ᠳᠦᠷᠦ ᠵᠢᠨ ᠶᠠᠪᠤᠳᠠᠯ᠎ᠤᠨ ᠬᠤᠷᠢᠶᠠᠨ᠎ᠤ ᠶᠡᠷᠦᠩᠭᠡᠢ ᠰᠠᠢ᠌ᠳ ᠯᠢ ᠺᠸ ᠴᠢᠶᠠᠩ 8 ᠳ᠋ᠤᠭ᠋ᠠᠷ ᠰᠠᠷ᠎ᠠ ᠵᠢᠨ 20᠎ᠤ ᠠ᠋ᠳᠤᠷ᠎ᠤᠨ ᠦᠳᠡ ᠵᠢᠨ ᠠ᠋ᠮᠤᠨ᠎ᠠ ᠠᠷᠠᠳ᠎ᠤᠨ ᠶᠠᠭᠡ ᠬᠤᠷᠠᠯ᠎ᠤᠨ ᠳᠢᠩᠬᠢᠮ᠎ᠳᠤ ᠮᠠᠯᠠᠢ᠌ᠰᠢᠶᠡ ᠵᠢᠨ ᠶᠡᠷᠦᠩᠭᠡᠢ ᠰᠠᠢ᠌ᠳ ᠮᠠᠬᠠᠳᠢᠷ᠎ᠲᠠᠢ ᠠᠭᠤᠯᠵᠠᠭᠰᠠᠨᠤ ᠳᠠᠷᠠᠭ᠎ᠠ ᠮᠠᠬᠠᠳᠢᠷ᠎ᠲᠠᠢ ᠬᠠᠮᠳᠤ᠎ᠪᠠᠷ ᠰᠤᠷᠪᠤᠯᠵᠢᠯᠠᠭᠴᠢ᠎ᠲᠠᠢ ᠠᠭᠤᠯᠵᠠᠪᠠ᠃
ᠳᠤᠮᠳᠠᠳᠤ ᠮᠠᠯᠠᠢ᠌ᠰᠢᠶᠡ ᠵᠢᠨ ᠬᠠᠷᠢᠴᠠᠭ᠎ᠠ ᠵᠢ ᠦᠷᠬᠦᠯᠵᠢᠯᠡᠨ ᠬᠦᠭᠵᠢᠬᠦᠯᠬᠦ᠎ᠨᠢ ᠬᠤᠶᠠᠷ ᠤᠯᠤᠰ᠎ᠤᠨ ᠠᠷᠠᠳ ᠳᠦᠮᠡᠨ᠎ᠤ ᠬᠦᠰᠡᠯ ᠠ᠋ᠷᠡᠮᠡᠯᠵᠡᠯ᠎ᠳᠤ ᠨᠡᠢ᠌ᠴᠡᠬᠦ ᠪᠦᠭᠡᠳ ᠮᠦᠨᠴᠤ ᠬᠤᠶᠠᠷ ᠤᠯᠤᠰ᠎ᠤᠨ ᠵᠠᠰᠠᠭ᠎ᠤᠨ ᠤᠷᠳᠤᠨ᠎ᠤ ᠬᠠᠮᠳᠤᠪᠡᠷ ᠴᠢᠷᠮᠠᠢ᠌ᠬᠤ ᠴᠢᠭᠯᠡᠯ ᠪᠤᠯᠤᠨ᠎ᠠ ᠭᠡᠵᠤ ᠬᠤᠶᠠᠷ ᠳᠠᠯ᠎ᠠ᠎ᠪᠠᠷ ᠵᠶ᠋ᠡᠨ ᠰᠠᠨᠠᠯ ᠨᠢᠭᠡᠳᠡᠢ ᠦᠵᠡᠪᠡ᠃ ᠮᠦᠨᠴᠤ ᠳᠤᠮᠳᠠᠳᠤ ᠮᠠᠯᠠᠢ᠌ᠰᠢᠶ᠎ᠠ ᠪᠤᠯ ᠨᠦᠬᠦᠷᠰᠡᠭ ᠬᠦᠷᠰᠢ ᠵᠡᠷᠭᠡᠯᠡᠳᠡᠭᠡ᠂ ᠠᠷᠠᠯᠵᠢᠶ᠎ᠠ ᠬᠤᠳᠠᠯᠳᠤᠭ᠎ᠠ ᠪᠡᠯᠡ ᠤᠷᠤᠭᠤᠯᠤᠯᠳᠠ ᠵᠢᠨ ᠬᠠᠨᠢᠳᠠᠨ᠂ ᠠᠵᠤ ᠦᠢ᠍ᠯᠡᠰ᠎ᠤᠨ ᠬᠠᠮᠳᠤᠷᠠᠯᠴᠠᠭ᠋ᠠᠨ᠎ᠤ ᠬᠠᠨᠢᠳᠠᠨ᠂ ᠰᠢᠨ᠎ᠠ ᠵᠢ ᠠ᠋ᠬᠦᠳᠤᠨ ᠨᠡᠮᠡᠭᠳᠡᠯ᠎ᠢ ᠠᠬᠢᠭᠤᠯᠬᠤ ᠬᠠᠨᠢᠳᠠᠨ ᠪᠦᠭᠡᠳ ᠬᠠᠷᠢᠯᠴᠠᠨ ᠠᠰᠢᠭᠳᠠᠢ ᠬᠠᠮᠳᠤ᠎ᠪᠠᠷ ᠠᠰᠢᠭ ᠤᠯᠤᠨ᠂ ᠬᠤᠶᠠᠷ ᠤᠯᠤᠰ᠎ᠤᠨ ᠠᠷᠠᠳ ᠳᠦᠮᠡᠨ᠎ᠳᠤ ᠵᠤᠯ ᠵᠢᠷᠭ᠋ᠠᠯ ᠠ᠋ᠳ᠋ᠯᠡᠬᠦᠯᠬᠦ ᠵᠢ ᠰᠠᠨᠠᠯ ᠨᠢᠭᠡᠳᠡᠢ ᠵᠦᠪᠰᠢᠶᠡᠷᠡᠨ᠎ᠡ ᠭᠡᠵᠡᠢ᠃
ᠯᠢ ᠺᠸ ᠴᠢᠶᠠᠩ᠂ ᠳᠤᠮᠳᠠᠳᠤ ᠤᠯᠤᠰ᠎ᠤᠨ ᠵᠠᠰᠠᠭ᠎ᠤᠨ ᠤᠷᠳᠤᠨ᠎ᠠᠴᠠ ᠳᠤᠮᠳᠠᠳᠤ ᠮᠠᠯᠠᠢ᠌ᠰᠢᠶ᠎ᠠ ᠵᠢᠨ ᠬᠠᠷᠢᠴᠠᠭ᠎ᠠ ᠵᠢ ᠴᠢᠬᠤᠯᠠᠴᠢᠯᠠᠨ ᠦᠵᠡᠳᠡᠭ᠃ ᠪᠢᠳᠠ ᠳᠤᠮᠳᠠᠳᠤ ᠮᠠᠯᠠᠢ᠌ᠰᠢᠶ᠎ᠠ ᠵᠢᠨ ᠨᠦᠬᠦᠷᠯᠡᠯ᠎ᠢ ᠦᠷᠬᠦᠯᠵᠢᠯᠡᠨ ᠪᠠᠷᠢᠮᠳᠠᠯᠠᠵᠤ᠂ ᠬᠤᠶᠠᠷ ᠤᠯᠤᠰ᠎ᠤᠨ ᠪᠤᠳᠠᠳᠠᠢ ᠵᠢ ᠠ᠋ᠷᠭᠢᠮᠯᠡᠭᠰᠡᠨ ᠬᠠᠮᠳᠤᠷᠠᠯᠴᠠᠭ᠋ᠠᠨ᠎ᠤ ᠳᠦᠷᠦ ᠵᠢᠨ ᠪᠤᠳᠤᠯᠭ᠎ᠠ᠎ᠪᠠᠨ ᠬᠤᠪᠢᠷᠠᠭᠤᠯᠬᠤ ᠦᠭᠡᠢ᠃ ᠳᠤᠮᠳᠠᠳᠤ ᠵᠢᠨ᠎ᠬᠢᠨ ᠳᠤᠷᠠᠳᠠᠶ᠎ᠡ ᠮᠠᠯᠠᠢ᠌ᠰᠢᠶ᠎ᠠ᠎ᠲᠠᠢ ᠬᠠᠮᠳᠤ᠎ᠪᠠᠷ ᠳᠤᠮᠳᠠᠳᠤ ᠮᠠᠯᠠᠢ᠌ᠰᠢᠶ᠎ᠠ ᠵᠢᠨ ᠬᠦᠷᠰᠢ ᠵᠡᠷᠭᠡᠯᠡᠳᠡᠭᠡ ᠵᠢᠨ ᠨᠦᠬᠦᠷᠯᠡᠯ ᠵᠶ᠋ᠡᠨ ᠰᠢᠨ᠎ᠠ ᠭᠡᠮᠵᠢᠶᠡᠨ᠎ᠳᠤ ᠠᠬᠢᠭᠤᠯᠤᠨ᠂ ᠳᠤᠮᠳᠠᠳᠤ ᠮᠠᠯᠠᠢ᠌ᠰᠢᠶ᠎ᠠ ᠵᠢᠨ ᠪᠤᠳᠠᠳᠠᠢ ᠵᠢ ᠠ᠋ᠷᠭᠢᠮᠯᠡᠭᠰᠡᠨ ᠬᠠᠮᠳᠤᠷᠠᠯᠴᠠᠭ᠋ᠠᠨ᠎ᠤ ᠰᠢᠨ᠎ᠠ ᠪᠠᠢ᠌ᠳᠠᠯ᠎ᠢ ᠪᠤᠢ ᠪᠤᠯᠭ᠋ᠠᠵᠤ᠂ ᠠ᠋ᠯᠸᠺᠲᠷᠤᠨ ᠬᠤᠳᠠᠯᠳᠤᠭ᠎ᠠ᠂ ᠤᠯᠠᠮᠵᠢᠯᠠᠯᠳᠤ ᠠᠵᠤ ᠦᠢ᠍ᠯᠡᠰ᠎ᠢ ᠳᠡᠰ ᠳᠡᠪᠰᠢᠬᠦᠯᠬᠦ᠂ ᠮᠡᠷᠭᠡᠵᠢᠯ᠎ᠢ ᠰᠢᠨᠡᠴᠢᠯᠡᠬᠦ ᠵᠡᠷᠭᠡ ᠬᠦᠷᠢᠶ᠎ᠡ ᠴᠠᠷᠠᠭ᠎ᠠ᠎ᠳᠤ ᠰᠢᠨ᠎ᠠ ᠤᠷᠤᠨ ᠵᠠᠢ ᠵᠢ ᠨᠡᠭᠡᠭᠡᠨ᠂ ᠬᠤᠶᠠᠷ ᠳᠠᠯ᠎ᠠ᠎ᠪᠠᠷ ᠵᠶ᠋ᠡᠨ ᠨᠡᠭᠡᠭᠡᠯᠳᠡ᠎ᠪᠠᠨ ᠦᠷᠬᠦᠯᠵᠢᠯᠡᠨ ᠦᠷᠭᠡᠳᠭᠡᠵᠤ᠂ ᠬᠤᠶᠠᠷ ᠳᠠᠯ᠎ᠠ ᠵᠢᠨ ᠠᠷᠠᠯᠵᠢᠶ᠎ᠠ᠎ᠪᠠᠨ ᠤᠯᠠᠮ ᠳᠡᠩᠴᠡᠬᠦᠷᠢᠳᠠᠢ ᠬᠦᠭᠵᠢᠬᠦᠯᠦᠨ᠎ᠠ᠃ ᠳᠤᠮᠳᠠᠳᠤ ᠵᠢᠨ᠎ᠬᠢᠨ ᠳᠤᠷᠠᠳᠠᠶ᠎ᠡ ᠳᠤᠮᠳᠠᠳᠤ ᠤᠯᠤᠰ᠎ᠤᠨ ᠭᠡᠷᠡᠭᠯᠡᠭᠴᠢᠳ᠎ᠤᠨ ᠭᠡᠷᠡᠭᠴᠡᠭᠡ ᠱᠠᠭ᠋ᠠᠷᠳᠠᠯᠭ᠎ᠠ᠎ᠳᠤ ᠳᠤᠬᠢᠷᠠᠭᠰᠠᠨ ᠮᠠᠯᠠᠢ᠌ᠰᠢᠶᠡ ᠵᠢᠨ ᠰᠢᠯᠢᠳᠡᠭ ᠤᠨᠴᠠᠯᠢᠭᠳᠤ ᠪᠦᠳᠦᠭᠡᠭᠳᠡᠬᠦᠨ᠎ᠢ ᠤᠷᠤᠭᠤᠯᠤᠨ ᠠᠪᠴᠢᠷᠠᠬᠤ᠎ᠪᠠᠨ ᠶᠡᠭᠡᠰᠭᠡᠨ᠎ᠡ ᠭᠡᠵᠤ ᠵᠢᠭ᠋ᠠᠵᠤ ᠭᠠᠷᠭ᠋ᠠᠪᠠ᠃
ᠯᠢ ᠺᠸ ᠴᠢᠶᠠᠩ᠂ ᠳᠤᠮᠳᠠᠳᠤ ᠮᠠᠯᠠᠢ᠌ᠰᠢᠶᠡ ᠵᠢᠨ ᠬᠠᠷᠢᠴᠠᠭ᠋ᠠᠨ᠎ᠤ ᠴᠢᠬᠤᠯᠠ ᠴᠢᠨᠠᠷ᠎ᠨᠢ ᠨᠢᠭᠡᠨᠳᠡ ᠬᠤᠶᠠᠷ ᠳᠠᠯ᠎ᠠ ᠵᠢᠨ ᠠᠢᠠᠴᠠ ᠳᠠᠪᠠᠭᠰᠠᠨ ᠪᠠᠢ᠌ᠨ᠎ᠠ᠃ ᠤᠳᠤᠬᠠᠨ᠎ᠤ ᠳᠡᠯᠡᠭᠡᠢ ᠵᠢᠨ ᠪᠠᠢ᠌ᠳᠠᠯ ᠳᠤᠤᠷ᠎ᠠ᠂ ᠬᠤᠶᠠᠷ ᠳᠠᠯ᠎ᠠ᠎ᠪᠠᠷ ᠵᠶ᠋ᠡᠨ ᠬᠠᠮᠳᠤ᠎ᠪᠠᠷ ᠴᠢᠯᠦᠭᠡᠳᠤ ᠠᠷᠠᠯᠵᠢᠶ᠎ᠠ ᠵᠢ ᠬᠠᠮᠠᠭ᠋ᠠᠯᠠᠨ᠂ ᠠᠷᠠᠯᠵᠢᠶᠠᠨ᠎ᠤ ᠬᠠᠮᠠᠭ᠋ᠠᠯᠠᠬᠤ ᠦᠵᠡᠯ᠎ᠢ ᠠ᠋ᠰᠡᠷᠬᠦᠴᠡᠵᠤ᠂ ᠠᠵᠤ ᠠᠬᠤᠢ ᠵᠢ ᠳᠡᠯᠡᠭᠡᠢ᠌ᠵᠢᠬᠦᠯᠦᠨ ᠠ᠋ᠷᠡᠬᠦᠯ ᠵᠶ᠋ᠡᠷ ᠤᠷᠤᠭᠰᠢ ᠬᠦᠭᠵᠢᠬᠦᠯᠬᠦ ᠵᠢ ᠰᠠᠨᠠᠯ ᠨᠢᠭᠡᠳᠡᠢ ᠵᠦᠪᠰᠢᠶᠡᠷᠡᠪᠡ᠃ ᠬᠤᠶᠠᠷ ᠳᠠᠯ᠎ᠠ᠎ᠪᠠᠷ ᠵᠶ᠋ᠡᠨ ᠳᠤᠷᠤᠨᠠᠳᠤ ᠠᠽᠢᠶ᠎ᠠ ᠵᠢᠨ ᠬᠠᠮᠳᠤ ᠵᠢᠨ ᠴᠤᠭᠴᠠ ᠵᠢᠨ ᠪᠦᠳᠦᠭᠡᠨ ᠪᠠᠢ᠌ᠭᠤᠯᠤᠯᠳᠠ᠂ ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ ᠬᠠᠮᠳᠤᠷᠠᠯᠴᠠᠭ᠋ᠠᠨ᠎ᠤ ᠭᠤᠤᠯ ᠭᠠᠵᠠᠷ ᠤᠷᠤᠨ᠎ᠢ ᠳᠡᠮᠵᠢᠵᠤ᠂ ᠳᠤᠮᠳᠠᠳᠤ ᠮᠠᠯᠠᠢ᠌ᠰᠢᠶ᠎ᠠ ᠵᠢᠨ ᠨᠦᠬᠦᠷᠰᠡᠭ ᠬᠠᠷᠢᠴᠠᠭ᠎ᠠ᠎ᠪᠠᠨ ᠤᠷᠳᠤ ᠬᠤᠭᠤᠴᠠᠭ᠎ᠠ᠎ᠪᠠᠷ ᠪᠠᠷᠢᠮᠳᠠᠯᠠᠨ᠂ ᠭᠠᠵᠠᠷ ᠤᠷᠤᠨ᠎ᠤ ᠠᠮᠤᠷ ᠳᠠᠢ᠌ᠪᠤᠩ ᠪᠤᠯᠤᠨ ᠳᠤᠭᠳᠠᠭᠤᠨ ᠬᠦᠭᠵᠢᠯᠳᠡ ᠵᠢ ᠬᠠᠮᠠᠭ᠋ᠠᠯᠠᠬᠤ ᠳᠤᠬᠠᠢ ᠮᠡᠳᠡᠭᠡ ᠵᠠᠩᠬᠢ ᠵᠢ ᠭᠠᠵᠠᠷ ᠤᠷᠤᠨ ᠪᠤᠯᠤᠨ ᠳᠡᠯᠡᠭᠡᠢ᠎ᠳᠤ ᠮᠡᠳᠡᠭᠳᠡᠵᠤ ᠪᠠᠢ᠌ᠨ᠎ᠠ ᠭᠡᠵᠤ ᠵᠢᠭ᠋ᠠᠵᠤ ᠭᠠᠷᠭ᠋ᠠᠪᠠ᠃
ᠮᠠᠬᠠᠳᠢᠷ᠂ ᠳᠤᠮᠳᠠᠳᠤ ᠤᠯᠤᠰ ᠪᠤᠯ ᠮᠠᠯᠠᠢ᠌ᠰᠢᠶ᠎ᠠ ᠵᠢᠨ ᠴᠢᠬᠤᠯᠠ ᠬᠠᠨᠢᠳᠠᠨ᠂ ᠮᠠᠯᠠᠢ᠌ᠰᠢᠶ᠎ᠠ ᠳᠤᠮᠳᠠᠳᠤ ᠵᠢᠨ ᠬᠠᠷᠢᠴᠠᠭ᠎ᠠ ᠪᠤᠯᠤᠨ ᠬᠠᠮᠳᠤᠷᠠᠯᠴᠠᠭ᠎ᠠ᠎ᠨᠢ ᠬᠤᠶᠠᠷ ᠳᠠᠯᠠᠳᠤ ᠠᠰᠢᠭ ᠤᠯᠭᠤᠬᠤ ᠶᠤᠮ᠃ ᠳᠤᠮᠳᠠᠳᠤ ᠤᠯᠤᠰ ᠦᠢ᠍ᠯᠡᠰ ᠪᠤᠰᠬᠠᠬᠤ ᠰᠢᠨ᠎ᠠ ᠵᠢ ᠠ᠋ᠬᠦᠳᠬᠦ ᠳᠡᠯ᠎ᠡ᠎ᠪᠠᠷ ᠮᠠᠰᠢ ᠳᠦᠷᠭᠡᠨ ᠬᠦᠭᠵᠢᠯᠳᠡ᠎ᠲᠠᠢ ᠪᠤᠯᠵᠠᠢ᠃ ᠮᠠᠯᠠᠢ᠌ᠰᠢᠶ᠎ᠠ ᠵᠢᠨ᠎ᠬᠢᠨ ᠳᠤᠮᠳᠠᠳᠤ ᠤᠯᠤᠰ᠎ᠠᠴᠠ ᠰᠤᠷᠤᠯᠴᠠᠬᠤ ᠵᠢᠨ ᠬᠠᠮᠳᠤ ᠬᠤᠶᠠᠷ ᠳᠠᠯ᠎ᠠ ᠵᠢᠨ ᠠ᠋ᠯᠸᠺᠲᠷᠤᠨ ᠬᠤᠳᠠᠯᠳᠤᠭ᠎ᠠ᠂ ᠰᠢᠨ᠎ᠠ ᠵᠢ ᠠ᠋ᠬᠦᠳᠬᠦ ᠬᠠᠮᠳᠤᠷᠠᠯᠴᠠᠭ᠎ᠠ᠎ᠪᠠᠨ ᠤᠯᠠᠮ ᠴᠢᠩᠭ᠋ᠠᠳᠬᠠᠬᠤ ᠵᠢ ᠬᠦᠰᠡᠵᠤ ᠪᠠᠢ᠌ᠨ᠎ᠠ᠃ ᠪᠢᠳᠡ ᠬᠠᠮᠳᠤ᠎ᠪᠠᠷ ᠳᠡᠯᠡᠭᠡᠢ᠌ᠵᠢᠭᠰᠡᠨ᠂ ᠨᠡᠭᠡᠭᠡᠯᠳᠡ᠎ᠲᠠᠢ᠂ ᠴᠢᠯᠦᠭᠡᠳᠡᠢ᠂ ᠠ᠋ᠷᠭᠡ ᠳᠡᠭᠰᠢ ᠤᠯᠠᠨ ᠤᠯᠤᠰ᠎ᠤᠨ ᠠᠵᠤ ᠠᠬᠤᠢ ᠵᠢᠨ ᠳᠤᠭᠳᠠᠯᠴᠠᠭ᠎ᠠ ᠵᠢ ᠳᠡᠮᠵᠢᠨ᠎ᠡ ᠭᠡᠵᠤ ᠢᠯᠡᠷᠭᠡᠢ᠌ᠯᠡᠪᠡ᠃
ᠸᠠᠩ ᠢ᠂ ᠠ᠋ᠾᠸ ᠯᠢ ᠹᠸᠩ ᠳᠡᠭᠡᠷᠡᠬᠢ ᠠᠵᠢᠯᠯᠠᠭ᠎ᠠ᠎ᠳᠤ ᠤᠷᠤᠯᠴᠠᠵᠠᠢ᠃


