ᠰᠥᠭᠡᠩᠭᠢ ᠲᠠᠭᠤ᠎ᠲᠠᠢ ᠪᠣᠯᠪᠠᠴᠤ ᠲᠤᠷᠪᠢᠯᠢᠭ᠂ ᠦᠳᠡᠯᠤᠬᠡ ᠪᠤᠭᠤᠷᠤᠯ ᠪᠤᠯᠤᠬᠰᠠᠨ ᠴᠦ᠍ ᠬᠠᠯᠠᠭᠤᠨ ᠰᠡᠳᠬᠢᠯ᠎ᠨᠢ ᠪᠠᠭᠤᠷᠠᠬᠤ ᠦᠭᠡᠢ᠂ ᠡᠡᠭᠭᠡᠷ ᠲᠦᠬᠦᠷᠡᠡᠭ ᠢᠷᠠᠭᠤ ᠠᠯᠳᠠᠷ᠎ᠤᠨ ᠲᠡᠮᠳᠡᠭ᠎ᠲᠠᠢ ᠪᠤᠯᠪᠠᠴᠤ ᠨᠠᠮ ᠳᠠᠷᠤᠤ ᠪᠥᠭᠡᠳ ᠪᠣᠳᠠᠲᠠᠢ ᠵᠢ ᠡᠷᠬᠢᠮᠯᠡᠳᠡᠭ ᠡᠨᠡ ᠬᠦᠮᠦᠨ ᠪᠤᠯ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠲᠥᠯᠥᠭᠡᠯᠡᠭᠴᠢ᠂ 《〈7 · 1〉᠎ᠤ ᠭᠠᠪᠢᠶᠠᠨ ᠲᠡᠮᠳᠡᠭ᠎ᠢ ᠬᠦᠷᠳᠡᠭᠴᠢ》᠂ ᠹᠦᠵᠢᠶᠠᠨ ᠮᠤᠵᠢ ᠵᠢᠨ ᠹᠦᠵᠸᠤ ᠬᠤᠳᠠ ᠵᠢᠨ 《ᠵᠢᠶᠦ᠋ᠨ ᠮᠸᠨ》 ᠨᠡᠢ᠌ᠬᠡᠮ ᠲᠤᠭᠤᠷᠢᠭ᠎ᠤᠨ ᠨᠠᠮ᠎ᠤᠨ ᠬᠣᠷᠢᠶᠠᠨ᠎ᠤ ᠱᠦᠵᠢ ᠯᠢᠨ ᠳ᠋ᠠᠨ ᠪᠣᠯᠣᠨ᠎ᠠ᠃
1972 ᠣᠨ᠎ᠠᠴᠠ ᠨᠡᠢ᠌ᠭᠡᠮ ᠲᠣᠭᠣᠷᠢᠭ᠎ᠤᠨ ᠰᠠᠭᠤᠭ᠋ᠠᠯᠢ ᠠᠷᠠᠳ᠎ᠤᠨ ᠵᠥᠪᠯᠡᠯ᠎ᠳᠤ ᠠᠵᠢᠯᠯᠠᠭ᠋ᠠᠳ ᠤᠳᠤ ᠪᠤᠯᠵᠤ ᠪᠠᠢ᠌ᠭ᠎ᠠ 74 ᠨᠠᠰᠤᠲᠠᠢ ᠯᠢᠨ ᠳ᠋ᠠᠨ ᠨᠡᠢ᠌ᠭᠡᠮ ᠲᠣᠭᠣᠷᠢᠭ᠎ᠤᠨ ᠰᠠᠭᠤᠭ᠋ᠠᠯᠢ ᠠᠷᠠᠳ᠎ᠲᠤ ᠬᠠᠭ᠋ᠠᠰ ᠢᠯᠡᠭᠦᠦ ᠨᠠᠰᠤ᠎ᠪᠠᠨ ᠵᠣᠷᠢᠭᠤᠯᠵᠠᠢ᠃ ᠲᠡᠷᠡ᠄ 《ᠥᠪᠡᠷ᠎ᠤᠨ ᠬᠢᠵᠦ ᠪᠠᠢ᠌ᠭ᠎ᠠ ᠠᠯᠢᠪᠠ ᠪᠦᠬᠦᠨ ᠪᠣᠯ ᠣᠯᠠᠨ ᠲᠦᠮᠡᠨ᠎ᠤ ᠠᠮᠢᠳᠤᠷᠠᠯ ᠪᠠ ᠤᠴᠢᠷ ᠶᠠᠪᠤᠳᠠᠯ᠎ᠢ ᠰᠢᠢ᠍ᠳᠪᠦᠷᠢᠯᠡᠬᠦ᠎ᠳᠤ ᠨᠠᠩ ᠲᠥᠬᠥᠮ ᠪᠣᠯᠭ᠋ᠠᠵᠤ᠂ ᠬᠦᠰᠡᠯ ᠱᠠᠭ᠋ᠠᠷᠳᠠᠯᠭ᠎ᠠ᠎ᠪᠠᠨ ᠢᠯᠡᠳᠬᠡᠬᠦ ᠠᠷᠭ᠎ᠠ ᠵᠠᠮ᠎ᠢ ᠨᠠᠩ ᠰᠠᠭ᠋ᠠᠳ ᠦᠭᠡᠢ ᠪᠣᠯᠭ᠋ᠠᠵᠤ᠂ ᠨᠠᠩ ᠠᠮᠤᠷ ᠲᠦᠪᠰᠢᠨ ᠨᠠᠩ ᠵᠣᠯ ᠵᠢᠷᠭ᠋ᠠᠯ᠎ᠲᠠᠢ ᠪᠣᠯᠭ᠋ᠠᠬᠤ ᠵᠢᠨ ᠲᠥᠯᠥᠭᠡ》 ᠭᠡᠵᠤ ᠶᠠᠷᠢᠵᠤ᠃ ᠬᠢᠵᠤ ᠶᠠᠪᠤᠳᠠᠭ᠃
ᠲᠦᠷᠦᠭᠦᠬᠡᠨ ᠶᠠᠪᠤᠭᠳᠠᠭᠰᠠᠨ ᠨᠡᠢ᠌ᠭᠡᠮ ᠲᠣᠭᠣᠷᠢᠭ᠎ᠤᠨ ᠰᠠᠭᠤᠭ᠋ᠠᠯᠢ ᠠᠷᠠᠳ᠎ᠤᠨ ᠶᠠᠷᠢᠯᠴᠠᠬᠤ ᠬᠤᠷᠠᠯ ᠳᠡᠭᠡᠷ᠎ᠡ᠂ ᠯᠢᠨ ᠳ᠋ᠠᠨ᠄ 《ᠣᠨᠴᠠ ᠵᠠᠷᠢᠮ ᠬᠤᠷᠢᠶᠠᠯᠠᠯ᠎ᠤᠨ ᠴᠠᠬᠢᠯᠭ᠋ᠠᠨ ᠴᠡᠨᠡᠭᠯᠡᠬᠦ ᠵᠢ ᠣᠯᠠᠨᠲᠠ ᠴᠠᠭ᠋ᠠᠵᠠᠯᠠᠵᠤ᠂ ᠴᠠᠬᠢᠯᠭ᠋ᠠᠨ ᠬᠥᠳᠡᠯᠭᠡᠭᠦᠷᠲᠦ ᠲᠡᠷᠭᠡᠨ᠎ᠤ ᠴᠠᠬᠢᠯᠭ᠋ᠠᠨ ᠴᠡᠨᠡᠭᠯᠡᠬᠦ ᠪᠠᠭ᠋ᠠᠨ᠎ᠠ ᠨᠡᠮᠡᠵᠦ ᠤᠭᠰᠠᠷᠠᠬᠤ ᠶᠠᠪᠤᠳᠠᠯ ᠪᠠᠴᠢᠮ ᠲᠤᠯᠭ᠋ᠠᠮ ᠪᠣᠯᠵᠤ ᠪᠠᠢ᠌ᠨ᠎ᠠ》 ᠭᠡᠵᠦ ᠰᠢᠭᠤᠳ ᠰᠢᠯᠤᠭᠤᠨ ᠵᠶ᠋ᠠᠷ ᠶᠠᠷᠢᠵᠤ ᠪᠠᠢ᠌ᠯ᠎ᠠ᠃ ᠰᠠᠭᠤᠭ᠋ᠠᠯᠢ ᠠᠷᠠᠳ᠎ᠤᠨ ᠲᠥᠯᠥᠭᠡᠯᠡᠭᠴᠢ ᠪᠠ ᠠᠷᠠᠳ᠎ᠤᠨ ᠴᠠᠭᠳᠠᠭ᠎ᠠ ᠨᠠᠷ ᠬᠤᠷᠠᠯ ᠳᠡᠭᠡᠷ᠎ᠡ ᠪᠤᠳᠤᠭᠰᠠᠨ ᠵᠶ᠋ᠠᠨ ᠠᠭᠤᠵᠢᠷᠠᠲᠠᠯ᠎ᠠ ᠶᠠᠷᠢᠵᠤ᠂ ᠴᠠᠬᠢᠯᠭ᠋ᠠᠨ ᠴᠡᠨᠡᠭᠯᠡᠬᠦ ᠪᠠᠭ᠋ᠠᠨ᠎ᠠ ᠵᠢᠨ ᠲᠣᠭ᠎ᠠ᠂ ᠣᠷᠣᠨ ᠪᠠᠢ᠌ᠷᠢ ᠵᠡᠷᠭᠡ᠎ᠳᠤ ᠬᠠᠮᠲᠤ ᠵᠢᠨ ᠲᠠᠨᠢᠯᠲᠠ᠎ᠲᠠᠢ ᠪᠣᠯᠪᠠ᠃ ᠢᠡᠭᠬᠢᠬᠡᠳ ᠰᠢᠨ᠎ᠡ᠎ᠪᠠᠷ ᠨᠡᠮᠡᠵᠦ ᠤᠭᠰᠠᠷᠠᠭᠰᠠᠨ ᠴᠠᠬᠢᠯᠭ᠋ᠠᠨ ᠴᠡᠨᠡᠭᠯᠡᠬᠦ ᠪᠠᠭ᠋ᠠᠨ᠎ᠠ ᠵᠢ ᠭᠤᠷᠪᠠᠬᠠᠨ ᠬᠤᠨᠤᠭ᠎ᠲᠤ ᠠᠰᠢᠭᠯᠠᠯᠲᠠ᠎ᠳᠤ ᠣᠷᠣᠭᠤᠯᠪᠠ᠃

ᠹᠦᠵᠢᠶᠠᠨ ᠮᠤᠵᠢ ᠵᠢᠨ ᠹᠦᠵᠧᠦ ᠬᠤᠲᠠ ᠵᠢᠨ 《ᠵᠢᠶᠦ᠋ᠨ ᠮᠸᠨ》 ᠨᠡᠢ᠌ᠭᠡᠮ ᠲᠣᠭᠣᠷᠢᠭ᠎ᠤᠨ ᠪᠠᠭ᠋ᠠᠴᠤᠳ ᠬᠡᠦᠬᠡᠳ᠎ᠢ ᠨᠠᠢ᠌ᠳᠠᠨ ᠬᠠᠮᠢᠶᠠᠷᠤᠭᠤᠯᠬᠤ ᠲᠥᠪ᠎ᠲᠤ ᠯᠢᠨ ᠳ᠋ᠠᠨ ᠰᠤᠷᠭ᠋ᠠᠭᠤᠯᠢ ᠲᠠᠷᠬᠠᠭ᠋ᠠᠳ ᠪᠤᠴᠠᠵᠤ ᠢᠷᠡᠭᠰᠡᠨ ᠬᠡᠦᠬᠡᠳ᠎ᠤᠳ᠎ᠲᠠᠢ ᠰᠠᠨᠠᠯ ᠵᠶ᠋ᠠᠨ ᠰᠤᠯᠢᠯᠴᠠᠵᠤ ᠪᠠᠢ᠌ᠭ᠎ᠠ᠎ᠨᠢ
(ᠰᠢᠨᠬᠤᠸᠨ ᠬᠣᠷᠢᠶᠠᠨ ᠪ᠊ ᠰᠤᠷᠪᠤᠯᠵᠢᠯᠠᠭᠴᠢ ᠵᠢᠶᠠᠩ ᠺᠧ ᠬᠤᠡᠭ 2022 ᠣᠨ᠎ᠤ 9 ᠳ᠋ᠤᠬᠡᠷ ᠰᠠᠷ᠎ᠠ ᠵᠢᠨ 14 ᠤ ᠡᠳᠦᠷ ᠰᠡᠭᠦᠳᠡᠷᠯᠡᠪᠡ)
ᠯᠢᠨ ᠳ᠋ᠠᠨ᠎ᠤ ᠡᠬᠦᠳᠦᠭᠰᠡᠨ ᠰᠠᠭᠤᠭ᠋ᠠᠯᠢ ᠠᠷᠠᠳ᠎ᠤᠨ ᠶᠠᠷᠢᠯᠴᠠᠬᠤ ᠬᠤᠷᠠᠯ᠎ᠢ ᠰᠠᠷ᠎ᠠ ᠪᠦᠷᠢ ᠵᠢᠨ 10 ᠤ ᠣᠷᠴᠢᠮ ᠵᠶ᠋ᠠᠷ ᠬᠢᠬᠦ᠎ᠪᠠᠷ ᠲᠣᠭᠲᠠᠵᠠᠢ᠃ ᠲᠡᠭᠦᠨ᠎ᠤ ᠨᠡᠢ᠌ᠭᠡᠮ ᠲᠣᠭᠣᠷᠢᠭ᠎ᠤᠨ ᠠᠵᠢᠯ᠎ᠤᠨ ᠡᠳᠦᠷ᠎ᠤᠨ ᠲᠡᠮᠳᠡᠭᠯᠡᠯ᠎ᠢ ᠤᠷᠪᠠᠭᠤᠯᠪᠠᠯ᠂ ᠪᠠᠭ᠎ᠠ᠎ᠠᠴᠠ ᠨᠢᠭᠡ ᠭᠡᠷ ᠨᠢᠭᠡ ᠡᠷᠦᠬᠡ ᠵᠢᠨ ᠠᠮᠢᠳᠤᠷᠠᠯ᠎ᠤᠨ ᠬᠦᠴᠢᠷ ᠠᠰᠠᠭᠤᠳᠠᠯ᠂ ᠶᠡᠬᠡ᠎ᠠᠴᠠ ᠨᠡᠢ᠌ᠭᠡᠮ ᠲᠣᠭᠣᠷᠢᠭ᠎ᠤᠨ ᠠᠮᠤᠷ᠎ᠢ ᠬᠠᠮᠠᠭ᠋ᠠᠯᠠᠬᠤ᠂ ᠰᠠᠭᠤᠷᠢ ᠲᠥᠬᠦᠭᠡᠷᠦᠮᠵᠢ ᠵᠢᠨ ᠥᠭᠡᠷᠡᠴᠢᠯᠡᠯᠲᠡ ᠬᠦᠷᠲᠡᠯ᠎ᠡ ᠯᠢᠨ ᠳ᠋ᠠᠨ ᠪᠦᠷ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ᠂ ᠤᠯᠤᠰ ᠲᠦᠷᠦ ᠵᠢᠨ ᠵᠥᠪᠯᠡᠯᠭᠡᠨ᠎ᠤ ᠭᠡᠰᠢᠭᠦᠨ᠂ ᠵᠠᠰᠠᠭ᠎ᠤᠨ ᠣᠷᠳᠣᠨ᠎ᠤ ᠠᠵᠢᠯᠲᠠᠨ᠂ ᠰᠠᠭᠤᠭ᠋ᠠᠯᠢ ᠠᠷᠠᠳ᠎ᠤᠨ ᠲᠥᠯᠥᠭᠡᠯᠡᠭᠴᠢ ᠵᠢ ᠤᠷᠢᠵᠤ ᠵᠥᠪᠳᠡᠯᠴᠡᠨ ᠰᠢᠢ᠍ᠳᠪᠦᠷᠢᠯᠡᠪᠡ᠃
《ᠲᠦᠷᠦᠭᠦᠦ ᠬᠣᠶᠠᠷ ᠵᠢᠯ ᠮᠢᠨᠤ ᠰᠠᠭᠤᠵᠤ ᠪᠠᠢ᠌ᠭᠰᠠᠨ ᠠᠰᠠᠷ᠎ᠲᠤ ᠦᠷᠭᠦᠯᠵᠢ ᠤᠰᠤ ᠵᠤᠬᠰᠤᠳᠠᠭ᠂ ᠡᠨᠡ ᠠᠰᠠᠭᠤᠳᠠᠯ᠎ᠢ ᠯᠢᠨ ᠳ᠋ᠠᠨ ᠱᠦᠵᠢ ᠶᠠᠷᠢᠯᠴᠠᠬᠤ ᠬᠤᠷᠠᠯ ᠳᠡᠭᠡᠷ᠎ᠡ ᠠᠪᠠᠴᠢᠵᠤ ᠰᠤᠳᠤᠯᠤᠭ᠋ᠠᠳ᠂ ᠲᠦᠭᠡᠭᠡᠯ ᠤᠰᠤᠨ᠎ᠤ ᠺᠣᠮᠫᠠᠨᠢ᠎ᠲᠠᠢ ᠲᠠᠬᠢᠨ ᠳᠠᠪᠲᠠᠨ ᠣᠢ᠌ᠯᠠᠭ᠋ᠠᠯᠴᠠᠬᠤᠪᠠᠷ ᠲᠠᠮᠵᠢᠨ ᠡᠴᠦᠰ᠎ᠲᠤ᠎ᠪᠠᠨ ᠰᠢᠢ᠍ᠳᠪᠤᠷᠢᠯᠡᠪᠡ᠂ ᠮᠠᠰᠢ ᠲᠠᠯᠠᠷᠬᠠᠵᠤ ᠪᠠᠢ᠌ᠨ᠎ᠠ》 ᠭᠡᠵᠦ ᠨᠡᠢ᠌ᠭᠡᠮ ᠲᠣᠭᠣᠷᠢᠭ᠎ᠤᠨ ᠰᠠᠭᠤᠭ᠋ᠠᠯᠢ ᠠᠷᠠᠳ ᠵᠢᠶᠠᠩ ᠸᠠᠨ ᠹᠠᠩ ᠶᠠᠷᠢᠵᠤ ᠪᠠᠢ᠌ᠯ᠎ᠠ᠃
《ᠨᠠᠰᠤᠳᠠᠳ ᠬᠡᠤᠬᠡᠳ》 ᠲᠦᠭ ᠲᠦᠮᠡᠨ ᠠᠢ᠌ᠯ ᠡᠷᠦᠬᠡ᠎ᠳᠤ ᠬᠣᠯᠪᠣᠭᠳᠠᠵᠤ᠂ ᠠᠷᠠᠳ᠎ᠤᠨ ᠠᠮᠢᠳᠤᠷᠠᠯ᠎ᠤᠨ ᠠᠵᠠ ᠵᠢᠷᠭ᠋ᠠᠯᠳᠤ ᠬᠣᠯᠪᠣᠭᠳᠠᠵᠤ ᠪᠠᠢ᠌ᠳᠠᠭ᠃ ᠯᠢᠨ ᠳ᠋ᠠᠨ ᠡᠯ᠎ᠡ ᠲᠠᠯ᠎ᠠ ᠵᠢᠨ ᠡᠬᠢ ᠪᠠᠶᠠᠯᠢᠭ᠎ᠢ ᠨᠡᠢ᠌ᠳᠬᠡᠵᠦ ᠨᠠᠰᠤᠳᠠᠢ᠌ᠴᠤᠳ᠎ᠤᠨ ᠬᠣᠭᠣᠯᠠᠨ ᠭᠡᠷ᠂ ᠨᠠᠢ᠌ᠳᠠᠨ ᠬᠠᠮᠢᠶᠠᠷᠤᠭᠤᠯᠬᠤ ᠲᠥᠪ᠂ ᠨᠠᠰᠤᠵᠢᠯ᠎ᠤᠨ ᠠᠰᠠᠷᠠᠮᠵᠢ ᠵᠢᠨ ᠲᠥᠪ᠎ᠢ ᠪᠠᠢ᠌ᠭᠤᠯᠵᠤ ᠨᠡᠢ᠌ᠭᠡᠮ ᠲᠣᠭᠣᠷᠢᠭ᠎ᠢ ᠬᠠᠯᠠᠭᠤᠨ ᠳᠤᠯᠠᠭ᠋ᠠᠨ ᠭᠡᠷ ᠪᠦᠯᠢ ᠪᠣᠯᠭ᠋ᠠᠨ ᠪᠠᠢ᠌ᠭᠤᠯᠵᠠᠢ᠃
ᠦᠳᠡ ᠵᠢᠨ ᠦᠶ᠎ᠡ᠎ᠪᠠᠷ ᠠᠬᠠᠮᠠᠳ ᠬᠥᠮᠥᠰ᠎ᠤᠨ ᠬᠣᠭᠣᠯᠠᠨ ᠭᠡᠷ᠎ᠲᠤ ᠨᠣᠭᠣᠭ᠎ᠠ ᠪᠤᠳᠠᠭ᠎ᠠ ᠵᠢᠨ ᠦᠨᠦᠷ ᠬᠠᠩᠬᠤᠯᠵᠤ ᠴᠢᠨᠠᠭᠰᠠᠨ ᠵᠢᠭ᠋ᠠᠰᠤ᠂ ᠬᠠᠭᠤᠷᠤᠬᠰᠠᠨ ᠨᠤᠭᠤᠭ᠎ᠠ᠂ ᠲᠣᠰᠣᠨ᠎ᠳᠤ ᠪᠤᠴᠠᠯᠭ᠋ᠠᠭᠰᠠᠨ ᠬᠠᠰᠢ ᠵᠡᠷᠬᠡ ᠨᠤᠭᠤᠭ᠎ᠠ ᠴᠠᠭ᠎ᠠ ᠲᠠᠯᠪᠢᠭ᠋ᠠᠰᠤᠲᠠᠢ᠃ 92 ᠨᠠᠰᠤᠲᠠᠢ ᠯᠢᠨ ᠷᠦᠢ ᠵᠧᠨ ᠨᠠᠰᠤᠲᠠᠨ ᠢᠷᠡᠭᠰᠡᠨ᠎ᠳᠤ ᠯᠢᠨ ᠳ᠋ᠠᠨ ᠲᠣᠬᠢᠷᠠᠭᠤᠯᠤᠭᠰᠠᠨ ᠬᠣᠭᠣᠯᠠ ᠨᠣᠭᠣᠭ᠎ᠠ᠎ᠪᠠᠨ ᠠᠪᠴᠢᠷᠠᠨ ᠨᠠᠰᠤᠲᠠᠨ᠎ᠢ ᠲᠦᠰᠢᠵᠦ ᠰᠠᠢ᠌ᠬᠠᠨ ᠬᠣᠭᠣᠯᠠ ᠢᠳᠡᠭᠦᠯᠪᠡ᠃
《ᠵᠢᠶᠦ᠋ᠨ ᠮᠸᠨ》 ᠨᠡᠢ᠌ᠭᠡᠮ ᠲᠣᠭᠣᠷᠢᠭ᠎ᠲᠤ ᠣᠳᠣᠬᠠᠨ᠎ᠳᠤ 60 ᠨᠠᠰᠤᠨ᠎ᠠᠴᠠ ᠳᠡᠭᠡᠭᠰᠢᠬᠢ ᠨᠠᠰᠤᠲᠠᠳ 1200 ᠭᠠᠷᠤᠢ ᠲᠠᠢ ᠪᠤᠯᠬᠤᠷ ᠬᠣᠭᠣᠯᠠ ᠢᠳᠡᠬᠦ ᠪᠣᠯ ᠴᠥᠭᠡᠨ ᠪᠤᠰᠤ ᠭᠠᠭᠴᠠᠭ᠋ᠠᠷ ᠰᠠᠭᠤᠭ᠎ᠠ ᠨᠠᠰᠤᠲᠠᠳ᠎ᠤᠨ 《ᠲᠣᠯᠣᠭ᠋ᠠᠢ ᠵᠢ᠎ᠨᠢ ᠡᠪᠡᠳᠬᠡᠬᠦ ᠤᠴᠢᠷ》 ᠶᠤᠮ᠃ ᠨᠠᠰᠤᠳᠠᠢ᠌ᠴᠤᠳ᠎ᠤᠨ ᠬᠣᠭᠣᠯᠠᠨ ᠭᠡᠷ᠎ᠢ ᠠᠰᠢᠭᠯᠠᠯᠲᠠ᠎ᠳᠤ ᠣᠷᠣᠭᠤᠯᠤᠭᠰᠠᠨ᠎ᠤ ᠳᠠᠷᠠᠭ᠎ᠠ ᠨᠠᠰᠤᠲᠠᠨ 10 ᠲᠥᠭᠥᠷᠢᠭ ᠲᠤᠰᠢᠶᠠᠪᠠᠯ ᠨᠢᠭᠡ ᠡᠷᠡᠨ᠎ᠤ ᠮᠢᠬ᠎ᠠ᠎ᠲᠠᠢ ᠨᠤᠭᠤᠭ᠎ᠠ ᠬᠤᠶᠠᠷ᠎ᠢ ᠢᠳᠡᠵᠤ ᠪᠤᠯᠳᠠᠭ᠃ ᠡᠳᠦᠷ ᠪᠦᠷᠢ ᠵᠢᠨ ᠦᠳᠡ ᠵᠢᠨ ᠡᠮᠦᠨᠡᠬᠢ 11 ᠴᠠᠭ᠎ᠤᠨ ᠦᠶ᠎ᠡ᠎ᠪᠠᠷ ᠯᠢᠨ ᠳ᠋ᠠᠨ ᠨᠠᠰᠤᠳᠠᠢ᠌ᠴᠤᠳ᠎ᠤᠨ ᠬᠣᠭᠣᠯᠠᠨ ᠭᠡᠷ᠎ᠲᠤ ᠤᠷᠢᠳᠴᠢᠯᠠᠨ ᠢᠷᠡᠵᠦ ᠬᠥᠳᠡᠯᠵᠦ ᠪᠠᠷᠢᠬᠤ᠎ᠳᠤ ᠳᠥᠭᠥᠮ ᠦᠭᠡᠢ ᠨᠠᠰᠤᠲᠠᠨ᠎ᠳᠤ ᠬᠠᠪᠰᠤᠷᠤᠨ ᠨᠣᠭᠣᠭ᠎ᠠ ᠵᠠᠭᠤᠰᠢ ᠠᠪᠴᠢᠷᠠᠵᠤ ᠥᠭᠲᠡᠭ᠃
ᠨᠠᠰᠤᠳᠠᠳ ᠬᠣᠭᠣᠯᠠ᠎ᠪᠠᠨ ᠢᠳᠡᠭᠰᠡᠨᠤᠬᠢᠨᠢ ᠳᠠᠷᠠᠭ᠎ᠠ ᠯᠢᠨ ᠳ᠋ᠠᠨ ᠨᠡᠢ᠌ᠭᠡᠮ ᠲᠣᠭᠣᠷᠢᠭ᠎ᠤᠨ ᠨᠠᠢ᠌ᠳᠠᠨ ᠬᠠᠮᠢᠶᠠᠷᠤᠭᠤᠯᠬᠤ ᠲᠥᠪ᠎ᠲᠤ ᠪᠤᠰᠢᠭᠤᠯᠠᠨ ᠢᠷᠡᠬᠦ᠎ᠳᠤ ᠰᠤᠷᠭ᠋ᠠᠭᠤᠯᠢ ᠲᠠᠷᠬᠠᠭᠰᠠᠨ ᠬᠡᠦᠬᠡᠳ᠎ᠤᠳ 《ᠯᠢᠨ ᠡᠮᠡᠭᠡ ᠰᠠᠢ᠌ᠨ ᠤᠤ》 ᠭᠡᠵᠦ ᠬᠠᠰᠬᠢᠷᠤᠨ ᠮᠡᠨᠳᠤᠴᠢᠯᠡᠬᠦ᠎ᠳᠤ ᠢᠨᠢᠶᠡᠳᠤ ᠬᠦᠷ ᠴᠢᠬᠢ ᠬᠠᠳᠠᠵᠤ ᠪᠠᠢ᠌ᠯ᠎ᠠ᠃ ᠭᠡᠷ᠎ᠤᠨ ᠠᠬᠠᠮᠠᠳ᠎ᠨᠢ ᠰᠠᠷ᠎ᠠ᠎ᠳᠤ 880 ᠲᠥᠭᠥᠷᠢᠭ ᠲᠤᠰᠢᠶᠠᠪᠠᠯ ᠬᠡᠦᠬᠡᠳ᠎ᠨᠢ ᠡᠳᠦᠷ ᠪᠦᠷᠢ ᠨᠠᠢ᠌ᠳᠠᠨ ᠬᠠᠮᠢᠶᠠᠷᠤᠭᠤᠯᠬᠤ ᠲᠥᠪ᠎ᠲᠤ ᠦᠳᠡ ᠵᠢᠨ ᠬᠣᠭᠣᠯᠠ ᠪᠠ ᠣᠷᠣᠢ ᠵᠢᠨ ᠬᠣᠭᠣᠯᠠ ᠢᠳᠡᠵᠦ ᠪᠣᠯᠣᠨ᠎ᠠ᠂ ᠪᠠᠰᠠ ᠲᠤᠰᠢᠶᠠᠯ ᠬᠠᠪᠰᠤᠷᠭ᠋ᠠᠬᠰᠠᠨ 4 ᠪᠠᠭᠰᠢ ᠬᠢᠴᠢᠶᠡᠯ ᠰᠤᠷᠤᠯᠭ᠎ᠠ ᠵᠢ᠎ᠨᠢ ᠵᠢᠯᠣᠭᠣᠳᠳᠠᠭ ᠪᠣᠯᠬᠣᠷ 《ᠦᠷᠳᠡᠬᠡᠴᠢᠯᠡᠯᠳᠡ ᠮᠠᠶᠢᠭ》 ᠵᠶ᠋ᠠᠷ ᠬᠡᠦᠬᠡᠳ᠎ᠤᠨ ᠲᠤᠰᠴᠤ ᠬᠦᠷᠭᠡᠬᠦ᠂ ᠬᠣᠭᠣᠯᠠ ᠢᠳᠡᠬᠦ᠎ᠳᠤ ᠬᠦᠴᠢᠷ ᠠᠰᠠᠭᠤᠳᠠᠯ᠎ᠢ ᠰᠢᠢ᠍ᠳᠪᠤᠷᠢᠯᠡᠬᠦ ᠪᠤᠯᠤᠬᠰᠠᠨ ᠪᠠᠢ᠌ᠨ᠎ᠠ᠃

ᠹᠦᠵᠢᠶᠠᠨ ᠮᠤᠵᠢ ᠵᠢᠨ ᠹᠦᠵᠧᠦ ᠬᠤᠲᠠ ᠵᠢᠨ 《ᠵᠢᠶᠦ᠋ᠨ ᠮᠸᠨ》 ᠨᠡᠢ᠌ᠭᠡᠮ ᠲᠣᠭᠣᠷᠢᠭ᠎ᠤᠨ ᠨᠠᠰᠤᠳᠠᠢ᠌ᠴᠤᠳ᠎ᠤᠨ ᠬᠣᠭᠣᠯᠠᠨ ᠭᠡᠷ᠎ᠲᠤ᠂ᠯᠢᠨ ᠳ᠋ᠠᠨ (ᠵᠡᠭᠦᠨ᠎ᠠᠴᠠ ᠬᠣᠶᠠᠳᠤᠭ᠋ᠠᠷ) ᠬᠣᠭᠣᠯᠠ ᠢᠳᠡᠵᠦ ᠪᠠᠢ᠌ᠭ᠎ᠠ ᠨᠠᠰᠤᠲᠠᠢ᠌ᠴᠤᠳ᠎ᠲᠠᠢ ᠰᠠᠨᠠᠯ ᠵᠶ᠋ᠠᠨ ᠰᠤᠯᠢᠯᠴᠠᠵᠤ ᠪᠠᠢ᠌ᠭ᠎ᠠ᠎ᠨᠢ
(ᠰᠢᠨᠬᠤᠸᠨ ᠬᠣᠷᠢᠶᠠᠨ ᠪ᠊ ᠰᠤᠷᠪᠤᠯᠵᠢᠯᠠᠭᠴᠢ ᠵᠢᠶᠠᠩ ᠺᠧ ᠬᠤᠡᠭ 2022 ᠣᠨ᠎ᠤ 9 ᠳ᠋ᠤᠬᠡᠷ ᠰᠠᠷ᠎ᠠ ᠵᠢᠨ 9 ᠤ ᠡᠳᠦᠷ ᠰᠡᠭᠦᠳᠡᠷᠯᠡᠪᠡ)
《ᠰᠡᠳᠬᠢᠯ ᠲᠠᠯᠪᠢᠵᠤ ᠬᠠᠢ᠌ᠷ᠎ᠠ᠎ᠪᠠᠨ ᠡᠷᠬᠦᠵᠤ ᠠᠵᠢᠯᠯᠠᠳᠠᠭ ᠯᠠ ᠪᠣᠯ ᠠᠵᠢᠯ ᠵᠶ᠋ᠠᠨ ᠣᠯᠠᠨ ᠲᠦᠮᠡᠨ᠎ᠤ ᠰᠡᠳᠬᠢᠯ᠎ᠳᠤ ᠬᠠᠳᠠᠩᠰᠢᠭᠤᠯᠵᠤ ᠴᠢᠳᠠᠬᠤ ᠶᠤᠮ》 ᠭᠡᠵᠦ ᠯᠢᠨ ᠳ᠋ᠠᠨ ᠬᠡᠯᠡᠪᠡ᠃
ᠨᠠᠮ᠎ᠳᠤ ᠣᠷᠣᠭᠰᠠᠨ 37 ᠵᠢᠯ᠂ ᠨᠡᠢ᠌ᠭᠡᠮ ᠲᠣᠭᠣᠷᠢᠭ᠎ᠤᠨ ᠠᠵᠢᠯ ᠬᠢᠭᠰᠡᠨ 50 ᠵᠢᠯ᠂ ᠯᠢᠨ ᠳ᠋ᠠᠨ ᠪᠥᠬᠥ ᠤᠯᠤᠰ᠎ᠤᠨ ᠰᠢᠯᠢᠳᠡᠭ ᠡᠪ ᠬᠠᠮᠲᠤ ᠨᠠᠮ᠎ᠤᠨ ᠭᠡᠰᠢᠭᠦᠨ᠂ ᠪᠥᠬᠥ ᠤᠯᠤᠰ᠎ᠤᠨ 《5 · 1》᠎ᠤ ᠬᠥᠳᠡᠯᠮᠦᠷᠢ ᠵᠢᠨ ᠱᠠᠩᠨᠠᠯ᠎ᠤᠨ ᠲᠡᠮᠳᠡᠭ᠂ ᠪᠥᠬᠥ ᠤᠯᠤᠰ᠎ᠤᠨ ᠬᠥᠳᠡᠯᠮᠦᠷᠢ ᠵᠢᠨ ᠵᠢᠱ᠌ᠢᠶᠡᠴᠢ ᠵᠡᠷᠭᠡ ᠢᠷᠠᠭᠤ ᠠᠯᠳᠠᠷ᠎ᠢ ᠭᠥᠷᠳᠡᠵᠦ᠂ ᠨᠠᠮ ᠪᠠᠢ᠌ᠭᠤᠯᠤᠭᠳᠠᠭᠰᠠᠨ ᠵᠠᠭᠤᠨ ᠵᠢᠯ᠎ᠤᠨ ᠲᠠᠰᠢᠷᠠᠮ᠎ᠳᠤ ᠲᠡᠷᠡ 《〈7 · 1〉᠎ᠤ ᠭᠠᠪᠢᠶᠠᠨ ᠲᠡᠮᠳᠡᠭ》 ᠭᠥᠷᠳᠡᠪᠡ᠃ ᠯᠢᠨ ᠳ᠋ᠠᠨ᠄ 《ᠪᠢ ᠪᠣᠯ 〈ᠵᠢᠶᠦ᠋ᠨ ᠮᠸᠨ〉 ᠨᠡᠢ᠌ᠭᠡᠮ ᠲᠣᠭᠣᠷᠢᠭ᠎ᠤᠨ ᠥᠬᠢᠨ᠂ ᠨᠠᠮ ᠪᠣᠯᠣᠨ ᠠᠷᠠᠳ ᠲᠦᠮᠡᠨ᠎ᠠᠴᠠ ᠨᠠᠳᠠ᠎ᠳᠤ ᠡᠢ᠌ᠮᠦ ᠬᠦᠨᠳᠦ ᠱᠠᠩᠨᠠᠯ ᠥᠭᠭᠦᠭᠰᠡᠨ᠎ᠨᠢ ᠨᠠᠮ᠎ᠠ ᠵᠢ ᠰᠠᠭᠤᠭ᠋ᠠᠯᠢ ᠠᠷᠠᠳ᠎ᠤᠨ ᠰᠠᠢ᠌ᠨ ᠦᠢ᠍ᠯᠡᠴᠢᠯᠡᠭᠴᠢ ᠪᠣᠯᠭ᠋ᠠᠬᠤ ᠵᠢᠨ ᠲᠥᠯᠥᠭᠡ ᠶᠤᠮ》 ᠭᠡᠵᠦ ᠶᠠᠷᠢᠵᠤ ᠪᠠᠢ᠌ᠯ᠎ᠠ᠃
《ᠨᠠᠮ᠎ᠤᠨ ᠭᠡᠰᠢᠭᠦᠨ ᠪᠤᠯᠭ᠋ᠠᠨ ᠲᠤᠭ ᠲᠡᠮᠳᠡᠭ ᠶᠤᠮ》᠃ ᠡᠨᠡ ᠬᠡᠳᠦᠨ ᠵᠢᠯ᠎ᠳᠤ ᠯᠢᠨ ᠳ᠋ᠠᠨ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠡᠮᠦᠨ᠎ᠡ ᠹᠷᠣᠨᠲ᠎ᠲᠤ ᠡᠷᠡᠯᠬᠡᠭᠯᠡᠨ ᠪᠠᠢ᠌ᠯᠳᠤᠬᠤ ᠵᠢ ᠪᠠᠷᠢᠮᠲᠠᠯᠠᠵᠤ᠂ ᠪᠠᠰᠠ ᠹᠦᠵᠧᠦ ᠵᠢᠨ ᠶᠠᠷᠢᠶᠠᠨ᠎ᠤ ᠬᠡᠪᠯᠡᠯ᠎ᠢ ᠥᠪᠡᠷ ᠵᠶ᠋ᠡᠨ ᠨᠠᠢ᠌ᠷᠠᠭᠤᠯᠵᠤ ᠤᠯᠠᠨ ᠲᠦᠮᠡᠨ᠎ᠲᠠᠢ ᠪᠦᠯᠬᠦᠮᠳᠡᠨ ᠰᠡᠳᠬᠢᠯ ᠨᠢᠭᠡᠳᠦᠨ ᠬᠢᠵᠢᠭ᠎ᠢ ᠡᠰᠡᠷᠭᠦᠴᠡᠬᠦ ᠪᠠᠲᠤ ᠪᠡᠬᠢ ᠬᠢᠵᠢᠭ᠎ᠢ ᠰᠡᠷᠭᠡᠢ᠌ᠯᠡᠬᠦ ᠪᠡᠬᠢᠯᠡᠯᠲᠡ ᠵᠢ ᠪᠠᠢ᠌ᠭᠤᠯᠤᠬᠰᠠᠨ ᠶᠤᠮ᠃ ᠲᠡᠷᠡ ᠨᠡᠢ᠌ᠭᠡᠮ ᠲᠣᠭᠣᠷᠢᠭ᠎ᠤᠨ 300 ᠭᠠᠷᠤᠢ ᠨᠠᠮ᠎ᠤᠨ ᠭᠡᠰᠢᠭᠦᠨ᠎ᠢ ᠳᠠᠭ᠋ᠠᠭᠤᠯᠤᠨ ᠠᠢ᠌ᠯ ᠡᠷᠦᠬᠡ᠎ᠳᠤ ᠲᠣᠭᠲᠠᠮᠠᠯ ᠬᠤᠭᠤᠴᠠᠭ᠎ᠠ᠎ᠲᠠᠢ᠎ᠪᠠᠷ ᠲᠣᠭᠣᠷᠢᠨ ᠰᠤᠷᠪᠤᠯᠵᠢᠯᠠᠵᠤ᠂ ᠤᠯᠠᠨ ᠲᠦᠮᠡᠨ᠎ᠳᠤ ᠨᠠᠮ᠎ᠤᠨ ᠵᠣᠬᠢᠶᠠᠨ ᠪᠠᠢ᠌ᠭᠤᠯᠤᠯᠲᠠ 《ᠴᠠᠭ ᠢᠮᠠᠭᠲᠠ ᠬᠠᠵᠠᠭᠤ᠎ᠳᠤ ᠪᠠᠢ᠌ᠬᠤ》 ᠲᠥᠷᠥᠭᠳᠡᠯ ᠦᠭᠭᠦᠭᠰᠡᠨ ᠠᠵᠢ ᠁
ᠢᠷᠠᠭᠤ ᠠᠯᠳᠠᠷᠲᠠᠢ᠎ᠪᠠᠷ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠲᠥᠯᠥᠭᠡᠯᠡᠭᠴᠢ᠎ᠪᠠᠷ ᠰᠣᠩᠭᠣᠭᠳᠠᠭᠰᠠᠨ᠎ᠳᠤ᠎ᠪᠠᠨ ᠯᠢᠨ ᠳ᠋ᠠᠨ ᠬᠦᠨᠳᠦ ᠡᠭᠦᠷᠭᠡ ᠵᠢ ᠡᠭᠦᠷᠭᠡᠯᠡᠵᠦ ᠪᠠᠢ᠌ᠬᠤ᠎ᠪᠠᠨ ᠭᠦᠨ ᠰᠡᠷᠡᠵᠦ ᠮᠡᠳᠡᠪᠡ᠄ 《ᠡᠨᠡ ᠪᠣᠯ ᠨᠠᠮ᠎ᠤᠨ ᠵᠣᠬᠢᠶᠠᠨ ᠪᠠᠢ᠌ᠭᠤᠯᠤᠯᠲᠠ ᠵᠢᠨ᠎ᠬᠢᠨ᠎ᠤ ᠨᠠᠳᠠ᠎ᠳᠤ ᠲᠤᠰᠢᠶᠠᠭᠰᠠᠨ ᠰᠢᠨ᠎ᠡ ᠰᠢᠯᠭ᠋ᠠᠯᠲᠠ》 ᠭᠡᠵᠤ ᠶᠠᠷᠢᠳᠠᠭ᠃
ᠯᠢᠨ ᠳ᠋ᠠᠨ᠄ 《ᠨᠡᠢ᠌ᠭᠡᠮ ᠲᠣᠭᠣᠷᠢᠭ᠎ᠤᠨ ᠠᠵᠢᠯ᠎ᠳᠤ ᠬᠠᠮᠤᠭ᠎ᠤᠨ ᠰᠠᠢ᠌ᠨ ᠠᠵᠢᠯ ᠭᠡᠵᠦ ᠪᠠᠢ᠌ᠬᠤ ᠦᠭᠡᠢ᠂ ᠬᠠᠷᠢᠨ ᠨᠡᠩ ᠰᠠᠢ᠌ᠨ ᠠᠵᠢᠯ ᠯᠠ ᠪᠠᠢ᠌ᠨ᠎ᠠ᠃ ᠪᠢ ᠬᠡᠵᠢᠶᠡᠳᠡ 〈ᠰᠢᠯᠭ᠋ᠠᠯᠲᠠ᠎ᠳᠤ ᠣᠷᠣᠯᠴᠠᠬᠤ〉 ᠪᠠᠢ᠌ᠳᠠᠯ ᠵᠶ᠋ᠠᠷ ᠠᠵᠢᠯᠯᠠᠨ᠎ᠠ》 ᠭᠡᠵᠡᠢ᠃

ᠹᠦᠵᠢᠶᠠᠨ ᠮᠤᠵᠢ ᠵᠢᠨ ᠹᠦᠵᠧᠦ ᠬᠣᠲᠠ ᠵᠢᠨ 《ᠵᠢᠶᠦ᠋ᠨ ᠮᠧᠨ》 ᠨᠡᠢ᠌ᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠱᠦᠵᠢ ᠯᠢᠨ ᠳ᠋ᠠᠨ (ᠵᠡᠭᠦᠨᠳᠡᠬᠢ) ᠰᠠᠭᠤᠭ᠋ᠠᠯᠢ ᠠᠷᠠᠳ ᠭᠣᠸ᠋ ᠵᠤ᠌ ᠶᠢᠩ᠎ᠤᠨ ᠭᠡᠷ᠎ᠲᠤ ᠬᠦᠷᠴᠦ ᠨᠠᠰᠤᠲᠠᠢ᠌ᠴᠤᠳ᠎ᠤᠨ ᠠᠮᠢᠳᠤᠷᠠᠯ᠎ᠤᠨ ᠪᠠᠢ᠌ᠳᠠᠯ᠎ᠢ ᠤᠢ᠌ᠯᠠᠭ᠋ᠠᠵᠤ ᠪᠠᠢ᠌ᠭ᠎ᠠ᠎ᠨᠢ
(ᠰᠢᠨᠬᠤᠸᠨ ᠬᠣᠷᠢᠶᠠᠨ ᠪ᠊ ᠰᠤᠷᠪᠤᠯᠵᠢᠯᠠᠭᠴᠢ ᠵᠢᠶᠠᠩ ᠺᠧ ᠬᠤᠡᠭ 2022 ᠣᠨ᠎ᠤ 9 ᠳ᠋ᠤᠬᠡᠷ ᠰᠠᠷ᠎ᠠ ᠵᠢᠨ 15 ᠤ ᠡᠳᠦᠷ ᠰᠡᠭᠦᠳᠡᠷᠯᠡᠪᠡ)

ᠹᠦᠵᠢᠶᠠᠨ ᠮᠤᠵᠢ ᠵᠢᠨ ᠹᠦᠵᠧᠦ ᠬᠣᠲᠠ ᠵᠢᠨ ᠵᠢᠶᠦ᠋ᠨ ᠮᠧᠨ ᠨᠡᠢ᠌ᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠱᠦᠵᠢ ᠯᠢᠨ ᠳ᠋ᠠᠨ (ᠪᠠᠷᠠᠭᠤᠨ᠎ᠠᠴᠠ ᠨᠢᠭᠡᠳᠦᠭᠡᠷ) ᠨᠡᠢ᠌ᠭᠡᠮ ᠲᠣᠭᠣᠷᠢᠭ᠎ᠤᠨ ᠠᠵᠢᠯᠲᠠᠳ ᠵᠶ᠋ᠠᠨ ᠲᠠᠭ᠋ᠠᠭᠤᠯᠤᠨ ᠬᠤᠷᠢᠶᠠᠯᠠᠯ᠎ᠤᠨ ᠴᠠᠬᠢᠯᠭ᠋ᠠᠨ ᠬᠥᠳᠡᠯᠭᠡᠭᠦᠷᠲᠦ ᠲᠡᠷᠭᠡᠨ᠎ᠤ ᠴᠠᠬᠢᠯᠭ᠋ᠠᠨ ᠴᠡᠨᠡᠭᠯᠡᠬᠦ ᠱᠣᠩ᠎ᠤᠨ ᠪᠠᠢ᠌ᠷᠢᠯᠠᠭᠤᠯᠤᠯᠲᠠ ᠵᠢᠨ ᠪᠠᠢ᠌ᠳᠠᠯ᠎ᠢ ᠪᠠᠢ᠌ᠴᠠᠭ᠋ᠠᠵᠤ ᠪᠠᠢ᠌ᠭ᠎ᠠ᠎ᠨᠢ
(ᠰᠢᠨᠬᠤᠸᠨ ᠬᠣᠷᠢᠶᠠᠨ ᠪ᠊ ᠰᠤᠷᠪᠤᠯᠵᠢᠯᠠᠭᠴᠢ ᠵᠢᠶᠠᠩ ᠺᠧ ᠬᠤᠡᠭ 2022 ᠣᠨ᠎ᠤ 9 ᠳ᠋ᠤᠬᠡᠷ ᠰᠠᠷ᠎ᠠ ᠵᠢᠨ 9 ᠤ ᠡᠳᠦᠷ ᠰᠡᠭᠦᠳᠡᠷᠯᠡᠪᠡ)