8 ᠳ᠋ᠤᠭ᠋ᠠᠷ ᠰᠠᠷ᠎ᠠ ᠵᠢᠨ 21᠎ᠤ ᠠ᠋ᠳᠤᠷ᠂ ᠢᠨᠳᠦᠨ᠋ᠸᠰᠢᠶ᠎ᠠ ᠵᠢᠨ ᠶᠡᠷᠦᠩᠭᠡᠢ ᠰᠠᠢ᠌ᠳ ᠮᠦᠳᠢ ᠰᠢᠨ᠎ᠠ ᠳ᠋ᠸᠯᠢ᠎ᠳᠤ ᠳᠤᠮᠳᠠᠳᠤ ᠤᠯᠤᠰ᠎ᠤᠨ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠤᠯᠤᠰ᠎ᠤᠨ ᠪᠠᠳᠤᠯᠠᠨ ᠬᠠᠮᠠᠭ᠋ᠠᠯᠠᠯᠳᠠ ᠵᠢᠨ ᠶᠠᠮᠤᠨ᠎ᠤ ᠰᠠᠢ᠌ᠳ ᠸᠸᠢ ᠹᠸᠩ ᠠ᠋ᠾᠸ᠎ᠲᠠᠢ ᠠᠭᠤᠯᠵᠠᠵᠠᠢ᠃
ᠸᠸᠢ ᠹᠸᠩ ᠠ᠋ᠾᠸ ᠤᠷᠢᠳᠠᠪᠠᠷ ᠳᠡᠷᠢᠬᠦᠯᠡᠭᠴᠢ ᠰᠢ ᠵᠢᠨ ᠫᠢᠩ᠂ ᠶᠡᠷᠦᠩᠭᠡᠢ ᠰᠠᠢ᠌ᠳ ᠯᠢ ᠺᠸ ᠴᠢᠶᠠᠩ᠎ᠠᠴᠠ ᠢᠨᠳᠦᠨ᠋ᠸᠰᠢᠶ᠎ᠠ ᠵᠢᠨ ᠶᠡᠷᠦᠩᠭᠡᠢ ᠰᠠᠢ᠌ᠳ ᠮᠦᠳᠢ᠎ᠳᠤ ᠳᠤᠳᠤᠨᠤ ᠮᠡᠨᠳᠤᠴᠢᠯᠠᠯ ᠬᠦᠷᠭᠡᠵᠤ ᠠ᠋ᠷᠬᠢᠮ ᠰᠠᠢ᠌ᠨ ᠢᠷᠦᠭᠡᠯ ᠳᠡᠪᠰᠢᠬᠦᠯᠵᠤ ᠪᠠᠢ᠌ᠭ᠎ᠠ ᠵᠢ ᠳᠠᠮᠵᠢᠭᠤᠯᠪᠠ᠃ ᠮᠦᠳᠢ ᠳᠠᠯᠠᠷᠬᠠᠵᠤ ᠪᠠᠢ᠌ᠬᠤ᠎ᠪᠠᠨ ᠢᠯᠡᠳᠭᠡᠬᠦ ᠵᠢᠨ ᠬᠠᠮᠳᠤ ᠳᠡᠷᠢᠬᠦᠯᠡᠭᠴᠢ ᠰᠢ ᠵᠢᠨ ᠫᠢᠩ ᠪᠤᠯᠤᠨ ᠶᠡᠷᠦᠩᠭᠡᠢ ᠰᠠᠢ᠌ᠳ ᠯᠢ ᠺᠸ ᠴᠢᠶᠠᠩ᠎ᠳᠤ ᠴᠢᠩ ᠰᠡᠳᠬᠢᠯ᠎ᠤᠨ ᠮᠡᠨᠳᠤᠴᠢᠯᠠᠯ ᠬᠦᠷᠭᠡᠵᠤ ᠪᠠᠢ᠌ᠬᠤ᠎ᠪᠠᠨ ᠳᠠᠮᠵᠢᠭᠤᠯᠵᠠᠢ᠃
ᠸᠸᠢ ᠹᠸᠩ ᠠ᠋ᠾᠸ᠂ ᠳᠤᠮᠳᠠᠳᠤ ᠢᠨᠳᠦᠨ᠋ᠸᠰᠢᠶ᠎ᠠ ᠵᠢᠨ ᠨᠦᠬᠦᠷᠯᠡᠯ ᠦᠨᠢ ᠤᠳᠠᠭ᠋ᠠᠨ ᠤᠯᠠᠮᠵᠢᠯᠠᠯ᠎ᠲᠠᠢ᠃ ᠳᠡᠷᠢᠬᠦᠯᠡᠭᠴᠢ ᠰᠢ ᠵᠢᠨ ᠫᠢᠩ ᠪᠤᠯᠤᠨ ᠮᠦᠳᠢ ᠶᠡᠷᠦᠩᠭᠡᠢ ᠰᠠᠢ᠌ᠳ᠎ᠤᠨ ᠳᠠᠭ᠋ᠠᠭᠤᠯᠤᠯ ᠳᠤᠤᠷ᠎ᠠ᠂ ᠨᠦᠬᠦᠷᠰᠡᠭ ᠵᠶ᠋ᠡᠷ ᠬᠠᠷᠢᠯᠴᠠᠬᠤ᠂ ᠬᠠᠮᠳᠤᠷᠠᠯᠴᠠᠵᠤ ᠬᠠᠮᠳᠤ᠎ᠪᠠᠷ ᠠᠰᠢᠭ ᠤᠯᠬᠤ᠎ᠨᠢ ᠬᠤᠶᠠᠷ ᠤᠯᠤᠰ᠂ ᠬᠤᠶᠠᠷ ᠤᠯᠤᠰ᠎ᠤᠨ ᠴᠡᠷᠢᠭ᠎ᠤᠨ ᠬᠠᠷᠢᠴᠠᠭ᠋ᠠᠨ᠎ᠤ ᠭᠤᠤᠯ ᠤᠷᠤᠰᠬᠠᠯ ᠪᠤᠯᠤᠭᠰᠠᠨ ᠪᠠᠢ᠌ᠨ᠎ᠠ᠃ ᠠ᠋ᠨᠡ ᠤᠳᠠᠭ᠋ᠠᠨ᠎ᠤ ᠠᠢ᠌ᠯᠴᠢᠯᠠᠯᠳᠠᠳᠤᠪᠠᠨ ᠬᠤᠶᠠᠷ ᠤᠯᠤᠰ᠎ᠤᠨ ᠤᠳᠤᠷᠢᠳᠬᠤ ᠬᠦᠮᠦᠨ᠎ᠤ ᠬᠠᠮᠳᠤ ᠵᠢᠨ ᠳᠠᠨᠢᠯᠳᠠ ᠵᠢ ᠤᠯᠠᠮ ᠵᠶ᠋ᠡᠷ ᠨᠠᠢ᠌ᠳᠠᠪᠤᠷᠢᠵᠢᠭᠤᠯᠵᠤ᠂ ᠬᠤᠶᠠᠷ ᠳᠠᠯ᠎ᠠ ᠵᠢᠨ ᠴᠡᠷᠢᠭ᠎ᠤᠨ ᠶᠠᠪᠤᠳᠠᠯ᠎ᠤᠨ ᠠᠮᠤᠷ ᠳᠦᠪᠰᠢᠨ᠎ᠤ ᠬᠦᠷᠢᠶ᠎ᠠ ᠴᠠᠷᠠᠭ᠎ᠠ ᠵᠢᠨ ᠬᠠᠮᠳᠤᠷᠠᠯᠴᠠᠭ᠎ᠠ ᠰᠤᠯᠢᠯᠴᠠᠭ᠎ᠠ᠎ᠪᠠᠨ ᠬᠦᠨᠵᠡᠭᠡᠢ᠌ᠷᠡᠬᠦᠯᠦᠨ᠂ ᠬᠠᠷᠢᠯᠴᠠᠨ ᠢᠳᠡᠭᠡᠬᠦ ᠳᠤᠭᠳᠠᠴᠠ ᠵᠢᠨ ᠪᠠᠢ᠌ᠭᠤᠯᠤᠯᠳᠠ ᠵᠢ ᠴᠢᠩᠭ᠋ᠠᠳᠬᠠᠵᠤ᠂ ᠬᠤᠶᠠᠷ ᠤᠯᠤᠰ᠎ᠤᠨ ᠴᠡᠷᠢᠭ᠎ᠤᠨ ᠬᠠᠷᠢᠴᠠᠭ᠋ᠠᠨ᠎ᠤ ᠰᠢᠨ᠎ᠠ ᠬᠦᠭᠵᠢᠯᠳᠡ ᠵᠢ ᠠᠬᠢᠭᠤᠯᠤᠨ᠂ ᠬᠢᠯᠢ ᠬᠢᠵᠠᠭ᠋ᠠᠷ ᠤᠷᠤᠨ᠎ᠤ ᠠᠮᠤᠷ ᠳᠠᠢ᠌ᠪᠤᠩᠢ ᠴᠢᠷᠮᠠᠢ᠌ᠨ ᠬᠠᠮᠠᠭ᠋ᠠᠯᠠᠵᠤ᠂ ᠨᠡᠩ ᠨᠢᠭ᠍ᠳᠡ ᠬᠦᠭᠵᠢᠯᠳᠡ ᠵᠢᠨ ᠬᠠᠨᠢᠳᠠᠨ᠎ᠤ ᠬᠠᠷᠢᠴᠠᠭ᠎ᠠ ᠪᠠᠢ᠌ᠭᠤᠯᠬᠤ᠎ᠳᠤ ᠢᠳᠡᠪᠬᠢᠳᠡᠢ ᠬᠤᠪᠢ ᠨᠡᠮᠡᠷᠢ ᠦᠵᠡᠬᠦᠯᠦᠨ᠎ᠡ ᠭᠡᠵᠤ ᠭᠡᠯᠡᠪᠡ᠃
ᠮᠦᠳᠢ᠂ ᠣᠢ᠌ᠷ᠎ᠡ ᠵᠢᠨ ᠵᠢᠯ ᠪᠢ ᠳᠡᠷᠢᠬᠦᠯᠡᠭᠴᠢ ᠰᠢ ᠵᠢᠨ ᠫᠢᠩ᠎ᠲᠠᠢ ᠤᠯᠠᠨᠳᠠ ᠠᠭᠤᠯᠵᠠᠵᠤ᠂ ᠰᠠᠢ᠌ᠨ ᠬᠠᠷᠢᠴᠠᠭ᠎ᠠ ᠪᠠᠢ᠌ᠭᠤᠯᠤᠭᠰᠠᠨ ᠶᠤᠮ᠃ ᠢᠨᠳᠦᠨ᠋ᠸᠰᠢᠶ᠎ᠠ ᠪᠤᠯᠤᠨ ᠳᠤᠮᠳᠠᠳᠤ᠎ᠤᠨ ᠨᠦᠬᠦᠷᠯᠡᠯ ᠮᠢᠩᠭ᠎ᠠ ᠭᠠᠷᠤᠢ ᠵᠢᠯ᠎ᠤᠨ ᠳᠡᠤᠭᠡ᠎ᠲᠠᠢ ᠪᠢᠯᠡ᠃ ᠬᠤᠶᠠᠷ ᠤᠯᠤᠰ ᠦᠷᠭᠡᠨ ᠭᠡᠪᠴᠢᠶᠠᠨ᠎ᠤ ᠬᠠᠮᠳᠤ ᠵᠢᠨ ᠠᠰᠢᠭ ᠳᠤᠰᠠ᠎ᠲᠠᠢ ᠪᠤᠯᠬᠤᠷ ᠭᠠᠷ ᠬᠤᠯᠪᠤᠨ ᠴᠢᠷᠮᠠᠢ᠌ᠵᠤ᠂ ᠬᠠᠷᠢᠯᠴᠠᠨ ᠳᠡᠮᠵᠢᠵᠤ᠂ ᠬᠠᠷᠢᠯᠴᠠᠨ ᠠᠰᠢᠭᠳᠠᠢ ᠬᠠᠮᠳᠤ᠎ᠪᠠᠷ ᠠᠰᠢᠭ ᠤᠯᠤᠨ᠂ ᠬᠤᠶᠠᠷ ᠤᠯᠤᠰ᠎ᠤᠨ ᠴᠡᠷᠢᠭ᠎ᠤᠨ ᠰᠤᠯᠢᠯᠴᠠᠭ᠎ᠠ ᠶᠠᠪᠤᠯᠴᠠᠭ᠎ᠠ ᠵᠢ ᠴᠢᠩᠭ᠋ᠠᠳᠬᠠᠵᠤ᠂ ᠬᠢᠯᠢ ᠬᠢᠵᠠᠭ᠋ᠠᠷ ᠤᠷᠤᠨ᠎ᠤ ᠠᠮᠤᠷ ᠳᠤᠭᠳᠠᠭᠤᠨ᠎ᠢ ᠬᠠᠮᠳᠤ᠎ᠪᠠᠷ ᠬᠠᠮᠠᠭ᠋ᠠᠯᠠᠨ᠎ᠠ ᠭᠡᠵᠤ ᠢᠯᠡᠷᠭᠡᠢ᠌ᠯᠡᠪᠡ᠃
ᠸᠸᠢ ᠹᠸᠩ ᠠ᠋ᠾᠸ ᠢᠨᠳᠦᠨ᠋ᠸᠰᠢᠶ᠎ᠠ᠎ᠳᠤ ᠠᠢ᠌ᠯᠴᠢᠯᠠᠬᠤ ᠬᠤᠭᠤᠴᠠᠭ᠋ᠠᠨ᠎ᠳᠤ᠎ᠪᠠᠨ ᠪᠠᠰᠠ ᠢᠨᠳᠦᠨ᠋ᠸᠰᠢᠶ᠎ᠠ ᠵᠢᠨ ᠤᠯᠤᠰ᠎ᠤᠨ ᠪᠠᠳᠤᠯᠠᠨ ᠬᠠᠮᠠᠭ᠋ᠠᠯᠠᠯᠳᠠ ᠵᠢᠨ ᠶᠠᠮᠤᠨ᠎ᠤ ᠰᠠᠢ᠌ᠳ ᠰᠢᠲ᠋ᠠᠯᠠᠮᠠᠨᠲᠠᠢ ᠠᠭᠤᠯᠵᠠᠨ᠂ ᠬᠠᠮᠳᠤᠷᠠᠯᠴᠠᠭ᠎ᠠ᠎ᠪᠠᠨ ᠴᠢᠩᠭ᠋ᠠᠳᠬᠠᠬᠤ᠂ ᠬᠤᠶᠠᠷ ᠤᠯᠤᠰ᠎ᠤᠨ ᠴᠡᠷᠢᠭ᠎ᠤᠨ ᠬᠠᠷᠢᠴᠠᠭ᠎ᠠ ᠵᠢ ᠠᠬᠢᠭᠤᠯᠬᠤ᠂ ᠬᠢᠯᠢ ᠬᠢᠵᠠᠭ᠋ᠠᠷ ᠤᠷᠤᠨ᠎ᠤ ᠠᠮᠤᠷ ᠳᠤᠭᠳᠠᠭᠤᠨ᠎ᠢ ᠬᠠᠮᠠᠭ᠋ᠠᠠᠯᠬᠤ ᠳᠤᠬᠠᠢ ᠰᠠᠨᠠᠯ ᠵᠶ᠋ᠡᠨ ᠰᠤᠯᠢᠯᠴᠠᠵᠠᠢ᠃
ᠳᠤᠮᠳᠠᠳᠤ ᠤᠯᠤᠰ᠎ᠤᠨ ᠢᠨᠳᠦᠨ᠋ᠸᠰᠢᠶ᠎ᠠ᠎ᠳᠤ ᠰᠠᠭᠤᠭ᠎ᠠ ᠠ᠋ᠯᠴᠢᠨ ᠰᠠᠢ᠌ᠳ ᠯᠦᠸᠸ ᠵᠤᠤ ᠬᠤᠢ ᠵᠡᠷᠭᠡ ᠳᠡᠭᠡᠷᠡᠬᠢ ᠠᠵᠢᠯᠯᠠᠭ᠎ᠠ᠎ᠳᠤ ᠤᠷᠤᠯᠴᠠᠵᠠᠢ᠃