ᠬᠦᠯᠤᠨ ᠪᠦᠢ᠍ᠷ ᠬᠣᠲᠠ ᠵᠢᠨ ᠦᠪᠦᠷ ᠮᠣᠩᠭᠣᠯ ᠬᠠᠷᠠᠮᠤᠢ᠍ᠷᠢᠨᠤ ᠬᠢᠯᠢ ᠵᠠᠭ᠋ᠠᠭ᠎ᠤᠨ ᠵᠡᠷᠭᠡᠯᠡᠳᠡᠭᠡ 6 ᠬᠤᠰᠢᠭᠤ ᠬᠣᠲᠠ ᠵᠢᠨ ᠵᠠᠭ᠋ᠠᠭ ᠱᠤᠭᠤᠮ᠎ᠳᠤ 9 ᠱᠣᠩ᠎ᠲᠠᠢ᠂ ᠱᠣᠩ ᠪᠦᠷᠢ ᠵᠢ ᠨᠢᠭᠡ ᠬᠦᠮᠤᠨ ᠳᠤᠰᠬᠠᠢ᠌ᠯᠠᠨ ᠬᠠᠷᠠᠵᠤ ᠬᠠᠮᠠᠭ᠋ᠠᠯᠠᠳᠠᠭ ᠪᠣᠯᠬᠣᠷ ᠳᠣᠭᠲᠠᠮᠠᠯ ᠬᠤᠭᠤᠴᠠᠭ᠎ᠠ᠎ᠲᠠᠢ ᠬᠠᠮᠢᠶᠠᠷᠤᠯᠲᠠ ᠵᠢᠨ ᠵᠠᠷᠤᠳᠠᠯ ᠮᠦᠩᠭᠦ ᠵᠢ ᠪᠠᠭᠤᠯᠭ᠋ᠠᠳᠠᠭ ᠪᠠᠢ᠌ᠨ᠎ᠠ᠃ 2019 ᠣᠨ᠎ᠳᠤ᠂ ᠦᠪᠦᠷ ᠮᠣᠩᠭᠣᠯ᠎ᠤᠨ ᠠᠷᠠᠳ᠎ᠤᠨ ᠶᠠᠪᠤᠳᠠᠯ᠎ᠤᠨ ᠳᠣᠪᠴᠢᠶ᠎ᠠ ᠬᠠᠩᠰᠢ ᠪᠣᠯᠬᠤ᠎ᠠᠴᠠ ᠠ᠋ᠮᠤᠨ᠎ᠡ 2018 ᠣᠨ᠎ᠤ ᠬᠢᠯᠢ ᠵᠠᠭ᠋ᠠᠭ᠎ᠤᠨ ᠬᠠᠮᠢᠶᠠᠷᠤᠯᠲᠠ ᠵᠢᠨ ᠵᠠᠷᠤᠳᠠᠯ ᠮᠦᠩᠭᠦ᠎ᠪᠠᠨ ᠪᠠᠭᠤᠯᠭ᠋ᠠᠵᠤ᠂ ᠪᠦᠬᠦ ᠬᠣᠲᠠ ᠵᠢᠨ ᠡᠯ᠎ᠡ ᠭᠠᠵᠠᠷ ᠣᠷᠣᠨ᠎ᠤ ᠠᠷᠠᠳ᠎ᠤᠨ ᠶᠠᠪᠤᠳᠠᠯ᠎ᠤᠨ ᠳᠣᠪᠴᠢᠶᠠᠨ᠎ᠤ ᠬᠠᠷᠢᠭᠤᠴᠠᠯᠭ᠋ᠠᠲᠠᠨ ᠠᠮᠠᠷᠠᠯᠲᠠ ᠵᠢᠨ ᠴᠠᠭ ᠵᠶ᠋ᠠᠷ ᠵᠶ᠋ᠠᠨ ᠴᠠᠭ ᠳᠤᠬᠠᠢ᠎ᠳᠤᠨᠢ ᠬᠢᠯᠢ ᠵᠠᠭ᠋ᠠᠭ᠎ᠤᠨ ᠱᠣᠩ᠎ᠤᠨ ᠬᠠᠮᠢᠶᠠᠷᠤᠭᠴᠢ᠎ᠳᠤ ᠭᠠᠷᠳᠠᠭᠤᠯᠵᠠᠢ᠃
ᠣᠷᠴᠢᠮᠬᠠᠨ ᠬᠦᠯᠤᠨ ᠪᠦᠢ᠍ᠷ ᠬᠣᠲᠠ ᠵᠢᠨ ᠠᠷᠠᠳ᠎ᠤᠨ ᠶᠠᠪᠤᠳᠠᠯ᠎ᠤᠨ ᠳᠣᠪᠴᠢᠶ᠎ᠠ ᠳᠤᠬᠠᠢ ᠵᠢᠨ ᠭᠠᠵᠠᠷ᠎ᠲᠤᠨᠢ ᠬᠦᠷᠴᠤ ᠦᠪᠦᠷ ᠮᠣᠩᠭᠣᠯ ᠬᠠᠷᠠᠮᠣᠢ᠍ᠷᠡᠨᠤ ᠬᠢᠯᠢ ᠵᠢᠨ ᠱᠣᠩ᠎ᠢ ᠲᠤᠭᠤᠷᠢᠨ ᠪᠠᠢ᠌ᠴᠠᠭ᠋ᠠᠵᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠬᠠᠷᠢᠭᠤᠴᠠᠯᠭ᠎ᠠ ᠵᠢᠨ ᠲᠦᠷᠢᠮ᠎ᠢ ᠪᠦᠬᠦ ᠲᠠᠯ᠎ᠠ᠎ᠪᠠᠷ ᠨᠠᠢ᠌ᠲᠠᠪᠤᠷᠢᠵᠢᠭᠤᠯᠤᠨ᠂ ᠬᠢᠯᠢ ᠵᠢᠨ ᠱᠣᠩ᠂ ᠵᠠᠭ᠋ᠠᠭ ᠱᠤᠭᠤᠮ᠎ᠢ ᠢᠯᠨ ᠲᠣᠳᠣ ᠰᠠᠢ᠌ᠲᠤᠷ ᠬᠠᠮᠠᠭ᠋ᠠᠯᠠᠨ᠂ ᠦᠨᠡᠮᠯᠡᠯ ᠵᠶ᠋ᠠᠷ ᠠᠵᠢᠯ᠎ᠤᠨ ᠪᠠᠢ᠌ᠷᠢᠨ᠎ᠳᠤ᠎ᠪᠠᠨ ᠭᠠᠷᠳᠠᠭ ᠬᠢᠯᠢ ᠵᠢᠨ ᠱᠣᠩ ᠬᠠᠷᠠᠵᠤ ᠬᠠᠮᠠᠭ᠋ᠠᠯᠠᠳᠠᠭ ᠠᠵᠢᠯᠲᠠᠨ᠎ᠳᠤ ᠵᠠᠷᠤᠳᠠᠯ᠎ᠢ ᠪᠦᠬᠦᠨ᠎ᠢ᠎ᠨᠢ ᠲᠣᠭ᠎ᠠ ᠶᠣᠰᠤᠭ᠋ᠠᠷ ᠦᠭᠴᠡᠢ᠃
