ᠰᠠᠢ᠌ᠨ᠎ᠢ᠎ᠨᠢ ᠴᠡᠬᠡᠵᠢᠯᠡᠵᠤ ᠶᠠᠪᠤᠭ᠋ᠠᠷᠠᠢ
— ᠠᠪᠤ ᠵᠢᠨ ᠠᠯᠳᠠᠨ ᠰᠤᠷᠭ᠋ᠠᠯ᠎ᠠᠴᠠ
ᠰᠠᠢ᠌᠊ · ᠰᠡᠴᠡᠨᠪᠠᠭ᠋ᠠᠳᠤᠷ ᠵᠤᠬᠢᠶᠠᠪᠠ
ᠨᠠᠮ ᠪᠠᠢ᠌ᠭᠤᠯᠤᠬᠳᠠᠬᠰᠠᠨ 100 ᠵᠢᠯ᠎ᠤᠨ ᠤᠢ ᠵᠢᠨ ᠲᠠᠰᠢᠷᠠᠮ ᠵᠶ᠋ᠡᠷ ᠨᠠᠮ᠎ᠤᠨ ᠲᠦᠪ ᠬᠤᠷᠢᠶᠠᠨ᠎ᠠᠴᠠ ᠤᠯᠭᠤᠬᠰᠠᠨ 《ᠨᠠᠮ᠎ᠳᠤ ᠤᠷᠤᠬᠰᠠᠨ ᠢᠷᠠᠭᠤ ᠠᠯᠳᠠᠷᠳᠠᠢ 50 ᠵᠢᠯ》 ᠵᠢᠨ ᠲᠤᠷᠠᠰᠬᠠᠯ᠎ᠤᠨ ᠲᠡᠮᠳᠡᠭ᠎ᠢ ᠨᠠᠮ ᠵᠠᠰᠠᠭ᠎ᠤᠨ ᠤᠳᠤᠷᠢᠳᠤᠯᠭ᠎ᠠ ᠠᠬᠠᠮᠠᠳ ᠨᠠᠮ᠎ᠤᠨ ᠬᠡᠰᠢᠬᠦᠳ ᠤᠨ ᠡᠡᠭᠭᠡᠷ᠎ᠲᠤ ᠵᠡᠬᠦᠯᠬᠡᠵᠤ ᠪᠠᠢ᠌ᠬᠤ ᠮᠡᠳᠡᠬᠡ ᠴᠢᠮᠡᠬᠡ ᠵᠢ ᠵᠠᠭᠤᠴᠢᠯᠠᠭᠤᠷ᠎ᠠᠴᠠ ᠦᠵᠡᠬᠡᠳ᠂ ᠠᠪᠤ ᠮᠢᠨᠢ ᠠᠮᠢᠳᠤ ᠰᠡᠷᠡᠬᠦᠨ ᠪᠠᠢ᠌ᠬᠰᠠᠨ ᠪᠤᠯ ᠡᠨᠡ ᠲᠡᠮᠳᠡᠭ᠎ᠢ ᠲᠤᠰᠤᠭ᠋ᠠᠳ ᠶᠠᠭ᠋ᠠᠬᠢᠵᠤ ᠴᠦ᠍ ᠪᠠᠶᠠᠷᠯᠠᠳᠠᠭ ᠪᠤᠯ ᠡ ᠭᠡᠵᠤ ᠪᠤᠳᠤᠬᠤ᠎ᠪᠠᠷ ᠬᠠᠮᠠᠷ᠎ᠤᠨ ᠦᠵᠤᠬᠦᠷ ᠪᠤᠷᠬᠢᠷᠠᠬᠤ ᠶᠤᠮ᠃ ᠠᠪᠤ ᠮᠢᠨᠢ ᠬᠡᠳᠤᠢ᠎ᠪᠠᠷ ᠡᠬᠡᠯ ᠵᠢᠷ᠎ᠤᠨ ᠨᠠᠮ᠎ᠤᠨ ᠬᠡᠰᠢᠬᠦᠨ ᠪᠤᠯᠪᠠᠴᠤ ᠦᠷ᠎ᠡ ᠬᠡᠤᠬᠡᠳ᠎ᠤᠨ ᠵᠶ᠋ᠡᠨ ᠰᠡᠳᠬᠢᠯ᠎ᠳᠤ ᠠᠭᠤᠯᠨ ᠮᠡᠳᠤ ᠰᠦᠮᠪᠤᠷ ᠪᠢᠯᠨ᠃
ᠨᠠᠶᠠᠭ᠋ᠠᠳ ᠤᠨ᠎ᠳᠤ᠂ ᠠᠡᠭᠬ᠎ᠠ ᠲᠤᠮᠳᠠᠳᠤ ᠵᠢᠨ ᠭᠤᠷᠪᠠᠳᠤᠭ᠋ᠠᠷ ᠤᠨ᠎ᠤ ᠰᠤᠷᠤᠬ᠍ᠴᠢ ᠵᠢᠨ ᠬᠤᠪᠢ᠎ᠳᠤ᠂ ᠠᠯᠳᠠᠭ᠎ᠠ ᠲᠡᠮᠳᠡᠭᠯᠡᠬᠦ ᠰᠢᠢ᠍ᠳᠬᠡᠯ ᠤᠯᠤᠨ᠎ᠠ ᠬᠡᠳᠡᠭ ᠶᠠᠮᠠᠷᠬᠠᠨ ᠴᠤᠬᠢᠯᠳᠠ ᠪᠤᠯᠬᠤ ᠵᠢ ᠪᠢ ᠮᠡᠳᠡᠨ᠎ᠡ᠃ ᠲᠡᠷᠨ ᠬᠠᠳᠠᠭᠤ ᠴᠤᠬᠢᠯᠳᠠ᠎ᠠᠴᠠ ᠨᠠᠮ᠎ᠠ ᠵᠢ ᠠᠪᠤᠷᠠᠬᠰᠠᠨ ᠬᠦᠮᠦᠨ᠎ᠤ ᠨᠢᠬᠡ ᠪᠤᠯ ᠶᠠᠷᠢᠶᠠᠨ ᠦᠬᠡᠢ ᠠᠪᠤ ᠮᠢᠨᠢ ᠶᠤᠮ᠃
ᠪᠢ ᠰᠢᠢ᠍ᠳᠬᠡᠯ ᠤᠯᠤᠬᠰᠠᠨ᠎ᠤ ᠲᠠᠷᠠᠭ᠎ᠠ ᠠᠪᠤ᠎ᠳᠤ᠎ᠪᠠᠨ ᠬᠡᠯᠡᠶᠤ᠂ ᠪᠤᠯᠢᠶᠤ ᠭᠡᠵᠤ ᠲᠦᠳᠡᠬᠡᠯᠵᠡᠭᠰᠡᠬᠡᠷ ᠶᠠᠭᠤ ᠪᠤᠯᠤᠬᠰᠠᠨ ᠴᠦ᠍ ᠬᠡᠯᠡᠬᠦ ᠯᠨ ᠬᠡᠷᠡᠭᠳᠡᠢ᠂ ᠲᠡᠷᠡᠴᠢᠯᠡᠨ ᠲᠤᠬᠠᠢ ᠵᠢᠨ ᠦᠶ᠎ᠡ᠎ᠳᠤ ᠮᠢᠨᠤ ᠲᠤᠳᠤᠭ᠋ᠠᠳᠤ ᠰᠡᠳᠬᠢᠯᠬᠡ ᠵᠢᠨ ᠪᠤᠬᠢᠨᠢᠳᠤᠯ᠂ ᠠᠷᠭ᠎ᠠ ᠶᠠᠳᠠᠯᠳᠠ ᠵᠢ ᠰᠤᠨᠤᠰᠴᠢᠬᠠᠮᠠᠷ ᠬᠦᠮᠦᠨ ᠠᠯᠠᠭ᠎ᠠ ᠪᠤᠯᠬᠤᠷ᠂ ᠰᠢᠢ᠍ᠳᠬᠡᠯ ᠤᠯᠤᠬᠰᠠᠨ ᠤᠴᠢᠷ ᠰᠢᠯᠳᠠᠭ᠋ᠠᠨ ᠵᠶ᠋ᠡᠨ ᠨᠢᠭᠤᠯ ᠦᠬᠡᠢ ᠲᠤᠭ᠋ᠠᠴᠢᠬᠰᠠᠨ ᠵᠠᠬᠢᠳᠠᠯ ᠪᠢᠴᠢᠭᠰᠡᠨ ᠴᠦ᠍ ᠰᠢᠤᠳᠠᠨ᠎ᠤ ᠬᠠᠢ᠌ᠷᠴᠠᠭ᠎ᠲᠤ ᠬᠢᠳᠡᠯ᠎ᠡ ᠲᠦᠭ ᠲᠠᠭ᠎ᠲᠠᠢ᠂ ᠢᠳᠠᠭ ᠶᠠᠳᠠᠭ ᠪᠠᠢ᠌ᠬᠰᠠᠨ ᠮᠠᠨᠢ ᠦᠨᠡᠨ᠃ ᠠᠪᠤ ᠮᠢᠨᠢ ᠵᠠᠬᠢᠳᠠᠯ᠎ᠢ ᠦᠵᠡᠪᠡᠯ ᠶᠠᠭ᠋ᠠᠬᠢᠵᠤ ᠴᠦ᠍ ᠠᠭᠤᠷᠯᠠᠳᠠᠭ ᠪᠤᠯ? ᠬᠡᠰᠡᠨ ᠠᠶᠤᠡᠭᠭᠤᠷᠢᠠᠴᠠ ᠪᠤᠯᠤᠭ᠋ᠠᠳ ᠲᠡᠷᠨ᠃ ᠠᠪᠤ ᠮᠢᠨᠢ ᠮᠠᠨᠢ ᠶᠡᠷᠤ᠎ᠠᠴᠠ ᠠᠬᠰᠤᠷᠴᠤ ᠵᠠᠡᠭᠳᠤᠷᠳᠠᠭ ᠦᠬᠡᠢ ᠪᠦᠬᠡᠳ ᠪᠡᠶ᠎ᠡ ᠲᠡᠬᠡᠷ᠎ᠡ ᠠᠯᠠᠭ᠎ᠠ ᠲᠠᠯᠪᠢᠭ᠎ᠠ ᠦᠬᠡᠢ ᠬᠢᠷᠢᠨ᠎ᠡ ᠠᠪᠤ᠎ᠠᠴᠠ᠎ᠪᠠᠨ ᠶᠡᠬᠡ ᠠᠶᠤᠳᠠᠭ᠃ ᠬᠦᠮᠦᠨ ᠲᠤᠭᠤᠢᠳᠤᠪᠠᠨ ᠰᠦᠷᠳᠡᠢ ᠬᠡᠳᠡᠭ ᠲᠡᠷᠨ ᠪᠤᠯᠪᠠ ᠤᠤ?
ᠵᠠᠬᠢᠳᠠᠯ ᠵᠶ᠋ᠡᠨ ᠭᠤᠪᠢᠭᠤᠯᠤᠭ᠋ᠠᠳ ᠰᠠᠷ᠎ᠠ ᠵᠢᠨ ᠲᠠᠷᠠᠭ᠎ᠠ ᠠᠪᠤ ᠵᠢᠨ ᠬᠠᠷᠢᠭᠤ ᠵᠠᠬᠢᠳᠠᠯ᠎ᠢ ᠲᠤᠰᠤᠯ᠎ᠠ᠃
《ᠬᠦᠪᠡᠬᠦᠨ ᠰᠡᠴᠡᠨᠪᠠᠭ᠋ᠠᠳᠤᠷᠲᠤ᠄
ᠪᠢᠳᠡ ᠪᠦᠬᠦᠨ ᠰᠠᠢ᠌ᠬᠠᠨ ᠪᠠᠢ᠌ᠨ᠎ᠠ᠃ ᠵᠠᠬᠢᠳᠠᠯ᠎ᠢ ᠴᠢᠨᠢ ᠤᠯᠤᠭ᠋ᠠᠳ ᠤᠴᠢᠷ᠎ᠢ᠎ᠨᠢ
ᠤᠢ᠌ᠯᠠᠭ᠋ᠠᠪᠠ᠃ ᠮᠢᠨᠤ ᠬᠦᠤ ᠪᠠᠬᠰᠢ ᠨᠠᠷ᠎ᠲᠤ᠎ᠪᠠᠨ ᠭᠤᠮᠤᠳᠠᠵᠤ ᠪᠤᠯᠬᠤ ᠦᠬᠡᠢ᠂ ᠰᠤᠷᠭ᠋ᠠᠭᠤᠯᠢ᠎ᠳᠤ᠎ᠪᠠᠨ ᠪᠠᠬᠰᠢ ᠵᠢᠨ ᠦᠬᠡ ᠵᠢ ᠰᠤᠨᠤᠰᠬᠤ ᠶᠤᠮ ᠰᠢᠤ᠃ ᠨᠤᠭᠤᠷᠢᠯ ᠪᠦᠳᠦᠷᠢᠯ ᠬᠠᠷᠭᠤᠬᠤ ᠦᠶ᠎ᠡ᠎ᠳᠤ ᠬᠠᠳᠠᠭᠤᠵᠢᠬᠤ ᠬᠡᠷᠡᠭᠳᠡᠢ ᠁
ᠬᠤᠨᠢᠨ ᠤᠡᠭᠭ᠋ᠠᠰᠤᠪᠠᠨ ᠬᠤᠳᠠᠯᠳᠤᠪᠠᠯ ᠠᠪᠤ᠎ᠨᠢ ᠴᠢᠮ᠎ᠠ ᠵᠢ ᠦᠵᠡᠬᠦ᠎ᠪᠠᠷ ᠤᠴᠢᠶ᠎ᠠ᠃
ᠠᠪᠤ ᠴᠢᠨᠢ
1985 ᠤᠨ᠎ᠤ 4 ᠰᠠᠷ᠎ᠠ ᠵᠢᠨ 25》 ᠭᠡᠵᠤ ᠪᠢᠴᠢᠭᠰᠡᠨ ᠪᠠᠢ᠌ᠯ᠎ᠠ᠃
ᠶᠠᠭ᠋ᠠᠬᠢᠵᠤ ᠴᠦ᠍ ᠠᠭᠤᠷᠯᠠᠳᠠᠭ ᠪᠤᠯ ᠡ ᠬᠡᠰᠡᠨ ᠠᠶᠤᠡᠭᠭᠤᠷᠢ ᠲᠠᠢ᠌ᠯᠤᠬᠳᠠᠬᠤ ᠬᠡᠳᠡᠭ ᠨᠠᠳᠠ᠎ᠳᠤ ᠬᠠᠮᠤᠭ᠎ᠤᠨ ᠶᠡᠬᠡ ᠲᠠᠢ᠌ᠳᠬᠤᠷᠠᠯ᠃ ᠪᠢ ᠵᠠᠬᠢᠳᠠᠯ᠎ᠳᠤ᠎ᠪᠠᠨ 《ᠠᠷᠢᠬᠢ ᠤᠤᠭᠤᠬᠰᠠᠨ ᠵᠶ᠋ᠡᠨ》᠂ ᠡᠬᠦᠨ᠎ᠠᠴᠠ ᠨᠡᠡᠭ ᠨᠤᠴᠢᠳᠠᠢ ᠦᠢ᠍ᠯᠡᠳᠤᠯ ᠵᠶ᠋ᠡᠨ ᠬᠡᠯᠡᠭᠰᠡᠨ ᠯᠨ ᠳ᠋ᠠ᠂ ᠠᠪᠤ ᠮᠢᠨᠢ ᠶᠤᠰᠤᠳᠠᠢ ᠭᠠᠯ ᠭᠠᠷᠳᠠᠯ᠎ᠠ ᠠᠭᠤᠷᠯᠠᠵᠤ᠂ ᠨᠠᠮ᠎ᠠ ᠵᠢ ᠪᠤᠷᠤᠭᠤᠳᠬᠠᠪᠠᠯ ᠲᠠᠭ᠋ᠠᠷᠠᠬᠤ ᠪᠠᠢ᠌ᠬᠰᠠᠨ᠂ ᠬᠡᠳᠡᠯ᠎ᠡ ᠬᠡᠳᠤᠢ ᠤᠬᠤᠷᠬᠠᠨ ᠵᠠᠬᠢᠳᠠᠯ ᠪᠤᠯᠪᠠᠴᠤ ᠨᠠᠮ᠎ᠠ ᠵᠢ ᠵᠢᠮᠡᠯᠡᠬᠦ᠂ ᠪᠤᠷᠤᠭᠤᠳᠬᠠᠬᠤ ᠦᠬᠡ ᠵᠢ ᠨᠢᠬᠡ ᠴᠦ᠍ ᠬᠡᠯᠡᠬᠡ ᠦᠬᠡᠢ᠃ ᠦᠨᠡᠨ᠎ᠳᠤ᠎ᠪᠠᠨ ᠲᠡᠷᠨ ᠦᠶ᠎ᠡ᠎ᠳᠤ ᠨᠠᠳᠠ᠎ᠳᠤ ᠪᠤᠷᠤᠭᠤᠳᠬᠠᠯ ᠵᠢᠮᠡᠯᠡᠯ ᠬᠢᠷᠢ᠎ᠳᠤ ᠪᠠᠢ᠌ᠬᠰᠠᠨ᠂ ᠪᠤᠷᠤᠭᠤᠳᠬᠠᠯ ᠵᠢᠮᠡᠯᠡᠯ ᠤᠷᠤᠬᠤ᠎ᠪᠠᠨ ᠪᠤᠯᠢᠬᠰᠠᠨᠢ ᠠᠪᠤ ᠮᠢᠨᠢ ᠠᠪᠤ ᠬᠦᠮᠦᠨ᠎ᠤ ᠵᠦᠡᠭ ᠵᠶ᠋ᠡᠷ᠂ ᠠᠮᠢᠳᠤᠷᠠᠯ᠎ᠤᠨ ᠡᠯ ᠬᠠᠯᠨ ᠵᠢ ᠲᠤᠭᠤᠯᠤᠬᠰᠠᠨ ᠬᠦᠮᠦᠨ᠎ᠤ ᠬᠤᠪᠢ᠎ᠠᠴᠠ ᠮᠡᠳᠡᠵᠤ ᠪᠠᠢ᠌ᠬᠰᠠᠨ ᠪᠤᠯ ᠤᠤ᠂ ᠬᠡᠨ ᠮᠡᠳᠡᠯ᠎ᠡ? ᠠᠪᠤ ᠮᠢᠨᠢ ᠪᠠᠭ᠎ᠠ ᠰᠤᠷᠭ᠋ᠠᠭᠤᠯᠢ ᠵᠢᠨ ᠲᠦᠷᠪᠡᠬᠡᠨ ᠤᠨ᠎ᠤ ᠪᠢᠴᠢᠭ᠎ᠲᠠᠢ ᠬᠦᠮᠦᠨ᠃ ᠨᠢᠬᠡ ᠪᠤᠳᠤᠪᠠᠯ ᠤᠬᠠᠭ᠋ᠠᠨ ᠬᠡᠳᠡᠭ᠂ ᠠᠮᠢᠳᠤᠷᠠᠯ᠎ᠤᠨ ᠪᠤᠷᠤ ᠤᠬᠠᠭ᠋ᠠᠨ᠂ ᠬᠡᠤᠬᠡᠳ ᠵᠶ᠋ᠡᠨ ᠲᠤᠳᠤᠮᠳᠠᠬᠤ ᠬᠠᠷ᠎ᠠ ᠤᠬᠠᠭ᠋ᠠᠨ ᠬᠡᠳᠡᠭ᠎ᠢ ᠪᠢᠴᠢᠭ ᠰᠤᠶᠤᠯ᠎ᠲᠠᠢ ᠬᠠᠷ᠎ᠠ ᠠᠯᠪᠠ᠎ᠪᠠᠷ ᠬᠤᠯᠪᠤᠵᠤ ᠦᠬᠦᠯᠡᠬᠦᠶᠡ ᠪᠡᠷᠬᠡ ᠪᠤᠯᠪᠠ ᠤᠤ ᠳ᠋ᠠ?
ᠮᠥᠨ ᠵᠢᠯ᠎ᠤᠨ ᠵᠢᠷᠭᠤᠭ᠋ᠠᠨ ᠰᠠᠷ᠎ᠠ ᠵᠢᠨ ᠡᠬᠢ᠎ᠪᠠᠷ ᠠᠪᠤ ᠮᠢᠨᠢ ᠦᠨᠡᠬᠡᠷ ᠴᠢᠪᠠᠭ᠎ᠠ ᠪᠠᠯᠭ᠋ᠠᠰᠤᠨ᠎ᠳᠤ ᠢᠷᠡᠭᠰᠡᠨ ᠶᠤᠮ᠃ ᠠᠶᠠᠨᠴᠢᠨ᠎ᠤ ᠮᠠᠰᠢᠨ ᠲᠡᠷᠬᠡᠨ᠎ᠤ ᠦᠷᠳᠡᠬᠡᠨ᠎ᠤ ᠲᠡᠷᠬᠡᠳᠡᠬᠢ ᠬᠤᠭᠤᠯᠠᠨ ᠬᠡᠷ᠎ᠲᠤ ᠠᠮᠳᠠ᠎ᠲᠠᠢ ᠬᠤᠶᠠᠷ ᠨᠤᠭᠤᠭ᠎ᠠ (ᠲᠡᠬᠦᠨ᠎ᠠᠴᠠ ᠬᠤᠢ᠌ᠰᠢ ᠡᠨᠡ ᠬᠤᠶᠠᠷ ᠨᠤᠭᠤᠭ᠎ᠠ ᠲᠡᠬᠦᠤ ᠪᠢᠳᠡ ᠬᠤᠶᠠᠷ᠎ᠤᠨ ᠭᠠᠷᠠᠭ ᠪᠤᠯᠭ᠋ᠠᠨ᠎ᠤ ᠵᠢᠷᠭᠤᠭ᠋ᠠᠨ᠎ᠤ ᠤᠷᠤᠢ ᠵᠠᠪᠠᠯ ᠢᠳᠡᠬᠦ ᠨᠤᠭᠤᠭ᠎ᠠ ᠪᠤᠯᠤᠬᠰᠠᠨ ᠶᠤᠮ᠂ ᠤᠳᠤ ᠴᠦ᠍ ᠬᠠᠶᠨ ᠤᠯᠠᠭ᠋ᠠᠨᠬᠠᠳᠠ ᠪᠤᠶᠤ ᠴᠢᠪᠠᠭᠠᠳᠤ ᠤᠴᠢᠪᠠᠯ ᠡᠨᠡ ᠨᠤᠭᠤᠭ᠎ᠠ ᠵᠢ ᠠᠪᠳᠠᠭ ᠰᠢᠤ ᠳ᠋ᠠ) ᠵᠠᠬᠢᠶᠠᠯᠠᠨ ᠦᠪᠡᠷ ᠵᠶ᠋ᠡᠨ ᠡᠷᠢᠶᠡᠨ ᠬᠤᠪᠢᠡᠭ ᠵᠶ᠋ᠡᠷ ᠰᠤᠯᠨ ᠠᠷᠢᠬᠢ ᠠᠪᠤᠭ᠋ᠠᠳ ᠪᠠᠯᠭᠤᠵᠤ ᠰᠠᠭᠤᠬᠤ ᠵᠠᠭᠤᠷ᠎ᠠ ᠮᠢᠨᠤ ᠤᠢ᠌ᠷ᠎ᠠ ᠵᠢᠨ ᠪᠠᠢ᠌ᠳᠠᠯ᠎ᠢ ᠠᠰᠠᠭᠣᠬᠰᠠᠨᠤ ᠲᠠᠷᠠᠭ᠎ᠠ᠄ 《ᠠᠪᠤ᠎ᠨᠢ ᠴᠢᠨᠤ ᠭᠠᠷᠭ᠋ᠠᠬᠰᠠᠨ ᠠᠯᠳᠠᠭ᠎ᠠ ᠵᠢ ᠨᠠᠷᠢᠨ ᠲᠤᠡᠭᠭ᠋ᠠᠵᠤ ᠦᠵᠡᠭᠰᠡᠨ᠂ ᠬᠠᠰᠢ ᠯᠨ ᠴᠢᠨᠤ ᠪᠤᠷᠤᠭᠤ ᠰᠢᠤ᠂ ᠰᠤᠷᠤᠬ᠍ᠴᠢ ᠲᠤᠯᠠᠳᠠ ᠪᠤᠯᠵᠠᠢ᠂ ᠨᠡᠢ᠌ᠬᠡᠮ ᠲᠡᠬᠡᠷ᠎ᠡ ᠪᠤᠯᠤᠬᠰᠠᠨ ᠪᠤᠯ ᠶᠠᠯᠠᠳᠤ ᠤᠨᠠᠨ᠎ᠠ ᠰᠢᠤ᠃ ᠪᠠᠬᠰᠢ ᠪᠠ ᠰᠤᠷᠭ᠋ᠠᠭᠤᠯᠢ᠎ᠳᠤ᠎ᠪᠠᠨ ᠭᠤᠮᠤᠳᠠᠵᠤ ᠪᠤᠯᠬᠤ ᠦᠬᠡᠢ ᠁ 》 ᠬᠡᠳ ᠪᠠᠬᠰᠢᠳᠤᠪᠠᠨ ᠪᠤᠷᠤᠭᠤ ᠬᠦᠯᠢᠶᠡᠭᠰᠡᠨ ᠤᠤ?》 ᠬᠡᠬᠦ᠎ᠳᠤᠨᠢ ᠡᠭ ᠮᠠᠭ ᠬᠡᠳ ᠲᠠᠭᠤ ᠦᠬᠡᠢ᠎ᠳᠤ᠄ 《ᠰᠤᠷᠭ᠋ᠠᠭᠤᠯᠢ᠎ᠳᠤ ᠬᠠᠷᠢᠪᠠᠯ ᠪᠤᠷᠤᠭᠤ ᠬᠦᠯᠢᠶᠨ》 ᠭᠡᠵᠤ ᠵᠠᠬᠢᠵᠠᠢ ᠪᠢᠯᠨ᠃ ᠤᠳᠤ ᠪᠤᠳᠤᠪᠠᠯ ᠠᠡᠭᠭᠢ ᠵᠢᠨ ᠪᠠᠬᠰᠢᠳᠤᠪᠠᠨ ᠦᠨᠡᠬᠡᠷ ᠪᠤᠷᠤᠭᠤ ᠬᠦᠯᠢᠶᠡᠬᠦ ᠶᠤᠰᠤᠳᠠᠢ ᠪᠤᠯᠪᠠᠴᠤ ᠲᠡᠷᠨ ᠦᠶ᠎ᠡ᠎ᠳᠤ ᠴᠢᠡᠭᠭᠢᠵᠤ ᠬᠢᠵᠤ ᠴᠢᠳᠠᠬᠤ ᠦᠬᠡᠢ ᠪᠠᠢ᠌ᠵᠠᠢ᠃ ᠵᠠᠯᠠᠭᠤ ᠬᠡᠨᠡᠨ ᠨᠠᠰᠤ ᠡ ᠬᠡᠵᠢ᠂ ᠦᠪᠡᠷ ᠵᠶ᠋ᠡᠨ ᠦᠷᠡᠭᠳᠡᠵᠤ᠂ ᠪᠤᠰᠤᠳ᠎ᠢ ᠴᠦ᠍ ᠦᠷᠡᠭᠳᠡᠬᠦᠯᠳᠡᠭ ᠪᠠᠢ᠌ᠵᠢ ᠯᠨ ᠳ᠋ᠠ᠃
ᠠᠪᠤ ᠮᠢᠨᠢ ᠮᠠᠨᠳᠤ ᠮᠠᠰᠢ ᠠᠭᠤᠵᠢᠭᠤ ᠲᠠᠢ᠌ᠪᠤᠭᠤ ᠬᠠᠨᠳᠤᠬᠰᠠᠭ᠋ᠠᠷ ᠢᠷᠡᠭᠰᠡᠨ ᠶᠤᠮ᠃ ᠶᠠᠮᠠᠷ ᠨᠢᠬᠡ ᠤᠴᠢᠷ ᠨᠠᠴᠢᠷ ᠬᠠᠷᠭᠤᠭ᠋ᠠᠳ ᠠᠪᠤ᠎ᠠᠴᠠ ᠵᠦᠪᠯᠡᠯᠬᠡ ᠠᠪᠬᠤ᠎ᠳᠤ᠂ 《ᠵᠠ᠂ ᠮᠢᠨᠤ ᠬᠡᠤᠬᠡᠳ᠂ ᠠᠪᠤ᠎ᠨᠢ ᠬᠡᠷ᠎ᠤᠨ ᠮᠤᠬᠤᠷ ᠰᠠᠬᠢᠬᠰᠠᠨ ᠬᠦᠮᠦᠨ᠂ ᠭᠠᠳᠠᠬᠰᠢ᠎ᠪᠠᠨ ᠶᠠᠪᠤᠵᠤ ᠠᠮᠢᠳᠤᠷᠠᠯ ᠵᠶ᠋ᠡᠨ ᠲᠤᠯᠭ᠋ᠠᠭᠤᠷᠢᠯᠠᠬᠤ ᠬᠡᠤᠬᠡᠳ ᠦᠪᠡᠷ ᠵᠶ᠋ᠡᠨ ᠰᠢᠢ᠍ᠳᠤᠨᠡ ᠰᠢᠤ》 ᠭᠡᠵᠤ ᠬᠡᠯᠡᠴᠢᠬᠡᠬᠡᠳ᠂ ᠬᠡᠨ ᠬᠡᠨ ᠢᠡᠭᠭᠢᠵᠤ ᠬᠢᠬᠡᠳ ᠡᠢ᠌ᠮᠤ ᠦᠷ᠎ᠡ ᠳ᠋ᠦᠡᠭ᠎ᠳᠤ ᠬᠦᠷᠦᠭᠰᠡᠨ ᠶᠤᠮ ᠡ ᠬᠡᠬᠦ ᠮᠡᠳᠤᠴᠢᠯᠠᠨ ᠵᠢᠱ᠌ᠢᠶ᠎ᠡ ᠶᠠᠷᠢᠳᠠᠭ᠃ ᠬᠠᠷᠢᠨ 《ᠢᠡᠭᠭᠢ᠂ ᠴᠢᠡᠭᠭᠢ》 ᠬᠡᠰᠡᠨ ᠰᠢᠢ᠍ᠳᠢ ᠬᠡᠵᠢᠶ᠎ᠡ ᠴᠦ᠍ ᠰᠢᠭᠤᠳ ᠦᠭᠳᠡᠭ ᠦᠬᠡᠢ ᠪᠠᠢ᠌ᠯ᠎ᠠ ᠰᠢᠤ᠃ ᠡᠨᠡ ᠯᠨ ᠤᠴᠢᠷ᠎ᠠᠴᠠ ᠪᠢᠳᠡ ᠠᠬ᠎ᠠ ᠲᠡᠬᠦᠤ ᠬᠡᠳᠤᠬᠦᠯᠨ ᠠᠮᠢᠳᠤᠷᠠᠯ ᠠᠬᠤᠢ᠎ᠳᠤ ᠲᠤᠯᠭ᠋ᠠᠷᠠᠬᠰᠠᠨ ᠠᠯᠢᠪᠠ ᠲᠤᠬᠢᠶᠠᠯᠳᠤᠯ ᠵᠶ᠋ᠡᠨ ᠤᠷᠢᠳᠠᠪᠠᠷ ᠦᠪᠡᠷ ᠵᠶ᠋ᠡᠨ ᠰᠢᠢ᠍ᠳᠴᠤ᠂ ᠲᠤᠯᠤᠭ᠋ᠠᠢ ᠮᠡᠳᠡᠬᠦ ᠤᠬᠠᠭ᠋ᠠᠨ ᠬᠦᠮᠦᠵᠢᠭᠳᠡᠭᠰᠡᠨ ᠪᠠᠢ᠌ᠬ᠎ᠠ ᠪᠤᠯᠪᠠ ᠤᠤ? 《ᠠᠪᠤ ᠵᠢᠨ ᠪᠤᠢ᠎ᠳᠤ ᠬᠦᠮᠦᠨ ᠲᠠᠨᠢᠬᠤ᠂ ᠠᠬᠳᠠ ᠵᠢᠨ ᠪᠤᠢ᠎ᠳᠤ ᠭᠠᠵᠠᠷ ᠲᠠᠨᠢᠬᠤ》 ᠬᠡᠳᠡᠭ ᠵᠶ᠋ᠡᠷ 《ᠠᠪᠤ ᠡᠵᠢ ᠴᠢᠨᠢ ᠶᠠᠮᠠᠷᠲᠤᠪᠠᠨ ᠲᠠᠨᠤᠰᠢ ᠨᠠᠰᠤ᠎ᠪᠠᠷ ᠵᠶ᠋ᠡᠨ ᠲᠠᠭ᠋ᠠᠨ᠎ᠠ ᠤᠤ ᠳ᠋ᠠ?》 ᠬᠡᠳᠡᠭ ᠦᠬᠡᠨ᠎ᠤ ᠴᠠᠭ᠋ᠠᠨ᠎ᠠ 《ᠪᠡᠶ᠎ᠡ᠎ᠪᠠᠨ ᠲᠠᠭ᠋ᠠᠭ᠋ᠠᠵᠤ ᠰᠤᠷ》 ᠬᠡᠳᠡᠭ ᠬᠤᠯᠠᠴᠢ ᠤᠬᠠᠭ᠋ᠠᠨ ᠨᠢᠭᠤᠬᠳᠠᠵᠤ ᠪᠠᠢ᠌ᠬᠰᠠᠨ ᠮᠠᠭ᠋ᠠᠳ ᠳ᠋ᠠ᠃
ᠠᠪᠤ ᠮᠢᠨᠢ ᠮᠠᠨᠤᠰ᠎ᠢ ᠦᠪᠡᠷ ᠦᠪᠡᠷ᠎ᠤᠨ ᠤᠨᠴᠠᠯᠢᠭᠲᠤ ᠲᠤᠬᠢᠷᠠᠭᠤᠯᠬᠤ ᠵᠢ ᠬᠢᠷᠢ᠎ᠳᠤ᠎ᠪᠠᠨ ᠬᠢᠴᠢᠶᠡᠵᠤ ᠪᠠᠢ᠌ᠬᠰᠠᠨ ᠪᠤᠯ ᠤᠤ? ᠭᠡᠵᠤ ᠪᠤᠳᠤᠬᠤ ᠶᠤᠮ᠃ ᠪᠢ ᠪᠢᠴᠢᠭ ᠨᠤᠮ᠎ᠲᠠᠢ ᠵᠠᠭᠤᠷᠠᠬᠤ ᠲᠤᠷᠠᠳᠠᠢ᠂ ᠬᠠᠷᠢᠨ ᠬᠤᠶᠠᠳᠤᠭ᠋ᠠᠷ ᠲᠡᠬᠦᠤ ᠪᠤᠯ ᠪᠠᠷᠢᠯᠳᠤᠬᠤ ᠲᠤᠷᠠᠳᠠᠢ᠃ ᠡᠪᠢᠨ (ᠠᠪᠤ ᠵᠢᠨ ᠠᠬ᠎ᠠ) ᠮᠢᠨᠢ ᠠᠪᠤ᠎ᠳᠤ᠄ 《ᠡᠨᠡ ᠬᠦᠤ ᠴᠢᠨᠢ ᠪᠢᠴᠢᠭ ᠰᠤᠷᠬᠤ ᠦᠬᠡᠢ᠂ ᠡᠷᠳᠡᠬᠡᠨ ᠰᠤᠷᠭ᠋ᠠᠭᠤᠯᠢ᠎ᠠᠴᠠ ᠭᠠᠷᠭ᠋ᠠᠭ᠋ᠠᠳ ᠬᠤᠨᠢ ᠬᠠᠷᠢᠭᠤᠯᠤᠭ》 ᠬᠡᠬᠦ᠎ᠳᠤᠨᠢ ᠠᠪᠤ ᠮᠢᠨᠢ ᠠᠬ᠎ᠠ ᠵᠢᠨ ᠵᠶ᠋ᠡᠨ ᠦᠬᠡᠳᠡ᠎ᠠᠴᠠ ᠠᠮᠨ ᠵᠦᠷᠢᠳᠡᠭ ᠦᠬᠡᠢ᠂ ᠲᠠᠢ᠌ᠪᠤᠭᠤᠬᠠᠨ ᠵᠶ᠋ᠡᠷ᠄ 《ᠠᠬ᠎ᠠ ᠡ᠂ ᠨᠤᠮ᠎ᠢ᠎ᠨᠢ ᠰᠣᠷᠬᠤ ᠦᠬᠡᠢ᠎ᠳᠤ ᠨᠤᠮᠤᠬᠠᠨ᠎ᠢ᠎ᠨᠢ ᠰᠤᠷᠤᠭ ᠳ᠋ᠠ》 ᠭᠡᠵᠤ ᠬᠠᠷᠢᠭᠤᠯᠳᠠᠭ᠃ ᠠᠪᠤ ᠮᠢᠨᠢ ᠬᠠᠷᠠᠬᠠᠨ ᠪᠠᠭ᠎ᠠ᠎ᠠᠴᠠ᠎ᠪᠠᠨ ᠠᠪᠤ ᠡᠵᠢ᠎ᠠᠴᠠ᠎ᠪᠠᠨ ᠦᠨᠤᠴᠢᠷᠡᠭᠰᠡᠨᠤ ᠲᠠᠷᠠᠭ᠎ᠠ ᠭᠠᠵᠠᠷ ᠲᠡᠬᠡᠷᠡᠬᠢ ᠭᠠᠬ᠍ᠴᠠᠬᠠᠨ ᠠᠬ᠎ᠠ᠎ᠪᠠᠨ ᠬᠦᠨᠳᠤᠯᠡᠬᠦ ᠵᠢᠨ ᠶᠡᠬᠡ ᠪᠠᠷ ᠬᠦᠨᠳᠤᠯᠡᠳᠡᠭ ᠪᠦᠬᠡᠳ᠄ 《ᠮᠢᠨᠤ ᠬᠡᠤᠬᠡᠳ᠎ᠤᠳ ᠬᠤᠵᠢᠮ ᠠᠪᠤ᠎ᠪᠠᠨ ᠲᠡᠵᠢᠬᠡᠬᠦ ᠦᠬᠡᠢ᠎ᠳᠤ ᠪᠤᠯᠤᠨ᠎ᠠ᠂ ᠠᠪᠠᠭ᠎ᠠ᠎ᠪᠠᠨ ᠶᠠᠭ᠋ᠠᠬᠢᠬᠰᠠᠨ ᠴᠦ᠍ ᠬᠠᠶᠠᠵᠤ ᠪᠤᠯᠬᠤ ᠦᠬᠡᠢ ᠰᠢᠤ》 ᠭᠡᠵᠤ ᠪᠠᠢ᠌ᠨ ᠪᠠᠢ᠌ᠨ ᠴᠢᠬᠢᠨ᠎ᠳᠤ ᠬᠤᠡᠭᠬᠤ ᠲᠡᠬᠦᠵᠢᠯᠡᠳᠡᠭ᠂ ᠤᠳᠤ ᠪᠤᠳᠤᠪᠠᠯ ᠠᠪᠤ ᠵᠢᠨ ᠮᠢᠨᠢ ᠮᠠᠨᠳᠤ ᠬᠠᠮᠤᠭ᠎ᠠᠴᠠ ᠤᠯᠠᠨ ᠠᠢ᠌ᠯᠠᠳᠤᠬᠰᠠᠨ ᠰᠤᠷᠭ᠋ᠠᠯ ᠡᠨᠡ᠃ ᠡᠨᠡ ᠯᠨ ᠨᠦᠯᠤᠬᠡ᠎ᠠᠴᠠ ᠪᠤᠯᠤᠬᠰᠠᠨ ᠪᠠᠢ᠌ᠬ᠎ᠠ᠂ ᠪᠢᠳᠡ ᠠᠬ᠎ᠠ ᠲᠡᠬᠦᠤ ᠭᠤᠷᠪᠠ ᠴᠦ᠍ ᠪᠦᠷ ᠢᠳᠡᠷ ᠨᠠᠰᠤᠨ᠎ᠳᠤ ᠤᠷᠤᠬᠰᠠᠨ ᠪᠤᠯᠪᠠᠴᠤ ᠬᠤᠶᠠᠷ ᠲᠡᠬᠦᠤ ᠮᠢᠨᠢ ᠤᠳᠤ ᠪᠤᠯᠳᠠᠯ᠎ᠠ ᠨᠠᠳᠠ᠎ᠲᠠᠢ ᠠᠮᠨ ᠵᠦᠷᠢᠭᠰᠡᠨ ᠤᠳᠠᠭ᠎ᠠ ᠦᠬᠡᠢ᠂ ᠶᠠᠭᠤᠮ᠎ᠠ ᠪᠤᠯᠭ᠋ᠠᠨ ᠲᠡᠬᠡᠷ᠎ᠡ ᠠᠬ᠎ᠠ᠎ᠪᠠᠨ ᠭᠡᠵᠤ ᠬᠦᠨᠳᠤᠯᠡᠳᠡᠭᠲᠤᠨᠢ᠂ ᠬᠤᠶᠠᠷ ᠲᠡᠬᠦᠤ᠎ᠳᠤ᠂ ᠠᠪᠤ ᠡᠵᠢ ᠮᠠᠰᠢᠳᠠ ᠲᠠᠯᠠᠷᠬᠠᠵᠤ ᠶᠠᠪᠤᠳᠠᠭ ᠮᠠᠨᠢ ᠦᠨᠡᠨ᠃ 《ᠲᠡᠪᠡᠯ᠎ᠤᠨ ᠵᠠᠭ᠋ᠠᠮ᠎ᠠ᠎ᠨᠢ ᠬᠠᠮᠢᠭ᠋ᠠᠰᠢ᠎ᠪᠠᠨ ᠪᠤᠯ ᠲᠦᠷᠪᠡᠨ ᠬᠤᠷᠮᠤᠢ᠎ᠨᠢ ᠲᠡᠢ᠌ᠰᠢ᠎ᠪᠠᠨ》 ᠬᠡᠳᠡᠭ ᠡᠨᠡ᠃ ᠠᠪᠤ ᠡᠵᠢ ᠪᠤᠯᠤᠬᠰᠠᠳ᠎ᠤᠨ ᠶᠡᠭᠡᠡᠭᠭᠢ ᠦᠢ᠍ᠯᠨ ᠬᠡᠤᠬᠡᠳ᠎ᠲᠤ ᠲᠤᠯᠢ ᠪᠤᠯᠳᠠᠭ ᠠᠵᠢ᠃
ᠡᠵᠢ ᠮᠢᠨᠢ ᠠᠪᠤ᠎ᠲᠠᠢ ᠮᠢᠨᠢ ᠦᠰᠤᠳ ᠦᠬᠡᠷ᠎ᠡ᠂ ᠤᠷᠤᠨ ᠭᠠᠷᠤᠨ ᠶᠠᠷᠢᠵᠤ ᠶᠠᠡᠭᠰᠢᠵᠤ᠂ ᠪᠠᠢ᠌ᠨ ᠪᠠᠢ᠌ᠨ ᠭᠠᠷ ᠬᠦᠳᠡᠯᠳᠡᠭ ᠦᠬᠡᠢ ᠪᠤᠯᠪᠠᠴᠤ ᠪᠢᠳᠡ ᠬᠠᠷᠢᠨ ᠡᠵᠢ᠎ᠠᠴᠠ ᠲᠡᠳᠤᠢ ᠯᠨ ᠰᠦᠷᠳᠡᠳᠡᠭ ᠦᠬᠡᠢ᠂ ᠠᠪᠤ᠎ᠠᠴᠠ ᠰᠦᠷᠳᠡᠳᠡᠭ᠎ᠤᠨ ᠤᠴᠢᠷ᠎ᠢ ᠤᠳᠤ ᠬᠦᠷᠳᠡᠯ᠎ᠡ ᠤᠯ ᠶᠠᠳᠠᠬᠤ ᠶᠤᠮ᠃ ᠪᠢᠳᠡ ᠠᠬ᠎ᠠ ᠲᠠᠬᠦᠤ ᠬᠡᠳᠤᠬᠦᠯᠨᠢ ᠪᠤᠤ ᠬᠡᠯᠨ᠂ ᠠᠪᠤ ᠵᠢ 《ᠠ ᠬᠡ ᠬᠡ》 ᠭᠡᠵᠤ ᠲᠠᠭᠤᠳᠠᠳᠠᠭ ᠠᠢ᠌ᠯ᠎ᠤᠨ ᠠᠬᠠᠮᠠᠳ᠎ᠤᠳ ᠴᠦ᠍ ᠠᠪᠤ᠎ᠠᠴᠠ ᠶᠡᠬᠡ ᠯᠨ ᠰᠢᠷᠬᠡᠢ᠌ᠳᠡᠭ᠂ ᠠᠪᠤ ᠮᠢᠨᠢ ᠲᠡᠢ᠌ᠮᠤ ᠯᠨ ᠬᠠᠬᠢᠷ ᠬᠠᠳᠠᠭᠤ ᠬᠦᠮᠦᠨ ᠪᠤᠯᠤᠭ᠋ᠠᠳ ᠲᠡᠷᠨ ᠪᠢᠰᠢ᠂ ᠬᠠᠷᠢᠨ ᠨᠢᠬᠡ ᠶᠤᠰᠤᠨ᠎ᠤ ᠬᠦᠨᠳᠤᠳᠬᠡᠯ ᠪᠤᠯᠪᠠ ᠤᠤ ᠭᠡᠵᠤ ᠪᠤᠳᠤᠬᠤ ᠶᠤᠮ᠃ ᠠᠪᠤ ᠮᠢᠨᠢ ᠤᠰᠤ ᠭᠤᠤᠯᠤᠨᠬᠢᠨᠳᠤᠳᠠᠭᠠᠨ ᠮᠠᠰᠢ ᠬᠦᠨᠳᠤᠳᠡᠢ ᠶᠠᠪᠤᠬᠰᠠᠨ ᠪᠤᠶᠠᠨᠰᠠᠭ ᠬᠦᠮᠦᠨ ᠶᠤᠮ᠃ ᠮᠠᠨ᠎ᠤ ᠠᠢ᠌ᠯ᠎ᠤᠨ ᠲᠤᠷᠵᠢ ᠠᠬ᠎ᠠ (ᠤᠳᠤ ᠤᠯᠠᠭ᠋ᠠᠨᠴᠠᠪ ᠠᠢ᠌ᠮᠠᠭ᠎ᠤᠨ ᠲᠠᠷᠬᠠᠨ ᠮᠤᠤᠮᠢᠡᠭᠭ᠋ᠠᠨ ᠬᠤᠰᠢᠭᠤᠨ᠎ᠤ ᠮᠤᠡᠭᠭᠤᠯ ᠲᠤᠮᠳᠠᠳᠤ ᠰᠤᠷᠭ᠋ᠠᠭᠤᠯᠢ᠎ᠳᠤ ᠪᠠᠬᠰᠢᠯᠠᠵᠤ ᠪᠠᠢ᠌ᠨ᠎ᠠ) ᠨᠠᠶᠠᠭ᠋ᠠᠳ ᠤᠨ᠎ᠤ ᠡᠬᠢᠨ᠎ᠳᠤ ᠵᠤᠤ ᠤᠳᠠ ᠪᠠᠬᠰᠢ ᠵᠢᠨ ᠲᠤᠰᠬᠠᠢ ᠮᠡᠷᠬᠡᠵᠢᠯ᠎ᠤᠨ ᠰᠤᠷᠭ᠋ᠠᠭ᠋ᠠᠤᠯᠢᠳᠤ ᠰᠢᠯᠭ᠋ᠠᠵᠤ ᠤᠷᠤᠬᠰᠠᠨ ᠪᠤᠯᠪᠠᠴᠤ ᠬᠡᠷ ᠪᠦᠯᠢ ᠵᠢᠨ ᠬᠦᠴᠢᠷᠳᠡᠯᠳᠡᠢ᠎ᠠᠴᠠ ᠪᠤᠯᠵᠤ ᠠᠪᠤ ᠡᠵᠢ᠎ᠨᠢ ᠰᠤᠷᠭ᠋ᠠᠭᠤᠯᠢ᠎ᠳᠤ ᠶᠠᠪᠤᠬᠤ ᠵᠢ᠎ᠨᠢ ᠲᠡᠮᠵᠢᠬᠦ ᠦᠬᠡᠢ᠎ᠳᠤ ᠠᠪᠤ ᠵᠢ ᠡᠷᠢᠬᠡᠳ ᠢᠷᠡᠪᠡ ᠬᠡᠨ᠎ᠡ᠂ ᠲᠡᠭᠡᠭᠡᠳ ᠠᠪᠤ ᠪᠠᠷᠢᠭ᠋ᠠᠳᠠ᠎ᠠᠴᠠ ᠵᠤᠭᠤᠰ ᠵᠢᠬᠡᠯᠡᠬᠦᠯᠵᠤ ᠰᠤᠷᠭ᠋ᠠᠭᠤᠯᠢ᠎ᠳᠤ ᠶᠠᠪᠤᠭᠤᠯᠤᠬᠰᠠᠨ᠎ᠳᠤᠨᠢ ᠲᠤᠷᠵᠢ ᠠᠬ᠎ᠠ ᠵᠢᠯ ᠪᠤᠯᠭ᠋ᠠᠨ ᠨᠤᠳᠤᠭ ᠪᠤᠴᠠᠬᠤ᠎ᠳᠤ᠎ᠪᠠᠨ ᠠᠪᠤ᠎ᠲᠠᠢ ᠢᠷᠡᠵᠤ ᠵᠤᠯᠭ᠋ᠠᠳᠠᠭ ᠶᠤᠮ᠃
ᠡᠨᠳᠡ ᠬᠦᠷᠳᠡᠯ᠎ᠡ ᠤᠡᠭᠰᠢᠭ᠋ᠠᠳ ᠲᠠ ᠨᠠᠮ᠎ᠠ ᠵᠢ ᠠᠪᠤ᠎ᠳᠤ᠎ᠪᠠᠨ ᠵᠠᠡᠭᠨᠠᠭᠤᠯᠤᠭᠠ ᠦᠬᠡᠢ ᠬᠡᠤᠬᠡᠳ ᠪᠠᠢ᠌ᠨ᠎ᠠ ᠰᠢᠳᠠ ᠭᠡᠵᠤ ᠪᠤᠳᠤᠵᠤ ᠮᠠᠭ᠋ᠠᠳ᠂ ᠠᠷᠠᠢ ᠴᠦ᠍ ᠲᠡᠢ᠌ᠮᠤ ᠪᠢᠰᠢ ᠡ᠃ ᠪᠠᠭ᠎ᠠ ᠰᠤᠷᠭ᠋ᠠᠭᠤᠯᠢ ᠵᠢᠨ ᠭᠤᠷᠪᠠᠳᠤᠭ᠋ᠠᠷ ᠤᠨ᠎ᠳᠤ ᠰᠤᠮᠫᠠᠨ ᠪᠤᠳᠤᠯᠭ᠎ᠠ ᠰᠤᠷᠴᠤ ᠡᠬᠢᠯᠡᠭᠰᠡᠨ ᠪᠤᠯᠪᠠᠴᠤ ᠰᠤᠮᠫᠠᠨ ᠠᠪᠴᠤ ᠠᠮᠵᠢᠭ᠎ᠠ ᠦᠬᠡᠢ ᠪᠠᠢ᠌ᠪᠠ᠃ ᠨᠢᠬᠡ ᠬᠠᠮᠳᠤ ᠰᠤᠷᠤᠬ᠍ᠴᠢ ᠵᠢᠨ ᠡᠵᠢ᠎ᠨᠢ ᠪᠠᠬᠰᠢ᠂ ᠡᠬᠡᠴᠢ ᠤᠯᠠᠨᠳᠠᠢ ᠪᠤᠯᠬᠤᠷ ᠠᠯᠢ ᠨᠢᠬᠡ ᠡᠬᠡᠴᠢ ᠵᠢᠨ ᠵᠶ᠋ᠡᠨ ᠰᠤᠮᠫᠠᠨᠢ ᠰᠤᠷᠭ᠋ᠠᠭᠤᠯᠢ ᠲᠡᠬᠡᠷ᠎ᠡ ᠠᠪᠴᠢᠷᠠᠬᠰᠠᠨᠢᠨᠢ ᠭᠠᠷᠠᠭ᠎ᠤᠨ ᠰᠡᠬᠦᠯ᠎ᠳᠤ ᠪᠢ ᠬᠡᠷ᠎ᠲᠤ᠎ᠪᠠᠨ ᠠᠪᠠᠴᠢᠵᠤ ᠪᠤᠯᠪᠠᠰᠤᠷᠠᠬᠤ᠎ᠪᠠᠷ ᠵᠢᠬᠡᠯᠡᠪᠡ᠃ ᠪᠠᠰᠨ ᠯᠨ ᠮᠢᠨᠤ ᠨᠦᠬᠦᠬᠡ ᠠᠯᠢᠶ᠎ᠠ ᠨᠡᠷ᠎ᠡ ᠰᠢᠡᠭᠭᠡᠭᠰᠡᠨ ᠬᠤᠶᠠᠳᠤᠭ᠋ᠠᠷ ᠲᠡᠬᠦᠤ (ᠪᠠᠭ᠎ᠠ ᠲᠡᠬᠦᠤ ᠲᠡᠷᠨ ᠦᠶ᠎ᠡ᠎ᠳᠤ ᠰᠤᠷᠭ᠋ᠠᠭᠤᠯᠢ᠎ᠳᠤ ᠤᠷᠤᠭ᠎ᠠ ᠦᠬᠡᠢ) ᠮᠢᠨᠤ ᠵᠠᠷᠤᠵᠤ ᠪᠠᠢ᠌ᠬᠰᠠᠨ ᠰᠤᠮᠫᠠᠨᠢ ᠬᠠᠴᠢᠷᠬᠠᠭ᠋ᠠᠳ᠂ ᠠᠷᠤ᠎ᠪᠠᠷ ᠤᠷᠳᠤᠭᠤᠷ ᠡᠷᠬᠢᠯᠳᠤᠬᠡᠳ᠂ ᠲᠦᠡᠭᠭᠡᠨ ᠲᠠᠡᠭᠭ᠋ᠠᠨ ᠪᠤᠳᠤᠵᠤ ᠭᠠᠷᠭ᠋ᠠᠬᠰᠠᠨ ᠳ᠋ᠦᠡᠭ᠎ᠢ ᠬᠦᠢ ᠪᠠᠢ᠌ᠵᠨ ᠵᠢ ᠬᠦᠯᠢᠶᠡᠯ ᠦᠬᠡᠢ ᠨᠢᠬᠡ ᠯᠨ ᠰᠠᠮᠠᠷᠠᠴᠢᠬᠠᠬᠤ ᠶᠤᠮ ᠪᠢᠯᠨ᠂ ᠲᠤᠭ᠋ᠠᠨ᠎ᠳᠤ ᠮᠠᠭᠤ ᠵᠢᠨ ᠭᠠᠢ᠎ᠪᠠᠷ ᠲᠤᠬᠤ᠎ᠪᠠᠨ ᠮᠠᠭ᠋ᠠᠵᠢᠨ ᠭᠠᠴᠢᠬᠳᠠᠵᠤ ᠪᠠᠢ᠌ᠬᠰᠠᠨ ᠪᠢ 《ᠪᠠᠷᠰ᠎ᠤᠨ ᠠᠭᠤᠷ᠎ᠢ ᠪᠠᠮᠪᠠᠷᠲᠤ》 ᠬᠡᠳᠡᠭ ᠪᠤᠯᠵᠤ᠂ ᠬᠦᠮᠦᠨ᠎ᠤ ᠰᠤᠮᠫᠠᠨᠢ ᠪᠠᠯᠪᠠ ᠰᠠᠪᠠᠴᠢᠬᠠᠪᠠ᠃ 《ᠢᠴᠢᠭᠰᠡᠨ ᠬᠦᠮᠦᠨ ᠬᠦᠮᠦᠨ ᠠᠯᠠᠨ᠎ᠠ》 ᠬᠡᠳᠡᠭ ᠵᠶ᠋ᠡᠷ ᠢᠴᠢᠬᠦ ᠠᠭᠤᠷᠯᠠᠬᠤ ᠬᠤᠤᠰᠯᠠᠬᠰᠠᠨ ᠪᠢ ᠪᠠᠯᠪᠠᠷᠬᠠᠢ ᠰᠤᠮᠫᠠᠨᠢ ᠦᠵᠡᠬᠡᠳ ᠲᠡᠬᠦᠤ᠎ᠪᠠᠨ ᠪᠤᠷᠤᠭᠤᠳᠬᠠᠵᠤ᠂ ᠦᠰᠤ ᠲᠤᠯᠤᠭ᠋ᠠᠢ᠎ᠪᠠᠨ ᠠᠪᠤᠭ᠋ᠠᠳ ᠲᠡᠬᠡᠷ᠎ᠡ ᠲᠤᠤᠷ᠎ᠠ᠎ᠪᠠᠨ ᠤᠷᠤᠵᠤ ᠪᠠᠢ᠌ᠳᠠᠯ᠎ᠠ ᠠᠪᠤ ᠤᠷᠤᠭ᠋ᠠᠳ ᠢᠷᠡᠯ᠎ᠡ ᠰᠢᠤ᠃ ᠠᠪᠤ ᠮᠢᠨᠢ ᠶᠡᠷᠤ᠎ᠨᠢ ᠪᠠᠷᠢᠭ᠋ᠠᠳᠠ ᠵᠢᠨ ᠠᠵᠢᠯ ᠬᠡᠳ ᠶᠠᠭ᠋ᠠᠷᠠᠳᠠᠭ ᠶᠤᠮ ᠳ᠋ᠠ᠂ ᠲᠡᠷᠨ ᠡᠳᠤᠷ ᠶᠠᠭ᠋ᠠᠬᠢᠠᠭᠳ ᠲᠡᠢ᠌ᠮᠤ ᠡᠷᠳᠡ ᠬᠠᠷᠢᠵᠤ ᠢᠷᠡᠭᠰᠡᠨ᠎ᠢ ᠮᠡᠳᠡᠬᠦ ᠦᠬᠡᠢ᠃
ᠶᠠᠭᠤ ᠪᠤᠯᠵᠤ ᠪᠠᠢ᠌ᠭ᠎ᠠ ᠵᠢ ᠠᠰᠠᠭᠤᠵᠤ ᠮᠡᠳᠡᠬᠡᠳ ᠠᠪᠤ ᠮᠢᠨᠢ᠄ 《ᠠᠬ᠎ᠠ ᠭᠡᠵᠤ ᠪᠠᠢ᠌ᠭ᠋ᠠᠳ ᠠᠬ᠎ᠠ ᠬᠦᠮᠦᠨ᠎ᠤ ᠰᠢᠨᠵᠢ ᠦᠬᠡᠢ᠂ ᠰᠤᠮᠫᠠᠨᠢ ᠦᠪᠡᠷ ᠵᠶ᠋ᠡᠨ ᠪᠠᠯᠪᠠ ᠰᠠᠪᠠᠴᠢᠬᠠᠭ᠋ᠠᠳ ᠪᠠᠰᠨ ᠬᠦᠮᠦᠨ᠎ᠢ ᠪᠤᠷᠤᠭᠤᠳᠬᠠᠨ᠎ᠠ᠂᠂᠂᠂ ᠬᠠᠮᠳᠤ ᠰᠤᠷᠤᠬ᠍ᠴᠢ᠎ᠳᠤ ᠶᠠᠭᠤ ᠭᠡᠵᠤ ᠬᠡᠯᠡᠬᠦ ᠶᠤᠮ?》 ᠭᠡᠵᠤ ᠵᠢᠮᠡᠯᠡᠪᠡ᠃ ᠠᠪᠤ ᠮᠢᠨᠢ ᠠᠡᠭᠬ᠎ᠠ᠂ ᠮᠥᠨ ᠴᠦ᠍ ᠡᠴᠤᠰ᠎ᠤᠨ ᠤᠳᠠᠭ᠎ᠠ ᠨᠠᠮ᠎ᠠ ᠵᠢ ᠬᠠᠳᠠᠭᠤᠬᠠᠨ ᠵᠢᠮᠡᠯᠡᠭᠰᠡᠨ᠎ᠨᠢ ᠡᠨᠡ ᠡ᠃
ᠬᠡᠳᠤᠨ ᠡᠳᠤᠷᠤᠨᠬᠢᠨᠢ ᠲᠠᠷᠠᠭ᠎ᠠ ᠠᠪᠤ ᠰᠤᠮᠤᠨ᠎ᠤ ᠬᠤᠷᠰᠢᠶᠠᠨ᠎ᠳᠤ ᠤᠴᠢᠵᠤ ᠰᠢᠨ᠎ᠡ ᠰᠤᠮᠫᠠᠨ ᠠᠪᠴᠢᠷᠠᠭ᠋ᠠᠳ᠄ 《ᠬᠠᠮᠳᠤ ᠰᠤᠷᠤᠬ᠍ᠴᠢ ᠵᠢᠨ ᠵᠶ᠋ᠡᠨ ᠰᠤᠮᠫᠠᠨᠢ ᠲᠦᠯᠤᠵᠤ ᠦᠭ》 ᠬᠡᠳ ᠦᠭᠭᠦᠭᠰᠡᠨ ᠶᠤᠮ᠃ 《ᠠᠳᠠᠯᠢᠬᠠᠨᠢ ᠤᠯᠵᠤ ᠲᠡᠢ᠌ᠯᠦᠭᠰᠡᠨ ᠦᠬᠡᠢ》 ᠭᠡᠵᠤ ᠬᠡᠵᠢᠶ᠎ᠡ ᠬᠤᠢ᠌ᠨ᠎ᠠ᠎ᠨᠢ ᠠᠪᠤ ᠬᠡᠯᠡᠪᠡ᠂ ᠠᠪᠤ ᠬᠦᠮᠦᠨ᠎ᠤ ᠰᠡᠳᠬᠢᠯ ᠬᠡᠵᠢ᠃
ᠠᠪᠤ ᠮᠢᠨᠢ ᠮᠠᠨᠳᠤ ᠠᠢ᠌ᠯ ᠠᠢ᠌ᠮᠠᠭᠤᠨᠬᠢᠨᠢ ᠮᠠᠭᠤ ᠵᠢ ᠬᠡᠵᠢᠶ᠎ᠡ ᠴᠦ᠍ ᠵᠤᠭᠤᠭ ᠪᠤᠯᠭ᠋ᠠᠨ ᠬᠡᠯᠡᠳᠡᠭ ᠦᠬᠡᠢ ᠶᠤᠮ᠃ ᠬᠡᠳᠡᠯ᠎ᠡ ᠡᠢ᠌ᠮᠤ ᠨᠢᠬᠡ ᠦᠯᠢᠬᠡᠷ ᠪᠢᠰᠢ᠂ ᠦᠨᠡᠨ ᠶᠠᠪᠤᠳᠠᠯ᠎ᠢ ᠨᠢᠬᠡ ᠪᠢᠰᠢ ᠬᠡᠯᠡᠭᠰᠡᠨ᠃ ᠮᠠᠨ᠎ᠤ ᠤᠭ ᠨᠤᠳᠤᠭ ᠪᠤᠯ ᠨᠠᠢ᠍ᠮᠠᠨ ᠬᠤᠰᠢᠭᠤ ᠶᠤᠮ᠂ ᠡᠪᠦᠬᠡ ᠵᠢᠨ ᠦᠶ᠎ᠡ᠎ᠳᠤ ᠭᠠᠴᠢᠭ᠎ᠠᠴᠠ ᠵᠠᠢ᠌ᠯᠠᠵᠤ ᠪᠠᠭ᠋ᠠᠷᠢᠨ ᠪᠠᠷᠠᠭᠤᠨ ᠬᠤᠰᠢᠭᠤᠨ᠎ᠳᠤ ᠲᠠᠪᠤᠰᠤᠨ ᠠᠶᠠᠨ ᠵᠶ᠋ᠡᠷ ᠲᠠᠨᠢᠯᠴᠠᠬᠰᠠᠨ ᠠᠬ᠎ᠠ ᠲᠡᠬᠦᠤ᠎ᠪᠠᠨ ᠲᠦᠰᠢᠬᠦ ᠭᠡᠵᠤ ᠨᠠᠢ᠍ᠮᠠᠨ ᠬᠤᠰᠢᠭᠤᠨ᠎ᠠᠴᠠ ᠭᠠᠷᠴᠤ ᠢᠷᠡᠬᠡᠳ ᠵᠠᠮ ᠵᠠᠭᠤᠷ᠎ᠠ᠎ᠪᠠᠨ ᠠᠷᠤ ᠬᠤᠷᠴᠢᠨ᠎ᠤ ᠪᠤᠯᠠᠭ ᠬᠡᠮᠡᠬᠦ ᠨᠤᠳᠤᠭ᠎ᠲᠤ ᠬᠦᠯ ᠲᠤᠬᠳᠠᠵᠠᠢ᠃ ᠡᠪᠦᠬᠡ ᠵᠢᠨ ᠦᠶ᠎ᠡ᠎ᠳᠤ ᠶᠠᠳᠠᠭᠤ ᠲᠠᠷᠴᠢᠭᠢ ᠬᠡᠯᠡᠬᠦ ᠶᠠᠭᠤᠨ᠂ ᠠᠢ᠌ᠯ᠎ᠤᠨ ᠮᠠᠯ᠎ᠢ ᠬᠠᠷᠢᠭᠤᠯᠵᠤ ᠪᠠᠢ᠌ᠯ᠎ᠠ᠃ ᠨᠢᠬᠡ ᠡᠳᠤᠷ ᠡᠪᠤᠬᠡ ᠵᠢᠨ ᠬᠠᠷᠢᠭᠤᠯᠵᠤ ᠪᠠᠢ᠌ᠬᠰᠠᠨ ᠰᠦᠷᠦᠭ᠎ᠠᠴᠠ ᠬᠤᠶᠠᠷ ᠮᠠᠯ ᠲᠤᠳᠠᠬᠰᠠᠨ᠎ᠳᠤ ᠮᠠᠯ᠎ᠤᠨ ᠡᠵᠡᠨ᠎ᠨᠢ ᠡᠪᠤᠬᠡ ᠵᠢ ᠬᠤᠯᠠᠭ᠋ᠠᠢ᠌ᠯᠠᠯᠠ ᠬᠡᠳ ᠬᠡᠳᠤᠨ ᠡᠳᠤᠷ ᠲᠠᠮᠤᠯᠠᠵᠤ᠂ ᠮᠸᠢᠶᠢᠤ ᠲᠤᠰᠤ ᠴᠢᠳᠬᠤᠯ᠎ᠠ ᠬᠡᠳᠡᠭ᠃ ᠡᠨᠡ ᠤᠴᠢᠷ᠎ᠢ ᠡᠪᠤᠬᠡ ᠮᠢᠨᠢ ᠲᠠᠭ᠋ᠠᠯᠠᠯ ᠪᠤᠯᠬᠤ᠎ᠠᠴᠠ ᠡᠮᠦᠨᠡᠬᠡᠨ ᠠᠪᠤ᠎ᠳᠤ ᠬᠡᠯᠡᠬᠡᠳ᠄ 《ᠮᠢᠨᠤ ᠬᠦᠤ ᠬᠤᠵᠢᠮ ᠴᠢᠳᠠᠯ ᠤᠷᠤᠯ᠎ᠠ ᠬᠡᠳ ᠦᠰ ᠪᠤᠳᠤᠵᠤ ᠦᠰᠢᠶ᠎ᠡ ᠠᠪᠤᠨ᠎ᠠ ᠭᠡᠵᠤ ᠪᠤᠯᠬᠤ ᠦᠬᠡᠢ ᠰᠢᠤ᠂ ᠬᠦᠮᠦᠨ᠎ᠤ ᠰᠠᠢ᠌ᠨ᠎ᠢ ᠪᠤᠳᠤᠵᠤ ᠮᠠᠭᠤ ᠵᠢ ᠮᠠᠷᠳᠠᠵᠤ ᠠᠮᠢᠳᠤᠷᠠᠭ᠋ᠠᠷᠠᠢ》 ᠭᠡᠵᠤ ᠬᠡᠯᠡᠯ᠎ᠡ ᠬᠡᠳᠡᠭ᠃
ᠠᠪᠤ ᠮᠢᠨᠢ ᠡᠨᠡ ᠤᠴᠢᠷ᠎ᠢ ᠮᠠᠨᠳᠤ ᠬᠡᠯᠡᠬᠦ᠎ᠳᠤ᠎ᠪᠠᠨ ᠴᠦ᠍ 《ᠡᠪᠦᠬᠡ ᠴᠢᠨᠢ ᠢᠡᠭᠭᠢᠵᠤ ᠬᠡᠯᠡᠭᠰᠡᠨ ᠦᠬᠡᠢ ᠪᠤᠯ ᠬᠤᠵᠢᠮ᠎ᠨᠢ ᠨᠠᠳᠠ᠎ᠳᠤ ᠦᠰᠢᠶ᠎ᠡ ᠠᠪᠬᠤ ᠵᠠᠪᠰᠢᠶᠠᠨ ᠪᠠᠢ᠌ᠭᠰᠠᠨ ᠳ᠋ᠠ᠂ ᠬᠡᠪᠡᠴᠤ ᠡᠪᠦᠬᠡ ᠵᠢᠨ ᠴᠢᠨᠢ ᠦᠬᠡ ᠪᠠᠢ᠌ᠨ ᠪᠠᠢ᠌ᠨ ᠪᠤᠳᠤᠭᠳᠠᠭ᠋ᠠᠳ᠂ ᠬᠦᠮᠦᠨ ᠬᠡᠳᠡᠭ ᠦᠨᠡᠬᠡᠷ ᠬᠦᠮᠦᠨ᠎ᠤ ᠰᠠᠢ᠌ᠨ᠎ᠢ ᠴᠡᠬᠡᠵᠢᠯᠡᠵᠤ᠂ ᠮᠠᠭᠤ ᠵᠢ ᠮᠠᠷᠳᠠᠵᠤ ᠶᠠᠪᠤᠬᠤ ᠬᠡᠷᠡᠭᠳᠡᠢ ᠶᠤᠮ ᠡ》 ᠬᠡᠳᠡᠭ ᠪᠠᠢ᠌ᠯ᠎ᠠ᠃ 《ᠰᠠᠢ᠌ᠨ᠎ᠢ᠎ᠨᠢ ᠴᠡᠬᠡᠵᠢᠯᠡᠵᠤ᠂ ᠮᠠᠭᠤ ᠵᠢ᠎ᠨᠢ ᠮᠠᠷᠳᠠᠵᠤ ᠠᠮᠢᠳᠤᠷᠠᠨ᠎ᠠ》 ᠬᠡᠳᠡᠭ ᠬᠦᠮᠦᠨ ᠪᠤᠯᠭ᠋ᠠᠨ᠎ᠤ᠂ ᠶᠠᠪᠤᠳᠠᠯ ᠪᠤᠯᠭ᠋ᠠᠨ ᠲᠡᠬᠡᠷ᠎ᠡ ᠬᠢᠵᠤ ᠲᠡᠢ᠌ᠯᠳᠡᠭ ᠵᠦᠢ᠍ᠯ ᠪᠢᠰᠢ ᠪᠢᠯᠨ ᠤᠤ?
ᠠᠪᠤ ᠮᠢᠨᠢ ᠬᠠᠷᠠᠬᠠᠨ ᠪᠠᠭ᠎ᠠ᠎ᠠᠴᠠ᠎ᠪᠠᠨ ᠦᠨᠤᠴᠢᠨ ᠦᠷᠤᠬᠡᠰᠤᠨ ᠦᠰᠦᠭᠰᠡᠨ ᠶᠤᠮ᠃ ᠲᠠᠪᠤᠳᠠᠢᠳᠤᠪᠠᠨ ᠡᠵᠢ᠎ᠪᠠᠨ ᠠᠯᠳᠠᠵᠤ᠂ ᠲᠤᠯᠤᠭ᠋ᠠᠳᠠᠢᠳᠤᠪᠠᠨ ᠠᠪᠤ᠎ᠪᠠᠨ ᠠᠯᠳᠠᠵᠤ᠂ ᠨᠠᠭ᠋ᠠᠴᠤ ᠵᠢᠨ ᠵᠶ᠋ᠡᠨ ᠭᠠᠷ ᠲᠡᠬᠡᠷ᠎ᠡ ᠰᠢᠷ᠎ᠠ ᠡᠳᠤᠷ ᠪᠤᠷᠤ ᠬᠤᠨᠤᠭ᠎ᠢ ᠨᠦᠭᠴᠢᠬᠡᠵᠤ ᠪᠠᠢ᠌ᠳᠠᠯ᠎ᠠ᠎ᠨᠢ ᠶᠢᠰᠤᠳᠡᠢ ᠵᠢᠯ᠎ᠳᠤᠨᠢ ᠨᠠᠭ᠋ᠠᠴᠤ᠎ᠨᠢ ᠴᠦ᠍ ᠪᠤᠷᠬᠠᠨ ᠪᠤᠯᠵᠤ ᠠᠪᠤ ᠮᠢᠨᠢ ᠦᠪᠡᠷ᠎ᠨᠢ ᠲᠤᠯᠤᠭ᠎ᠠ ᠠᠬ᠎ᠠ ᠠᠬ᠎ᠠ᠎ᠲᠠᠢ᠎ᠪᠠᠨ ᠬᠤᠶᠠᠭᠤᠯᠬᠠᠨ ᠠᠮᠢ ᠵᠠᠭᠤᠬᠤ ᠬᠠᠳᠠᠭᠤ ᠲᠠᠪᠢᠯᠠᠡᠭᠳᠤ ᠤᠨᠠᠵᠠᠢ᠃ ᠡᠢ᠌ᠨ ᠬᠦ᠌ ᠬᠠᠶᠨ ᠬᠤᠨᠤᠭ ᠲᠠᠰᠤᠷᠠᠬᠤ ᠬᠡᠮᠵᠢᠶᠡᠨ᠎ᠳᠤ ᠬᠦᠷᠴᠤ ᠬᠤᠳᠠ ᠤᠰᠤᠨᠤᠬᠢᠠᠴᠠ ᠪᠤᠳᠠᠭ᠎ᠠ ᠭᠤᠶᠤᠳᠠᠭ ᠬᠡᠳᠡᠭ᠃
ᠠᠢ᠌ᠯ ᠠᠢ᠌ᠯ᠎ᠤᠨ ᠬᠠᠭ᠋ᠠᠯᠭ᠎ᠠ ᠵᠢ ᠲᠤᠬᠰᠢᠭ᠋ᠠᠳ ᠠᠢ᠌ᠯ᠎ᠤᠨ ᠬᠠᠮᠤᠭ᠎ᠤᠨ ᠠᠷᠤ᠎ᠳᠤ ᠰᠠᠭᠤᠳᠠᠭ ᠠᠯᠳᠠᠨᠸᠴᠢᠷᠤᠨᠬᠢ ᠬᠡᠳᠡᠭ ᠠᠢ᠌ᠯ᠎ᠳᠤ ᠭᠠᠷ ᠬᠤᠭᠤᠰᠤᠨ ᠬᠦᠷᠴᠤ ᠢᠷᠡᠬᠦ᠎ᠳᠤᠨᠢ ᠠᠢ᠌ᠯ᠎ᠤᠨ ᠡᠵᠡᠭᠳᠡᠢ᠎ᠨᠢ ᠯᠠᠮᠠᠢ᠌ᠨᠬᠤᠸᠠᠷ ᠨᠠᠰᠤᠳᠠᠨ ᠦᠪᠡᠷ᠎ᠤᠨ ᠲᠤᠭᠤᠭ᠋ᠠᠨᠳᠤᠪᠠᠨ ᠬᠢᠬᠦ ᠶᠠᠭᠤᠮ᠎ᠠ ᠬᠤᠮᠰᠠ ᠪᠠᠢ᠌ᠪᠠᠴᠤ ᠶᠡᠷᠤ᠎ᠠᠴᠠ ᠭᠠᠷ ᠬᠤᠭᠤᠰᠤᠨ ᠭᠠᠷᠭ᠋ᠠᠳᠠᠭ ᠦᠬᠡᠢ ᠬᠡᠳᠡᠭ᠃ ᠡᠨᠡ ᠯᠨ ᠰᠢᠯᠳᠠᠭ᠋ᠠᠨ᠎ᠠᠴᠠ ᠪᠤᠯᠤᠬᠰᠠᠨ ᠪᠠᠢ᠌ᠬ᠎ᠠ᠂ ᠨᠠᠮ᠎ᠠ ᠵᠢ ᠮᠡᠳᠡᠬᠡ ᠤᠷᠤᠬᠰᠠᠨ᠎ᠠᠴᠠ ᠠᠪᠤᠭ᠋ᠠᠳ ᠠᠪᠤ ᠮᠢᠨᠢ ᠴᠠᠭ᠋ᠠᠨ ᠰᠠᠷ᠎ᠠ ᠵᠢᠨ ᠰᠢᠨ᠎ᠡ ᠵᠢᠨ ᠨᠢᠬᠡᠨ ᠪᠤᠯᠭ᠋ᠠᠨ᠎ᠳᠤ ᠬᠤᠶᠠᠷ ᠨᠠᠰᠤᠳᠠᠨ᠎ᠲᠠᠢ ᠵᠤᠯᠭ᠋ᠠᠬᠤ᠎ᠪᠠᠷ ᠬᠦᠷᠳᠡᠭ ᠪᠦᠬᠡᠳ ᠲᠡᠳᠡᠨ᠎ᠤ᠎ᠬᠢ᠎ᠠᠴᠠ ᠬᠠᠯᠰᠠᠭᠤ ᠬᠠᠷᠢᠵᠤ ᠢᠷᠡᠳᠡᠭ ᠪᠠᠢ᠌ᠯ᠎ᠠ᠃ ᠬᠤᠶᠠᠷ ᠨᠠᠰᠤᠳᠠᠨ᠎ᠤ ᠬᠤᠢ᠌ᠳᠤ ᠵᠢᠨ ᠶᠠᠪᠤᠳᠠᠯ ᠲᠡᠬᠡᠷ᠎ᠡ᠎ᠨᠢ ᠪᠦᠷ ᠠᠪᠤ ᠮᠢᠨᠢ ᠬᠦᠶᠦᠭᠰᠡᠨ ᠶᠤᠮ᠂ ᠠᠢ᠌ᠯ᠎ᠤᠨ ᠬᠦᠮᠦᠰ᠎ᠤᠨ ᠬᠠᠷ᠎ᠠ ᠴᠠᠭ᠋ᠠᠨ ᠶᠠᠪᠤᠳᠠᠯ ᠲᠡᠬᠡᠷ᠎ᠡ ᠠᠪᠤ ᠮᠢᠨᠢ ᠬᠤᠴᠤᠷᠳᠠᠭ ᠦᠬᠡᠢ᠃ ᠬᠦᠬᠡᠷᠤᠬᠦᠢ᠂ ᠨᠤᠷᠪᠤᠷᠢᠨᠴᠢᠨ ᠬᠡᠳᠡᠭ ᠬᠦᠮᠦᠨ᠎ᠢ ᠬᠡᠳᠤᠨ ᠡᠳᠤᠷ ᠬᠠᠷᠠᠵᠤ ᠰᠠᠭᠤᠬᠰᠠᠨᠢᠨᠢ ᠰᠠᠨᠠᠵᠤ ᠪᠠᠢ᠌ᠨ᠎ᠠ᠂ ᠪᠢ ᠠᠪᠤ᠎ᠪᠠᠨ ᠲᠠᠭ᠋ᠠᠵᠤ ᠤᠴᠢᠭ᠋ᠠᠳ ᠬᠡᠷ᠎ᠲᠤ᠎ᠨᠢ ᠤᠷᠤᠬᠤ᠎ᠠᠴᠠ ᠠᠶᠤᠭ᠋ᠠᠳ ᠬᠡᠤᠬᠡᠳ᠎ᠲᠠᠢ᠎ᠨᠢ ᠭᠠᠳᠠᠨ᠎ᠠ᠎ᠨᠢ ᠨᠠᠭ᠋ᠠᠳᠴᠤ ᠠᠪᠤ᠎ᠪᠠᠨ ᠬᠦᠯᠢᠶᠡᠳᠡᠭ ᠪᠠᠢ᠌ᠯ᠎ᠠ᠃ ᠨᠠᠭ᠋ᠠᠳᠴᠤ ᠨᠠᠭ᠋ᠠᠳᠤᠭ᠋ᠠᠳ ᠠᠪᠤ ᠮᠢᠨᠢ ᠪᠠᠰᠨ ᠯᠨ ᠭᠠᠷᠴᠤ ᠢᠷᠡᠬᠦ ᠦᠬᠡᠢ᠎ᠳᠤᠨᠢ ᠭᠠᠬ᠍ᠴᠠᠭ᠋ᠠᠷ ᠬᠡᠷ᠎ᠲᠤ᠎ᠪᠠᠨ ᠬᠠᠷᠢᠳᠠᠭ᠃
ᠠᠢ᠌ᠯ ᠵᠶ᠋ᠡᠷ ᠪᠤᠳᠠᠭ᠎ᠠ ᠭᠤᠶᠤᠵᠤ ᠪᠠᠢ᠌ᠬᠰᠠᠨ ᠲᠤᠬᠠᠢ᠎ᠪᠠᠨ ᠶᠠᠷᠢᠬᠤ᠎ᠳᠤ᠎ᠪᠠᠨ ᠠᠪᠤ ᠮᠢᠨᠢ 《ᠲᠤᠬᠠᠢ ᠵᠢᠨ ᠦᠶ᠎ᠡ᠎ᠳᠤ ᠠᠯᠠᠭ᠎ᠠ ᠲᠤᠰᠬᠤ᠎ᠳᠤ ᠬᠤᠭᠤᠰᠤᠨ ᠭᠠᠷᠭ᠋ᠠᠬᠰᠠᠨ ᠠᠢ᠌ᠯ᠎ᠳᠤ ᠪᠠᠰᠨ ᠭᠤᠮᠤᠳᠠᠵᠤ ᠶᠠᠪᠤᠯ᠎ᠠ᠂ ᠤᠳᠤ ᠪᠤᠳᠤᠪᠠᠯ ᠲᠡᠷᠨ ᠦᠶ᠎ᠡ᠎ᠳᠤ ᠤᠯᠠᠡᠭᠭᠢ ᠠᠢ᠌ᠯ᠎ᠨᠢ ᠬᠤᠨᠤᠭ ᠲᠠᠰᠤᠷᠠᠵᠤ ᠪᠠᠢ᠌ᠬᠰᠠᠨ ᠪᠤᠯᠬᠤᠷ ᠨᠠᠳᠠ᠎ᠳᠤ ᠦᠭᠭᠦᠨ᠎ᠡ ᠬᠡᠳ ᠦᠭᠭᠦ ᠶᠠᠭᠤᠮ᠎ᠠ ᠦᠬᠡᠢ ᠪᠠᠢ᠌ᠯ᠎ᠠ ᠰᠢᠤ》 ᠭᠡᠵᠤ ᠵᠠᠰᠠᠵᠤ ᠪᠤᠶᠤ ᠦᠨᠡᠨ᠎ᠢ᠎ᠨᠢ ᠬᠡᠯᠡᠳᠡᠭ ᠤᠴᠢᠷ᠎ᠠᠴᠠ ᠦᠭᠭᠦᠭᠰᠡᠨ ᠦᠬᠡᠢ ᠠᠢ᠌ᠯ᠎ᠳᠤᠨᠢ ᠬᠡᠳ ᠪᠢᠳᠡ ᠰᠡᠪ ᠪᠤᠳᠤᠳᠠᠭ ᠦᠬᠡᠢ ᠦᠰᠦᠭᠰᠡᠨ ᠶᠤᠮ᠃ ᠬᠡᠷᠪᠡ ᠠᠪᠤ ᠮᠢᠨᠢ ᠬᠡᠨ ᠬᠡᠨ ᠨᠠᠮ᠎ᠠ ᠵᠢ ᠶᠠᠭ᠋ᠠᠬᠢᠵᠤ ᠡᠢ᠌ᠵᠤ ᠬᠦᠬᠡᠬᠡᠵᠤ ᠭᠠᠷᠭ᠋ᠠᠵᠤ ᠪᠠᠢ᠌ᠯ᠎ᠠ᠂ ᠦᠭᠳᠡᠭ ᠦᠬᠡᠢ ᠬᠡᠬᠦ ᠮᠡᠳᠤ᠎ᠪᠠᠷ ᠬᠡᠯᠡᠭᠰᠡᠨ ᠪᠤᠯ ᠨᠢᠯᠬ᠎ᠠ ᠪᠠᠭ᠎ᠠ ᠤᠶᠤᠨᠳᠤ ᠮᠢᠨᠢ ᠰᠡᠪ ᠰᠠᠭᠤᠵᠤ᠂ ᠮᠠᠭᠤ ᠰᠠᠨᠠᠵᠤ ᠬᠠᠷ᠎ᠠ ᠪᠤᠳᠤᠬᠤ᠎ᠨᠢ ᠶᠠᠷᠢᠶᠠᠨ ᠦᠬᠡᠢ ᠳ᠋ᠠ᠃ ᠡᠢ᠌ᠮᠤ᠎ᠠᠴᠠ ᠪᠢᠳᠡ ᠵᠠᠷᠢᠮ ᠶᠠᠭᠤᠮ᠎ᠠ ᠵᠢ ᠬᠡᠤᠬᠡᠳ᠎ᠲᠤ᠎ᠪᠠᠨ ᠶᠠᠷᠢᠬᠤ᠎ᠳᠤ ᠵᠠᠰᠠᠵᠤ ᠬᠡᠯᠡᠬᠦ ᠴᠢᠬᠤᠯᠠᠳᠠᠢ᠂ ᠬᠡᠤᠬᠡᠳ᠎ᠢ ᠮᠡᠬᠡᠯᠡᠬᠦ ᠵᠢᠨ ᠲᠦᠯᠦᠬᠡ ᠪᠤᠰᠤ᠂ ᠬᠡᠤᠬᠡᠳ᠎ᠤᠨ ᠰᠡᠳᠬᠢᠯ᠎ᠳᠤ ᠰᠡᠪ ᠦᠯᠡᠳᠡᠬᠡᠬᠦ ᠦᠬᠡᠢ ᠵᠢᠨ ᠯᠨ ᠲᠦᠯᠦᠬᠡ᠃ ᠲᠡᠢ᠌ᠮᠤᠳᠤᠪᠠᠨ ᠠᠪᠤ ᠮᠢᠨᠢ ᠬᠡᠤᠬᠡᠳ᠎ᠤᠨ ᠵᠶ᠋ᠡᠨ ᠬᠠᠵᠠᠭᠤ᠎ᠳᠤ ᠡᠯᠳᠡᠪ ᠡᠰᠡᠨᠤ ᠵᠤᠭᠤᠭᠢ ᠪᠢᠳᠡᠬᠡᠢ ᠶᠠᠷᠢ ᠭᠡᠵᠤ ᠡᠬᠡᠴᠢ᠎ᠳᠤ ᠮᠢᠨᠢ ᠵᠠᠬᠢᠳᠠᠭ (ᠡᠬᠡᠴᠢ ᠮᠢᠨᠢ ᠬᠠᠷᠢ᠎ᠳᠤ ᠮᠤᠷᠳᠠᠭ᠋ᠠᠳ ᠬᠤᠶᠠᠷ ᠬᠡᠤᠬᠡᠳ᠎ᠲᠠᠢ ᠪᠤᠯᠤᠬᠰᠠᠨᠤᠬᠢᠨᠢ ᠬᠤᠢ᠌ᠨ᠎ᠠ) ᠪᠦᠬᠡᠳ ᠠᠢ᠌ᠯ᠎ᠤᠨ ᠲᠡᠯ ᠰᠤᠯᠨ ᠵᠤᠭᠤᠭ ᠪᠤᠶᠤ ᠬᠡᠨ᠎ᠨᠢ ᠶᠠᠭ᠋ᠠᠬᠢᠭᠰᠠᠨ ᠡᠢ᠌ᠭᠰᠡᠨ ᠬᠡᠬᠦ ᠮᠡᠳᠤ ᠵᠢᠨ ᠵᠤᠭᠤᠭᠢ ᠪᠢᠰᠢ᠂ ᠬᠠᠷᠢᠨ ᠮᠠᠨᠤᠰ᠎ᠤᠨ ᠭᠠᠳᠠᠬᠰᠢ᠎ᠪᠠᠨ ᠶᠠᠪᠤᠬᠰᠠᠨ ᠵᠤᠭᠤᠭᠢ ᠰᠤᠨᠤᠰᠴᠤ᠂ ᠬᠤᠶᠠᠷ ᠬᠤᠨᠳᠠᠭ᠎ᠠ ᠲᠤᠬᠰᠢᠨ ᠬᠠᠷ᠎ᠠ᠎ᠪᠠᠨ ᠰᠢᠮᠡᠴᠢᠭᠡᠭᠰᠡᠨ ᠢᠨᠢᠶᠡᠮᠰᠦᠭᠯᠡᠵᠤ ᠰᠠᠭᠤᠳᠠᠭ ᠪᠠᠢ᠌ᠯ᠎ᠠ᠃
ᠮᠠᠨ᠎ᠤ᠎ᠬᠢ ᠪᠦᠬᠡ ᠤᠳᠤᠮᠲᠠᠢ ᠬᠡᠯᠴᠡᠳᠡᠭ᠃ ᠬᠤᠯᠤᠨᠴᠨ ᠡᠪᠦᠬᠡ ᠵᠢᠨ ᠦᠶ᠎ᠡ᠎ᠳᠤ ᠴᠤᠯᠭᠤᠢ ᠠᠷᠠᠰᠤ᠎ᠪᠠᠷ ᠮᠤᠰᠬᠢᠬᠰᠠᠨ ᠭᠤᠷᠮᠤᠰᠤᠨ ᠴᠢᠳᠤᠷᠢ ᠲᠠᠰᠤ ᠲᠠᠳᠠᠳᠠᠭ ᠪᠢᠷ᠎ᠠ᠎ᠲᠠᠢ ᠪᠦᠬᠡ ᠪᠠᠢ᠌ᠯ᠎ᠠ ᠬᠡᠳᠡᠭ᠃ ᠠᠪᠤ ᠮᠢᠨᠢ ᠴᠦ᠍ ᠰᠠᠢ᠌ᠨ ᠪᠠᠷᠢᠯᠳᠤᠳᠠᠭ᠃ ᠲᠠᠯᠠᠭ᠋ᠠᠳ ᠤᠨ᠎ᠳᠤ ᠴᠠᠢ᠌ᠳᠠᠮ ᠰᠤᠮᠤᠨ᠎ᠤ᠎ᠪᠠᠨ ᠠᠷᠠᠳ᠎ᠤᠨ ᠨᠠᠭ᠋ᠠᠳᠤᠮ᠎ᠤᠨ ᠲᠡᠳ᠋ ᠲᠡᠷᠢᠬᠦᠨ ᠲᠡᠬᠡᠷ᠎ᠡ ᠬᠦᠷᠤᠬᠡᠳ ᠵᠡᠬᠦᠨ ᠠᠢ᠌ᠯ᠎ᠤᠨ ᠲᠦᠮᠡᠨᠵᠢᠷᠭ᠋ᠠᠯ ᠬᠡᠳᠡᠭ ᠪᠦᠬᠡ᠎ᠲᠠᠢ ᠬᠠᠷᠭᠤᠯ᠎ᠠ ᠬᠡᠨ᠎ᠡ᠂ ᠲᠡᠬᠡᠬᠡᠳ ᠪᠠᠷᠢᠯᠳᠤᠬᠤᠠᠴᠠᠨᠢ ᠡᠮᠦᠨ᠎ᠡ ᠲᠦᠮᠡᠨᠵᠢᠷᠭ᠋ᠠᠯᠤᠨ ᠬᠠᠳᠠᠮ ᠠᠪᠤ᠎ᠨᠢ (ᠡᠵᠢ ᠵᠢᠨ ᠮᠦᠷᠬᠦᠬᠦᠯᠦᠭᠰᠡᠨ ᠰᠠᠳᠤᠨ᠎ᠨᠢ) ᠠᠪᠤ ᠵᠢ ᠡᠷᠢᠵᠤ ᠢᠷᠡᠬᠡᠳ᠄ 《ᠮᠢᠨᠤ ᠬᠦᠤ ᠪᠠᠭᠤᠭ᠋ᠠᠳ ᠦᠭᠴᠢᠬᠡ᠂ ᠴᠠᠭ᠋ᠠᠳᠤᠬᠢ ᠴᠢᠨᠢ ᠦᠨᠤ ᠮᠠᠷᠭ᠋ᠠᠰᠢ ᠮᠠᠨ᠎ᠤ ᠬᠦᠷᠬᠡᠨ ᠪᠤᠯᠬᠤ ᠭᠡᠵᠤ ᠪᠠᠢ᠌ᠭ᠎ᠠ᠂ ᠲᠡᠷᠢᠬᠦᠯᠡᠴᠢᠬᠡᠪᠡᠯ ᠠᠢ᠌ᠯ ᠠᠢ᠌ᠮᠠᠭ᠎ᠲᠤ᠎ᠪᠠᠨ ᠨᠢᠭᠤᠷ ᠲᠠᠯ᠎ᠠ᠎ᠲᠠᠢ ᠪᠢᠰᠢ ᠤᠤ ᠳ᠋ᠠ》 ᠬᠡᠰᠡᠨ ᠦᠬᠡᠨ᠎ᠳᠤᠨᠢ ᠪᠠᠭᠤᠭ᠋ᠠᠳ ᠦᠭᠴᠢᠭᠡᠭᠰᠡᠨ ᠬᠡᠨ᠎ᠡ᠃ ᠲᠡᠬᠦᠨ᠎ᠠᠴᠠ ᠬᠤᠢ᠌ᠰᠢ ᠬᠡᠴᠢᠨᠡᠬᠡᠨ ᠵᠢᠯ ᠨᠠᠢ᠌ᠷ ᠨᠠᠭ᠋ᠠᠳᠤᠮ ᠬᠢᠭᠰᠡᠨ ᠦᠬᠡᠢ᠂ ᠠᠪᠤ ᠮᠢᠨᠢ ᠰᠤᠮᠤᠨ᠎ᠤ ᠲᠡᠷᠢᠬᠦᠨᠢ ᠨᠠᠢ᠌ᠷ ᠲᠠᠯᠪᠢᠬᠰᠠᠨ ᠵᠶ᠋ᠡᠷ ᠰᠤᠮᠤᠨ᠎ᠤ ᠨᠠᠢ᠌ᠷ᠎ᠲᠤ ᠲᠡᠷᠢᠬᠦᠯᠡᠬᠦ ᠵᠠᠪᠰᠢᠶᠠᠨ᠎ᠢ ᠦᠨᠢᠳᠡ ᠠᠯᠳᠠᠬᠰᠠᠨ ᠬᠡᠷᠡᠭ ᠪᠤᠯᠵᠠᠢ᠃ ᠨᠦᠬᠦᠬᠡ ᠲᠡᠷᠢᠬᠦᠨ ᠪᠦᠬᠡ᠎ᠨᠢ ᠶᠡᠷᠤ ᠵᠢᠨ ᠴᠠᠭ᠎ᠪᠠᠨ ᠠᠪᠤ᠎ᠠᠴᠠ ᠪᠠᠷᠢᠴᠨ ᠤᠯᠳᠠᠭ ᠦᠬᠡᠢ ᠬᠡᠨ᠎ᠡ ᠯᠠᠢ᠃ ᠠᠪᠤ ᠮᠢᠨᠢ ᠰᠤᠮᠤᠨ᠎ᠤ ᠨᠠᠢ᠌ᠷ᠎ᠲᠤ ᠲᠡᠷᠢᠬᠦᠯᠡᠬᠡ ᠦᠬᠡᠢ ᠪᠤᠯᠪᠠᠴᠤ ᠮᠢᠨᠤ ᠬᠤᠶᠠᠳᠤᠭ᠋ᠠᠷ ᠲᠡᠬᠦᠤ ᠵᠢᠭᠮᠢᠳᠰᠡᠷᠡᠡᠭ ᠰᠠᠢ᠌ᠨ ᠪᠠᠷᠢᠯᠳᠤᠵᠤ᠂ ᠠᠯᠳᠠᠨ ᠮᠸᠲ᠋ᠠᠯᠢ ᠡᠡᠭᠭᠡᠷ ᠵᠶ᠋ᠡᠨ ᠲᠦᠬᠦᠷᠡᠳᠡᠯ᠎ᠡ ᠬᠢᠯᠠᠯᠵᠠᠭᠤᠯᠵᠤ ᠶᠠᠪᠤᠬᠰᠨᠨ ᠶᠤᠮ᠃ ᠢᠡᠭᠭᠢᠬᠡᠳ ᠯᠨ ᠠᠪᠤ ᠵᠢᠨ ᠪᠠᠷᠢᠯᠳᠤᠬᠤ᠎ᠪᠠᠨ ᠪᠤᠯᠢᠬᠰᠠᠨ ᠪᠤᠯᠪᠠᠴᠤ ᠪᠦᠬᠡ ᠵᠢᠨ ᠬᠤᠷᠤᠬᠠᠢ᠎ᠲᠠᠢ ᠪᠤᠯᠵᠤ ᠤᠢ᠌ᠷ᠎ᠠ ᠬᠠᠪᠢ ᠵᠢᠨ ᠨᠠᠢ᠌ᠷ ᠨᠠᠭ᠋ᠠᠳᠤᠮ᠎ᠳᠤ ᠤᠨᠴᠠᠭ᠋ᠠᠢ᠌ᠯᠠᠨ ᠲᠡᠬᠦᠤ ᠮᠢᠨᠢ ᠴᠢᠯᠦᠬᠡ᠎ᠪᠠᠷ ᠨᠤᠳᠤᠭ ᠪᠤᠴᠠᠭᠳ ᠨᠠᠢ᠌ᠷ ᠨᠠᠭ᠋ᠠᠳᠤᠮ᠎ᠳᠤ ᠵᠤᠳᠤᠬᠯᠠᠪᠠᠯ᠂ ᠮᠠᠯ ᠤᠨᠤᠭ᠋ᠠᠨ ᠲᠡᠬᠡᠷ᠎ᠡ᠎ᠪᠠᠨ ᠬᠦᠴᠤᠨ᠎ᠤ ᠬᠦᠮᠤᠨ ᠠᠪᠴᠤ ᠪᠠᠢ᠌ᠭ᠋ᠠᠳ ᠴᠦ᠍ ᠵᠠᠪᠠᠯ ᠤᠴᠢᠨ᠎ᠠ᠃ ᠲᠡᠬᠦᠤ ᠵᠢ ᠪᠠᠷᠢᠯᠳᠤᠬᠤ᠎ᠳᠤ 《ᠪᠢ ᠦᠪᠡᠷ ᠵᠶ᠋ᠡᠨ ᠪᠠᠷᠢᠯᠳᠤᠴᠢᠬᠠᠬᠤᠨᠢ ᠨᠢᠬᠡ ᠯᠨ ᠵᠦᠭ ᠡ》 ᠬᠡᠳ ᠰᠠᠭᠤᠬᠰᠠᠨ ᠭᠠᠵᠠᠷ ᠵᠶ᠋ᠡᠨ ᠨᠦᠬᠡ ᠪᠤᠯᠳᠠᠯ᠎ᠠ ᠪᠠᠵᠠᠴᠢᠬᠠᠬᠰᠠᠨ ᠰᠠᠭᠤᠳᠠᠭ ᠭᠡᠵᠤ ᠡᠵᠢ ᠬᠡᠯᠡᠳᠡᠭ᠃ ᠨᠢᠬᠡ᠎ᠳᠤ ᠪᠦᠬᠡ᠎ᠳᠤ ᠲᠤᠷᠠᠳᠠᠢ᠂ ᠨᠦᠬᠦᠬᠡ᠎ᠨᠢ ᠬᠦᠤ᠎ᠨᠢ ᠪᠠᠷᠢᠯᠳᠤᠵᠤ ᠪᠠᠢ᠌ᠭ᠎ᠠ ᠪᠤᠯᠬᠤᠷ ᠯᠨ ᠳ᠋ᠠ᠃
ᠠᠪᠤ ᠮᠢᠨᠢ ᠪᠠᠶᠠᠨᠳᠠᠯ᠎ᠠ ᠪᠠᠷᠢᠭ᠋ᠠᠳᠠ ᠵᠢᠨ ᠲᠠᠷᠤᠭ᠎ᠠ ᠵᠢᠨ ᠠᠵᠢᠯ᠎ᠢ ᠤᠳᠠᠭ᠋ᠠᠨ ᠵᠢᠯ ᠬᠢᠭᠰᠡᠨ ᠶᠤᠮ᠃ ᠬᠡᠳᠡᠯ᠎ᠡ ᠦᠳᠡᠯᠬᠦ ᠵᠢᠨ ᠦᠵᠤᠬᠦᠷ 《ᠰᠠᠢ᠌᠊ ᠠᠢ᠌ᠮᠠᠭ᠎ᠤᠨ ᠲᠠᠷᠤᠭ᠎ᠠ》 ᠨᠡᠷ᠎ᠡ ᠤᠯᠤᠨ᠎ᠠ ᠭᠡᠵᠤ ᠬᠡᠨ ᠰᠠᠨᠠᠯ᠎ᠠ?
ᠮᠠᠨ᠎ᠤ᠎ᠬᠢ ᠰᠤᠮᠤᠨ᠎ᠠᠴᠠ ᠬᠤᠷᠢᠭ᠋ᠠᠳ ᠭᠠᠵᠠᠷ ᠬᠤᠯᠨ ᠰᠠᠭᠤᠳᠠᠭ᠂ ᠤᠳᠤ ᠪᠤᠳᠤᠪᠠᠯ ᠬᠤᠷᠢᠭ᠋ᠠᠳ ᠭᠠᠵᠠᠷ᠎ᠢ ᠴᠢᠨᠢ ᠲᠠᠪ ᠬᠢᠪᠡᠯ ᠬᠦᠷᠴᠢᠬᠡᠬᠦ ᠭᠠᠵᠠᠷ᠃ ᠬᠡᠳᠡᠯ᠎ᠡ ᠬᠤᠷᠢᠨ ᠵᠢᠯ᠎ᠤᠨ ᠡᠮᠤᠨ᠎ᠡ ᠬᠤᠷᠢᠨ ᠭᠠᠵᠠᠷ ᠴᠢᠨᠢ ᠬᠠᠭ᠋ᠠᠰ ᠡᠳᠤᠷ᠎ᠤᠨ ᠵᠠᠮ᠃ ᠨᠢᠬᠡ ᠡᠳᠤᠷ ᠠᠪᠤ ᠮᠢᠨᠢ ᠶᠠᠮᠠᠷ ᠨᠢᠬᠡ ᠬᠡᠷᠡᠭ ᠵᠠᠷᠭᠤ᠎ᠪᠠᠷ ᠰᠤᠮᠤᠨ ᠲᠡᠬᠡᠷ᠎ᠡ ᠬᠦᠷᠤᠬᠡᠳ ᠤᠴᠢᠪᠠᠯ ᠰᠤᠮᠤᠨ᠎ᠤ᠎ᠬᠢ ᠦᠳᠡ ᠵᠢᠨ ᠠᠮᠠᠷᠠᠯᠳᠠ ᠲᠠᠯᠪᠢᠬᠰᠨᠨ ᠪᠠᠢ᠌ᠵᠠᠢ᠃ ᠰᠤᠮᠤᠨ᠎ᠤ ᠡᠬᠦᠳᠡᠨ ᠬᠡᠷ᠎ᠢ ᠰᠠᠬᠢᠵᠤ ᠰᠠᠭᠣᠬᠰᠠᠨ ᠪᠢᠴᠢᠬᠡᠴᠢ᠎ᠠᠴᠠ ᠬᠡᠳᠤᠢ᠎ᠳᠤ ᠠᠵᠢᠯᠯᠠᠬᠤ ᠵᠢ᠎ᠨᠢ ᠠᠰᠠᠭᠤᠪᠠᠯ 《ᠦᠳᠡ ᠵᠢᠨ ᠬᠤᠢ᠌ᠨ᠎ᠠ ᠵᠢᠨ ᠬᠤᠶᠠᠷ ᠴᠠᠭ ᠬᠠᠭ᠋ᠠᠰ᠎ᠲᠤ》 ᠬᠡᠰᠡᠨ ᠪᠤᠯᠬᠤᠷ᠎ᠨᠢ ᠬᠦᠯᠢᠶᠡᠬᠦ ᠴᠦ᠍ ᠲᠡᠷᠨ᠂ ᠬᠤᠳᠤᠭᠤᠳᠤ᠎ᠪᠠᠨ ᠲᠦᠬᠦᠷᠬᠡᠬᠦ ᠴᠦ᠍ ᠲᠡᠷᠨ᠂ ᠤᠨᠤᠭ᠎ᠠ᠎ᠪᠠᠨ ᠠᠮᠠᠷᠠᠭᠤᠯᠬᠤ ᠴᠦ᠍ ᠲᠡᠷᠨ᠂ ᠰᠤᠮᠤᠨ᠎ᠤ ᠲᠦᠪ᠎ᠤᠨ ᠠᠯᠢ ᠨᠢᠬᠡ ᠬᠤᠭᠤᠯᠠᠨ ᠬᠡᠷ᠎ᠲᠤ ᠤᠷᠤᠭ᠋ᠠᠳ ᠬᠤᠶᠠᠷ ᠬᠤᠨᠳᠠᠭ᠎ᠠ ᠪᠠᠯᠭᠤᠭ᠋ᠠᠳ᠂ ᠬᠤᠶᠠᠷ ᠴᠠᠭ ᠢᠯᠡᠬᠦᠤ᠎ᠳᠤ ᠰᠤᠮᠤᠨ ᠲᠡᠬᠡᠷ᠎ᠡ ᠢᠷᠡᠪᠡᠯ ᠰᠤᠮᠤᠨ᠎ᠤ᠎ᠬᠢᠨ ᠪᠠᠰᠨ ᠯᠨ ᠡᠵᠡᠬᠦᠢ᠃ ᠠᠪᠤ ᠪᠢᠴᠢᠬᠡᠴᠢ᠎ᠠᠴᠠ 《ᠠᠵᠢᠯ ᠬᠡᠷᠡᠭ ᠪᠦᠳᠦᠬᠡᠳᠡᠭ ᠬᠦᠮᠦᠰ ᠴᠢᠨᠢ ᠶᠠᠭ᠋ᠠᠬᠢᠭ᠋ᠠᠳ ᠠᠵᠢᠯᠯᠠᠳᠠᠭ ᠦᠬᠡᠢ ᠶᠤᠮ? ᠬᠠᠮᠢᠭ᠎ᠠ ᠶᠠᠪᠤᠬᠰᠠᠨ ᠶᠤᠮ?》 ᠭᠡᠵᠤ ᠱᠠᠯᠠᠭ᠋ᠠᠳ ᠪᠠᠢ᠌ᠬᠤᠯᠠᠷ᠎ᠨᠢ ᠵᠠᠯᠠᠭᠤ ᠪᠢᠴᠢᠭᠡᠴᠢ 《ᠲᠡᠬᠡᠷ᠎ᠡ᠎ᠠᠴᠠ ᠬᠦᠮᠦᠨ ᠢᠷᠡᠬᠡᠳ ᠬᠤᠭᠤᠯᠠᠨ ᠬᠡᠷ᠎ᠲᠤ ᠶᠠᠪᠤᠵᠠᠢ》 ᠬᠡᠰᠡᠨ ᠪᠦᠬᠡᠳ ᠤᠬᠤᠴᠢᠯᠠᠭ᠋ᠠᠳ ᠪᠠᠢ᠌ᠬᠤᠯᠠᠷ᠎ᠨᠢ ᠠᠯᠢ ᠬᠤᠭᠤᠯᠠᠨ ᠬᠡᠷ᠎ᠲᠤ ᠪᠠᠢ᠌ᠬᠤ ᠵᠢᠬᠢ ᠬᠦᠷᠳᠡᠯ᠎ᠡ ᠬᠡᠯᠡᠬᠡᠳ ᠦᠭᠴᠡᠢ᠃ ᠠᠪᠤ᠎ᠳᠤ ᠮᠢᠨᠢ ᠲᠤᠷᠰᠢᠯᠭ᠎ᠠ ᠮᠡᠬᠦᠰ ᠰᠢᠨ᠎ᠡ ᠭᠠᠷ ᠬᠠᠷᠭᠤᠬᠰᠠᠨ ᠪᠠᠢ᠌ᠵᠢ ᠯᠨ ᠳ᠋ᠠ᠃ ᠠᠪᠤ ᠬᠤᠭᠤᠯᠠᠨ ᠬᠡᠷ᠎ᠲᠤ᠎ᠨᠢ ᠬᠦᠷᠴᠤ ᠤᠴᠢᠭ᠋ᠠᠳ 《ᠪᠢᠳᠡ ᠨᠠᠭ᠋ᠠᠨ᠎ᠠ᠎ᠨᠢ ᠠᠵᠢᠯ ᠬᠡᠷᠡᠭᠲᠠᠢ ᠬᠦᠯᠢᠶᠡᠨ᠎ᠡ᠂ ᠲᠠ ᠡᠨᠳᠡ ᠠᠷᠢᠬᠢᠳᠠᠨᠠ ᠁》 ᠭᠡᠵᠤ ᠶᠡᠬᠡ ᠯᠨ ᠰᠤᠷᠭ᠋ᠠᠯ ᠲᠠᠯᠪᠢᠬᠰᠠᠨ ᠵᠶ᠋ᠡᠷ ᠰᠢᠷᠡᠬᠡ ᠲᠦᠬᠦᠷᠡᠡᠭ ᠬᠦᠮᠦᠰ ᠲᠠᠷᠬᠠᠵᠠᠢ᠃ ᠠᠪᠤ ᠵᠢᠨ ᠠᠵᠢᠯ ᠬᠡᠷᠡᠭ ᠴᠦ᠍ ᠴᠦ᠍ ᠢᠯᠭᠤᠮ ᠪᠦᠳᠤᠵᠡᠢ᠃ ᠢᠡᠭᠭᠢᠬᠡᠳ ᠯᠨ ᠠᠪᠤ ᠮᠢᠨᠢ 《ᠰᠠᠢ᠌᠊ ᠠᠢ᠌ᠮᠠᠭ᠎ᠤᠨ ᠲᠠᠷᠤᠭ᠎ᠠ》 ᠴᠤᠯᠨ᠎ᠲᠠᠢ ᠪᠤᠯᠤᠯ᠎ᠠ ᠬᠡᠳᠡᠭ᠃ ᠰᠡᠬᠦᠯᠡᠷ᠎ᠨᠢ ᠰᠤᠨᠤᠰᠬᠤ᠎ᠳᠤ ᠲᠡᠷᠨ ᠰᠢᠷᠡᠬᠡᠨ ᠲᠡᠬᠡᠷ᠎ᠡ᠎ᠨᠢ ᠠᠯᠢ ᠨᠢᠬᠡ ᠲᠡᠳ᠋ ᠬᠤᠰᠢᠭᠤᠨ ᠲᠠᠷᠤᠭ᠎ᠠ᠎ᠨᠢ ᠠᠵᠢᠯ ᠪᠠᠢ᠌ᠴᠠᠭ᠋ᠠᠬᠤ᠎ᠪᠠᠷ ᠢᠷᠡᠬᠡᠳ ᠦᠳᠡ ᠵᠢᠨ ᠬᠤᠭᠤᠯᠨ ᠢᠳᠡᠵᠤ ᠪᠠᠢ᠌ᠬᠰᠠᠨ ᠪᠠᠢ᠌ᠵᠠᠢ᠂ ᠲᠡᠷᠨ ᠦᠶ᠎ᠡ᠎ᠳᠤ ᠬᠤᠰᠢᠭᠤᠨ ᠲᠠᠷᠤᠭ᠎ᠠ ᠵᠢ ᠵᠠᠡᠭᠨᠠᠬᠤ ᠴᠢᠨᠢ ᠠᠢ᠌ᠮᠠᠭ᠎ᠤᠨ ᠲᠠᠷᠤᠭ᠎ᠠ ᠯᠨ ᠪᠢᠵᠨ ᠳ᠋ᠠ? ᠠᠪᠤ ᠵᠢᠨ 《ᠠᠢ᠌ᠮᠠᠭ᠎ᠤᠨ ᠲᠠᠷᠤᠭ᠎ᠠ》 ᠢᠡᠭᠭᠢᠵᠤ ᠢᠷᠡᠪᠡ᠃
ᠠᠪᠤ ᠮᠢᠨᠢ ᠨᠢᠬᠡ ᠨᠠᠰᠤ᠎ᠪᠠᠷ᠎ᠪᠠᠨ ᠮᠠᠡᠭᠬᠠᠨ ᠬᠤᠳᠤᠭᠤᠷᠠᠴᠠᠪᠠᠨ ᠭᠠᠷᠤᠬᠰᠠᠨ ᠦᠬᠡᠢ ᠪᠤᠯᠪᠠᠴᠤ ᠶᠡᠬᠡ ᠬᠤᠯᠨ ᠵᠢ ᠪᠤᠳᠤᠳᠠᠭ ᠮᠡᠳᠤ ᠰᠠᠨᠠᠬᠳᠠᠬᠤ ᠶᠤᠮ᠃ ᠠᠮᠢᠳᠤ ᠰᠡᠷᠡᠬᠦᠨ ᠪᠠᠢ᠌ᠬᠤ᠎ᠳᠤ᠎ᠪᠠᠨ 《ᠨᠠᠮ᠎ᠠ ᠵᠢ ᠪᠤᠷᠬᠠᠨ ᠪᠤᠯᠪᠠᠯ ᠲᠡᠭᠳᠡᠬᠡᠬᠡᠳ ᠴᠢᠨᠳᠠᠷ᠎ᠢ ᠲᠠᠯᠠᠢ᠎ᠳᠤ ᠰᠠᠴᠤᠴᠢᠬᠠ᠃ ᠢᠡᠭᠭᠢᠴᠢᠬᠡᠪᠡᠯ ᠲᠠᠨᠤᠰ᠎ᠲᠤ ᠠᠮᠠᠷᠬᠠᠨ᠃ ᠲᠠ ᠬᠡᠳᠤᠬᠦᠯᠨᠤᠨ ᠪᠠᠢ᠌ᠳᠠᠯ᠎ᠠᠴᠠ ᠦᠵᠡᠪᠡᠯ ᠡᠨᠡ ᠨᠤᠳᠤᠭ᠎ᠲᠤ ᠠᠮᠢᠳᠤᠷᠠᠬᠤ ᠦᠬᠡᠢ᠂ ᠬᠤᠯᠨ ᠭᠠᠵᠠᠷ ᠠᠵᠢᠯᠯᠠᠵᠤ ᠠᠮᠢᠳᠤᠷᠠᠭ᠋ᠠᠳ ᠵᠢᠯ ᠪᠤᠯᠭ᠋ᠠᠨ ᠰᠢᠷᠤᠢ ᠨᠡᠮᠡᠬᠦ᠂ ᠲᠦᠯᠡᠰᠢ ᠡᠷᠬᠦᠬᠦ᠎ᠪᠠᠷ ᠢᠷᠡᠨ᠎ᠡ ᠭᠡᠵᠤ ᠵᠢᠳᠬᠦᠬᠦ ᠶᠤᠮ᠂ ᠠᠵᠢᠯ ᠴᠢᠨᠢ ᠪᠠᠰᠨ ᠶᠠᠭ᠋ᠠᠷᠠᠤ ᠶᠤᠮ᠃ ᠲᠠᠬᠢᠭ᠋ᠠᠳ ᠬᠡᠯᠡᠪᠡᠯ᠂ ᠤᠯᠤᠰ᠎ᠠᠴᠠ ᠲᠡᠭᠳᠡᠬᠡᠬᠡᠬᠦ ᠵᠢ ᠤᠷᠢᠶᠠᠯᠠᠵᠤ ᠪᠠᠢ᠌ᠨ᠎ᠠ᠂ ᠲᠠ ᠭᠤᠷᠪᠠ ᠴᠦ᠍ ᠡᠨᠳᠡ ᠰᠠᠭᠤᠬᠤ ᠮᠠᠶᠢᠭ ᠦᠬᠡᠢ ᠪᠤᠯᠬᠤᠷ ᠰᠡᠬᠦᠯᠡᠷ ᠭᠠᠵᠠᠷ᠎ᠢ ᠲᠠᠬᠢᠭ᠋ᠠᠳ ᠬᠤᠪᠢᠶᠠᠪᠠᠯ ᠨᠤᠳᠤᠭ ᠬᠡᠨ᠎ᠤ᠎ᠬᠢ ᠪᠤᠯᠵᠤ᠂ ᠬᠡᠬᠦᠷ ᠤᠡᠭᠭᠤᠨ ᠬᠡᠨ᠎ᠤ ᠨᠤᠳᠤᠭ᠎ᠲᠤ ᠤᠷᠤᠬᠤ ᠵᠢ ᠮᠡᠳᠡᠬᠦ ᠦᠬᠡᠢ᠂ ᠬᠡᠨ ᠬᠡᠨ᠎ᠳᠤ᠎ᠪᠠᠨ ᠴᠦ᠍ ᠶᠠᠷᠰᠢᠭ》 ᠬᠡᠵᠤ ᠶᠠᠷᠢᠳᠠᠭ᠃ ᠤᠳᠤ ᠪᠤᠳᠤᠪᠠᠯ ᠦᠨᠡᠬᠡᠷ ᠮᠡᠷᠬᠡᠨ ᠰᠤᠡᠭᠭᠤᠯᠳᠠ ᠠᠵᠢ᠃
ᠤᠳᠤ ᠪᠤᠳᠤᠪᠠᠯ ᠤᠰᠤ ᠬᠤᠪᠤᠷ ᠨᠤᠳᠤᠭ᠎ᠲᠤ ᠲᠦᠷᠤᠵᠤ ᠦᠰᠦᠭᠰᠡᠨ ᠠᠪᠤ ᠮᠢᠨᠢ ᠲᠠᠯᠠᠢ ᠵᠢ ᠦᠵᠡᠬᠦ ᠵᠢ ᠮᠦᠷᠤᠬᠡᠳᠴᠤ ᠪᠠᠢ᠌ᠬᠰᠠᠨ ᠴᠦ᠍ ᠮᠠᠭ᠋ᠠᠳ᠃
ᠤᠰᠤ ᠬᠤᠪᠤᠷ ᠨᠤᠳᠤᠭ᠎ᠤᠨ ᠬᠦᠮᠦᠨ ᠨᠢᠯᠪᠤᠰᠤᠨᠳᠤᠪᠠᠨ ᠬᠦᠷᠳᠡᠯ᠎ᠡ ᠬᠠᠷᠠᠮᠴᠢ ᠪᠠᠢ᠌ᠳᠠᠭ ᠴᠦ᠍ ᠶᠤᠮ ᠤᠤ ᠳ᠋ᠠ? ᠠᠪᠤ ᠮᠢᠨᠢ 《ᠡᠷ᠎ᠡ ᠬᠦᠮᠦᠨ ᠤᠰᠤ᠎ᠪᠠᠷ ᠤᠬᠢᠯᠠᠳᠠᠭ ᠦᠬᠡᠢ᠂ ᠴᠢᠰᠤ᠎ᠪᠠᠷ ᠤᠬᠢᠯᠠᠳᠠᠭ》᠂ 《ᠡᠷ᠎ᠡ ᠬᠦᠮᠦᠨ᠎ᠤ ᠨᠢᠯᠪᠤᠰᠤ ᠲᠤᠳᠤᠬᠰᠢ᠎ᠪᠠᠨ ᠤᠷᠤᠰᠳᠠᠭ》᠂ 《ᠶᠠᠰᠤ᠎ᠪᠠᠨ ᠬᠤᠭᠤᠯᠪᠠᠴᠤ ᠨᠡᠷ᠎ᠡ᠎ᠪᠠᠨ ᠪᠢᠳᠡᠬᠡᠢ ᠬᠤᠭᠤᠯ》 ᠭᠡᠵᠤ ᠬᠠᠳᠠᠭᠤ ᠰᠤᠷᠭ᠋ᠠᠯ ᠬᠠᠢ᠌ᠷᠠᠯᠠᠳᠠᠭ ᠰᠠᠨ᠃ ᠬᠡᠯᠡᠬᠦ᠎ᠠᠴᠠ ᠬᠠᠷᠢᠨ ᠪᠢ ᠠᠪᠤ ᠵᠢᠨ ᠨᠢᠯᠪᠤᠰᠤ ᠤᠨᠠᠭ᠋ᠠᠬᠰᠠᠨᠢᠨᠢ ᠭᠠᠬ᠍ᠴᠨ ᠴᠦ᠍ ᠤᠳᠠᠭ᠎ᠠ ᠬᠠᠷᠠᠭ᠎ᠠ ᠦᠬᠡᠢ᠂ ᠰᠡᠬᠦᠯᠡᠷ᠎ᠨᠢ 《ᠠᠪᠤ ᠶᠠᠭ᠋ᠠᠬᠢᠭ᠋ᠠᠳ ᠤᠬᠢᠯᠠᠳᠠᠭ ᠦᠬᠡᠢ ᠪᠤᠢ?》 ᠬᠡᠰᠡᠨ ᠲᠡᠨᠡᠭ ᠠᠰᠠᠭᠤᠯᠳᠠ᠎ᠳᠤ ᠡᠵᠢ ᠮᠢᠨᠢ᠄ 《ᠪᠢ ᠪᠠᠰᠨ ᠨᠢᠬᠡ ᠯᠨ ᠤᠳᠠᠭ᠎ᠠ ᠦᠵᠡᠭᠰᠡᠨ᠂ ᠨᠠᠭ᠎ᠠ ᠮᠠᠮᠨ (ᠠᠪᠤ ᠵᠢᠨ ᠲᠦᠷᠦᠭᠰᠡᠨ ᠨᠠᠭ᠋ᠠᠴᠤ᠎ᠨᠢ᠂ ᠠᠪᠤ ᠵᠢ ᠮᠢᠨᠢ ᠦᠰᠬᠡᠭᠰᠡᠨ ᠠᠴᠢᠳᠠᠨ ᠪᠤᠭᠤᠷᠤᠯ) ᠦᠬᠡᠢ ᠪᠤᠯᠬᠤ ᠦᠶ᠎ᠡ᠎ᠳᠤ ᠨᠢᠬᠡ ᠤᠬᠢᠯᠠᠬᠰᠠᠨ》 ᠭᠡᠵᠤ ᠬᠡᠯᠡᠭᠰᠡᠨ ᠶᠤᠮ᠃
《ᠠᠪᠤ ᠴᠢᠨᠢ ᠲᠠᠨᠤᠰᠢ ᠲᠠᠡᠭᠳᠠ ᠬᠠᠳᠠᠭᠤ᠎ᠪᠠᠷ ᠰᠤᠷᠭ᠋ᠠᠳᠠᠭ》 ᠭᠡᠵᠤ ᠠᠪᠤ ᠵᠢᠨ ᠨᠢᠭᠤᠷ ᠲᠡᠬᠡᠷ᠎ᠡ ᠡᠵᠢ ᠮᠢᠨᠢ ᠬᠡᠯᠡᠴᠢᠬᠡᠬᠡᠳ ᠡᠢ᠌ᠮᠤ ᠵᠢᠱ᠌ᠢᠶ᠎ᠡ ᠵᠢ ᠨᠢᠬᠡ ᠪᠢᠰᠢ ᠤᠳᠠᠭ᠎ᠠ ᠬᠡᠯᠡᠭᠰᠡᠨ ᠶᠤᠮ᠃ ᠪᠢ ᠠᠡᠭᠬ᠎ᠠ ᠮᠦᠯᠬᠦᠵᠤ ᠡᠬᠢᠯᠡᠬᠡᠳ ᠬᠠᠨᠵᠤᠨ ᠰᠢᠷᠡᠬᠡ ᠲᠠᠯᠪᠢᠭᠤᠯᠬᠤ ᠦᠬᠡᠢ ᠪᠠᠢ᠌ᠬᠰᠠᠨ ᠬᠡᠨ᠎ᠡ᠃ ᠠᠪᠤ ᠴᠠᠢ᠎ᠪᠠᠨ ᠴᠢᠢ᠍ᠯᠡᠬᠡᠳ ᠤᠤᠭᠤᠶ᠎ᠠ ᠭᠡᠵᠤ ᠪᠠᠢ᠌ᠳᠠᠯ᠎ᠠ᠎ᠨᠢ ᠪᠢ ᠰᠢᠷᠡᠬᠡ ᠦᠬᠡᠳᠡ᠎ᠨᠢ ᠮᠦᠯᠬᠦᠬᠡᠳ ᠬᠦᠷᠬᠦ᠎ᠳᠤ᠂ ᠮᠢᠨᠤ ᠭᠠᠷ᠎ᠢ ᠲᠠᠳᠠᠵᠤ ᠠᠪᠠᠴᠢᠭ᠋ᠠᠳ ᠬᠠᠯᠠᠭᠤᠨ ᠲᠡᠪᠤᠷ᠎ᠠ᠎ᠳᠤ ᠬᠠᠯᠳᠤ ᠬᠦᠷᠭᠡᠡᠭᠭᠦᠳᠡ ᠪᠢ ᠲᠠᠬᠢᠵᠤ ᠰᠢᠷᠡᠬᠡ ᠦᠬᠡᠳᠡ ᠮᠦᠯᠬᠦᠬᠦ᠎ᠪᠠᠨ ᠪᠤᠯᠢᠬᠰᠠᠨ ᠬᠡᠨ᠎ᠡ᠃ ᠡᠵᠢ᠄ 《ᠶᠠᠭ᠋ᠠᠬᠢᠵᠤ ᠡᠢ᠌ᠵᠤ ᠴᠦ᠍ ᠮᠢᠨᠤ ᠬᠦᠤ ᠵᠢᠨ ᠭᠠᠷ᠎ᠢ ᠬᠠᠯᠠᠭ᠋ᠠᠬᠰᠠᠨ ᠦᠬᠡᠢ ᠪᠤᠯ ᠡ?》 ᠭᠡᠵᠤ ᠬᠠᠯᠠᠬᠯᠠᠳᠠᠭᠲᠤᠨᠢ ᠠᠪᠤ᠄ 《ᠪᠢ ᠪᠠᠰᠨ ᠲᠡᠳᠤᠢ ᠬᠠᠯᠠᠭᠤᠨ ᠴᠠᠢ᠎ᠪᠠᠷ ᠬᠠᠯᠠᠭ᠋ᠠᠨᠠ ᠤᠤ ᠳ᠋ᠠ ᠬᠦᠢ》 ᠬᠡᠳᠡᠭ᠃ ᠶᠠᠭᠤᠮ᠎ᠠ ᠪᠤᠯᠭ᠋ᠠᠨ᠎ᠳᠤ ᠪᠤᠤ ᠢᠡᠭᠭᠢ᠂ ᠪᠤᠤ ᠴᠢᠡᠭᠭᠢ ᠬᠡᠳ ᠪᠠᠢ᠌ᠬᠤ ᠵᠢᠨ ᠤᠷᠤᠨ᠎ᠳᠤ ᠪᠡᠶ᠎ᠡ᠎ᠳᠤᠨᠢ ᠬᠤᠤᠷ ᠪᠤᠯᠬᠤ ᠦᠬᠡᠢ᠂ ᠶᠡᠬᠡ ᠬᠤᠬᠢ ᠠᠮᠰᠠᠭᠤᠯᠬᠤ ᠦᠬᠡᠢ ᠤᠷᠢᠳᠠᠯ ᠲᠤᠤᠷ᠎ᠠ ᠠᠮᠳᠠ᠎ᠨᠢ ᠦᠵᠡᠬᠦᠯᠵᠤ᠂ ᠢᠡᠭᠭᠢᠬᠡᠳ ᠪᠤᠯᠬᠤ ᠦᠬᠡᠢ ᠶᠤᠮ ᠪᠠᠢ᠌ᠨ᠎ᠠ ᠬᠡᠳᠡᠭ᠎ᠢ ᠦᠪᠡᠷ ᠵᠶ᠋ᠡᠷ᠎ᠨᠢ ᠮᠡᠳᠡᠷᠡᠬᠦᠯᠬᠦ ᠶᠠᠭᠤᠳᠠᠢ ᠡᠷᠬᠢᠮ?
ᠠᠢ᠌ᠯ ᠠᠢ᠌ᠮᠠᠭ᠎ᠤᠨ᠎ᠬᠢᠨ᠂ ᠦᠶ᠎ᠡ ᠵᠡᠷᠬᠡ ᠵᠢᠨ᠎ᠬᠢᠨ᠎ᠨᠢ ᠠᠪᠤ ᠵᠢ ᠮᠢᠨᠢ ᠶᠠᠭ᠋ᠠᠬᠢᠵᠤ ᠦᠨᠡᠯᠡᠳᠡᠭᠢ ᠪᠢ ᠡᠰᠡ ᠮᠡᠳᠡᠨ᠎ᠡ᠂ ᠮᠡᠳᠡᠬᠦ ᠵᠢ ᠴᠦ᠍ ᠬᠦᠰᠡᠬᠦ ᠦᠬᠡᠢ᠃ ᠬᠡᠬᠦ᠎ᠳᠤ ᠠᠪᠤ᠎ᠪᠠᠨ ᠪᠢ ᠨᠢᠬᠡ ᠨᠠᠰᠤ᠎ᠪᠠᠨ ᠮᠠᠰᠢ ᠠᠮᠵᠢᠯᠳᠠ᠎ᠲᠠᠢ ᠲᠤᠭᠤᠯᠤᠯ᠎ᠠ ᠯᠨ ᠭᠡᠵᠤ ᠪᠤᠳᠤᠬᠤ ᠶᠤᠮ᠃ ᠠᠮᠵᠢᠯᠳᠠ ᠵᠢᠨ ᠵᠢᠱ᠌ᠢᠶ᠎ᠡ ᠵᠢᠨ ᠨᠢᠬᠡ᠎ᠨᠢ᠂ ᠲᠠᠯᠨ ᠭᠠᠷᠤᠬᠰᠠᠨ ᠡᠵᠢ ᠮᠢᠨᠢ ᠤᠳᠤ ᠬᠦᠷᠳᠡᠯ᠎ᠡ᠄ 《ᠪᠢ ᠠᠪᠤ ᠵᠢᠨ ᠴᠢᠨᠢ ᠰᠠᠢ᠌ᠨ ᠵᠶ᠋ᠡᠷ᠂ ᠲᠠᠨ᠎ᠤ ᠡᠬᠦᠳᠡᠨ᠎ᠳᠤ ᠢᠷᠡᠭᠰᠡᠨ᠎ᠤ ᠰᠠᠢ᠌ᠨ ᠵᠶ᠋ᠡᠷ ᠨᠠᠰᠤ᠎ᠪᠠᠷ ᠵᠶ᠋ᠡᠨ ᠵᠢᠷᠭ᠋ᠠᠬᠰᠠᠨ ᠰᠢᠤ》 ᠭᠡᠵᠤ ᠬᠡᠯᠡᠳᠡᠭ᠃ ᠲᠤᠭᠤᠭ᠎ᠠ᠎ᠲᠠᠢ ᠴᠠᠢ᠎ᠳᠤ ᠬᠤᠰᠢᠭᠤ ᠬᠤᠯᠪᠤᠵᠤ᠂ ᠲᠤᠭᠤᠷᠭ᠎ᠠ᠎ᠲᠠᠢ ᠬᠡᠷ᠎ᠲᠤ ᠲᠤᠯᠤᠭ᠋ᠠᠢ ᠬᠤᠯᠪᠤᠬᠰᠠᠨ ᠬᠠᠨᠢ ᠢᠵᠢᠯᠢᠠᠴᠠᠪᠠᠨ ᠡᠢ᠌ᠮᠤ ᠦᠬᠡ ᠵᠢ ᠰᠤᠨᠤᠰᠤᠨ᠎ᠠ ᠬᠡᠳᠡᠭ ᠪᠤᠯ ᠡᠷ᠎ᠡ ᠬᠦᠮᠦᠨ᠎ᠤ ᠬᠤᠪᠢ᠎ᠳᠤ ᠶᠠᠭ᠋ᠠᠬᠢᠬᠤ ᠵᠢᠨ ᠠᠷᠭ᠎ᠠ ᠦᠬᠡᠢ ᠠᠮᠵᠢᠯᠳᠠ᠃ ᠬᠤᠵᠢᠮ ᠲᠠᠯᠨ ᠬᠦᠷᠦᠭᠰᠡᠨ ᠡᠬᠡᠨᠡᠷ᠎ᠤᠨ ᠵᠶ᠋ᠡᠨ ᠠᠮᠠᠨ᠎ᠠᠴᠠ ᠪᠢ ᠡᠨᠡ ᠦᠬᠡ ᠵᠢ ᠤᠯᠵᠤ ᠰᠤᠨᠤᠰᠪᠠᠯ ᠮᠢᠨᠤ ᠨᠢᠬᠡ ᠨᠠᠰᠤᠨ᠎ᠤ ᠬᠠᠮᠤᠭ᠎ᠤᠨ ᠶᠡᠬᠡ ᠠᠮᠵᠢᠯᠳᠠ ᠲᠡᠷᠨ ᠡ᠃
《ᠰᠠᠨᠠᠭ᠎ᠠ ᠠᠮᠤᠷ ᠠᠮᠢᠳᠤᠷᠠᠭ᠋ᠠᠷᠠᠢ》 ᠬᠡᠳᠡᠭ ᠪᠤᠯ ᠬᠠᠮᠤᠭ᠎ᠤᠨ ᠰᠠᠢ᠌ᠬᠠᠨ ᠢᠷᠤᠬᠡᠯ ᠭᠡᠵᠤ ᠠᠪᠤ ᠮᠢᠨᠢ ᠲᠠᠡᠭᠳᠠ ᠶᠠᠷᠢᠳᠠᠭ᠃ ᠪᠠᠭ᠎ᠠ᠎ᠳᠤ᠎ᠪᠠᠨ ᠡᠨᠡ ᠦᠬᠡᠨ᠎ᠤ ᠤᠳᠬ᠎ᠠ ᠵᠢ ᠦᠨᠡᠬᠡᠷ ᠤᠯ ᠶᠠᠳᠠᠵᠤ ᠪᠠᠢ᠌ᠪᠠ᠂ ᠤᠳᠤ ᠪᠤᠳᠤᠪᠠᠯ ᠬᠡᠨ ᠴᠦ᠍ ᠪᠠᠢ᠂ ᠰᠠᠨᠠᠭ᠎ᠠ ᠠᠮᠤᠷ ᠠᠮᠢᠳᠤᠷᠠᠬᠤ᠎ᠠᠴᠠ ᠦᠬᠡᠷ᠎ᠡ ᠵᠢᠷᠭ᠋ᠠᠯ ᠶᠠᠭᠤ ᠪᠠᠢ᠌ᠨ᠎ᠠ? ᠰᠠᠨᠠᠭ᠎ᠠ ᠠᠮᠤᠷ ᠪᠠᠢ᠌ᠨ᠎ᠠ ᠬᠡᠳᠡᠭ ᠶᠠᠮᠠᠷ ᠶᠡᠬᠡ ᠠᠮᠤᠷ ᠠᠮᠤᠭᠤᠯᠠᠡᠭ ᠪᠢᠯᠨ? 《ᠵᠦᠯᠬᠡᠨ ᠲᠡᠬᠡᠷ᠎ᠡ ᠬᠡᠷ ᠵᠶ᠋ᠡᠨ ᠪᠠᠷᠢᠭ᠋ᠠᠳ \ ᠵᠦᠬᠡᠷ ᠯᠨ ᠨᠢᠬᠡ ᠠᠮᠢᠳᠤᠷᠠᠬᠤ ᠶᠤᠮᠰᠠᠨ》 ᠬᠡᠳᠡᠭ ᠰᠢᠭ ᠡᠬᠡᠯ᠎ᠤᠨ ᠡᠬᠡᠯ ᠪᠦᠬᠡᠳ ᠬᠦᠷᠤᠰᠢ ᠦᠬᠡᠢ᠂ ᠪᠡᠶᠡᠯᠡᠰᠢ ᠦᠬᠡᠢ ᠬᠤᠯᠨ ᠵᠢᠨ ᠵᠡᠬᠦᠳᠤ ᠵᠦᠡᠭ ᠴᠦ᠍ ᠮᠡᠳᠤ ᠠᠮᠢᠳᠤᠷᠠᠯ ᠶᠤᠮᠳᠠᠭ᠃
ᠬᠤᠷᠸ᠎ᠠ ᠵᠢᠨ ᠲᠦᠮᠡᠨ ᠠᠮᠢᠳᠠᠨ ᠰᠠᠨᠠᠭ᠎ᠠ ᠠᠮᠠᠷ ᠠᠮᠢᠳᠤᠷᠠᠭ᠋ᠠᠰᠠᠢ ᠡ!
ᠵᠤᠬᠢᠶᠠᠬ᠍ᠴᠢ ᠵᠢᠨ ᠬᠠᠶᠢᠭ᠄ 《ᠨᠡᠢ᠌ᠬᠡᠮ》 ᠰᠡᠳᠬᠦᠯ᠎ᠤᠨ ᠬᠤᠷᠢᠶ᠎ᠠ