ᠎ᠤᠨ ᠦᠭᠡᠷᠡᠴᠢᠯᠡᠯᠳᠡ ᠨᠡᠭᠡᠭᠡᠯᠳᠡ ᠬᠢᠭᠰᠡᠨ 40 ᠵᠢᠯ᠎ᠤᠨ ᠤᠢ ᠪᠤᠯᠬᠤ ᠪᠦᠭᠡᠳ ᠳ᠋ᠸᠩ ᠰᠢᠶᠤᠤ ᠫᠢᠩ ᠠᠪᠤᠭ᠋ᠠᠢ ᠰᠢᠩᠭ᠋ᠠᠪᠤᠷ᠎ᠲᠤ ᠠᠢ᠌ᠯᠴᠢᠯᠠᠭᠰᠠᠨ 40 ᠵᠢᠯ᠎ᠤᠨ ᠤᠢ ᠪᠤᠯᠤᠨ᠎ᠠ᠃ ᠰᠢᠩᠭ᠋ᠠᠫᠤᠷ ᠵᠢᠨ᠎ᠬᠢᠨ ᠠᠳᠠᠯᠢ ᠪᠤᠰᠤ ᠴᠠᠭ ᠬᠤᠭᠤᠴᠠᠭ᠋ᠠᠨ᠎ᠳᠤ ᠳᠤᠮᠳᠠᠳᠤ ᠤᠯᠤᠰ᠎ᠤᠨ ᠦᠭᠡᠷᠡᠴᠢᠯᠡᠯᠳᠡ ᠨᠡᠭᠡᠭᠡᠯᠳᠡ᠎ᠳᠤ ᠬᠤᠪᠢ ᠨᠡᠮᠡᠷᠢ ᠦᠵᠡᠬᠦᠯᠵᠤ᠂ ᠳᠤᠮᠳᠠᠳᠤ ᠰᠢᠩᠭ᠋ᠠᠫᠤᠷ᠎ᠤᠨ ᠬᠠᠷᠢᠯᠴᠠᠨ ᠠᠰᠢᠭ᠎ᠲᠠᠢ ᠬᠠᠮᠳᠤᠷᠠᠯᠴᠠᠭ᠎ᠠ᠎ᠨᠢ ᠬᠤᠶᠠᠷ ᠤᠯᠤᠰ᠎ᠤᠨ ᠠᠷᠠᠳ ᠳᠦᠮᠡᠨ᠎ᠳᠤ ᠯᠤᠳᠤ ᠶᠡᠭᠡ ᠠᠰᠢᠭ ᠬᠦᠷᠳᠡᠭᠡᠭᠰᠡᠨ ᠶᠤᠮ᠃ ᠳᠤᠮᠳᠠᠳᠤ ᠵᠢᠨ᠎ᠬᠢᠨ ᠳᠤᠷᠠᠳᠠᠶ᠎ᠠ ᠰᠢᠩᠭ᠋ᠠᠫᠤᠷ᠎ᠲᠠᠢ ᠬᠠᠮᠳᠤᠪᠠᠷ ᠳᠡᠭᠡᠳᠤ ᠳᠠᠪᠬᠤᠷᠭ᠋ᠠᠨ᠎ᠤ ᠬᠠᠷᠢᠯᠴᠠᠭ᠎ᠠ ᠶᠠᠪᠤᠯᠴᠠᠭ᠎ᠠ᠎ᠪᠠᠨ ᠨᠢᠬᠳᠠᠷᠠᠭᠤᠯᠵᠤ᠂ ᠡᠯ᠎ᠡ ᠬᠦᠷᠢᠶ᠎ᠠ ᠴᠠᠷᠠᠭ᠎ᠠ ᠵᠢᠨ ᠬᠠᠷᠢᠯᠴᠠᠨ ᠠᠰᠢᠭ᠎ᠲᠠᠢ ᠬᠠᠮᠳᠤᠷᠠᠯᠴᠠᠭ᠎ᠠ᠎ᠪᠠᠨ ᠬᠦᠨᠵᠡᠭᠡᠢ᠌ᠷᠡᠬᠦᠯᠬᠦ᠎ᠪᠠᠷ ᠴᠢᠷᠮᠠᠢ᠌ᠨ᠎ᠠ᠃ 《ᠨᠢᠭᠡ ᠪᠦᠰᠡ ᠨᠢᠭᠡ ᠵᠠᠮ》᠎ᠢ ᠬᠠᠮᠳᠤᠪᠠᠷ ᠴᠤᠭᠴᠠᠯᠠᠬᠤ᠎ᠨᠢ ᠳᠤᠮᠳᠠᠳᠤ ᠰᠢᠩᠭ᠋ᠠᠫᠤᠷ᠎ᠤᠨ ᠴᠠᠭ ᠦᠶ᠎ᠠ ᠵᠢ ᠳᠠᠭ᠋ᠠᠵᠤ ᠤᠷᠤᠭᠰᠢᠯᠠᠨ ᠪᠦᠬᠦ ᠳᠠᠯ᠎ᠠ ᠵᠢᠨ ᠬᠠᠮᠳᠤᠷᠠᠯᠴᠠᠭ᠋ᠠᠨ᠎ᠤ ᠬᠠᠨᠢᠳᠠᠨ᠎ᠤ ᠬᠠᠷᠢᠴᠠᠭ᠎ᠠ ᠵᠢ ᠠᠬᠢᠭᠤᠯᠬᠤ ᠴᠢᠬᠤᠯᠠ ᠠᠵᠠ ᠳᠤᠬᠢᠶᠠᠯ ᠪᠤᠯᠤᠨ᠎ᠠ᠃ ᠳᠤᠮᠳᠠᠳᠤ ᠵᠢᠨ᠎ᠬᠢᠨ ᠰᠢᠩᠭ᠋ᠠᠫᠤᠷ ᠬᠠᠮᠤᠭ ᠠ᠋ᠷᠳᠡ 《ᠨᠢᠭᠡ ᠪᠦᠰᠡ ᠨᠢᠭᠡ ᠵᠡᠮ》᠎ᠤᠨ ᠰᠠᠨᠠᠭ᠋ᠠᠴᠢᠯᠠᠭ᠎ᠠ ᠵᠢ ᠢᠳᠡᠪᠬᠢᠳᠡᠢ ᠳᠡᠮᠵᠢᠨ ᠴᠤᠤᠷᠢᠶᠠᠳᠤᠨ ᠳᠠᠭ᠋ᠠᠭᠰᠠᠨ᠎ᠢ ᠮᠠᠬᠳᠠᠨ ᠰᠠᠢ᠌ᠰᠢᠶᠠᠵᠤ ᠪᠠᠢ᠌ᠨ᠎ᠠ᠃ ᠳᠤᠮᠳᠠᠳᠤ ᠵᠢᠨ᠎ᠬᠢᠨ ᠰᠢᠩᠭ᠋ᠠᠫᠤᠷ᠎ᠤᠨ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ ᠬᠠᠷᠢᠴᠠᠭ᠎ᠠ ᠵᠢ ᠵᠤᠬᠢᠴᠠᠭᠤᠯᠬᠤ ᠤᠯᠤᠰ ᠪᠤᠯᠤᠭᠰᠠᠨ ᠬᠤᠭᠤᠴᠠᠭ᠋ᠠᠨ᠎ᠳᠤ ᠬᠤᠶᠠᠷ ᠳᠠᠯ᠎ᠠ ᠵᠢᠨ ᠬᠠᠷᠢᠴᠠᠭ᠎ᠠ ᠵᠢᠨ ᠬᠦᠭᠵᠢᠯᠳᠡ᠎ᠳᠤ ᠢᠳᠡᠪᠬᠢᠳᠡᠢ ᠴᠢᠷᠮᠠᠢ᠌ᠯᠭ᠎ᠠ ᠭᠠᠷᠭ᠋ᠠᠭᠰᠠᠨ ᠪᠠ ᠬᠤᠪᠢ ᠨᠡᠮᠡᠷᠢ ᠦᠵᠡᠬᠦᠯᠦᠭᠰᠡᠨ᠎ᠳᠤ ᠳᠠᠯᠠᠷᠬᠠᠵᠤ ᠪᠠᠢ᠌ᠨ᠎ᠠ᠂ ᠰᠢᠩᠭ᠋ᠠᠫᠤᠷ᠎ᠤᠨ᠎ᠬᠢᠨ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ ᠬᠠᠷᠢᠴᠠᠭ᠎ᠠ ᠵᠢᠨ ᠬᠦᠭᠵᠢᠯᠳᠡ ᠵᠢ ᠠᠬᠢᠭᠤᠯᠬᠤ᠎ᠳᠤ ᠦᠷᠬᠦᠯᠵᠢᠯᠡᠨ ᠦᠢ᠍ᠯᠡᠳᠤᠯ ᠦᠵᠡᠬᠦᠯᠬᠦ ᠵᠢ ᠬᠦᠰᠡᠵᠤ ᠪᠠᠢ᠌ᠨ᠎ᠠ ᠭᠡᠵᠤ ᠢᠯᠡᠷᠭᠡᠢ᠌ᠯᠡᠪᠡ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠸᠠᠩ ᠢ᠄ ᠰᠤᠯᠤᠩᠭᠤᠰ ᠬᠤᠢ᠌ᠭ᠎ᠤᠨ ᠳᠠᠢ᠌ᠨ᠎ᠢ ᠡᠴᠦᠰᠯᠡᠬᠦᠯᠬᠦ ᠢᠯᠡᠷᠭᠡᠢ᠌ᠯᠡᠯ᠎ᠨᠢ ᠴᠠᠭ ᠦᠶ᠎ᠠ ᠵᠢᠨ ᠳᠠᠪᠰᠢᠯᠳᠠ ᠵᠢᠨ ᠬᠦᠭ ᠠᠶᠠᠰ᠎ᠲᠤ ᠳᠤᠬᠢᠷᠠᠨ᠎ᠠ
ᠸᠠᠩ ᠢ᠄ ᠳᠤᠮᠳᠠᠳᠤ ᠤᠯᠤᠰ ᠭᠠᠳᠠᠭ᠋ᠠᠳᠤ ᠶᠠᠪᠤᠳᠠᠯ᠎ᠤᠨ ᠠᠰᠠᠭᠤᠳᠠᠯ᠎ᠢ ᠰᠢᠢ᠍ᠳᠪᠤᠷᠢᠯᠡᠬᠦ᠎ᠳᠤ᠎ᠪᠠᠨ ᠵᠠᠷᠴᠢᠮ᠎ᠢ ᠪᠠᠷᠢᠮᠳᠠᠯᠠᠬᠤ᠎ᠠᠴᠠ ᠪᠢᠰᠢ ᠠᠷᠠᠯᠵᠢᠶ᠎ᠠ ᠬᠢᠬᠦ ᠦᠭᠡᠢ ᠭᠡᠪᠡ
ᠸᠠᠩ ᠢ᠄ 《ᠠ᠋ᠮᠤᠨᠡᠳᠤ ᠳᠠᠯᠠᠢ ᠵᠢᠨ ᠠᠵᠢᠯᠯᠠᠭ᠋ᠠᠨ᠎ᠤ ᠳᠦᠷᠢᠮ》᠎ᠤᠨ ᠳᠦᠰᠦᠯ᠎ᠢ ᠳᠤᠭᠳᠠᠭ᠋ᠠᠭᠰᠠᠨ᠎ᠨᠢ ᠳᠤᠮᠳᠠᠳᠤ ᠤᠯᠤᠰ ᠬᠢᠭᠡᠳ ᠵᠡᠬᠦᠨ ᠠ᠋ᠮᠤᠨᠡᠲᠤ ᠠᠽᠢᠶ᠎ᠠ ᠵᠢᠨ ᠬᠤᠯᠪᠤᠭ᠎ᠠ ᠵᠢᠨ ᠤᠯᠤᠰ᠎ᠤᠳ ᠬᠠᠮᠳᠤᠪᠠᠷ ᠵᠢᠷᠤᠮᠯᠠᠬᠤ ᠭᠠᠵᠠᠷ ᠤᠷᠤᠨ᠎ᠤ ᠳᠦᠷᠢᠮ᠎ᠢ ᠳᠤᠭᠳᠠᠭ᠋ᠠᠬᠤ ᠴᠢᠳᠠᠪᠤᠷᠢ᠎ᠲᠠᠢ ᠵᠢ ᠭᠡᠷᠡᠴᠢᠯᠠᠪᠠ
ᠸᠠᠩ ᠢ ᠤᠷᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠯᠠᠹᠦᠷᠦᠹ᠎ᠲᠠᠢ ᠠᠭᠤᠯᠵᠠᠪᠠ
ᠸᠠᠩ ᠢ᠄ ᠠᠮᠸᠷᠢᠺᠠ ᠠᠷᠠᠯᠵᠢᠶᠠᠨ᠎ᠤ ᠳᠠᠢ᠌ᠨ ᠦᠳᠦᠭᠡᠬᠦ᠎ᠨᠢ ᠦᠪᠡᠷ᠎ᠤᠨ ᠬᠤᠤᠷ ᠵᠶ᠋ᠡᠨ ᠦᠪᠡᠷ᠎ᠲᠡᠭᠡᠨ ᠠᠮᠰᠠᠬᠤ ᠶᠠᠪᠤᠳᠠᠯ ᠪᠤᠯᠤᠨ᠎ᠠ
 
            