11 ᠳ᠋ᠤᠭᠡᠷ ᠰᠠᠷᠠ ᠵᠢᠨ 30ᠤ ᠠ᠋ᠳᠤᠷ᠂ ᠶᠡᠷᠦᠩᠭᠡᠢ ᠰᠠᠢ᠌ᠳ ᠯᠢ ᠺᠸ ᠴᠢᠶᠠᠩ 《ᠤᠶᠤᠨᠴᠢ ᠨᠠᠨᠵᠢᠩ》ᠤᠨ ᠳᠦᠪ ᠵᠶ᠋ᠡᠷ ᠰᠢᠨᠵᠢᠯᠠᠨ ᠪᠠᠢ᠌ᠴᠠᠭ᠋ᠠᠪᠠ᠃ ᠳᠤᠰ ᠳᠦᠪᠨᠢ ᠵᠠᠭᠤ ᠰᠢᠬᠠᠮ ᠰᠠᠯᠠᠭᠠ ᠮᠦᠴᠢᠷᠤᠨ ᠳ᠋ᠠᠢ᠌ᠲ᠋ᠠ ᠪᠤᠯᠤᠨ 300 ᠰᠢᠬᠠᠮ ᠳᠦᠷᠦᠯᠤᠨ ᠦᠢ᠍ᠯᠡᠴᠢᠯᠡᠭᠡ ᠵᠢ ᠨᠡᠢ᠌ᠳᠭᠡᠵᠤ᠂ ᠰᠦᠯᠵᠢᠶᠡᠨ ᠳᠡᠭᠡᠷᠡᠬᠢ ᠮᠡᠳᠡᠭᠡ ᠵᠠᠩᠬᠢ ᠵᠢᠨ ᠰᠢᠰᠲᠸᠮ ᠪᠤᠯᠤᠨ ᠦᠢ᠍ᠯᠡᠴᠢᠯᠡᠬᠦ ᠴᠤᠩᠬᠤ ᠵᠢ ᠠᠭᠤᠰᠤᠯᠴᠠᠭᠤᠯᠵᠤ᠂ 85% ᠵᠢᠨ ᠭᠡᠷᠡᠭ ᠤᠴᠢᠷᠢ ᠰᠦᠯᠵᠢᠶᠡᠨ ᠳᠡᠭᠡᠷᠡ ᠬᠦᠢ᠍ᠴᠡᠳᠭᠡᠬᠦ ᠪᠤᠯᠭ᠋ᠠᠵᠤ᠂ 《ᠨᠢᠭᠤᠷᠳᠠᠨ ᠵᠤᠯᠭ᠋ᠠᠬᠤ ᠦᠭᠡᠢᠪᠠᠷ ᠬᠢᠨᠠᠨ ᠵᠦᠪᠰᠢᠶᠡᠷᠡᠬᠦ》 ᠵᠢ ᠪᠡᠶᠡᠯᠡᠬᠦᠯᠦᠭᠰᠡᠨ ᠪᠠᠢ᠌ᠪᠠ᠃ ᠶᠡᠷᠦᠩᠭᠡᠢ ᠰᠠᠢ᠌ᠳ ᠯᠢ ᠺᠸ ᠴᠢᠶᠠᠩ᠂ 《ᠨᠢᠭᠤᠷᠳᠠᠨ ᠵᠤᠯᠭ᠋ᠠᠬᠤ ᠦᠭᠡᠢᠪᠠᠷ ᠬᠢᠨᠠᠨ ᠵᠦᠪᠰᠢᠶᠡᠷᠡᠬᠦ》ᠨᠢ ᠨᠢᠭᠡᠨᠳᠡ ᠵᠢᠶᠠᠩᠰᠤ ᠵᠢᠨ ᠰᠢᠨᠠ ᠭᠡᠪ ᠵᠠᠭᠪᠤᠷ ᠪᠤᠯᠵᠤ᠂ 《ᠳᠠᠯᠪᠢᠬᠤ ᠬᠠᠮᠢᠶᠠᠷᠬᠤ ᠦᠢ᠍ᠯᠡᠴᠢᠯᠡᠬᠦ》 ᠦᠭᠡᠷᠡᠴᠢᠯᠡᠯᠳᠡ ᠵᠢᠨ ᠨᠢᠭᠡᠨ ᠰᠢᠪᠳᠤᠯᠤᠯᠳᠠ ᠪᠤᠯᠤᠭᠰᠠᠨ ᠪᠠᠢ᠌ᠨᠠ᠃ ᠳᠠᠨᠠᠷᠤᠨ ᠰᠦᠪᠡᠭᠴᠢᠯᠡᠯᠳᠡ ᠪᠡ ᠦᠢ᠍ᠯᠡᠳᠦᠯᠭᠡᠨᠢ ᠤᠯᠠᠨ ᠳᠦᠮᠡᠨ ᠪᠤᠯᠤᠨ ᠠᠵᠤ ᠠᠬᠤᠢ᠌ᠯᠠᠯᠤᠨ ᠭᠡᠷᠡᠭ ᠤᠴᠢᠷ ᠬᠦᠢ᠍ᠴᠡᠳᠭᠡᠬᠦᠳᠤ ᠶᠡᠭᠡᠭᠡᠨ ᠳᠦᠬᠦᠮ ᠦᠵᠡᠬᠦᠯᠵᠤ᠂ 《ᠳᠤᠭᠠ ᠮᠠᠭ᠋ᠠᠳᠢ ᠬᠦᠶᠦᠯᠭᠡᠬᠦᠠᠴᠠ ᠪᠢᠰᠢ ᠤᠯᠠᠨ ᠳᠦᠮᠡᠨᠢ ᠬᠦᠶᠦᠯᠭᠡᠬᠦ ᠦᠭᠡᠢ ᠪᠤᠯᠭ᠋ᠠᠬᠤ》 ᠵᠢ ᠦᠨᠡᠨᠬᠦ ᠪᠡᠶᠡᠯᠡᠬᠦᠯᠦᠨ᠂ ᠠ᠋ᠷᠭᠡ ᠳᠡᠭᠰᠢ ᠪᠡᠢ᠌ᠬᠤ ᠵᠢ ᠠᠬᠢᠭᠤᠯᠵᠠᠢ᠃ ᠵᠢᠶᠠᠩᠰᠤ ᠮᠤᠵᠢ ᠵᠢᠨᠬᠢᠨ 《ᠳᠠᠯᠪᠢᠬᠤ ᠬᠠᠮᠢᠶᠠᠷᠬᠤ ᠦᠢ᠍ᠯᠡᠴᠢᠯᠡᠬᠦ》 ᠦᠭᠡᠷᠡᠴᠢᠯᠡᠯᠳᠡ ᠵᠢ ᠦᠷᠬᠦᠯᠵᠢᠯᠡᠨ ᠬᠦᠨᠵᠡᠭᠡᠢ᠌ᠷᠡᠬᠦᠯᠵᠤ᠂ ᠪᠦᠬᠦ ᠤᠯᠤᠰᠤᠨ ᠦᠯᠢᠭᠡᠷ ᠳᠠᠭᠤᠷᠢᠶᠠᠯ ᠪᠤᠯᠤᠭ᠋ᠠᠷᠠᠢ ᠭᠡᠵᠤ ᠭᠡᠯᠡᠵᠡᠢ᠃

