9 ᠳ᠋ᠤᠭᠡᠷ ᠰᠠᠷ᠎ᠠ ᠵᠢᠨ 13᠎ᠤ ᠠ᠋ᠳᠤᠷ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠠᠷᠦᠩᠭᠡᠢ ᠰᠠᠢ᠌ᠳ ᠰᠦᠨ ᠴᠦᠨ ᠯᠠᠨ ᠵᠦᠩ ᠨᠠᠨ ᠬᠠᠢ᠎ᠳᠤ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠳᠡᠯᠡᠭᠡᠢ ᠵᠢᠨ ᠵᠤᠭ᠋ᠠᠴᠠᠯ᠎ᠤᠨ ᠵᠤᠬᠢᠶᠠᠨ ᠪᠠᠢ᠌ᠭᠤᠯᠤᠯᠳᠠ ᠵᠢᠨ ᠨᠠᠷᠢᠨ ᠪᠢᠴᠢᠭ᠎ᠤᠨ ᠳᠠᠷᠤᠭ᠎ᠠ ᠫᠤᠯᠤᠯᠢᠺᠠᠱᠸᠢᠯᠢ ᠨᠡᠷ᠎ᠲᠠᠢ ᠠᠭᠤᠯᠵᠠᠪᠠ᠃
ᠰᠦᠨ ᠴᠦᠨ ᠯᠠᠨ ᠫᠤᠯᠤᠯᠢᠺᠠᠱᠸᠢᠯᠢ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠳᠡᠯᠡᠭᠡᠢ ᠵᠢᠨ ᠵᠤᠭ᠋ᠠᠴᠠᠯ᠎ᠤᠨ ᠵᠤᠬᠢᠶᠠᠨ ᠪᠠᠢ᠌ᠭᠤᠯᠤᠯᠳᠠ ᠵᠢᠨ ᠨᠠᠷᠢᠨ ᠪᠢᠴᠢᠭ᠎ᠤᠨ ᠳᠠᠷᠤᠭ᠎ᠠ ᠵᠢᠨ ᠳᠤᠰᠢᠶᠠᠯ᠎ᠢ ᠬᠠᠷᠢᠭᠤᠴᠠᠬᠰᠠᠨᠤ ᠳᠠᠷᠠᠭ᠎ᠠ ᠠᠩᠬ᠎ᠠ ᠤᠳᠠᠭ᠎ᠠ ᠳᠤᠮᠳᠠᠳᠤ ᠤᠯᠤᠰ᠎ᠲᠤ ᠠᠢ᠌ᠯᠴᠢᠯᠠᠨ ᠢᠷᠡᠭᠰᠡᠨ᠎ᠢ ᠪᠠᠶᠠᠷᠯᠠᠨ ᠤᠭᠳᠤᠵᠤ ᠪᠠᠢ᠌ᠬᠤ᠎ᠪᠠᠨ ᠢᠯᠡᠷᠭᠡᠢ᠌ᠯᠡᠭᠰᠡᠨ ᠪᠦᠭᠡᠳ ᠬᠤᠶᠠᠷ ᠳᠠᠯ᠎ᠠ ᠵᠢᠨ ᠬᠠᠮᠳᠤᠷᠠᠯᠴᠠᠭ᠎ᠠ ᠬᠠᠷᠢᠴᠠᠭ᠎ᠠ ᠵᠢ ᠢᠳᠡᠪᠬᠢᠳᠡᠢ ᠦᠨᠡᠯᠡᠨ᠂ ᠳᠤᠷᠠᠳᠠᠶ᠎ᠠ ᠬᠤᠶᠠᠷ ᠳᠠᠯ᠎ᠠ᠎ᠪᠠᠷ ᠵᠶ᠋ᠡᠨ ᠳᠤᠰ ᠳᠤᠰᠤᠨ ᠬᠦᠷᠢᠶ᠎ᠠ ᠴᠠᠷᠠᠭ᠎ᠠ᠎ᠳᠤ ᠪᠤᠳᠠᠳᠠᠢ ᠵᠢ ᠠ᠋ᠷᠬᠢᠮᠯᠡᠭᠰᠡᠨ 《ᠨᠢᠭᠡ ᠪᠦᠰᠡ ᠨᠢᠭᠡ ᠵᠠᠮ》᠎ᠤᠨ ᠵᠤᠭ᠋ᠠᠴᠠᠯ᠎ᠤᠨ ᠬᠠᠮᠳᠤᠷᠠᠯᠴᠠᠭ᠎ᠠ᠎ᠪᠠᠨ ᠳᠠᠰᠤᠷᠠᠯᠳᠠ ᠦᠭᠡᠢ ᠬᠦᠨᠵᠡᠭᠡᠢ᠌ᠷᠡᠬᠦᠯᠵᠤ᠂ ᠪᠦᠬᠦ ᠪᠦᠮᠪᠦᠷᠴᠡᠭ᠎ᠤᠨ ᠵᠤᠭ᠋ᠠᠴᠠᠯ᠎ᠤᠨ ᠦᠢ᠍ᠯᠡᠰ᠎ᠤᠨ ᠦᠷᠬᠦᠯᠵᠢᠯᠡᠨ ᠬᠦᠭᠵᠢᠬᠦ ᠵᠢ ᠠᠬᠢᠠᠭᠤᠯᠤᠨ᠂ ᠬᠦᠮᠦᠨ ᠳᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢᠨ ᠪᠦᠳᠦᠭᠡᠨ ᠪᠠᠢ᠌ᠭᠤᠯᠤᠯᠳᠠ᠎ᠳᠤ ᠢᠳᠡᠪᠬᠢᠳᠡᠢ ᠬᠤᠪᠢ ᠨᠡᠮᠡᠷᠢ ᠦᠵᠡᠬᠦᠯᠦᠨ᠎ᠡ ᠭᠡᠵᠤ ᠢᠯᠡᠷᠭᠡᠢ᠌ᠯᠡᠵᠡᠢ᠃
ᠫᠤᠯᠤᠯᠢᠺᠠᠱᠸᠢᠯᠢ ᠳᠤᠮᠳᠠᠳᠤ ᠤᠯᠤᠰ᠎ᠤᠨ ᠵᠤᠭ᠋ᠠᠴᠠᠯ᠎ᠤᠨ ᠦᠢ᠍ᠯᠡᠰ᠎ᠤᠨ ᠬᠦᠭᠵᠢᠯᠳᠡ ᠵᠢᠨ ᠠᠮᠵᠢᠯᠳᠠ ᠪᠦᠳᠦᠮᠵᠢ ᠵᠢ ᠳᠡᠭᠡᠳᠤ ᠭᠡᠮᠵᠢᠶ᠎ᠡ᠎ᠪᠠᠷ ᠦᠨᠡᠯᠡᠭᠰᠡᠨ ᠪᠦᠭᠡᠳ ᠳᠤᠮᠳᠠᠳᠤ ᠵᠢᠨ᠎ᠬᠢᠨ᠎ᠲᠠᠢ ᠤᠯᠤᠯᠴᠠᠭ᠎ᠠ ᠬᠠᠮᠳᠤᠷᠠᠯᠴᠠᠭ᠎ᠠ᠎ᠪᠠᠨ ᠴᠢᠩᠭ᠋ᠠᠳᠬᠠᠨ᠂ ᠳᠤᠮᠳᠠᠳᠤ ᠤᠯᠤᠰ᠎ᠲᠠᠢ ᠬᠠᠮᠳᠤ᠎ᠪᠠᠷ ᠪᠦᠬᠦ ᠪᠦᠮᠪᠦᠷᠴᠡᠭ᠎ᠤᠨ ᠵᠤᠭ᠋ᠠᠴᠠᠯ᠎ᠤᠨ ᠦᠢ᠍ᠯᠡᠰ᠎ᠢ ᠰᠢᠨ᠎ᠠ ᠳᠡᠭᠳᠡᠷ᠎ᠲᠤ ᠠᠬᠢᠭᠤᠯᠤᠨ᠎ᠠ ᠭᠡᠵᠤ ᠢᠯᠡᠷᠭᠡᠢ᠌ᠯᠡᠪᠡ᠃