2018 ᠣᠨ᠎ᠤ 8 ᠳ᠋ᠤᠭ᠋ᠠᠷ ᠰᠠᠷ᠎ᠠ ᠵᠢᠨ 23᠎ᠤ ᠠ᠋ᠳᠤᠷ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠤᠯᠠᠭ᠋ᠠᠨᠪᠠᠭ᠋ᠠᠳᠤᠷ ᠬᠤᠳᠠ᠎ᠳᠤ ᠮᠤᠩᠭᠤᠯ ᠤᠯᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠴᠤᠭᠳᠤᠪᠠᠭ᠋ᠠᠳᠤᠷᠲᠠᠢ ᠬᠠᠮᠳᠤ᠎ᠪᠠᠷ ᠰᠤᠷᠪᠤᠯᠵᠢᠯᠠᠭᠴᠢ᠎ᠲᠠᠢ ᠠᠭᠤᠯᠵᠠᠬᠤ᠎ᠳᠤ᠎ᠪᠠᠨ ᠳᠤᠮᠳᠠᠳᠤ ᠵᠢᠨ ᠰᠠᠨᠠᠭ᠋ᠠᠴᠢᠯᠠᠭᠰᠠᠨ 《ᠨᠢᠭᠡ ᠪᠦᠰᠡ ᠨᠢᠭᠡ ᠵᠠᠮ》᠎ᠤᠨ ᠪᠦᠳᠦᠭᠡᠨ ᠪᠠᠢ᠌ᠭᠤᠯᠤᠯᠳᠠ ᠪᠤᠯ ᠳᠤᠮᠳᠠᠳᠤ ᠤᠯᠤᠰ᠎ᠠᠴᠠ ᠤᠯᠠᠨ ᠤᠯᠤᠰ᠎ᠲᠤ ᠵᠤᠷᠢᠭᠤᠯᠤᠭᠰᠠᠨ ᠤᠯᠠᠨ ᠨᠡᠢ᠌ᠳᠡ ᠵᠢᠨ ᠦᠢ᠍ᠯᠡᠳᠬᠦᠨ ᠪᠤᠯᠤᠨ᠎ᠠ᠃ ᠳᠡᠷᠡ᠎ᠨᠢ 《ᠮᠠᠷᠱᠸᠯᠤᠨ ᠳᠦᠯᠦᠪᠯᠡᠭᠡ》 ᠪᠢᠰᠢ ᠪᠦᠭᠡᠳ ᠭᠠᠵᠠᠷ ᠤᠷᠤᠨ᠎ᠤ ᠪᠠᠢ᠌ᠯᠳᠤᠬᠤ ᠪᠤᠳᠤᠯᠭ᠎ᠠ ᠵᠢᠨ ᠳᠦᠰᠦᠪ ᠪᠢᠰᠢ᠃ ᠳᠤᠮᠳᠠᠳᠤ ᠵᠢᠨ᠎ᠬᠢᠨ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ ᠵᠢ ᠳᠤᠷᠠᠳᠤᠭᠰᠠᠨ᠎ᠠᠴᠠ ᠠ᠋ᠬᠢᠯᠡᠨ ᠬᠠᠮᠳᠤ᠎ᠪᠠᠷ ᠵᠦᠪᠳᠡᠯᠴᠡᠵᠤ ᠬᠠᠮᠳᠤ᠎ᠪᠠᠷ ᠪᠦᠳᠦᠭᠡᠨ ᠪᠠᠢ᠌ᠭᠤᠯᠤᠨ ᠬᠠᠮᠳᠤ᠎ᠪᠠᠷ ᠠᠰᠢᠭ ᠬᠦᠷᠳᠡᠬᠦ ᠵᠠᠷᠴᠢᠮ᠎ᠢ ᠪᠠᠷᠢᠮᠳᠠᠯᠠᠵᠤ᠂ ᠢᠯᠡ ᠳᠤᠳᠤ ᠴᠢᠯᠦᠭᠡᠳᠡᠢ ᠪᠠᠭᠳᠠᠭ᠋ᠠᠮᠵᠢᠳᠠᠢ ᠪᠠᠢ᠌ᠬᠤ ᠵᠢ ᠠ᠋ᠷᠬᠢᠮᠯᠡᠨ᠂ ᠤᠯᠠᠨ ᠣᠯᠣᠰ᠎ᠤᠨ ᠳᠦᠷᠢᠮ ᠪᠤᠯᠤᠨ ᠡᠯ᠎ᠡ ᠤᠯᠤᠰ᠎ᠤᠨ ᠬᠠᠤᠯᠢ ᠵᠢ ᠵᠢᠷᠤᠮᠯᠠᠵᠤ᠂ ᠪᠤᠬᠢᠷᠳᠤᠯ ᠦᠭᠡᠢ ᠤᠷᠴᠢᠨ ᠳᠤᠭᠤᠷᠢᠨ᠎ᠢ ᠬᠠᠮᠠᠭ᠋ᠠᠯᠠᠬᠤ ᠵᠢ ᠪᠠᠷᠢᠮᠳᠠᠯᠠᠨ᠂ ᠴᠢᠨᠠᠷ ᠰᠠᠢ᠌ᠳᠠᠢ ᠦᠨᠳᠤᠷ ᠪᠠᠷᠢᠮᠵᠢᠶ᠎ᠠ᠎ᠪᠠᠷ ᠪᠦᠳᠦᠭᠡᠨ ᠪᠠᠢ᠌ᠭᠤᠯᠬᠤ ᠳᠡᠭᠡᠷ᠎ᠡ ᠬᠦᠴᠦ ᠳᠠᠯᠪᠢᠬᠤ ᠵᠢᠨ ᠬᠠᠮᠳᠤ ᠠ᠋ᠳ᠋᠎ᠤᠨ ᠵᠠᠰᠠᠭ᠎ᠤᠨ ᠦᠷᠬᠦᠯᠵᠢᠯᠡᠭᠰᠡᠨ ᠴᠢᠨᠠᠷ᠎ᠢ ᠴᠢᠬᠤᠯᠠᠴᠢᠯᠠᠭᠰᠠᠭ᠋ᠠᠷ ᠢᠷᠡᠪᠡ᠃ ᠠ᠋ᠳᠡᠭᠡᠷ ᠴᠢᠬᠤᠯᠠ ᠪᠠᠷᠢᠮᠳᠠᠯᠠᠯ ᠪᠤᠯᠤᠨ ᠦᠵᠡᠯᠳᠡ᠎ᠨᠢ ᠳᠤᠮᠳᠠᠳᠤ ᠵᠢᠨ ᠤᠷᠳᠤ ᠬᠤᠭᠤᠴᠠᠭ᠎ᠠ᠎ᠪᠠᠷ ᠪᠠᠷᠢᠮᠳᠠᠯᠠᠭᠰᠠᠨ ᠬᠠᠷᠢᠯᠴᠠᠨ ᠠᠰᠢᠭᠳᠠᠢ ᠬᠠᠮᠳᠤ᠎ᠪᠠᠷ ᠠᠰᠢᠭ ᠤᠯᠬᠤ ᠪᠠᠢ᠌ᠯᠳᠤᠬᠤ ᠪᠤᠳᠤᠯᠭ᠎ᠠ᠎ᠲᠠᠢ ᠴᠢᠪ ᠭᠡᠮᠡᠨ ᠨᠡᠢ᠌ᠴᠡᠵᠤ ᠪᠠᠢ᠌ᠭ᠎ᠠ ᠪᠦᠭᠡᠳ ᠡᠯ᠎ᠡ ᠤᠯᠤᠰ᠎ᠲᠠᠢ ᠬᠠᠮᠳᠤ᠎ᠪᠠᠷ ᠬᠦᠮᠦᠨ ᠳᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢ ᠪᠠᠢ᠌ᠭᠤᠯᠬᠤ ᠵᠢᠨ ᠪᠤᠳᠠᠳᠤ ᠦᠢ᠍ᠯᠡᠳᠦᠯᠭᠡ ᠪᠤᠯᠬᠤ ᠶᠤᠮ ᠭᠡᠵᠤ ᠢᠯᠡᠷᠭᠡᠢ᠌ᠯᠡᠪᠡ᠃
ᠸᠠᠩ ᠢ᠂ ᠳᠤᠮᠳᠠᠳᠤ ᠤᠯᠤᠰ᠎ᠤᠨ᠎ᠬᠢᠨ ᠬᠦᠭᠵᠢᠯᠳᠡ ᠵᠢᠨ ᠠᠵᠠ ᠳᠤᠬᠢᠶᠠᠯ ᠵᠶ᠋ᠡᠨ ᠤᠯᠠᠨ᠎ᠲᠠᠢ ᠬᠤᠪᠢᠶᠠᠯᠴᠠᠵᠤ᠂ ᠡᠯ᠎ᠡ ᠤᠯᠤᠰᠤᠨᠬᠢᠨᠢ ᠳᠤᠮᠳᠠᠳᠤ᠎ᠲᠠᠢ ᠬᠠᠮᠳᠤ᠎ᠪᠠᠷ ᠬᠦᠭᠵᠢᠨ ᠪᠠᠳᠠᠷᠠᠬᠤ ᠵᠢ ᠪᠠᠶᠠᠷᠯᠠᠨ ᠤᠭᠳᠤᠵᠤ ᠪᠠᠢ᠌ᠨ᠎ᠠ᠃ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ᠎ᠨᠢ ᠴᠠᠭ ᠦᠶ᠎ᠡ ᠵᠢᠨ ᠤᠷᠤᠰᠬᠠᠯ᠎ᠲᠠᠢ ᠨᠡᠢ᠌ᠴᠭᠰᠡᠨ ᠪᠦᠭᠡᠳ ᠠᠮᠢᠵᠢᠷᠠᠯ᠎ᠤᠨ ᠬᠦᠴᠦᠨ ᠵᠶ᠋ᠡᠷ ᠴᠢᠩᠭ᠎ᠠ ᠪᠠᠢ᠌ᠭᠰᠠᠨ᠎ᠠᠴᠠ ᠪᠦᠬᠦ ᠪᠦᠮᠪᠦᠷᠴᠡᠭ᠎ᠤᠨ ᠳᠡᠮᠵᠢᠯᠭᠡ ᠵᠢ ᠤᠯᠤᠭᠰᠠᠨ ᠶᠤᠮ ᠭᠡᠵᠤ ᠵᠢᠭ᠋ᠠᠵᠤ ᠭᠠᠷᠭ᠋ᠠᠪᠠ᠃
ᠰᠤᠷᠪᠤᠯᠵᠢᠯᠠᠭᠴᠢ ᠳᠤᠮᠳᠠᠳᠤ ᠮᠤᠩᠭᠤᠯ ᠬᠤᠶᠠᠷ ᠤᠯᠤᠰ 《ᠨᠢᠭᠡ ᠪᠦᠰᠡ ᠨᠢᠭᠡ ᠵᠠᠮ》᠎ᠤᠨ ᠪᠦᠳᠦᠭᠡᠨ ᠪᠠᠢ᠌ᠭᠤᠯᠤᠯᠳᠠ ᠵᠢ ᠭᠡᠷᠬᠢᠨ ᠠᠬᠢᠭᠤᠯᠬᠤ ᠪᠤᠢ ᠭᠡᠵᠤ ᠠᠰᠠᠭᠤᠭᠰᠠᠨ᠎ᠳᠤ᠂ ᠸᠠᠩ ᠢ᠂ ᠳᠤᠮᠳᠠᠳᠤ ᠮᠤᠩᠭᠤᠯ ᠬᠤᠶᠠᠷ ᠤᠯᠤᠰ ᠪᠤᠯ ᠠᠭᠤᠯᠠ ᠤᠰᠤ᠎ᠪᠠᠷ ᠬᠤᠯᠪᠤᠯᠳᠠᠭᠰᠠᠨ ᠬᠦᠷᠰᠢ ᠵᠡᠷᠭᠡᠯᠡᠳᠡᠭᠡ ᠤᠯᠤᠰ ᠪᠤᠯᠤᠨ᠎ᠠ᠂ ᠮᠤᠩᠭᠤᠯ ᠤᠯᠤᠰ ᠪᠤᠯ 《ᠨᠢᠭᠡ ᠪᠦᠰᠡ ᠨᠢᠭᠡ ᠵᠠᠮ》᠎ᠢ ᠬᠠᠮᠳᠤ᠎ᠪᠠᠷ ᠪᠦᠳᠦᠭᠡᠨ ᠪᠠᠢ᠌ᠭᠤᠯᠬᠤ ᠪᠠᠢ᠌ᠭ᠋ᠠᠯᠢ ᠵᠢᠨ ᠬᠠᠨᠢᠳᠠᠨ᠃ ᠮᠤᠩᠭᠤᠯ ᠤᠯᠤᠰ 《ᠨᠢᠭᠡ ᠪᠦᠰᠡ ᠨᠢᠭᠡ ᠵᠠᠮ》᠎ᠤᠨ ᠪᠦᠳᠦᠭᠡᠨ ᠪᠠᠢ᠌ᠭᠤᠯᠤᠯᠳᠠ᠎ᠳᠤ ᠤᠷᠤᠯᠴᠠᠬᠤ᠎ᠨᠢ ᠦᠪᠡᠷ᠎ᠤᠨ ᠬᠦᠭᠵᠢᠯ ᠪᠡᠳᠠᠷᠠᠯᠳᠤᠪᠠᠨ ᠵᠢᠬᠦᠷ ᠤᠷᠭᠤᠭᠤᠯᠵᠤ ᠰᠢᠨ᠎ᠠ ᠬᠦᠴᠦ ᠨᠡᠮᠡᠭᠰᠡᠨ ᠶᠠᠪᠤᠳᠠᠯ ᠪᠤᠯᠤᠨ᠎ᠠ᠃ ᠳᠤᠮᠳᠠᠳᠤ ᠮᠤᠩᠭᠤᠯ ᠬᠤᠶᠠᠷ ᠤᠯᠤᠰ ᠨᠢᠭᠡᠨᠳᠡ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ ᠪᠤᠯᠤᠨ 《ᠳᠠᠯ᠎ᠠ ᠨᠤᠲᠤᠭ᠎ᠤᠨ ᠵᠠᠮ》᠎ᠢ ᠠᠪᠴᠠᠯᠳᠤᠭᠤᠯᠬᠤ ᠬᠠᠮᠳᠤᠷᠠᠯᠴᠠᠭ᠋ᠠᠨ᠎ᠤ ᠵᠦᠪᠳᠡᠯᠴᠡᠭᠡᠷ ᠳᠤᠭᠳᠠᠪᠠ ᠭᠡᠵᠤ ᠬᠠᠷᠢᠭᠤᠯᠪᠠ᠃
ᠸᠠᠩ ᠢ᠂ ᠪᠢᠳᠡ ᠶᠠᠭᠤᠨ᠎ᠤ ᠣᠷᠢᠳ ᠮᠤᠩᠭᠤᠯ ᠤᠯᠤᠰ᠎ᠤᠨ ᠰᠠᠭᠤᠷᠢ ᠳᠦᠬᠦᠭᠡᠷᠦᠮᠵᠢ ᠵᠢᠨ ᠪᠦᠳᠦᠭᠡᠨ ᠪᠠᠢ᠌ᠭᠤᠯᠤᠯᠳᠠ᠎ᠪᠠᠨ ᠳᠦᠷᠭᠡᠳᠭᠡᠬᠦ ᠵᠢ ᠳᠡᠮᠵᠢᠵᠤ᠂ ᠮᠤᠩᠭᠤᠯ ᠤᠯᠤᠰ᠎ᠢ ᠬᠠᠪᠰᠤᠷᠤᠨ ᠬᠦᠭᠵᠢᠯᠳᠡ ᠵᠢᠨ ᠶᠠᠪᠤᠴᠠ᠎ᠳᠠᠬᠢ ᠬᠠᠷᠰᠢ ᠰᠠᠭ᠋ᠠᠳ᠎ᠢ᠎ᠨᠢ ᠰᠢᠢ᠍ᠳᠪᠤᠷᠢᠯᠡᠨ᠂ ᠬᠦᠭᠵᠢᠯᠳᠡ ᠵᠢᠨ ᠨᠦᠬᠦᠴᠡᠯ᠎ᠢ᠎ᠨᠢ ᠰᠠᠢ᠌ᠵᠢᠷᠠᠭᠤᠯᠤᠨ᠎ᠠ᠃
ᠬᠤᠶᠠᠷ᠎ᠲᠤ ᠮᠤᠩᠭᠤᠯ ᠤᠯᠤᠰ᠎ᠤᠨ ᠠᠷᠠᠳ᠎ᠤᠨ ᠠᠮᠢᠳᠤᠷᠠᠯ᠎ᠢ ᠰᠠᠢ᠌ᠵᠢᠷᠠᠭᠤᠯᠬᠤ ᠵᠢ ᠤᠯᠠᠮ ᠵᠶ᠋ᠡᠷ ᠴᠢᠬᠤᠯᠠᠴᠢᠯᠠᠨ᠂ ᠮᠤᠩᠭᠤᠯ᠎ᠤᠨ ᠠᠷᠠᠳ ᠢᠷᠭᠡᠳ ᠪᠦᠬᠦᠨ᠎ᠢ 《ᠨᠢᠭᠡ ᠪᠦᠰᠡ ᠨᠢᠭᠡ ᠵᠠᠮ》᠎ᠤᠨ ᠪᠦᠳᠦᠭᠡᠨ ᠪᠠᠢ᠌ᠭᠤᠯᠤᠯᠳᠠ᠎ᠳᠤ ᠤᠷᠤᠯᠴᠠᠭᠤᠯᠵᠤ᠂ ᠳᠡᠳᠡᠨ᠎ᠳᠤ ᠪᠣᠳᠠᠲᠠᠢ ᠠᠰᠢᠭ ᠤᠯᠭᠤᠨ᠎ᠠ᠃
ᠭᠤᠷᠪᠠ᠎ᠳᠤ ᠤᠷᠴᠢᠨ ᠳᠤᠭᠤᠷᠢᠨ ᠪᠤᠯᠤᠨ ᠠᠮᠢ ᠠᠬᠤᠢ ᠵᠢᠨ ᠬᠠᠮᠠᠭ᠋ᠠᠯᠠᠯᠳᠠ ᠵᠢ ᠤᠯᠠᠮ ᠵᠶ᠋ᠡᠷ ᠴᠢᠬᠤᠯᠠᠴᠢᠯᠠᠨ᠂ ᠮᠤᠩᠭᠤᠯ ᠤᠯᠤᠰ᠎ᠲᠠᠢ ᠬᠠᠮᠳᠤ᠎ᠪᠠᠷ ᠪᠤᠬᠢᠷᠳᠤᠯ ᠦᠭᠡᠢ ᠳᠤᠷᠭ᠋ᠠᠨ ᠵᠠᠮ᠎ᠢ ᠪᠦᠳᠦᠭᠡᠨ ᠪᠠᠢ᠌ᠭᠤᠯᠵᠤ᠂ ᠮᠤᠩᠭᠤᠯ ᠤᠯᠤᠰ᠎ᠤᠨ ᠬᠦᠭᠡᠮᠳᠦᠭ ᠠᠭᠤᠯᠠ ᠴᠡᠩᠭᠡᠭ ᠤᠰᠤ ᠵᠢ ᠬᠠᠮᠠᠭ᠋ᠠᠯᠠᠨ᠎ᠠ᠃
ᠳᠦᠷᠪᠡ᠎ᠳᠤ ᠪᠢᠳᠠ ᠳᠤᠷᠠᠳᠠᠶ᠎ᠡ ᠮᠤᠩᠭᠤᠯ ᠤᠯᠤᠰ᠎ᠢ ᠬᠠᠪᠰᠤᠷᠤᠨ ᠠ᠋ᠭᠢ ᠪᠠᠶᠠᠯᠢᠭ᠎ᠤᠨ ᠳᠠᠪᠠᠭᠤᠯᠢᠭ᠎ᠢ ᠬᠦᠭᠵᠢᠯᠳᠡ ᠵᠢᠨ ᠳᠠᠪᠠᠭᠤᠯᠢᠭ ᠪᠤᠯᠭ᠋ᠠᠨ ᠬᠤᠪᠢᠷᠠᠭᠤᠯᠵᠤ᠂ ᠮᠤᠩᠭᠤᠯ ᠤᠯᠤᠰ᠎ᠤᠨ ᠠ᠋ᠳ᠋ᠰᠢᠭᠦᠯᠤᠨ ᠦᠢ᠍ᠯᠡᠳᠬᠦ ᠦᠢ᠍ᠯᠡᠰ᠎ᠢ ᠳᠡᠮᠵᠢᠨ᠂ ᠤᠯᠠᠨ ᠠ᠋ᠰᠢᠵᠢᠭ᠌ᠰᠡᠨ ᠬᠦᠭᠵᠢᠯᠳᠡ ᠵᠢ ᠪᠡᠶᠡᠯᠡᠬᠦᠯᠵᠤ᠂ ᠮᠤᠩᠭᠤᠯ ᠤᠯᠤᠰ᠎ᠤᠨ ᠦᠪᠡᠷᠲᠡᠭᠡᠨ ᠡᠵᠡᠨ ᠮᠡᠳᠡᠨ ᠦᠷᠬᠦᠯᠵᠢᠯᠡᠨ ᠬᠦᠭᠵᠢᠬᠦ ᠴᠢᠳᠠᠪᠤᠷᠢ ᠵᠢ ᠳᠡᠭᠡᠭᠰᠢᠯᠡᠬᠦᠯᠦᠨ᠎ᠡ ᠭᠡᠵᠤ ᠭᠡᠯᠡᠪᠡ᠃
ᠶᠡᠷᠦᠩᠭᠡᠢ᠌ᠯᠡᠪᠡᠯ᠂ ᠳᠤᠮᠳᠠᠳᠤ ᠮᠤᠩᠭᠤᠯ ᠬᠤᠶᠠᠷ ᠤᠯᠤᠰ᠎ᠤᠨ ᠬᠠᠮᠳᠤᠷᠠᠯᠴᠠᠭ᠎ᠠ ᠪᠤᠯ ᠨᠠᠢ᠌ᠵᠠ ᠨᠦᠬᠦᠳ᠎ᠤᠨ ᠬᠠᠪᠰᠤᠷᠤᠯᠴᠠᠭ᠎ᠠ᠂ ᠬᠦᠷᠰᠢ ᠵᠡᠷᠭᠡᠯᠡᠳᠡᠭᠡ ᠵᠢᠨ ᠳᠡᠮᠵᠢᠯᠴᠡᠭᠡ ᠪᠤᠯᠤᠨ᠎ᠠ᠃ ᠳᠡᠷᠢᠬᠦᠯᠡᠭᠴᠢ ᠰᠢ ᠵᠢᠨ ᠫᠢᠩ᠎ᠤᠨ ᠭᠡᠯᠡᠭᠰᠡᠨᠴᠢᠯᠠᠨ ᠳᠤᠮᠳᠠᠳᠤ ᠮᠤᠩᠭᠤᠯ᠎ᠤᠨ ᠬᠠᠮᠳᠤᠷᠠᠯᠴᠠᠭ᠎ᠠ᠎ᠳᠤ ᠢᠯᠡᠵᠤ ᠢᠯᠠᠭᠳᠠᠬᠤ᠂ ᠪᠢ ᠶᠡᠭᠡ ᠤᠯᠵᠤ ᠴᠢ ᠪᠠᠭ᠎ᠠ ᠤᠯᠬᠤ ᠶᠠᠪᠤᠳᠠᠯ ᠪᠠᠢ᠌ᠬᠤ ᠦᠭᠡᠢ᠂ ᠬᠠᠷᠢᠨ ᠬᠠᠷᠢᠯᠴᠠᠨ ᠠᠰᠢᠭᠳᠠᠢ ᠬᠠᠮᠳᠤ᠎ᠪᠠᠷ ᠠᠰᠢᠭ ᠤᠯᠬᠤ ᠵᠢ ᠪᠡᠶᠡᠯᠡᠬᠦᠯᠬᠦ᠎ᠪᠠᠷ ᠬᠦᠴᠦᠯᠡᠨ ᠴᠢᠷᠮᠠᠢ᠌ᠬᠤ ᠶᠠᠪᠤᠳᠠᠯ ᠪᠤᠯᠤᠨ᠎ᠠ᠃