ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠲᠦᠯᠦᠪᠵᠢᠬᠦᠯᠬᠡ ᠡᠳ᠋᠎ᠤᠨ ᠶᠠᠪᠤᠳᠠᠯ᠎ᠤᠨ ᠭᠠᠵᠠᠷ᠎ᠤᠨ ᠨᠠᠮ᠎ᠤᠨ ᠡᠭᠦᠷ᠎ᠤᠨ ᠪᠥᠬᠥ ᠨᠠᠮ᠎ᠤᠨ ᠭᠡᠰᠢᠭᠦᠨ᠂ ᠨᠠᠮ᠎ᠳᠤ ᠤᠷᠤᠬᠤ᠎ᠪᠠᠷ ᠪᠠᠢ᠌ᠭ᠎ᠠ ᠢᠳᠡᠪᠬᠢᠲᠡᠨ᠂ ᠺᠠᠳ᠋ᠷᠴᠤᠳ 9 ᠰᠠᠷ᠎ᠠ ᠵᠢᠨ 4᠎ᠤ ᠡᠳᠦᠷ ᠺᠢᠨᠣ᠋ ᠵᠢᠨ ᠣᠷᠳᠣᠨ᠎ᠳᠤ ᠬᠦᠷᠴᠦ 《ᠡᠴᠦᠰ᠎ᠤᠨ ᠮᠥᠷᠥᠢ》 ᠭᠡᠬᠦ ᠺᠢᠨᠣ᠋ ᠵᠢ ᠦᠵᠡᠵᠦ᠂ ᠴᠢᠮᠡᠬᠡ ᠬᠤᠯᠪᠤᠭ᠋ᠠᠨ᠎ᠤ ᠮᠡᠬᠡᠯᠡᠯ᠎ᠢ ᠰᠡᠷᠭᠡᠢ᠌ᠯᠡᠬᠦ ᠲᠤᠰᠬᠠᠢ ᠰᠡᠳᠦᠪᠲᠦ ᠬᠥᠮᠦᠵᠢᠯ ᠪᠠ 《ᠮᠡᠬᠡᠯᠡᠯ᠎ᠢ ᠰᠡᠷᠬᠡᠢ᠌ᠯᠡᠬᠦ ᠤᠬᠠᠮᠰᠠᠷ ᠵᠶ᠋ᠠᠨ ᠴᠢᠩᠭ᠋ᠠᠳᠬᠠᠵᠤ ᠠᠮᠤᠷ ᠲᠦᠪᠰᠢᠨ᠎ᠤ ᠰᠡᠷᠭᠡᠢ᠌ᠯᠡᠯᠲᠡ ᠵᠢᠨ ᠱᠤᠭᠤᠮ᠎ᠢ ᠪᠡᠬᠢᠵᠢᠭᠦᠯᠦᠶ᠎ᠡ》 ᠭᠡᠬᠦ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠥᠷᠨᠢᠭᠦᠯᠪᠡ᠃ ᠲᠣᠰ ᠠᠵᠢᠯᠯᠠᠭ᠎ᠠ ᠪᠣᠯ ᠨᠠᠮ᠎ᠤᠨ ᠡᠭᠦᠷ᠎ᠤᠨ ᠦᠵᠡᠯ ᠰᠠᠨᠠᠭ᠎ᠠ ᠤᠯᠤᠰ ᠲᠥᠷᠥ ᠵᠢᠨ ᠬᠥᠮᠦᠵᠢᠯ᠎ᠢ ᠪᠠᠶᠠᠯᠢᠭᠵᠢᠭᠤᠯᠬᠤ᠂ 《ᠣᠯᠠᠨ ᠲᠦᠮᠡᠨ᠎ᠳᠤ ᠦᠢ᠍ᠯᠡᠴᠢᠯᠡᠵᠦ ᠭᠡᠷ᠎ᠤᠨ ᠬᠥᠮᠥᠰ ᠵᠶ᠋ᠡᠨ ᠬᠠᠯᠠᠮᠵᠢᠯᠠᠬᠤ》 ᠪᠦᠲᠦᠮᠵᠢᠲᠡᠶ ᠪᠠᠷᠢᠴᠨ ᠲᠡᠳᠤᠢ ᠦᠬᠡᠢ ᠠᠵᠢᠯᠲᠠᠨ ᠠᠵᠢᠯᠴᠢᠨ᠎ᠤ ᠡᠳ᠋ ᠬᠥᠷᠥᠩᠭᠡ ᠵᠢᠨ ᠠᠶᠤᠯ ᠦᠬᠡᠢ ᠵᠢ ᠬᠠᠯᠠᠮᠵᠢᠯᠠᠬᠤ ᠪᠣᠳᠠᠲᠠᠢ ᠠᠷᠭ᠎ᠠ ᠮᠥᠨ᠃
ᠺᠢᠨᠣ᠋ ᠦᠵᠡᠬᠦ᠎ᠪᠠᠷ ᠲᠠᠮᠵᠢᠨ ᠨᠠᠮ᠎ᠤᠨ ᠡᠭᠦᠷ᠎ᠤᠨ ᠭᠡᠰᠢᠭᠦᠳ᠎ᠤᠨ ᠴᠢᠮᠡᠬᠡ ᠬᠤᠯᠪᠤᠭ᠋ᠠᠨ᠎ᠤ ᠮᠡᠬᠡᠯᠡᠯ᠎ᠢ ᠰᠡᠷᠬᠡᠢ᠌ᠯᠡᠬᠦ᠊ ᠤᠬᠠᠮᠰᠠᠷ᠎ᠢ ᠳᠡᠭᠡᠭᠰᠢᠯᠡᠭᠦᠯᠵᠦ᠂ ᠴᠢᠮᠡᠬᠡ ᠬᠤᠯᠪᠤᠭ᠋ᠠᠨ᠎ᠤ ᠮᠡᠬᠡᠯᠡᠯ᠎ᠢ ᠬᠣᠷᠢᠭᠯᠠᠬᠤ 《ᠰᠡᠷᠭᠡᠢ᠌ᠯᠡᠯᠲᠡ ᠵᠢᠨ ᠬᠡᠷᠡᠮ》 ᠢ ᠪᠡᠬᠢᠵᠢᠭᠦᠯᠵᠦ᠂ ᠴᠢᠮᠡᠬᠡ ᠬᠤᠯᠪᠤᠭ᠋ᠠᠨ᠎ᠤ ᠮᠡᠬᠡᠯᠡᠯ᠎ᠢ ᠰᠡᠷᠭᠡᠢ᠌ᠯᠡᠬᠦ 《ᠬᠠᠮᠠᠭ᠋ᠠᠯᠠᠯᠲᠠ ᠵᠢᠨ ᠲᠣᠣᠷ》 ᠢ ᠨᠢᠭᠲᠠ ᠰᠦᠯᠵᠢᠵᠦ᠂ ᠨᠠᠮ᠎ᠤᠨ ᠭᠡᠰᠢᠭᠦᠳ᠎ᠢ ᠤᠬᠠᠮᠰᠠᠷ᠎ᠠᠴᠠ᠎ᠪᠠᠨ ᠴᠢᠮᠡᠬᠡ ᠬᠤᠯᠪᠤᠭ᠋ᠠᠨ᠎ᠤ ᠮᠡᠬᠡᠯᠡᠯ᠎ᠤᠨ ᠥᠳᠥᠭᠡᠯᠭᠡ ᠵᠢ ᠤᠬᠠᠮᠰᠠᠷ᠎ᠠᠴᠠ᠎ᠪᠠᠨ ᠬᠤᠷᠢᠬᠯᠠᠬᠤ ᠪᠤᠯᠭ᠋ᠠᠵᠤ᠂ ᠡᠳ᠋ ᠬᠥᠷᠥᠩᠭᠡ ᠵᠢᠨ ᠠᠮᠤᠷ ᠲᠦᠪᠰᠢᠨ᠎ᠳᠤ ᠬᠣᠣᠷ ᠬᠥᠨᠥᠭᠡᠯ ᠤᠴᠠᠷᠠᠭᠤᠯᠬᠤ ᠬᠣᠣᠷᠲᠤ ᠬᠠᠪᠤᠳᠠᠷ᠎ᠢ ᠡᠷᠳᠡ᠎ᠠᠴᠠ ᠠᠷᠢᠯᠭ᠋ᠠᠬᠤ᠎ᠳᠤ ᠰᠠᠭᠤᠷᠢ ᠲᠠᠯᠪᠢᠬᠰᠠᠨ ᠪᠠᠢ᠌ᠨ᠎ᠠ᠃
ᠦᠵᠡᠭᠰᠡᠨ᠎ᠤ ᠳᠠᠷᠠᠭ᠋ᠠᠬᠢ ᠲᠥᠷᠥᠭᠳᠡᠯ᠄
ᠺᠢᠨᠣ᠋ 《ᠡᠴᠦᠰ᠎ᠤᠨ ᠮᠥᠷᠥᠢ》 ᠪᠠᠶᠠᠯᠢᠭ ᠦᠢ᠍ᠯᠡ ᠶᠠᠪᠤᠳᠠᠯ᠂ ᠠᠮᠢᠳᠤᠯᠢᠭ ᠳᠦᠷᠢ ᠪᠠ ᠬᠥᠮᠥᠰ᠎ᠤᠨ ᠰᠡᠳᠬᠢᠯ᠎ᠳᠤ ᠬᠠᠳᠠᠩᠰᠢᠭᠰᠠᠨ ᠭᠣᠣᠯ ᠰᠡᠳᠦᠪ ᠵᠶ᠋ᠡᠷ ᠵᠶ᠋ᠡᠨ ᠨᠠᠳᠠ᠎ᠳᠤ ᠭᠦᠨ ᠰᠠᠭᠤᠭᠳᠠᠯ ᠦᠯᠡᠳᠡᠭᠡᠭᠰᠡᠨ ᠶᠤᠮ᠃ ᠪᠦᠬᠦ ᠤᠯᠤᠰ᠎ᠤᠨ ᠡᠯ᠎ᠡ ᠭᠠᠵᠠᠷ᠎ᠲᠤ ᠮᠡᠬᠡᠯᠡᠯ᠎ᠢ ᠰᠡᠷᠬᠡᠢ᠌ᠯᠡᠬᠦ ᠲᠤᠬᠠᠢ ᠦᠷᠬᠡᠨ ᠲᠡᠯᠬᠡᠷ ᠤᠬᠠᠭᠤᠯᠵᠤ ᠪᠠᠢ᠌ᠭ᠎ᠠ ᠪᠣᠯᠪᠠᠴᠤ ᠵᠢᠯ ᠪᠦᠷᠢ ᠴᠥᠭᠡᠨ ᠪᠤᠰᠤ ᠬᠥᠮᠥᠨ ᠮᠡᠬᠡᠯᠡᠭᠳᠡᠵᠦ ᠪᠠᠢ᠌ᠨ᠎ᠠ᠂ ᠡᠨᠡ᠎ᠨᠢ ᠺᠢᠨᠣ᠋᠎ᠳᠤ ᠳᠤᠷᠠᠳᠤᠭᠰᠠᠨ᠄ 《ᠮᠡᠬᠡᠯᠡᠭᠳᠡᠭᠰᠡᠳ᠎ᠤᠨ ᠨᠠᠰᠤ ᠵᠢᠯ᠂ ᠤᠶᠤᠨ ᠪᠢᠯᠢᠭ᠎ᠲᠠᠢ ᠬᠠᠮᠢᠶ᠎ᠠ ᠦᠭᠡᠢ᠂ ᠵᠥᠪᠬᠡᠨ ᠬᠠᠨᠤᠬᠤ ᠵᠢ ᠮᠡᠳᠡᠬᠦ ᠦᠬᠡᠢ ᠰᠢᠨᠤᠬᠠᠢ ᠰᠡᠳᠬᠢᠯ᠎ᠠᠴᠠ ᠪᠣᠯᠵᠠᠢ》 ᠭᠡᠰᠡᠨ ᠦᠭᠡ᠎ᠠᠴᠠ ᠮᠤᠯᠲᠤᠷᠠᠵᠤ ᠴᠢᠳᠠᠬᠤ ᠦᠭᠡᠢ ᠶᠤᠮ᠃ ᠪᠢᠳᠡ ᠲᠠᠷᠢᠬᠢ ᠲᠣᠯᠣᠭ᠋ᠠᠢ᠎ᠪᠠᠨ ᠰᠡᠷᠭᠡᠭ ᠪᠠᠢ᠌ᠯᠭ᠋ᠠᠵᠤ᠂ ᠯᠠᠪᠳᠠᠭᠤᠨ ᠲᠣᠭᠲᠠᠭᠤᠨ ᠣᠪᠣᠷ ᠵᠶ᠋ᠠᠷ ᠰᠢᠨᠵᠢᠯᠡᠬᠦ ᠤᠬᠠᠭ᠋ᠠᠨᠴᠢ᠎ᠪᠠᠷ ᠵᠠᠳᠠᠯᠤᠯᠲᠠ ᠬᠢᠵᠦ᠂ ᠢᠳᠡᠪᠬᠢ ᠬᠦᠴᠦᠨ ᠵᠶ᠋ᠡᠷ ᠠᠮᠢᠳᠤᠷᠠᠯ ᠵᠶ᠋ᠠᠨ ᠲᠤᠳᠤᠮᠳᠠᠵᠤ᠂ ᠰᠠᠢ᠌ᠨ ᠰᠠᠢ᠌ᠬᠠᠨ ᠰᠠᠨᠠᠭ᠎ᠠ᠎ᠪᠠᠨ ᠢᠯᠡᠳᠬᠡᠬᠦ ᠬᠡᠷᠡᠭᠲᠡᠢ᠃ ᠢᠮᠠᠭᠲᠠ ᠬᠦᠰᠡᠯᠡᠩ ᠢᠲᠡᠭᠡᠯ ᠪᠢᠰᠢᠷᠡᠯ ᠵᠶ᠋ᠡᠨ ᠪᠠᠲᠤᠳᠬᠠᠵᠤ᠂ ᠬᠣᠷᠢᠭ᠎ᠠ ᠱᠤᠭᠤᠮ᠎ᠤᠨ ᠵᠠᠷᠴᠢᠮ᠎ᠢ ᠪᠠᠲᠤ ᠰᠠᠬᠢᠵᠤ᠂ ᠢᠳᠡᠪᠬᠢᠲᠡᠢ᠎ᠪᠠᠷ ᠥᠭᠡᠳᠡᠯᠡᠨ ᠳᠠᠪᠰᠢᠵᠤ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠂ ᠠᠮᠢᠳᠤᠷᠠᠬᠤᠢ ᠵᠢᠨ ᠦᠷᠳᠡᠭ ᠵᠶ᠋ᠡᠨ ᠨᠡᠩ ᠰᠠᠢ᠌ᠲᠤᠷ ᠪᠡᠶᠡᠯᠡᠭᠦᠯᠬᠦ ᠬᠡᠷᠡᠭᠲᠡᠢ᠃
ᠲᠥᠯᠦᠪᠵᠢᠭᠦᠯᠭᠡ ᠡᠳ᠋᠎ᠤᠨ ᠶᠠᠪᠤᠳᠠᠯ᠎ᠤᠨ ᠭᠠᠵᠠᠷ᠎ᠤᠨ ᠨᠠᠮ᠎ᠤᠨ ᠡᠭᠦᠷ᠎ᠤᠨ ᠱᠦᠵᠢ ᠰᠠᠷᠠᠨ᠎ᠠ᠄
《ᠡᠴᠦᠰ᠎ᠤᠨ ᠮᠥᠷᠥᠢ》 ᠵᠢ ᠦᠵᠡᠭᠡᠳ ᠪᠢ ᠠᠮᠢᠳᠤᠷᠠᠯ᠎ᠤᠨ ᠳᠤᠮᠳᠠᠬᠢ ᠮᠠᠰᠢ ᠤᠯᠠᠨ ᠠᠰᠠᠭᠤᠳᠠᠯ᠎ᠤᠨ ᠲᠤᠬᠠᠢ ᠴᠣ᠌ ᠰᠢᠨ᠎ᠡ ᠲᠠᠨᠢᠯᠲᠠ᠎ᠲᠠᠢ ᠪᠣᠯᠵᠠᠢ᠃ ᠡᠨᠡ ᠺᠢᠨᠣ᠋ ᠨᠠᠳᠠ᠎ᠳᠤ ᠭᠤᠷᠪᠠᠨ ᠲᠤᠢ᠌ᠯ᠎ᠤᠨ ᠪᠣᠳᠠᠲᠠᠢ ᠠᠮᠢᠳᠤᠷᠠᠯ᠎ᠤᠨ ᠶᠣᠰᠣ ᠤᠴᠢᠷ᠎ᠢ ᠣᠢ᠌ᠯᠠᠭ᠋ᠠᠭᠤᠯᠪᠠ᠄ ᠨᠢᠭᠡ᠎ᠳᠤ᠂ ᠲᠠᠨᠢᠬᠤ ᠦᠭᠡᠢ ᠬᠥᠮᠥᠨ᠎ᠢ ᠪᠢᠲᠡᠭᠡᠢ ᠠᠮᠠᠷᠬᠠᠨ ᠢᠲᠡᠭᠡᠭᠡᠷᠡᠢ᠃ᠢᠨᠲ᠋ᠧᠷ ᠰᠦᠯᠵᠢᠶᠡᠨ᠎ᠤ ᠴᠠᠭ ᠦᠶ᠎ᠡ᠎ᠳᠤ ᠪᠢᠳᠡᠨ᠎ᠤ ᠲᠠᠨᠢᠯ ᠪᠤᠰᠤ ᠬᠥᠮᠥᠰ᠎ᠲᠠᠢ ᠬᠠᠷᠢᠯᠴᠠᠬᠤ ᠶᠠᠪᠤᠳᠠᠯ ᠤᠯᠠᠮ᠎ᠠᠴᠠ ᠤᠯᠠᠮ ᠣᠯᠠᠰᠢᠷᠠᠵᠤ ᠪᠠᠢ᠌ᠭ᠎ᠠ ᠪᠤᠯᠬᠤᠷ ᠪᠢᠳᠡ ᠰᠣᠨᠣᠷ ᠰᠡᠷᠡᠮᠵᠢ᠎ᠲᠠᠢ ᠪᠠᠢ᠌ᠵᠤ᠂ ᠬᠤᠪᠢ ᠬᠥᠮᠥᠨ᠎ᠤ ᠮᠡᠳᠡᠭᠡ ᠵᠠᠩᠭᠢ᠎ᠪᠠᠨ ᠬᠠᠮᠢᠶ᠎ᠠ ᠨᠠᠮᠢᠶ᠎ᠠ ᠦᠬᠡᠢ ᠵᠠᠳᠠᠷᠠᠭᠤᠯᠵᠤ ᠪᠣᠯᠬᠤ ᠦᠭᠡᠢ᠂ ᠮᠡᠬᠡᠯᠡᠯ᠎ᠤᠨ ᠬᠣᠣᠷ᠎ᠢ ᠠᠮᠰᠠᠭᠴᠢ ᠪᠣᠯᠬᠤ᠎ᠠᠴᠠ ᠵᠠᠢ᠌ᠯᠠᠰᠬᠢᠬᠦ ᠬᠡᠷᠡᠭᠲᠡᠢ᠃ ᠬᠣᠶᠠᠷ᠎ᠲᠤ᠂ ᠪᠡᠯᠡ ᠣᠷᠣᠭᠤᠯᠤᠯᠲᠠ᠎ᠳᠤ ᠣᠶᠤᠨᠴᠢ᠎ᠪᠠᠷ ᠬᠠᠨᠳᠤᠨ᠎ᠠ᠃ ᠺᠢᠨᠣ᠋᠎ᠳᠤ ᠨᠢᠭᠡᠨ ᠺᠣᠮᠫᠠᠨᠢ ᠶᠡᠬᠡ ᠬᠡᠮᠵᠢᠶᠡᠨ᠎ᠤ ᠠᠴᠢ ᠬᠠᠷᠢᠭᠤᠯᠤᠯᠲᠠ᠎ᠪᠠᠷ ᠥᠭᠶᠥᠭᠡ ᠪᠣᠯᠭ᠋ᠠᠵᠤ᠂ ᠶᠡᠬᠡ ᠬᠡᠮᠵᠢᠶᠡᠨ᠎ᠤ ᠪᠡᠯᠡ ᠣᠷᠣᠭᠤᠯᠤᠭᠴᠢᠳᠢ ᠲᠠᠲᠠᠵᠤ ᠪᠠᠢ᠌ᠪᠠ᠃ ᠭᠡᠲᠡᠯ᠎ᠡ ᠶᠡᠬᠡ ᠤᠯᠵᠨ ᠵᠢᠨ ᠴᠠᠭ᠋ᠠᠨ᠎ᠠ ᠬᠦᠨ ᠤᠨᠠᠭᠤᠯᠢ ᠲᠠᠭ᠋ᠠᠯᠳᠤᠵᠤ ᠪᠠᠢ᠌ᠳᠠᠭ᠂ ᠪᠢᠳᠡ ᠪᠡᠯᠡ ᠣᠷᠣᠭᠤᠯᠤᠯᠲᠠ᠎ᠳᠤ ᠣᠶᠤᠨᠴᠢ᠎ᠪᠠᠷ ᠬᠠᠨᠳᠤᠵᠤ᠂ ᠦᠩᠭᠡᠨ ᠲᠠᠯ᠎ᠠ ᠵᠢᠨ ᠠᠰᠢᠭ ᠲᠤᠰᠠ᠎ᠳᠤ ᠲᠥᠭᠡᠷᠢᠭᠳᠡᠵᠦ ᠪᠣᠯᠬᠤ ᠦᠭᠡᠢ᠃ ᠭᠤᠷᠪᠠ᠎ᠳᠤ᠂ ᠶᠣᠰᠣ ᠰᠤᠷᠲᠠᠬᠤᠨ᠎ᠤ ᠬᠣᠷᠢᠭ᠎ᠠ ᠱᠤᠭᠤᠮ᠎ᠢ ᠪᠠᠲᠤ ᠰᠠᠬᠢᠨ᠎ᠠ᠃ ᠲᠥᠭᠡᠷᠢᠭᠳᠡᠯ᠎ᠳᠤ ᠬᠠᠨᠳᠤᠬᠤ᠎ᠳᠤ᠎ᠪᠠᠨ ᠪᠢᠳᠡ ᠥᠪᠡᠷ᠎ᠤᠨ ᠵᠠᠷᠴᠢᠮ ᠪᠠ ᠶᠣᠰᠣ ᠮᠣᠷᠠᠯ᠎ᠤᠨ ᠨᠠᠭ᠋ᠠᠲᠤ ᠵᠠᠬ᠎ᠠ ᠵᠢᠨ ᠪᠠᠷᠢᠮᠵᠢᠶ᠎ᠠ᠎ᠪᠠᠨ ᠬᠢᠯᠪᠠᠷᠬᠠᠨ ᠵᠶ᠋ᠠᠷ ᠲᠠᠶᠠᠭᠳᠠᠵᠤ ᠪᠣᠯᠬᠤ ᠦᠭᠡᠢ᠂ ᠢᠩᠭᠢᠪᠡᠯ ᠰᠠᠶᠢ ᠮᠡᠬᠡᠯᠡᠯ᠎ᠤᠨ ᠱᠠᠯᠪᠠᠭ᠎ᠲᠤ ᠤᠨᠠᠬᠤ᠎ᠠᠴᠠ ᠵᠠᠢ᠌ᠯᠠᠰᠬᠢᠵᠦ ᠴᠢᠳᠠᠨ᠎ᠠ᠃
ᠲᠥᠯᠦᠪᠵᠢᠭᠦᠯᠭᠡ ᠡᠳ᠋᠎ᠤᠨ ᠶᠠᠪᠤᠳᠠᠯ᠎ᠤᠨ ᠭᠠᠵᠠᠷ᠎ᠤᠨ ᠨᠠᠮ᠎ᠤᠨ ᠡᠭᠦᠷ᠎ᠤᠨ ᠮᠢᠶᠣᠣ ᠵᠢᠶᠣᠣ
ᠺᠢᠨᠣ᠋ 《ᠡᠴᠦᠰ᠎ᠤᠨ ᠮᠥᠷᠥᠢ》 ᠵᠢᠨ ᠦᠢᠯᠡ ᠶᠠᠪᠤᠳᠠᠯ᠎ᠨᠢ ᠰᠡᠳᠦᠯᠲᠡ ᠶᠡᠬᠡᠲᠡᠢ ᠪᠥᠭᠡᠳ ᠣᠲᠣ ᠵᠢᠨ ᠨᠡᠢ᠌ᠭᠡᠮ᠎ᠲᠠᠢ ᠨᠢᠭᠲᠠ ᠬᠣᠯᠪᠣᠭ᠎ᠠ᠎ᠲᠠᠢ᠃ ᠺᠢᠨᠣ᠋᠎ᠳᠤ ᠫᠠᠨ ᠱᠧᠩ ᠪᠣᠯᠣᠨ ᠠᠨᠨᠠ ᠮᠠᠰᠢ ᠲᠦᠷᠭᠡᠨ ᠬᠦᠷᠤᠡᠭᠭᠡᠵᠢᠬᠦ ᠥᠳᠥᠭᠡᠯᠭᠡ᠎ᠪᠠᠷ ᠬᠠᠷ᠎ᠠ ᠬᠣᠣᠷᠲᠠᠢ ᠮᠡᠬᠡᠯᠡᠯ ᠦᠢ᠍ᠯᠡᠳᠦᠭᠰᠡᠨ ᠪᠠᠢ᠌ᠨ᠎ᠠ᠃ ᠮᠡᠬᠡᠯᠡᠯ᠎ᠨᠢ ᠭᠠᠤᠯᠢ᠎ᠨᠢ ᠴᠤᠬᠤᠢ᠌ᠬᠤ᠂ ᠡᠷᠡᠭᠦᠦ᠎ᠪᠠᠷ ᠰᠢᠳᠬᠡᠭᠳᠡᠬᠦ ᠨᠤᠴᠢᠳᠠᠢ ᠲᠦᠭᠰᠢᠭᠦᠷᠢ ᠵᠢ ᠦᠯᠤ ᠬᠠᠢ᠌ᠬᠤᠷᠤᠨ ᠨᠠᠭ᠋ᠠᠲᠤ ᠵᠠᠬ᠎ᠠ ᠵᠢᠨ ᠬᠣᠷᠢᠭ᠎ᠠ ᠱᠤᠭᠤᠮ᠎ᠲᠠᠢ᠎ᠪᠠᠨ ᠪᠠᠢ᠌ᠨ ᠳᠠᠬᠢᠨ ᠦᠰᠢᠯᠳᠦᠪᠡ᠃ ᠡᠢ᠌ᠨ ᠬᠦ᠌ ᠲᠡᠳᠡ ᠡᠬᠢᠨ᠎ᠤ ᠦᠶ᠎ᠡ ᠵᠢᠨ ᠬᠣᠣᠷ ᠠᠮᠰᠠᠭᠴᠢ ᠪᠠᠢ᠌ᠭᠰᠠᠨ᠎ᠠᠴᠠ᠎ᠪᠠᠨ ᠡᠴᠦᠰ᠎ᠤᠨ ᠬᠣᠣᠷ ᠠᠮᠰᠠᠭᠴᠢ ᠪᠣᠯᠵᠤ ᠬᠤᠪᠢᠷᠠᠭᠰᠠᠨ ᠪᠠᠢ᠌ᠨ᠎ᠠ᠃ ᠲᠤᠰ ᠺᠢᠨᠣ᠋ ᠬᠥᠮᠥᠨ ᠴᠢᠨᠠᠷ᠎ᠤᠨ ᠬᠣᠪᠳᠣᠭ ᠰᠢᠨᠤᠬᠠᠢ ᠪᠠ ᠮᠡᠬᠡᠯᠡᠯ᠎ᠢ ᠭᠦᠨᠵᠡᠭᠡᠢ ᠢᠯᠡᠴᠢᠯᠡᠵᠦ᠂ ᠠᠰᠢᠭ ᠲᠤᠰᠠ ᠵᠢᠨ ᠥᠳᠥᠭᠡᠯᠭᠡ᠎ᠳᠤ ᠬᠠᠨᠳᠤᠬᠤ᠎ᠳᠤ᠎ᠪᠠᠨ ᠥᠪᠡᠷ᠎ᠤᠨ ᠨᠠᠭ᠋ᠠᠲᠤ ᠵᠠᠬ᠎ᠠ ᠵᠢᠨ ᠪᠠᠷᠢᠮᠵᠢᠶ᠎ᠠ ᠪᠠ ᠶᠣᠰᠣ ᠮᠣᠷᠠᠯ᠎ᠤᠨ ᠪᠠᠷᠢᠮᠵᠢᠶ᠎ᠠ᠎ᠪᠠᠨ ᠴᠠᠭ ᠢᠮᠠᠭᠲᠠ ᠪᠠᠲᠤ ᠴᠡᠭᠡᠵᠢᠯᠡᠬᠦ ᠬᠡᠷᠡᠭᠲᠡᠢ ᠬᠡᠳᠡᠭ᠎ᠢ ᠪᠢᠳᠡᠨ᠎ᠳᠤ ᠰᠠᠨᠠᠭᠤᠯᠤᠭᠰᠠᠨ ᠪᠠᠢ᠌ᠨ᠎ᠠ᠃ ᠬᠥᠮᠥᠨ᠎ᠤ ᠰᠡᠳᠬᠢᠯ᠎ᠢ ᠲᠠᠲᠠᠬᠤ ᠥᠨᠳᠥᠷ ᠴᠠᠯᠢᠩ᠎ᠲᠠᠢ ᠲᠤᠰᠢᠶᠠᠯ ᠪᠠ 《ᠨᠢᠭᠡ ᠯᠡ ᠲᠤᠤᠷ᠎ᠠ ᠭᠡᠨᠡᠳᠲᠡ ᠪᠠᠶᠠᠵᠢᠬᠤ》 ᠲᠣᠬᠢᠶᠠᠯᠳᠤ ᠲᠤᠯᠭ᠋ᠠᠷᠠᠭᠰᠠᠨ ᠴᠤ᠌ ᠬᠠᠷᠢᠭᠤᠴᠠᠯᠭ᠎ᠠ ᠪᠠ ᠡᠭᠦᠷᠭᠡᠯᠡᠯ ᠵᠶ᠋ᠡᠨ ᠮᠠᠷᠲᠠᠵᠤ ᠪᠣᠯᠬᠤ ᠦᠭᠡᠢ᠂ ᠲᠦᠷ ᠵᠠᠭᠤᠷ᠎ᠠ ᠵᠢᠨ ᠡᠳ᠋ ᠪᠣᠳᠠᠰ᠎ᠤᠨ ᠠᠰᠢᠭ ᠲᠤᠰᠠ ᠵᠢᠨ ᠡᠮᠦᠨ᠎ᠡ ᠲᠣᠯᠣᠭ᠋ᠠᠢ ᠲᠦᠷᠤᠬᠦᠤ ᠡᠷᠭᠢᠵᠦ ᠪᠣᠯᠬᠤ ᠦᠭᠡᠢ᠂ ᠥᠪᠡᠷ᠎ᠤᠨ ᠬᠤᠪᠢ ᠵᠠᠶᠠᠭ᠎ᠠ᠎ᠪᠠᠨ ᠪᠤᠰᠤᠳ᠎ᠲᠤ ᠦᠴᠤᠬᠡᠨ ᠴᠦ᠍ ᠨᠠᠢ᠌ᠳᠠᠵᠤ ᠪᠣᠯᠬᠤ ᠦᠭᠡᠢ᠃ ᠪᠢᠳᠡ ᠴᠠᠭ ᠢᠮᠠᠭᠲᠠ ᠰᠣᠨᠣᠷ ᠰᠡᠷᠡᠮᠵᠢ᠎ᠲᠠᠢ᠂ ᠣᠶᠤᠨᠴᠢ᠎ᠪᠠᠷ ᠰᠡᠳᠬᠢᠵᠦ᠂ ᠥᠪᠡᠷ᠎ᠤᠨ ᠲᠠᠨᠢᠨ ᠮᠡᠳᠡᠬᠦᠢ ᠵᠢᠨ ᠲᠦᠪᠰᠢᠨ ᠪᠠ ᠦᠨᠡᠨ ᠬᠤᠳᠠᠯ᠎ᠢ ᠢᠯᠭ᠋ᠠᠨ ᠲᠠᠨᠢᠬᠤ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠪᠡᠯ ᠰᠠᠶᠢ ᠬᠥᠭᠵᠢᠶᠡᠨ ᠨᠠᠷᠭᠢᠶᠠᠨ᠎ᠲᠠᠢ ᠨᠡᠢ᠌ᠭᠡᠮ᠎ᠳᠤ ᠥᠪᠡᠷ᠎ᠤᠨ ᠠᠮᠤᠷ ᠲᠦᠪᠰᠢᠨ ᠵᠶ᠋ᠡᠨ ᠪᠠᠲᠤᠯᠠᠵᠤ ᠴᠢᠳᠠᠨ᠎ᠠ᠃