ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠬᠦᠬᠡᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠪᠦᠬᠦ ᠬᠤᠲᠠ ᠵᠢᠨ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠬᠠᠭᠤᠷᠠᠢ ᠵᠤᠷᠯᠤᠩ ᠬᠡᠷᠡᠭᠯᠡᠵᠦ ᠪᠠᠢ᠌ᠬᠤ ᠪᠠᠢ᠌ᠳᠠᠯ᠎ᠳᠤ ᠪᠠᠢ᠌ᠴᠠᠭ᠋ᠠᠨ ᠰᠤᠳᠤᠯᠤᠯᠲᠠ ᠬᠢᠪᠡ
ᠨᠡᠶᠢᠲᠡᠯᠡᠭᠰᠡᠨ ᠴᠠᠭ᠄ 2019-03-08

                 

     2019 ᠤᠨ᠎ᠳᠤ 《ᠨᠠᠰᠤᠲᠠᠳ᠎ᠢ ᠠᠰᠠᠷᠠᠬᠤ ᠬᠦᠷᠢᠶᠡᠯᠡᠩ᠎ᠤᠨ᠎ᠬᠢᠨ᠎ᠤ ᠲᠡᠮᠦᠷ ᠵᠤᠤᠬ᠎ᠠ᠂ ᠬᠠᠭᠤᠷᠠᠢ ᠵᠤᠷᠯᠤᠩ ᠬᠡᠷᠡᠭᠯᠡᠵᠦ ᠪᠠᠢ᠌ᠬᠤ ᠵᠢ 〈ᠦᠭᠡᠢ᠌ᠰᠬᠡᠬᠦ〉 ᠬᠠᠷᠠᠯᠲᠠ ᠵᠢ ᠪᠡᠶᠡᠯᠡᠬᠦᠯᠬᠦ》 ᠲᠤᠬᠠᠢ ᠠᠵᠢᠯ᠎ᠤᠨ ᠪᠠᠢ᠌ᠷᠢᠯᠠᠭᠤᠯᠤᠯᠲᠠ ᠵᠢᠨ ᠱᠠᠭ᠋ᠠᠷᠳᠠᠯᠭ᠎ᠠ ᠵᠢ ᠨᠠᠢ᠌ᠳᠠᠪᠤᠷᠢᠵᠢᠭᠤᠯᠬᠤ ᠵᠢᠨ ᠲᠥᠯᠦᠭᠡ᠂ 2 ᠳ᠋ᠤᠭ᠋ᠠᠷ ᠰᠠᠷ᠎ᠠ ᠵᠢᠨ 27 — 28᠎ᠤ ᠠ᠋ᠳᠦᠷ᠂ ᠬᠦᠬᠡᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶᠠᠨ᠎ᠤ ᠳᠠᠷᠤᠭ᠎ᠠ ᠹᠠᠨ ᠠᠢ ᠵᠢᠢ᠂ ᠳᠡᠳ᠋ ᠳᠠᠷᠤᠭ᠎ᠠ ᡁᠢ ᠮᠢᠩ ᠵᠡᠷᠭᠡ ᠬᠤᠯᠪᠤᠭᠳᠠᠯ ᠪᠦᠬᠦᠢ ᠬᠦᠮᠦᠰ ᠵᠢᠡᠷ ᠪᠦᠷᠢᠯᠳᠦᠭᠰᠡᠨ ᠪᠠᠢ᠌ᠴᠠᠭ᠋ᠠᠨ ᠰᠤᠳᠤᠯᠬᠤ ᠲᠤᠭᠤᠢ᠌ᠯᠠᠩ ᠪᠦᠬᠦ ᠬᠤᠲᠠ ᠵᠢᠨ ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢᠨ ᠬᠠᠭᠤᠷᠠᠢ ᠵᠤᠷᠯᠤᠩ ᠬᠡᠷᠡᠭᠯᠡᠵᠦ ᠪᠠᠢ᠌ᠬᠤ ᠪᠠᠢ᠌ᠳᠠᠯ᠎ᠳᠤ ᠪᠠᠢ᠌ᠴᠠᠭ᠋ᠠᠨ ᠰᠤᠳᠤᠯᠤᠯᠲᠠ ᠬᠢᠪᠡ᠃
      ᠪᠠᠢ᠌ᠴᠠᠭ᠋ᠠᠨᠨ ᠰᠤᠳᠤᠯᠤᠯᠲᠠ ᠬᠢᠭᠡᠳ ᠢᠯᠡᠷᠡᠭᠦᠯᠤᠭ᠌ᠰᠡᠨ ᠠᠰᠠᠭᠤᠳᠠᠯ᠎ᠳᠤ ᠴᠢᠭᠯᠡᠭᠦᠯᠦᠨ᠂ ᠹᠠᠨ ᠠᠢ ᠵᠢᠢ᠎ᠠᠴᠠ ᠵᠠᠷᠢᠮ ᠨᠠᠰᠤᠲᠠᠨ᠎ᠢ ᠠᠰᠠᠷᠠᠬᠤ ᠬᠦᠷᠢᠶᠡᠯᠡᠩ᠎ᠤᠨ ᠰᠠᠭᠤᠵᠦ ᠪᠠᠢ᠌ᠭ᠎ᠠ ᠬᠦᠮᠦᠨ᠎ᠨᠢ ᠨᠡᠯᠢᠶᠡᠳ ᠴᠥᠭᠡᠨ᠂ ᠦᠢ᠍ᠯᠡᠴᠢᠯᠡᠭᠡᠨ᠎ᠤ ᠶᠠᠰᠦ ᠴᠢᠨᠠᠷ᠎ᠨᠢ ᠨᠡᠯᠢᠶᠡᠳ ᠪᠠᠷᠤᠭᠲᠠᠢ ᠪᠠᠢ᠌ᠳᠠᠯ᠎ᠢ ᠦᠭᠡᠷᠡᠴᠢᠯᠡᠨ ᠵᠠᠰᠠᠬᠤ ᠠᠯᠬᠤᠮ ᠵᠶ᠋ᠠᠨ ᠲᠦᠷᠭᠡᠳᠭᠡᠵᠦ᠂ ᠬᠠᠮᠢᠶᠠᠷᠤᠭᠴᠢᠳ ᠪᠤᠯᠤᠨ ᠠᠵᠢᠯᠲᠠᠳ᠎ᠢ ᠵᠦᠢ ᠵᠤᠬᠢᠰᠲᠠᠢ ᠲᠤᠬᠢᠷᠠᠭᠤᠯᠵᠦ᠂ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠬᠠᠮᠢᠶᠠᠷᠤᠯᠲᠠ ᠵᠢᠨ ᠳᠦᠷᠢᠮ᠎ᠢ ᠵᠢᠷᠤᠮᠵᠢᠭᠤᠯᠵᠦ᠂ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠠᠵᠢᠯᠯᠠᠭ᠋ᠠᠨ᠎ᠤ ᠲᠤᠭᠲᠠᠴᠠ ᠵᠢ ᠲᠡᠭᠦᠯᠳᠡᠷᠵᠢᠭᠦᠯᠬᠦ ᠬᠡᠷᠡᠭᠲᠠᠢ; ᠬᠠᠭᠤᠷᠠᠢ ᠵᠤᠷᠯᠤᠩ ᠬᠡᠷᠡᠭᠯᠡᠭᠰᠡᠭᠡᠷ ᠪᠠᠢ᠌ᠬᠤ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠵᠣᠷᠯᠣᠩ᠎ᠢ ᠤᠰᠤ᠎ᠪᠠᠷ ᠵᠠᠢ᠌ᠯᠬᠤ ᠵᠤᠷᠯᠤᠩ ᠪᠤᠯᠭ᠋ᠠᠨ ᠦᠭᠡᠷᠡᠴᠢᠯᠡᠨ ᠵᠠᠰᠠᠵᠦ᠂ ᠬᠦᠰᠡᠷ᠎ᠲᠤ᠎ᠨᠢ ᠭᠤᠯᠭᠤᠷᠢᠬᠤ ᠦᠭᠡᠢ ᠲᠤᠭᠤᠰᠬ᠎ᠠ ᠲᠡᠪᠢᠰᠴᠤ᠂ ᠠᠶᠤᠯ᠎ᠢ ᠰᠡᠷᠭᠡᠢ᠌ᠯᠡᠬᠦ ᠲᠦᠰᠢᠭᠦᠷ ᠤᠭᠰᠠᠷᠠᠭᠤᠯᠬᠤ ᠬᠡᠷᠡᠭᠲᠠᠢ; ᠬᠠᠭᠤᠷᠠᠢ ᠵᠤᠷᠯᠤᠩ ᠪᠤᠯᠤᠨ ᠤᠰᠤ᠎ᠪᠠᠷ ᠵᠠᠢ᠌ᠯᠬᠤ ᠵᠤᠷᠯᠤᠩ᠎ᠢ ᠵᠡᠷᠭᠡᠪᠡᠷ ᠬᠡᠷᠡᠭᠯᠡᠵᠦ ᠪᠠᠢ᠌ᠬᠤ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠬᠠᠭᠤᠷᠠᠢ ᠵᠤᠷᠯᠤᠩ᠎ᠢ ᠨᠤᠷᠠᠭ᠋ᠠᠵᠦ᠂ ᠬᠤᠳᠳᠤᠭ ᠦᠷᠦᠮᠳᠡᠬᠦ᠂ ᠤᠰᠤᠨ ᠰᠠᠪᠠ ᠤᠭᠰᠠᠷᠠᠭᠤᠯᠬᠤ ᠵᠡᠷᠭᠡ ᠠᠷᠭ᠎ᠠ ᠮᠠᠶᠢᠭ ᠵᠢᠡᠷ ᠤᠰᠤᠨ᠎ᠤ ᠢᠷᠡᠯᠲᠡ ᠵᠢᠨ ᠠᠰᠠᠭᠤᠳᠠᠯ᠎ᠢ ᠰᠢᠢ᠍ᠳᠪᠤᠷᠢᠯᠡᠬᠦ ᠵᠢᠨ ᠳᠠᠭ᠋ᠠᠤ ᠪᠤᠷᠳᠤᠭᠤᠷ ᠢᠰᠭᠡᠬᠦ ᠨᠦᠭᠡ ᠭᠠᠷᠭ᠋ᠠᠵᠦ ᠰᠡᠯᠪᠢᠨ ᠵᠠᠰᠠᠬᠤ ᠬᠤᠭᠤᠯᠠᠢ ᠤᠭᠰᠠᠷᠠᠭᠤᠯᠵᠦ᠂ ᠪᠤᠢ ᠪᠦᠬᠦᠢ ᠤᠰᠤ᠎ᠪᠠᠷ ᠵᠠᠢ᠌ᠯᠬᠤ ᠵᠤᠷᠯᠤᠩ ᠬᠡᠪ᠎ᠤᠨ ᠶᠤᠰᠤᠭ᠋ᠠᠷ ᠬᠡᠷᠡᠭᠯᠡᠭᠳᠡᠬᠦ᠎ᠢ ᠦᠨᠡᠨᠬᠦ ᠪᠠᠲᠤᠯᠠᠬᠤ ᠬᠡᠷᠡᠭᠲᠠᠢ ᠭᠡᠵᠦ ᠱᠠᠭ᠋ᠠᠷᠳᠠᠵᠠᠢ᠃  

ᠢᠷᠡᠯᠲᠡ᠄
          
ᠬᠠᠮᠢᠶ᠎ᠡ ᠪᠦᠬᠦᠢ ᠰᠣᠨᠢᠨ
ᠬᠦᠬᠡᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠨᠡᠢ᠌ᠭᠡᠮ᠎ᠤᠨ ᠵᠤᠬᠢᠶᠠᠨ ᠪᠠᠢ᠌ᠭᠤᠯᠤᠯᠲᠠ ᠵᠢ ᠳᠡᠰ ᠬᠤᠪᠢᠶᠠᠨ ᠦᠨᠡᠯᠡᠬᠦ ᠪᠤᠯᠪᠠᠰᠤᠷᠠᠯ᠎ᠤᠨ ᠠᠩᠭᠢ ᠠ᠋ᠷᠬᠢᠯᠡᠪᠡ
ᠤᠯᠠᠭ᠋ᠠᠨᠴᠠᠪ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠠᠷᠠᠳ᠎ᠤᠨ ᠶᠠᠪᠤᠳᠠᠯ᠎ᠤᠨ ᠰᠢᠰᠲᠸᠮ᠎ᠤᠨ ᠠᠶᠤᠯ ᠦᠭᠡᠢ ᠦᠢ᠍ᠯᠡᠳᠪᠤᠷᠢᠯᠡᠯ᠎ᠤᠨ ᠠᠵᠢᠯ ᠵᠶ᠋ᠠᠨ ᠪᠠᠢ᠌ᠷᠢᠯᠠᠭᠤᠯᠵᠠᠢ
ᠬᠥᠯᠥᠨ ᠪᠤᠢ᠌ᠷ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠬᠤᠲᠠ ᠵᠢᠨ ᠨᠢᠭᠦᠯᠡᠰᠦᠩᠭᠦᠢ ᠵᠢᠨ ᠶᠡᠷᠦᠩᠬᠡᠢ ᠨᠡᠢ᠌ᠭᠡᠮᠯᠢᠭ᠎ᠠᠴᠠ ᠨᠢᠭᠦᠯᠡᠰᠦᠩᠭᠦᠢ ᠳᠤᠰᠠᠯᠠᠮᠵᠢ ᠵᠢᠨ ᠠᠵᠢᠯᠯᠠᠭ᠎ᠠ ᠦᠷᠨᠢᠭᠦᠯᠪᠠ
ᠤᠯᠠᠭ᠋ᠠᠨᠴᠠᠪ ᠬᠤᠲᠠ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢᠨ ᠴᠢᠨᠠᠷ ᠴᠢᠨᠰᠠᠭ᠎ᠠ ᠵᠢ ᠰᠠᠢ᠌ᠵᠢᠷᠠᠭᠤᠯᠬᠤ ᠶᠠᠪᠤᠳᠠᠯ᠎ᠢ ᠢᠲᠡᠪᠬᠢᠲᠠᠢ ᠠᠬᠢᠭᠤᠯᠪᠠ
ᠪᠤᠭᠤᠲᠦ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ᠎ᠨᠢ ᠲᠦᠪ᠎ᠤᠨ ᠶᠠᠳᠠᠭᠤ᠎ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠤᠯᠲᠠ ᠵᠢᠨ ᠠᠵᠢᠯ᠎ᠢ ᠲᠤᠰᠬᠠᠢ ᠲᠤᠭᠤᠷᠢᠨ ᠪᠠᠢ᠌ᠴᠠᠭ᠋ᠠᠬᠤ ᠳᠤᠭᠤᠢ᠌ᠯᠠᠩ᠎ᠤᠨ ᠬᠠᠷᠢᠭᠤ ᠲᠤᠰᠬᠠᠬᠰᠠᠨ ᠰᠠᠨᠠᠯ᠎ᠢ ᠨᠠᠢ᠌ᠳᠠᠪᠤᠷᠢᠵᠢᠭᠤᠯᠬᠤ ᠬᠤᠷᠠᠯ ᠬᠤᠷᠠᠯᠳᠤᠭᠤᠯᠵᠠᠢ
 
            