ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠬᠤ᠌ ᠴᠦᠨ ᠬᠤᠸᠠ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠶᠠᠷᠢᠯᠴᠠᠬᠤ ᠬᠤᠷᠠᠯ᠎ᠳᠤ ᠤᠷᠤᠯᠴᠠᠭᠰᠠᠨ ᠪᠦᠭᠡᠳ ᠶᠠᠷᠢᠶ᠎ᠠ ᠳᠠᠯᠪᠢᠵᠠᠢ
ᠨᠡᠶᠢᠲᠡᠯᠡᠭᠰᠡᠨ ᠴᠠᠭ᠄ 2019-01-24

                 
      ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠶᠠᠷᠢᠯᠴᠠᠬᠤ ᠬᠤᠷᠠᠯ 1 ᠳ᠋ᠤᠭᠡᠷ ᠰᠠᠷ᠎ᠠ ᠵᠢᠨ 17᠎ᠤ ᠠ᠋ᠳᠤᠷ ᠪᠡᠭᠡᠵᠢᠩ᠎ᠳᠤ ᠬᠤᠷᠠᠯᠳᠤᠵᠤ᠂ ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠭᠡᠰᠢᠬᠦᠨ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠭᠡᠢ ᠰᠠᠢ᠌ᠳ ᠬᠤ᠌ ᠴᠦᠨ ᠬᠤᠸᠠ ᠬᠤᠷᠠᠯ᠎ᠳᠤ ᠤᠷᠤᠯᠴᠠᠭᠰᠠᠨ ᠪᠦᠭᠡᠳ ᠶᠠᠷᠢᠶ᠎ᠠ ᠳᠠᠯᠪᠢᠵᠠᠢ᠃
      ᠬᠤ᠌ ᠴᠦᠨ ᠬᠤᠸᠠ᠂ ᠨᠠᠮ᠎ᠤᠨ ᠠᠷᠪᠠᠨ ᠨᠠᠢ᠍ᠮᠠᠳᠤᠭ᠋ᠠᠷ ᠶᠡᠭᠡ ᠬᠤᠷᠠᠯ᠎ᠠᠴᠠ ᠨᠠᠭ᠋ᠠᠰᠢ᠂ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠠᠵᠢᠯ ᠢᠯᠡᠳᠳᠡ ᠠᠮᠵᠢᠯᠳᠠ ᠤᠯᠵᠤ᠂ ᠠᠵᠤ ᠦᠢ᠍ᠯᠡᠰ᠎ᠤᠨ ᠳᠡᠰ ᠳᠡᠪᠰᠢᠯᠳᠠ ᠪᠠ ᠮᠡᠷᠭᠡᠵᠢᠯ᠎ᠤᠨ ᠰᠢᠨ᠎ᠠ ᠵᠢ ᠠ᠋ᠬᠦᠳᠬᠦ ᠵᠢ ᠳᠦᠯᠬᠢᠨ ᠠᠬᠢᠭᠤᠯᠪᠠ᠃ ᠭᠡᠬᠦ᠎ᠳᠤ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠬᠠᠩᠭ᠋ᠠᠯᠭ᠎ᠠ ᠭᠡᠷᠡᠭᠴᠡᠭᠡ ᠵᠢᠨ ᠬᠤᠭᠤᠷᠤᠨᠳᠤᠬᠢ ᠵᠦᠷᠢᠴᠡᠯ ᠮᠦᠨ ᠳᠤᠪᠤᠢ᠌ᠮ᠎ᠠ ᠤᠷᠤᠰᠢᠨ᠂ ᠴᠢᠳᠠᠪᠤᠷᠢᠳᠠᠨ᠎ᠢ ᠬᠦᠮᠦᠵᠢᠬᠦᠯᠬᠦ ᠰᠢᠰᠲᠸᠮ ᠳᠡᠬᠦᠯᠳᠡᠷ ᠪᠤᠰᠤ ᠪᠠᠢ᠌ᠵᠤ᠂ ᠨᠡᠢ᠌ᠭᠡᠮ᠎ᠠᠴᠠ ᠮᠡᠳᠡᠷᠡᠬᠦ ᠳᠠᠯ᠎ᠠ᠎ᠪᠠᠷ ᠬᠦᠷᠦᠯᠴᠡᠬᠦ ᠦᠭᠡᠢ ᠪᠠᠢ᠌ᠨ᠎ᠠ᠃ ᠴᠢᠳᠠᠪᠤᠷᠢᠳᠠᠨ᠎ᠢ ᠦᠨᠠᠯᠠᠵᠤ ᠭᠡᠷᠡᠭᠯᠡᠬᠦ ᠳᠤᠭᠳᠠᠴᠠ ᠵᠢᠨ ᠰᠢᠨᠡᠴᠢᠯᠡᠯᠲᠡ᠂ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠢ ᠰᠠᠢ᠌ᠳᠤᠷ ᠰᠤᠩᠭᠤᠨ ᠭᠡᠷᠡᠭᠯᠡᠵᠤ᠂ ᠳᠡᠳᠡᠨ᠎ᠤ ᠵᠠᠩᠬᠢᠯᠠᠭ᠎ᠠ ᠵᠢᠨ ᠦᠢ᠍ᠯᠡᠳᠤᠯ᠎ᠢ ᠬᠦᠢ᠍ᠴᠡᠳ ᠪᠠᠳᠠᠷᠠᠭᠤᠯᠬᠤ ᠭᠡᠷᠡᠭᠳᠡᠢ᠃ ᠳᠤᠬᠠᠢ᠌ᠯᠠᠭᠰᠠᠨ ᠠᠵᠢᠯ ᠮᠡᠷᠭᠡᠵᠢᠯ᠎ᠤᠨ ᠴᠢᠳᠠᠪᠤᠷᠢ ᠪᠤᠯᠪᠠᠰᠤᠷᠠᠯ᠎ᠢ ᠴᠢᠩᠭ᠋ᠠᠳᠬᠠᠨ᠂ ᠡᠯ᠎ᠡ ᠵᠦᠢ᠍ᠯ᠎ᠤᠨ ᠰᠤᠷᠭ᠋ᠠᠨ ᠬᠦᠮᠦᠵᠢᠯ ᠪᠤᠯᠪᠠᠰᠤᠷᠠᠯ᠎ᠤᠨ ᠠ᠋ᠭᠢ ᠪᠠᠶᠠᠯᠢᠭ᠎ᠢ ᠨᠡᠢ᠌ᠳᠭᠡᠨ ᠰᠢᠯᠢᠳᠡᠭᠵᠢᠬᠦᠯᠵᠤ᠂ ᠠᠵᠤ ᠠᠬᠤᠢ᠌ᠯᠠᠯ᠂ ᠰᠤᠷᠭ᠋ᠠᠨ ᠬᠦᠮᠦᠵᠢᠯ᠂ ᠪᠤᠯᠪᠠᠰᠤᠷᠠᠯ᠎ᠤᠨ ᠵᠤᠬᠢᠶᠠᠨ ᠪᠠᠢ᠌ᠭᠤᠯᠤᠯᠳᠠ ᠪᠤᠯᠤᠨ ᠡᠯ᠎ᠡ ᠵᠦᠢ᠍ᠯ᠎ᠤᠨ ᠬᠤᠳᠠᠯᠳᠤᠭ᠋ᠠᠨ᠎ᠤ ᠨᠡᠢ᠌ᠭᠡᠮᠯᠢᠭ᠂ ᠨᠡᠢ᠌ᠭᠡᠮ ᠳᠤᠭᠤᠷᠢᠭ᠎ᠤᠨ ᠵᠤᠬᠢᠶᠠᠨ ᠪᠠᠢ᠌ᠭᠤᠯᠤᠯᠳᠠ ᠵᠡᠷᠭᠡ ᠭᠤᠤᠯ ᠴᠤᠭᠴᠠ ᠵᠢᠨ ᠦᠢ᠍ᠯᠡᠳᠤᠯ᠎ᠢ ᠪᠠᠳᠠᠷᠠᠭᠤᠯᠤᠨ᠂ ᠬᠦᠯᠦᠰᠤᠨ ᠳᠠᠷᠢᠶᠠᠴᠢᠨ ᠠᠵᠢᠯᠲᠠᠨ᠂ ᠠᠵᠢᠯ ᠤᠯᠤᠭ᠋ᠠᠳᠤᠢ ᠤᠶᠤᠳᠠᠨ᠂ ᠴᠡᠷᠢᠭ᠎ᠤᠨ ᠠᠯᠪᠠ᠎ᠠᠴᠠ ᠬᠠᠯᠠᠭᠳᠠᠭᠰᠠᠳ᠂ ᠠᠵᠢᠯ ᠠᠯᠳᠠᠭᠰᠠᠳ ᠵᠡᠷᠭᠡ ᠬᠦᠮᠦᠰ᠎ᠤᠨ ᠪᠤᠯᠪᠠᠰᠤᠷᠠᠯ᠎ᠢ ᠴᠢᠩᠭ᠋ᠠᠳᠬᠠᠵᠤ᠂ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠬᠠᠩᠭ᠋ᠠᠯᠭ᠎ᠠ ᠵᠢ ᠪᠠᠳᠤᠯᠠᠬᠤ ᠭᠡᠷᠡᠭᠳᠡᠢ᠃ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠤ ᠤᠯᠭᠤᠮᠵᠢ ᠪᠤᠯᠤᠨ ᠨᠡᠢ᠌ᠭᠡᠮ᠎ᠤᠨ ᠪᠠᠢ᠌ᠷᠢ ᠰᠠᠭᠤᠷᠢ ᠵᠢ ᠦᠨᠡᠨ ᠬᠦ᠌ ᠳᠡᠭᠡᠭᠰᠢᠯᠡᠬᠦᠯᠦᠨ᠂ ᠤᠬᠠᠭᠤᠯᠭ᠎ᠠ ᠮᠡᠳᠡᠭᠡᠯᠡᠯ᠎ᠢ ᠴᠢᠩᠭ᠋ᠠᠳᠬᠠᠵᠤ᠂ ᠬᠦᠳᠡᠯᠮᠦᠷᠢ ᠦᠩᠭᠡ ᠭᠡᠷᠡᠯᠳᠡᠢ᠂ ᠮᠡᠷᠭᠡᠵᠢᠯ ᠴᠢᠳᠠᠪᠤᠷᠢ ᠬᠤᠪᠤᠷ ᠨᠠᠨᠳᠢᠨ᠂ ᠠ᠋ᠬᠦᠳᠤᠨ ᠪᠦᠳᠦᠭᠡᠯᠳᠡ ᠠᠭᠤᠤ ᠶᠡᠭᠡ ᠭᠡᠬᠦ ᠦᠵᠡᠯᠳᠡ ᠵᠢ ᠪᠤᠢ ᠪᠤᠯᠭ᠋ᠠᠬᠤ ᠭᠡᠷᠡᠭᠳᠡᠢ ᠭᠡᠵᠤ ᠵᠢᠭ᠋ᠠᠵᠤ ᠭᠠᠷᠭ᠋ᠠᠪᠠ᠃
      ᠬᠤ᠌ ᠴᠦᠨ ᠬᠤᠸᠠ᠂ ᠦᠷᠭᠡᠨ ᠤᠯᠠᠨ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ ᠨᠡᠷ ᠳᠤᠰ ᠪᠡᠶ᠎ᠡ ᠵᠢᠨ ᠬᠦᠭᠵᠢᠯᠳᠡ᠎ᠪᠠᠨ ᠤᠯᠤᠰ᠎ᠤᠨ ᠬᠦᠭᠵᠢᠯᠳᠡ᠎ᠲᠠᠢ ᠤᠶᠠᠯᠳᠤᠭᠤᠯᠵᠤ᠂ ᠨᠢᠭ᠍ᠳᠡ᠎ᠠᠴᠠ ᠨᠢᠭ᠍ᠳᠡ ᠤᠷᠠᠨ ᠳᠠᠷᠬᠠᠨ᠎ᠤ ᠵᠤᠷᠢᠭ ᠰᠠᠨᠠᠭ᠎ᠠ᠎ᠪᠠᠷ ᠰᠢᠨ᠎ᠠ ᠵᠢ ᠰᠦᠪᠡᠭᠴᠢᠯᠡᠨ᠂ ᠮᠡᠷᠭᠡᠵᠢᠯ᠎ᠤᠨ ᠪᠤᠭᠤᠮᠳᠠ ᠵᠢ ᠵᠤᠷᠢᠭ᠎ᠲᠠᠢ ᠰᠢᠪᠳᠤᠯᠵᠤ᠂ ᠠ᠋ᠷᠳᠡᠮ ᠮᠡᠷᠭᠡᠵᠢᠯ ᠵᠶ᠋ᠡᠨ ᠢᠳᠡᠪᠬᠢᠳᠡᠢ ᠤᠯᠠᠮᠵᠢᠯᠠᠨ᠂ ᠨᠡᠩ ᠠᠷᠪᠢᠨ ᠳᠡᠭᠡᠳᠤ ᠵᠡᠷᠭᠡ ᠵᠢᠨ ᠮᠡᠷᠭᠡᠵᠢᠯ᠎ᠤᠨ ᠴᠢᠳᠠᠪᠤᠷᠢᠳᠠᠨ᠎ᠢ ᠪᠤᠯᠪᠠᠰᠤᠷᠠᠭᠤᠯᠤᠨ ᠬᠦᠮᠦᠵᠢᠬᠦᠯᠵᠤ᠂ ᠠ᠋ᠭᠡ ᠤᠷᠤᠨ᠎ᠤ᠎ᠪᠠᠨ ᠳᠦᠯᠦᠭᠡ ᠵᠢᠳᠬᠦᠬᠦ ᠶᠠᠪᠤᠴᠠ᠎ᠳᠤ ᠳᠠᠰᠤᠷᠠᠯᠳᠠ ᠦᠭᠡᠢ ᠰᠢᠨ᠎ᠠ ᠠᠮᠵᠢᠯᠳᠠ ᠤᠯᠬᠤ ᠭᠡᠷᠡᠭᠳᠡᠢ ᠭᠡᠵᠤ ᠴᠢᠬᠤᠯᠠᠴᠢᠯᠠᠪᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ ᠡᠯ᠎ᠡ ᠠᠷᠠᠳᠴᠢᠯᠠᠬᠰᠠᠨ ᠨᠠᠮ ᠪᠦᠯᠦᠭ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠰ᠎ᠤᠨ ᠶᠠᠷᠢᠯᠴᠠᠬᠤ ᠬᠤᠷᠠᠯ᠎ᠢ ᠠ᠋ᠷᠬᠢᠯᠡᠨ ᠬᠢᠵᠤ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ ᠳᠤᠬᠠᠢ ᠰᠠᠨᠠᠯ ᠵᠦᠪᠯᠡᠯᠭᠡ ᠵᠢ ᠰᠤᠨᠤᠰᠪᠠ
ᠯᠢ ᠺᠸ ᠴᠢᠶᠠᠩ᠄ ᠰᠠᠨᠠᠭᠰᠠᠨ ᠪᠤᠳᠤᠭᠰᠠᠨ ᠵᠶ᠋ᠡᠨ ᠠ᠋ᠷᠢᠶᠡᠯᠡᠯ ᠦᠭᠡᠢ ᠭᠡᠯᠡᠭᠡᠷᠡᠢ ᠭᠡᠪᠡ
ᠬᠠᠨ ᠵᠸᠩ ᠠ᠋ᠮᠴᠢᠯᠡᠭᠡᠨ᠎ᠤ ᠪᠠᠳᠤᠯᠠᠭ᠎ᠠ ᠵᠢᠨ ᠬᠤᠷᠠᠯ᠎ᠳᠤ ᠤᠷᠤᠯᠴᠠᠵᠤ ᠶᠠᠷᠢᠶ᠎ᠠ ᠳᠠᠯᠪᠢᠪᠠ
ᠯᠢ ᠺᠸ ᠴᠢᠶᠠᠩ ᠳᠤᠮᠳᠠᠳᠤ ᠤᠯᠤᠰ᠎ᠤᠨ ᠪᠠᠩᠬᠢ ᠳᠤᠮᠳᠠᠳᠤ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠪᠠᠩᠬᠢ ᠳᠤᠮᠳᠠᠳᠤ ᠤᠯᠤᠰ᠎ᠤᠨ ᠪᠦᠳᠦᠭᠡᠨ ᠪᠠᠢ᠌ᠭᠤᠯᠤᠯᠳᠠ ᠵᠢᠨ ᠪᠠᠩᠬᠢ᠎ᠳᠤ ᠰᠢᠨᠵᠢᠯᠠᠨ ᠪᠠᠢ᠌ᠴᠠᠭ᠋ᠠᠭᠰᠠᠨ ᠪᠦᠭᠡᠳ ᠶᠠᠷᠢᠯᠴᠠᠬᠤ ᠬᠤᠷᠠᠯ ᠬᠢᠵᠡᠢ
ᠤᠯᠤᠰ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠦᠬᠢᠬᠦᠯᠦᠨ ᠱᠠᠩᠨᠠᠬᠤ ᠶᠡᠭᠡ ᠬᠤᠷᠠᠯ ᠳᠡᠭᠡᠷᠡᠬᠢ ᠶᠠᠷᠢᠶ᠎ᠠ (ᠳᠦᠬᠦᠮᠴᠢᠯᠠᠪᠠ)
 
            