ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠬᠤ᠌ ᠴᠦᠨ ᠬᠤᠸᠠ ᠠ᠋ᠾᠸᠨᠠᠨ ᠠᠨᠾᠦᠢ᠍ᠢ ᠬᠤᠪᠸᠢ ᠵᠢᠨ ᠦᠶᠡᠷ ᠤᠰᠤᠳᠤᠯ᠎ᠠᠴᠠ ᠰᠡᠷᠭᠡᠢ᠌ᠯᠡᠬᠦ ᠠᠵᠢᠯ᠎ᠢ ᠪᠠᠢ᠌ᠴᠠᠭ᠋ᠠᠨ ᠰᠤᠳᠤᠯᠪᠠ
ᠨᠡᠶᠢᠲᠡᠯᠡᠭᠰᠡᠨ ᠴᠠᠭ᠄ 2018-07-16

         
      ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠭᠡᠢ ᠰᠠᠢ᠌ᠳ᠂ ᠤᠯᠤᠰ᠎ᠤᠨ ᠦᠶᠠᠷ᠎ᠢ ᠰᠡᠷᠭᠡᠢ᠌ᠯᠡᠵᠤ ᠭᠠᠩ ᠬᠠᠭᠰᠠᠷᠠᠭ᠋ᠠᠨ᠎ᠢ ᠠ᠋ᠰᠡᠷᠬᠦᠴᠡᠬᠦ ᠶᠡᠷᠦᠩᠭᠡᠢ ᠺᠤᠮᠠᠨᠳᠠᠯᠠᠬᠤ ᠭᠠᠵᠠᠷ᠎ᠤᠨ ᠶᠡᠷᠦᠩᠭᠡᠢ ᠺᠤᠮᠠᠨᠳᠠᠯᠠᠭᠴᠢ ᠬᠤ᠌ ᠴᠦᠨ ᠬᠤᠸᠠ ᠤᠢ᠌ᠷ᠎ᠠ᠎ᠳᠤ ᠠ᠋ᠾᠸᠨᠠᠨ᠂ ᠠᠨᠾᠦᠢ᠍ᠢ᠂ ᠬᠤᠪᠸᠢ ᠭᠤᠷᠪᠠᠨ ᠮᠤᠵᠢ ᠵᠢᠨ ᠦᠶᠡᠷ᠎ᠢ ᠰᠡᠷᠭᠡᠢ᠌ᠯᠡᠬᠦ ᠠᠵᠢᠯ᠎ᠢ ᠪᠠᠢ᠌ᠴᠠᠭ᠋ᠠᠨ ᠰᠤᠳᠤᠯᠬᠤ ᠵᠢᠨ ᠬᠠᠮᠳᠤ ᠦᠬᠠᠨ ᠬᠤᠳᠠ᠎ᠳᠤ ᠬᠤᠷᠠᠯᠳᠤᠭᠰᠠᠨ ᠦᠶᠠᠷ᠎ᠢ ᠰᠡᠷᠭᠡᠢ᠌ᠯᠡᠬᠦ ᠠᠵᠢᠯ᠎ᠤᠨ ᠶᠠᠷᠢᠯᠴᠠᠬᠤ ᠬᠤᠷᠠᠯ᠎ᠳᠤ ᠤᠷᠤᠯᠴᠠᠪᠠ᠃ ᠳᠦᠷᠦ ᠵᠢᠨ ᠶᠠᠪᠤᠳᠠᠯ᠎ᠤᠨ ᠬᠤᠷᠢᠶᠠᠨ᠎ᠤ ᠭᠡᠰᠢᠬᠦᠨ᠂ ᠤᠯᠤᠰ᠎ᠤᠨ ᠦᠶᠠᠷ᠎ᠢ ᠰᠡᠷᠭᠡᠢ᠌ᠯᠡᠵᠤ ᠭᠠᠩ ᠬᠠᠭᠰᠠᠷᠠᠭ᠋ᠠᠨ᠎ᠢ ᠠ᠋ᠰᠡᠷᠬᠦᠴᠡᠬᠦ ᠶᠡᠷᠦᠩᠭᠡᠢ ᠺᠤᠮᠠᠨᠳᠠᠯᠠᠬᠤ ᠭᠠᠵᠠᠷ᠎ᠤᠨ ᠳᠡᠳ᠋ ᠶᠡᠷᠦᠩᠭᠡᠢ ᠺᠤᠮᠠᠨᠳᠠᠯᠠᠭᠴᠢ ᠸᠠᠩ ᠶᠦᠩ ᠶᠠᠷᠢᠯᠴᠠᠬᠤ ᠬᠤᠷᠠᠯ᠎ᠢ ᠠ᠋ᠷᠬᠢᠯᠡᠪᠡ᠃
     5 ᠳ᠋ᠤᠭ᠋ᠠᠷ ᠰᠠᠷ᠎ᠠ ᠵᠢᠨ 20᠎ᠤ ᠠ᠋ᠳᠤᠷ᠎ᠠᠴᠠ 22᠎ᠤᠨ ᠠ᠋ᠳᠤᠷ ᠪᠤᠯᠳᠠᠯ᠎ᠠ ᠬᠤ᠌ ᠴᠦᠨ ᠬᠤᠸᠠ ᠪᠦᠯᠬᠦᠮ ᠵᠶ᠋ᠠᠨ ᠳᠠᠭ᠋ᠠᠭᠤᠯᠤᠨ ᠬᠠᠳᠤᠨ ᠭᠤᠤᠯ᠎ᠤᠨ ᠰᠢᠶᠤᠤ ᠯᠠᠩ ᠳ᠋ᠢ ᠤᠰᠤᠨ ᠠᠰᠢᠭᠯᠠᠯᠳᠠ ᠵᠢᠨ ᠬᠦᠢ᠍ᠰᠤ ᠪᠠᠷᠢᠯᠭ᠎ᠠ᠂ ᠬᠤᠸᠠ ᠶᠤᠸᠠᠨ ᠺᠸᠤ᠂ ᠬᠤᠸᠠᠢ ᠠ᠋ᠾᠸ ᠭᠤᠤᠯ᠎ᠤᠨ ᠪᠸᠩ ᠪᠦ᠋᠎ᠳᠠᠬᠢ ᠤᠰᠤᠨ ᠬᠠᠭ᠋ᠠᠯᠳᠠ᠂ ᠹᠦ᠋ ᠶᠠᠩ᠎ᠤᠨ ᠸᠠᠩ ᠵᠢᠶᠠ ᠬᠠᠰᠢᠯᠭ᠎ᠠ᠂ ᠬᠦᠬᠡᠮᠦᠢ᠍ᠷᠡᠨ᠎ᠤ ᠰᠢᠩ ᠵᠢᠶᠠᠩ᠎ᠤᠨ ᠶᠡᠭᠡ ᠳᠠᠯᠠᠩ ᠵᠡᠷᠭᠡ ᠭᠠᠵᠠᠷ᠎ᠤᠨ ᠦᠶᠡᠷ᠎ᠢ ᠰᠡᠷᠭᠡᠢ᠌ᠯᠡᠬᠦ ᠬᠠᠰᠢᠯᠭ᠎ᠠ ᠳᠠᠯᠠᠩ ᠪᠠ ᠰᠡᠷᠭᠡᠢ᠌ᠯᠡᠯᠳᠡ ᠵᠢᠨ ᠪᠠᠢ᠌ᠳᠠᠯ᠎ᠢ ᠪᠠᠢ᠌ᠴᠠᠭ᠋ᠠᠨ ᠦᠵᠡᠵᠤ᠂ ᠦᠶᠡᠷ᠎ᠢ ᠰᠡᠷᠭᠡᠢ᠌ᠯᠡᠬᠦ ᠦᠨᠳᠦᠰᠤᠨ ᠱᠠᠳᠤᠨ᠎ᠤ ᠺᠠᠳ᠋ᠷ ᠤᠯᠠᠨ ᠳᠦᠮᠡᠨ᠎ᠲᠠᠢ ᠰᠠᠨᠠᠯ ᠵᠶ᠋ᠡᠨ ᠬᠦᠨᠵᠡᠭᠡᠢ ᠰᠤᠯᠢᠯᠴᠠᠪᠠ᠃
      ᠬᠤ᠌ ᠴᠦᠨ ᠬᠤᠸᠠ᠎ᠠᠴᠠ ᠠ᠋ᠨᠡ ᠵᠢᠯ᠎ᠤᠨ ᠦᠶᠠᠷ᠎ᠢ ᠰᠡᠷᠭᠡᠢ᠌ᠯᠡᠵᠤ ᠭᠠᠩ ᠬᠠᠭᠰᠠᠷᠠᠭ᠋ᠠᠨ᠎ᠢ ᠠ᠋ᠰᠡᠷᠬᠦᠴᠡᠬᠦ ᠠᠵᠢᠯ᠎ᠤᠨ ᠪᠠᠢ᠌ᠳᠠᠯ ᠳᠦᠢ᠍ᠯ᠎ᠤᠨ ᠪᠤᠳᠤᠯᠢᠶᠠᠨᠳᠠᠢ ᠪᠦᠭᠡᠳ ᠬᠠᠳᠠᠭᠤ ᠪᠡᠷᠭᠡᠰᠢᠶᠡᠯᠳᠡᠢ ᠪᠠᠢ᠌ᠨ᠎ᠠ᠂ ᠠ᠋ᠷᠭᠡᠪᠰᠢ ᠬᠦᠴᠤᠲᠠᠢ ᠪᠦᠳᠦᠮᠵᠢᠳᠡᠢ ᠠᠷᠭ᠎ᠠ ᠭᠡᠮᠵᠢᠶ᠎ᠡ ᠠᠪᠴᠤ ᠭᠠᠮᠰᠢᠭ᠎ᠠᠴᠠ ᠰᠡᠷᠭᠡᠢ᠌ᠯᠡᠵᠤ ᠭᠠᠮᠰᠢᠭ᠎ᠠᠴᠠ ᠠᠪᠤᠷᠠᠬᠤ ᠡᠯ᠎ᠡ ᠵᠦᠢ᠍ᠯ᠎ᠤᠨ ᠠᠵᠢᠯ᠎ᠢ ᠰᠠᠢ᠌ᠳᠤᠷ ᠬᠢᠬᠦ ᠭᠡᠷᠡᠭᠳᠡᠢ᠃ ᠴᠠᠭ ᠠᠭᠤᠷ ᠪᠤᠯᠤᠨ ᠦᠶᠡᠷ ᠤᠰᠤᠳᠤᠯ᠎ᠤᠨ ᠬᠤᠪᠢᠷᠠᠯᠳᠠ ᠵᠢ ᠨᠢᠮᠪᠠᠢ ᠬᠢᠨᠠᠨ ᠠᠵᠢᠭᠯᠠᠵᠤ᠂ ᠤᠷᠢᠳᠴᠢᠯᠠᠭᠰᠠᠨ ᠮᠡᠳᠡᠭᠡ ᠵᠢ ᠴᠠᠭ ᠳᠠᠷᠤᠢ᠎ᠳᠤ᠎ᠨᠢ ᠮᠡᠳᠡᠭᠳᠡᠵᠤ᠂ ᠭᠤᠤᠯᠳᠠᠯᠭ᠎ᠠ᠎ᠲᠠᠢ ᠭᠠᠵᠠᠷ ᠤᠷᠤᠨ᠎ᠤ ᠴᠠᠭ ᠠᠭᠤᠷ ᠤᠰᠤᠨ ᠵᠦᠢ ᠵᠢ ᠨᠠᠷᠢᠯᠢᠭᠵᠢᠭᠤᠯᠤᠨ ᠤᠷᠢᠳᠴᠢᠯᠠᠨ ᠮᠡᠳᠡᠭᠡᠯᠡᠬᠦ ᠭᠡᠷᠡᠭᠳᠡᠢ᠃ ᠦᠶᠡᠷ᠎ᠠᠴᠠ ᠰᠡᠷᠭᠡᠢ᠌ᠯᠡᠬᠦ ᠪᠠᠷᠢᠯᠭ᠎ᠠ ᠵᠢ ᠴᠢᠩᠭ᠋ᠠᠳᠬᠠᠵᠤ᠂ ᠦᠶᠡᠷ ᠬᠤᠷᠠᠭᠤᠯᠬᠤ ᠤᠷᠤᠨ᠎ᠢ ᠰᠢᠨᠵᠢᠯᠡᠬᠦ ᠤᠬᠠᠭ᠋ᠠᠨᠴᠢ᠎ᠪᠠᠷ ᠤᠨᠤᠪᠴᠢᠳᠠᠢ ᠳᠣᠬᠢᠷᠠᠭᠤᠯᠤᠯᠲᠠ ᠬᠢᠵᠤ᠂ ᠭᠤᠤᠯᠳᠠᠯᠭ᠎ᠠ᠎ᠲᠠᠢ ᠬᠠᠮᠠᠭ᠋ᠠᠯᠠᠯᠳᠠ ᠵᠢᠨ ᠤᠷᠤᠨ᠎ᠤ ᠠᠮᠤᠷ ᠳᠦᠪᠰᠢᠨ᠎ᠢ ᠪᠠᠳᠤᠠᠯᠬᠤ ᠭᠡᠷᠡᠭᠳᠡᠢ᠃ ᠬᠠᠰᠢᠯᠭ᠎ᠠ ᠳᠠᠯᠠᠩ᠂ ᠤᠰᠤᠨ ᠴᠦᠬᠦᠷᠤᠮ ᠵᠢᠴᠢ ᠴᠠᠬᠢᠯᠭ᠋ᠠᠨ ᠦᠷᠳᠡᠭᠡ᠎ᠪᠠᠷ ᠳᠤᠭᠤᠷᠢᠨ ᠴᠠᠭᠳᠠᠵᠤ ᠠᠶᠤᠯ ᠳᠦᠭᠰᠢᠬᠦᠷᠢ ᠵᠢ ᠠᠷᠢᠯᠭ᠋ᠠᠬᠤ ᠠᠵᠢᠯ᠎ᠢ ᠴᠢᠩᠭ᠋ᠠᠳᠬᠠᠬᠤ ᠭᠡᠷᠡᠭᠳᠡᠢ᠃ ᠬᠤᠳᠠ ᠵᠢᠨ ᠦᠶᠡᠷ᠎ᠢ ᠰᠡᠷᠭᠡᠢ᠌ᠯᠡᠬᠦ ᠦᠶᠡᠷ᠎ᠤᠨ ᠤᠰᠤ ᠵᠢ ᠭᠠᠳᠠᠭᠰᠢᠯᠠᠭᠤᠯᠬᠤ ᠠᠷᠭ᠎ᠠ ᠭᠡᠮᠵᠢᠶ᠎ᠡ ᠵᠢ ᠨᠠᠷᠢᠯᠢᠭᠵᠢᠭᠤᠯᠤᠨ ᠪᠤᠳᠠᠳᠠᠢ᠌ᠵᠢᠭᠤᠯᠵᠤ᠂ ᠪᠠᠴᠢᠮ ᠪᠠᠢ᠌ᠳᠠᠯ᠎ᠢ ᠠᠷᠭ᠋ᠠᠴᠠᠬᠤ ᠠᠵᠢᠯ᠎ᠢ ᠰᠠᠢ᠌ᠳᠤᠷ ᠬᠢᠬᠦ ᠭᠡᠷᠡᠭᠳᠡᠢ᠃ ᠦᠶᠡᠷ ᠤᠰᠤᠳᠤᠯ ᠪᠠ ᠭᠠᠩ ᠬᠠᠭᠰᠠᠷᠠᠭ᠋ᠠᠨ᠎ᠳᠤ ᠳᠠᠭ᠋ᠠᠷᠢᠭᠳᠠᠭᠰᠠᠨ ᠤᠷᠤᠨ᠎ᠳᠤ ᠭᠠᠮᠰᠢᠭ᠎ᠢ ᠠ᠋ᠰᠡᠷᠬᠦᠴᠡᠨ ᠭᠠᠮᠰᠢᠭ᠎ᠠᠴᠠ ᠠᠪᠤᠷᠠᠬᠤ ᠠᠵᠢᠯ᠎ᠢ ᠳᠠᠷᠤᠢ ᠳᠦᠷᠭᠡᠨ ᠦᠷᠨᠢᠬᠦᠯᠵᠤ᠂ ᠭᠠᠮᠰᠢᠭᠳᠠᠭᠰᠠᠨ ᠤᠷᠤᠨ᠎ᠤ ᠤᠯᠠᠨ ᠳᠦᠮᠡᠨ᠎ᠤ ᠦᠨᠳᠦᠰᠤᠨ ᠠᠮᠢᠳᠤᠷᠡᠯ᠎ᠢ ᠪᠠᠳᠤᠯᠠᠵᠤ᠂ ᠦᠶᠡᠷ᠎ᠲᠤ ᠡᠪᠳᠡᠷᠡᠵᠤ ᠰᠦᠢ᠍ᠳᠦᠭᠰᠡᠨ ᠤᠰᠤ ᠴᠠᠬᠢᠯᠭ᠋ᠠᠨ᠂ ᠵᠠᠮ ᠬᠠᠷᠢᠯᠴᠠᠭ᠎ᠠ ᠵᠡᠷᠭᠡ ᠰᠠᠭᠤᠷᠢ ᠳᠦᠬᠦᠭᠡᠷᠦᠮᠵᠢ ᠵᠢ ᠳᠠᠷᠤᠢ ᠲᠦᠷᠭᠡᠨ ᠰᠠᠯᠪᠢᠨ ᠵᠠᠰᠠᠵᠤ᠂ ᠦᠢ᠍ᠯᠡᠳᠪᠤᠷᠢᠯᠡᠯ ᠠᠮᠢᠳᠤᠷᠠᠯ᠎ᠤᠨ ᠠ᠋ᠮᠬᠢ ᠵᠢᠷᠤᠮ ᠵᠶ᠋ᠠᠨ ᠳᠦᠷᠭᠡᠨ ᠰᠡᠷᠭᠦᠭᠡᠬᠦ ᠭᠡᠷᠡᠭᠳᠡᠢ ᠭᠡᠵᠤ ᠴᠢᠬᠤᠯᠠᠴᠢᠯᠠᠪᠠ᠃
      ᠬᠤ᠌ ᠴᠦᠨ ᠬᠤᠸᠠ᠎ᠠᠴᠠ ᠪᠠᠰᠠ ᠡᠯ᠎ᠡ ᠭᠠᠵᠠᠷ᠎ᠤᠨ᠎ᠬᠢᠨ ᠦᠶᠡᠷ᠎ᠢ ᠰᠡᠷᠭᠡᠢ᠌ᠯᠡᠬᠦ ᠵᠠᠰᠠᠭ ᠵᠠᠬᠢᠷᠭ᠋ᠠᠨ᠎ᠤ ᠳᠠᠷᠤᠭ᠎ᠠ ᠵᠢᠨ ᠬᠠᠷᠢᠭᠤᠴᠠᠯᠭ᠎ᠠ ᠵᠢᠨ ᠳᠦᠷᠢᠮ᠎ᠢ ᠴᠢᠩᠭ᠎ᠠ ᠨᠠᠢ᠌ᠳᠠᠪᠤᠷᠢᠵᠢᠭᠤᠯᠤᠨ᠂ 《ᠨᠠᠮ ᠵᠠᠰᠠᠭ ᠬᠠᠮᠳᠤᠪᠠᠷ ᠬᠠᠷᠢᠭᠤᠴᠠᠬᠤ᠂ ᠨᠢᠭᠡ ᠪᠠᠢ᠌ᠷᠢ ᠵᠢᠨ ᠬᠤᠤᠰ ᠬᠠᠷᠢᠭᠤᠴᠠᠯᠭ᠎ᠠ᠂ ᠬᠠᠷᠢᠭᠤᠴᠠᠯᠭ᠎ᠠ ᠠᠯᠳᠠᠪᠠᠯ ᠨᠡᠭᠡᠮᠵᠢᠯᠡᠬᠦ》 ᠱᠠᠭ᠋ᠠᠷᠳᠠᠯᠭ᠎ᠠ ᠵᠢ ᠵᠢᠷᠤᠮᠯᠠᠨ᠂ ᠦᠶᠡᠷ᠎ᠢ ᠰᠡᠷᠭᠡᠢ᠌ᠯᠡᠬᠦ ᠬᠠᠷᠢᠭᠤᠴᠠᠯᠭ᠎ᠠ ᠵᠢ ᠱᠠᠳᠤ ᠳᠠᠷᠠᠭ᠋ᠠᠯᠠᠨ ᠨᠡᠢ᠌ᠳᠡᠪᠤᠷᠢᠵᠢᠭᠤᠯᠬᠤ ᠭᠡᠷᠡᠭᠳᠡᠢ᠃ ᠠᠷᠠᠳ ᠤᠯᠠᠨ᠎ᠤ ᠠᠮᠢ ᠨᠠᠰᠤᠨ᠎ᠤ ᠠᠮᠤᠷ ᠳᠦᠪᠰᠢᠨ᠎ᠢ ᠪᠠᠳᠤᠯᠠᠬᠤ ᠵᠢ ᠲᠡᠷᠢᠬᠦᠨ ᠪᠠᠢ᠌ᠷᠢᠨ᠎ᠳᠤ ᠳᠠᠯᠪᠢᠵᠤ᠂ ᠤᠯᠠᠨ ᠵᠶ᠋ᠡᠷ ᠵᠶ᠋ᠡᠨ ᠰᠡᠷᠭᠡᠢ᠌ᠯᠡᠬᠦ ᠵᠢ ᠪᠠᠷᠢᠮᠳᠠᠯᠠᠨ᠂ ᠠᠷᠠᠳ ᠤᠯᠠᠨ᠎ᠢ ᠵᠤᠬᠢᠶᠠᠨ ᠪᠠᠢ᠌ᠭᠤᠯᠤᠨ ᠳᠠᠷᠤᠢ᠎ᠳᠤ᠎ᠨᠢ ᠠᠶᠤᠯ ᠳᠦᠭᠰᠢᠬᠦᠷᠢ᠎ᠠᠴᠠ ᠵᠠᠢ᠌ᠯᠠᠭᠤᠯᠤᠨ᠂ ᠠᠷᠠᠳ ᠤᠯᠠᠨ᠎ᠤ ᠭᠡᠮᠳᠤᠵᠤ ᠰᠢᠷᠬᠠᠳᠤᠬᠤ ᠵᠢ ᠰᠡᠷᠭᠡᠢ᠌ᠯᠡᠬᠦ ᠭᠡᠷᠡᠭᠳᠡᠢ᠃ ᠤᠯᠤᠰ᠎ᠤᠨ ᠦᠶᠠᠷ᠎ᠢ ᠰᠡᠷᠭᠡᠢ᠌ᠯᠡᠵᠤ ᠭᠠᠩ ᠬᠠᠭᠰᠠᠷᠠᠭ᠋ᠠᠨ᠎ᠢ ᠠ᠋ᠰᠡᠷᠬᠦᠴᠡᠬᠦ ᠶᠡᠷᠦᠩᠭᠡᠢ ᠺᠤᠮᠠᠨᠳᠠᠯᠠᠬᠤ ᠭᠠᠵᠠᠷ ᠪᠤᠯᠤᠨ ᠡᠯ᠎ᠡ ᠤᠷᠤᠰᠬᠠᠯ ᠳᠠᠭ᠋ᠠᠤ ᠤᠷᠤᠨ᠎ᠤ ᠦᠶᠡᠷ᠎ᠠᠴᠠ ᠰᠡᠷᠭᠡᠢ᠌ᠯᠡᠬᠦ ᠶᠠᠷᠦᠩᠭᠡᠢ ᠺᠤᠮᠠᠨᠳᠠᠯᠠᠬᠤ ᠭᠠᠵᠠᠷ᠎ᠤᠨ᠎ᠬᠢᠨ ᠵᠢᠭ᠋ᠠᠨ ᠵᠢᠯᠤᠭᠤᠳᠴᠤ ᠵᠤᠬᠢᠴᠠᠭᠤᠯᠬᠤ ᠠᠵᠢᠯ ᠵᠶ᠋ᠠᠨ ᠴᠢᠩᠭ᠋ᠠᠳᠬᠠᠵᠤ᠂ ᠴᠡᠷᠢᠭ ᠠᠩᠬᠢ ᠪᠤᠯᠤᠨ ᠤᠷᠤᠨ ᠨᠤᠳᠤᠭ᠂ ᠴᠡᠷᠢᠭ ᠠᠷᠠᠳ᠎ᠤᠨ ᠬᠠᠮᠳᠤᠷᠠᠨ ᠠᠵᠢᠯᠯᠠᠬᠤ ᠵᠢ ᠴᠢᠩᠭ᠋ᠠᠳᠬᠠᠬᠤ ᠭᠡᠷᠡᠭᠳᠡᠢ᠃ ᠪᠠᠢ᠌ᠭᠤᠯᠤᠮᠵᠢ ᠵᠢᠨ ᠦᠭᠡᠷᠡᠴᠢᠯᠡᠯᠳᠡ ᠵᠢᠨ ᠶᠠᠪᠤᠴᠠ᠎ᠳᠤ ᠦᠶᠠᠷ᠎ᠢ ᠰᠡᠷᠭᠡᠢ᠌ᠯᠡᠬᠦ ᠠᠵᠢᠯ᠎ᠤᠨ ᠬᠠᠷᠢᠭᠤᠴᠠᠯᠭ᠎ᠠ ᠵᠢ ᠤᠤᠯ ᠶᠤᠰᠤᠭ᠋ᠠᠷ ᠨᠠᠢ᠌ᠳᠠᠪᠤᠷᠢᠵᠢᠭᠤᠯᠵᠤ᠂ ᠦᠶᠠᠷ᠎ᠢ ᠰᠡᠷᠭᠡᠢ᠌ᠯᠡᠵᠤ ᠭᠠᠩ ᠬᠠᠭᠰᠠᠷᠠᠭ᠋ᠠᠨ᠎ᠢ ᠠ᠋ᠰᠡᠷᠬᠦᠴᠡᠬᠦ ᠠᠵᠢᠯ᠎ᠤᠨ ᠬᠦᠴᠦᠨ ᠵᠶ᠋ᠡᠨ ᠬᠠᠮᠳᠤᠳᠬᠠᠬᠤ ᠭᠡᠷᠡᠭᠳᠡᠢ ᠭᠡᠵᠤ ᠱᠠᠭ᠋ᠠᠷᠳᠠᠪᠠ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠰᠦᠨ ᠴᠦᠨ ᠯᠠᠨ ᠵᠸᠵᠢᠶᠠᠩ᠎ᠳᠤ ᠪᠠᠢ᠌ᠴᠠᠭ᠋ᠠᠨ ᠰᠤᠳᠤᠯᠪᠠ
ᠬᠠᠨ ᠵᠸᠩ ᠭᠤᠸᠠᠩᠳᠦᠢ᠍ᠩ᠎ᠳᠤ ᠪᠠᠢ᠌ᠴᠠᠭ᠋ᠠᠨ ᠰᠤᠳᠤᠯᠤᠯᠳᠠ ᠬᠢᠪᠠ
ᠯᠢ ᠺᠸ ᠴᠢᠶᠠᠩ ᠬᠤᠳᠠᠯᠳᠤᠭ᠋ᠠᠨ᠎ᠤ ᠶᠠᠪᠤᠳᠠᠯ᠎ᠤᠨ ᠶᠠᠮᠤᠨ ᠪᠤᠭᠤᠮᠳᠠ ᠵᠢᠨ ᠶᠡᠷᠦᠩᠭᠡᠢ ᠵᠠᠬᠢᠷᠭ᠎ᠠ᠎ᠳᠤ ᠰᠢᠨᠵᠢᠯᠠᠨ ᠪᠠᠢ᠌ᠴᠠᠭ᠋ᠠᠵᠤ ᠶᠠᠷᠢᠯᠴᠠᠬᠤ ᠬᠤᠷᠠᠯ ᠬᠢᠪᠠ
ᠯᠢ ᠺᠸ ᠴᠢᠶᠠᠩ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠩᠭᠤ ᠵᠢᠨ ᠬᠤᠷᠠᠯ᠎ᠢ ᠠ᠋ᠷᠬᠢᠯᠡᠨ ᠬᠤᠷᠠᠯᠳᠤᠭᠤᠯᠵᠤ ᠬᠦᠴᠢᠷᠳᠡᠯ᠎ᠲᠠᠢ ᠤᠷᠤᠨ ᠪᠤᠯᠤᠨ ᠪᠠᠭᠤᠷᠠᠢ ᠭᠣᠭᠴᠣᠭ᠎ᠠ᠎ᠳᠠᠬᠢ ᠰᠤᠷᠭ᠋ᠠᠨ ᠬᠦᠮᠦᠵᠢᠯ᠎ᠤᠨ ᠪᠡᠯᠡ ᠤᠷᠤᠭᠤᠯᠤᠯᠳᠠ ᠵᠢ ᠨᠡᠮᠡᠭᠳᠡᠬᠦᠯᠬᠦ᠎ᠪᠠᠷ ᠳᠤᠭᠳᠠᠵᠠᠢ
ᠦᠪᠡᠷᠳᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠰᠤᠨᠢᠨ ᠮᠡᠳᠡᠭᠡᠨ᠎ᠤ ᠠᠯᠪᠠᠨ ᠭᠡᠷ᠎ᠠᠴᠠ 《ᠤᠨᠴᠠ ᠬᠦᠴᠢᠷᠳᠡᠯ᠎ᠲᠠᠢ ᠬᠦᠮᠦᠰ᠎ᠢ ᠨᠣᠲᠠᠯᠠᠨ ᠳᠤᠭᠳᠠᠭ᠋ᠠᠬᠤ ᠠᠷᠭ᠎ᠠ》 ᠵᠢ ᠳᠠᠢ᠌ᠯᠪᠤᠷᠢᠯᠠᠬᠤ ᠰᠤᠨᠢᠨ ᠮᠡᠳᠡᠭᠡ ᠨᠡᠢ᠌ᠳᠡᠯᠡᠬᠦ ᠬᠤᠷᠠᠯ ᠬᠢᠵᠡᠢ
 
            