ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠯ᠎ᠡ ᠭᠠᠵᠠᠷ᠎ᠤᠨ᠎ᠬᠢᠨ ᠶᠢᠰᠤᠳᠡᠬᠢ 《ᠳᠤᠮᠳᠠᠳᠤ ᠤᠯᠤᠰ᠎ᠤᠨ ᠨᠢᠭᠦᠯᠡᠰᠦᠩᠭᠦᠢ ᠵᠢᠨ ᠡᠳᠦᠷ》᠎ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢ ᠭᠦᠨᠵᠡᠭᠡᠢ ᠥᠷᠨᠢᠭᠦᠯᠦᠭᠰᠡᠨ ᠰᠢᠷᠢᠰ ᠮᠡᠳᠡᠭᠡᠯᠡᠯ (ᠵᠢᠷᠭᠤᠭ᠎ᠠ)
ᠨᠡᠶᠢᠲᠡᠯᠡᠭᠰᠡᠨ ᠴᠠᠭ᠄ 2024-10-15

    ᠶᠢᠰᠤᠳᠡᠬᠢ 《ᠳᠤᠮᠳᠠᠳᠤ ᠤᠯᠤᠰ᠎ᠤᠨ ᠨᠢᠭᠦᠯᠡᠰᠦᠩᠭᠦᠢ ᠵᠢᠨ ᠡᠳᠦᠷ》᠎ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢᠨ ᠬᠤᠭᠤᠴᠠᠭ᠋ᠠᠨ᠎ᠳᠤ ᠤᠯᠠᠭ᠋ᠠᠨᠬᠠᠳᠠ ᠬᠣᠲᠠ ᠵᠢᠨ ᠣᠯᠠᠨ ᠭᠠᠵᠠᠷ᠎ᠤᠨ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ᠎ᠬᠢᠨ ᠨᠡᠢ᠌ᠭᠡᠮ ᠲᠣᠭᠣᠷᠢᠭ᠂ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ᠂ ᠰᠠᠢ᠌ᠨ ᠲᠤᠷᠠᠴᠤᠤᠯ᠎ᠲᠠᠢ ᠬᠠᠮᠲᠤᠷᠠᠨ ᠰᠠᠭᠤᠭ᠋ᠠᠯᠢ ᠠᠷᠠᠳ᠎ᠤᠨ ᠬᠡᠷᠡᠭᠴᠡᠭᠡ᠎ᠪᠠᠷ ᠤᠳᠤᠷᠢᠳᠤᠮᠵᠢ ᠪᠣᠯᠭ᠋ᠠᠨ ᠨᠢᠭᠦᠯᠡᠰᠦᠩᠭᠦᠢ ᠵᠢᠨ ᠡᠬᠢ ᠪᠠᠶᠠᠯᠢᠭ᠎ᠢ ᠬᠣᠯᠪᠣᠵᠤ ᠡᠯᠪᠡᠭ ᠪᠠᠶᠠᠯᠢᠭ ᠠᠭᠤᠯᠭ᠎ᠠ᠎ᠲᠠᠢ ᠤᠬᠠᠭᠤᠯᠭ᠎ᠠ ᠵᠢᠨ ᠠᠵᠢᠯᠯᠠᠭ᠎ᠠ ᠵᠢ ᠥᠷᠨᠢᠭᠦᠯᠵᠦ  ᠨᠡᠢ᠌ᠭᠡᠮ᠎ᠤᠨ ᠡᠯ᠎ᠡ ᠡᠲᠡᠭᠡᠳ᠎ᠤᠨ ᠬᠦᠴᠦᠨ᠎ᠢ ᠥᠷᠭᠡᠨ ᠵᠶ᠋ᠡᠷ ᠲᠠᠢ᠍ᠢ᠍ᠴᠢᠯᠠᠨ ᠨᠢᠭᠦᠯᠡᠰᠦᠩᠭᠦᠢ ᠵᠢᠨ ᠦᠢ᠍ᠯᠡᠰ᠎ᠲᠤ ᠢᠳᠡᠪᠬᠢᠲᠡᠢ ᠣᠷᠣᠯᠴᠠᠭᠤᠯᠵᠤ ᠨᠢᠭᠦᠯᠡᠰᠦᠩᠭᠦᠢ ᠵᠢᠨ ᠵᠣᠷᠢᠭ ᠰᠠᠨᠠᠭ᠎ᠠ ᠵᠢ ᠪᠠᠳᠠᠷᠠᠭᠤᠯᠤᠨ ᠨᠢᠭᠦᠯᠡᠰᠦᠩᠭᠦᠢ ᠵᠢᠨ ᠰᠣᠶᠣᠯ᠎ᠢ ᠤᠯᠠᠮᠵᠢᠯᠠᠵᠤ ᠦᠨᠡᠨ ᠰᠠᠢ᠌ᠨ ᠰᠠᠢ᠌ᠬᠠᠨ᠎ᠤ ᠢᠳᠡᠪᠬᠢ ᠬᠦᠴᠦᠨ᠎ᠢ ᠬᠥᠭᠵᠢᠭᠡᠵᠦ ᠬᠥᠮᠥᠨ ᠪᠦᠬᠦᠨ ᠪᠤᠶᠠᠨ ᠦᠢ᠍ᠯᠡᠳᠬᠦ  ᠰᠠᠢ᠌ᠨ ᠰᠠᠢ᠌ᠬᠠᠨ ᠨᠡᠢ᠌ᠭᠡᠮ᠎ᠤᠨ ᠬᠡᠪ ᠰᠤᠷᠲᠠᠯ᠎ᠢ ᠪᠤᠢ ᠪᠣᠯᠭ᠋ᠠᠪᠠ᠃
     ᠤᠯᠠᠭ᠋ᠠᠨᠬᠠᠳᠠ ᠬᠤᠳᠠ ᠵᠢᠨ ᠬᠤᠩᠱ᠌ᠠᠨ ᠲᠣᠭᠣᠷᠢᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ᠂ ᠤᠯᠠᠭ᠋ᠠᠨᠬᠠᠳᠠ ᠵᠢᠨ ᠬᠤᠩᠱ᠌ᠠᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠨᠡᠶ᠋ᠢᠲᠡ ᠵᠢᠨ ᠠᠰᠠᠷᠠᠮᠵᠢ ᠵᠢᠨ ᠦᠢ᠍ᠯᠡᠳᠦᠯᠭᠡ ᠵᠢᠨ ᠬᠦᠷᠢᠶᠡᠯᠡᠩ᠎ᠤᠨ ᠨᠠᠮ᠎ᠤᠨ ᠡᠭᠦᠷ ᠪᠤᠯᠤᠨ ᠤᠯᠠᠭ᠋ᠠᠨᠬᠠᠳᠠ ᠬᠤᠳᠠ ᠵᠢᠨ ᠬᠤᠩᠱ᠌ᠠᠨ ᠨᠡᠢ᠌ᠭᠡᠮ ᠲᠣᠭᠣᠷᠢᠭ᠎ᠤᠨ ᠬᠦᠭᠵᠢᠬᠦᠯᠤᠯᠳᠡ ᠵᠢᠨ ᠰᠠᠭᠤᠷᠢ ᠮᠥᠩᠭᠥ ᠵᠡᠷᠬᠡ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ᠎ᠬᠢᠨ᠎ᠲᠠᠢ ᠬᠠᠮᠲᠤᠷᠠᠨ ᠰᠢᠨᠬᠤᠸᠠ ᠨᠡᠢ᠌ᠬᠡᠮ ᠲᠣᠭᠣᠷᠢᠭ᠎ᠲᠤ 《ᠶᠣᠰᠣ ᠰᠤᠷᠲᠠᠬᠤᠨ᠎ᠢ ᠡᠷᠬᠢᠮᠡᠯᠨ ᠬᠠᠤᠯᠢ᠎ᠪᠠᠷ ᠪᠤᠶᠠᠨ ᠦᠢ᠍ᠯᠡᠳᠬᠦ》 ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ᠎ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠪᠠ 《ᠲᠸᠡᠭ ᠰᠢᠶᠦ᠋ᠨ》 ᠨᠡᠶ᠋ᠢᠲᠡ ᠵᠢᠨ ᠠᠰᠠᠷᠠᠮᠵᠢ ᠵᠢᠨ 《99 ᠨᠡᠶ᠋ᠢᠲᠡ ᠵᠢᠨ ᠠᠰᠠᠷᠠᠮᠵᠢ ᠵᠢᠨ ᠡᠳᠤᠷ》᠎ᠤᠨ ᠠᠵᠢᠯᠯᠠᠭ᠎ᠠ ᠵᠢ ᠥᠷᠨᠢᠭᠦᠯᠵᠡᠢ᠃ ᠠᠵᠢᠯᠯᠠᠭ᠎ᠠ ᠵᠢᠨ ᠠᠬᠤᠢ ᠲᠠᠯᠠᠪᠠᠶ ᠵᠢᠨ ᠠᠭᠤᠷ ᠠᠮᠢᠰᠬᠤᠯ ᠬᠥᠷ ᠬᠥᠭᠵᠢᠶᠡᠨ᠎ᠲᠠᠢ᠂ ᠲᠤᠰᠬᠠᠢ ᠮᠡᠷᠭᠡᠵᠢᠯ᠎ᠤᠨ ᠬᠥᠮᠥᠰ ᠰᠠᠭᠤᠭ᠋ᠠᠯᠢ ᠠᠷᠠᠳ᠎ᠲᠤ ᠪᠡᠶ᠎ᠡ ᠵᠢᠨ ᠡᠷᠡᠭᠦᠯ ᠮᠡᠨᠳᠦ ᠵᠢᠨ ᠪᠠᠢ᠌ᠴᠠᠭ᠋ᠠᠯᠲᠠ ᠬᠢᠵᠦ ᠥᠭᠭᠦᠭᠰᠡᠨ ᠵᠶ᠋ᠡᠷ ᠪᠠᠷᠠᠬᠤ ᠦᠭᠡᠢ ᠪᠠᠰᠠ ᠡᠷᠡᠭᠦᠯ ᠮᠡᠨᠳᠦ ᠵᠢᠨ ᠮᠡᠳᠡᠯᠭᠡ ᠵᠢᠨ ᠤᠬᠠᠭᠤᠯᠭ᠎ᠠ ᠵᠢᠨ ᠣᠷᠣᠨ ᠭᠠᠷᠭ᠋ᠠᠵᠤ᠂ ᠡᠮᠴᠢ ᠰᠤᠪᠢᠯᠠᠭᠴᠢ ᠨᠠᠷ ᠡᠳᠦᠷ ᠲᠤᠲᠤᠮ᠎ᠤᠨ ᠡᠷᠡᠭᠦᠯᠵᠢᠯ᠂ ᠡᠪᠡᠳᠴᠢᠨ ᠡᠮᠭᠡᠭ᠎ᠢ ᠰᠡᠷᠭᠡᠢ᠌ᠯᠡᠬᠦ ᠵᠡᠷᠭᠡ ᠮᠡᠳᠡᠯᠭᠡ ᠵᠢ  ᠲᠦᠭᠡᠮᠡᠯᠵᠢᠭᠦᠯᠦᠭᠰᠡᠨ ᠪᠠᠢ᠌ᠨ᠎ᠠ᠃ ᠡᠭᠦᠨ᠎ᠠᠴᠠ ᠭᠠᠳᠠᠨ᠎ᠠ᠂ ᠲᠧᠩ ᠰᠢᠶᠦ᠋ᠨ᠎ᠤ ᠨᠡᠶ᠋ᠢᠲᠡ ᠵᠢᠨ ᠠᠰᠠᠷᠠᠮᠵᠢ ᠵᠢᠨ 《99 ᠨᠡᠶ᠋ᠢᠲᠡ ᠵᠢᠨ ᠠᠰᠠᠷᠠᠮᠵᠢ ᠵᠢᠨ ᠡᠳᠦᠷ》᠎ᠤᠨ ᠠᠵᠢᠯᠯᠠᠭ᠎ᠠ ᠵᠢ ᠥᠷᠨᠢᠭᠦᠯᠦᠭᠰᠡᠨ᠎ᠨᠢ ᠥᠷᠭᠡᠨ ᠣᠯᠠᠨ ᠬᠣᠲᠠ ᠵᠢᠨ ᠠᠷᠠᠳ᠎ᠲᠤ ᠨᠡᠶ᠋ᠢᠲᠡ ᠵᠢᠨ ᠠᠰᠠᠷᠠᠮᠵᠢ᠎ᠳᠤ ᠣᠷᠣᠯᠴᠠᠬᠤ ᠳᠥᠭᠥᠮ ᠳᠥᠲᠡ ᠲᠠᠪᠴᠠᠩ ᠬᠠᠩᠭ᠋ᠠᠭᠰᠠᠨ ᠪᠠᠢ᠌ᠨ᠎ᠠ᠃ ᠬᠦᠮᠦᠰ ᠬᠠᠨᠳᠢᠪᠯᠡᠬᠤ ᠠᠵᠢᠯᠯᠠᠭ᠎ᠠ᠎ᠳᠤ ᠭᠠᠷ ᠤᠳᠠᠰᠤ᠎ᠪᠠᠷ ᠣᠷᠣᠯᠴᠠᠵᠤ᠂ ᠲᠤᠰᠠᠯᠠᠮᠵᠢ ᠬᠡᠷᠡᠭᠴᠡᠭᠡ᠎ᠲᠠᠢ ᠬᠥᠮᠥᠰ᠎ᠲᠤ ᠬᠤᠪᠢ ᠨᠡᠮᠡᠷᠢ᠎ᠪᠠᠨ ᠦᠵᠡᠭᠦᠯᠪᠡ᠃
    ᠠᠷᠤ ᠬᠣᠷᠴᠢᠨ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠠᠷᠤ ᠬᠣᠷᠴᠢᠨ ᠬᠣᠰᠢᠭᠤᠨ᠎ᠤ ᠡᠮᠨᠡᠯᠭᠡ ᠵᠢᠨ ᠬᠣᠷᠢᠶ᠎ᠠ᠂ ᠥᠪᠥᠷ ᠮᠣᠩᠭᠣᠯ᠎ᠤᠨ ᠤᠯᠠᠭ᠋ᠠᠨᠬᠠᠳᠠ ᠬᠣᠲᠠ ᠵᠢᠨ ᠳᠠᠪᠤᠰᠤᠨ᠎ᠤ ᠦᠢ᠍ᠯᠡᠰ᠎ᠤᠨ ᠬᠢᠵᠠᠭ᠋ᠠᠷᠲᠤ ᠺᠣᠮᠫᠠᠨᠢ ᠵᠢᠨ ᠠᠷᠤ ᠬᠣᠷᠴᠢᠨ ᠬᠣᠰᠢᠭᠤᠨ᠎ᠤ ᠲᠣᠬᠢᠷᠠᠭᠤᠯᠤᠨ ᠬᠦᠷᠭᠡᠬᠦ ᠲᠥᠪ᠎ᠤᠨ᠎ᠬᠢᠨ᠎ᠲᠠᠢ ᠬᠠᠮᠲᠤᠷᠠᠨ 《ᠶᠤᠰᠤ ᠮᠣᠷᠠᠯ᠎ᠢ ᠡᠷᠬᠢᠮᠯᠡᠨ ᠬᠠᠤᠯᠢ ᠶᠤᠰᠤᠭ᠋ᠠᠷ ᠪᠤᠶᠠᠨ ᠦᠢ᠍ᠯᠡᠳᠬᠦ》 ᠭᠣᠣᠯ ᠰᠡᠳᠦᠪᠲᠦ ᠨᠢᠭᠦᠯᠡᠰᠦᠩᠭᠦᠢ ᠵᠢᠨ ᠤᠬᠠᠭᠤᠯᠭ᠎ᠠ ᠵᠢᠨ ᠠᠵᠢᠯᠯᠠᠭ᠎ᠠ ᠵᠢ ᠬᠠᠮᠲᠤ᠎ᠪᠠᠷ ᠦᠷᠨᠢᠬᠦᠯᠦᠭᠰᠡᠨ ᠪᠠᠢ᠌ᠨ᠎ᠠ᠃ ᠠᠷᠤ ᠬᠤᠷᠴᠢᠨ ᠬᠣᠰᠢᠭᠤᠨ᠎ᠤ ᠡᠮᠨᠡᠯᠭᠡ ᠵᠢᠨ ᠬᠣᠷᠢᠶᠠᠨ᠎ᠤ ᠡᠭᠦᠳᠡᠨ ᠡᠮᠨᠡᠯᠭᠡ ᠵᠢᠨ ᠲᠠᠰᠤᠭ᠎ᠤᠨ᠎ᠬᠢᠨ ᠠᠵᠢᠯᠯᠠᠭ᠎ᠠ᠎ᠳᠤ ᠣᠷᠣᠯᠴᠠᠬᠤ᠎ᠪᠠᠷ ᠢᠷᠡᠭᠰᠡᠨ ᠰᠠᠭᠤᠭ᠋ᠠᠯᠢ ᠠᠷᠠᠳ᠎ᠤᠨ ᠴᠢᠰᠤᠨ ᠳᠠᠷᠤᠯᠲᠠ᠂ ᠴᠢᠰᠤᠨ ᠰᠢᠬᠢᠷ᠂ ᠤᠳᠠᠭ᠋ᠠᠨ ᠴᠢᠨᠠᠷᠲᠠᠢ ᠡᠪᠡᠳᠴᠢᠨ᠎ᠤ ᠰᠤᠳᠠᠯ᠎ᠤᠨ ᠣᠨᠣᠰᠢᠯᠠᠯ ᠪᠠ ᠡᠷᠡᠭᠦᠯ ᠮᠡᠨᠳᠦ ᠵᠢᠨ ᠯᠠᠪᠯᠠᠭ᠎ᠠ ᠵᠡᠷᠭᠡ ᠠᠯᠪᠠᠨ ᠵᠢᠷᠤᠮ᠎ᠤᠨ ᠡᠮᠴᠢᠯᠡᠭᠡᠨ᠎ᠤ ᠠᠵᠢᠯᠯᠠᠭ᠎ᠠ ᠵᠢ ᠦᠨ᠎ᠡ ᠲᠥᠯᠥᠪᠦᠷᠢ ᠦᠭᠡᠢ᠎ᠪᠠᠷ ᠪᠠᠢ᠌ᠴᠠᠭ᠋ᠠᠨ ᠰᠢᠯᠭ᠋ᠠᠵᠤ᠂ 40 ᠭᠠᠷᠤᠢ ᠬᠥᠮᠥᠨ᠎ᠤ ᠰᠤᠳᠠᠯ᠎ᠤᠨ ᠣᠨᠣᠰᠢᠯᠠᠯ ᠬᠢᠵᠦ ᠡᠮᠴᠢᠯᠡᠭᠡᠨ᠎ᠤ ᠰᠠᠨᠠᠭᠤᠯᠭ᠎ᠠ ᠥᠭᠪᠡ᠃  ᠠᠷᠤ ᠬᠤᠷᠴᠢᠨ ᠬᠣᠰᠢᠭᠤᠨ᠎ᠤ ᠳᠠᠪᠤᠰᠤᠨ᠎ᠤ ᠦᠢ᠍ᠯᠡᠰ᠎ᠤᠨ ᠲᠣᠬᠢᠷᠠᠭᠤᠯᠤᠨ ᠬᠦᠷᠭᠡᠬᠦ ᠲᠥᠪ᠎ᠤᠨ᠎ᠬᠢᠨ᠎ᠨᠢ ᠲᠤᠬᠠᠢ ᠵᠢᠨ ᠲᠠᠯᠠᠪᠤᠷ᠎ᠤᠨ ᠰᠠᠭᠤᠭ᠋ᠠᠯᠢ ᠠᠷᠠᠳ᠎ᠲᠤ ᠠᠳᠠᠯᠢ ᠪᠤᠰᠤ ᠳᠠᠪᠤᠰᠤᠨ᠎ᠤ ᠲᠥᠷᠥᠯ᠎ᠤᠨ ᠦᠢ᠍ᠯᠡᠳᠦᠯ᠎ᠢ ᠲᠦᠭᠡᠮᠡᠯᠵᠢᠭᠦᠯᠬᠦ  ᠪᠠ ᠢᠳᠡᠭᠡᠨ᠎ᠤ ᠳᠠᠪᠤᠰᠤ ᠵᠢ ᠬᠡᠷᠬᠢᠨ ᠰᠢᠨᠵᠢᠯᠡᠬᠦ ᠤᠬᠠᠭ᠋ᠠᠨᠴᠢ᠎ᠪᠠᠷ ᠢᠳᠡᠬᠦ ᠵᠡᠷᠭᠡ ᠮᠡᠳᠡᠯᠭᠡ ᠵᠢ ᠲᠦᠭᠡᠮᠡᠯᠵᠢᠭᠦᠯᠵᠦ᠂ ᠠᠵᠢᠯᠯᠠᠭ᠎ᠠ᠎ᠳᠤ ᠣᠷᠣᠯᠴᠠᠭᠰᠠᠨ ᠰᠠᠭᠤᠭ᠋ᠠᠯᠢ ᠠᠷᠠᠳ᠎ᠲᠤ ᠦᠨ᠎ᠡ ᠲᠥᠯᠥᠪᠦᠷᠢ ᠦᠭᠡᠢ᠎ᠪᠠᠷ ᠢᠳᠡᠭᠡᠨ᠎ᠤ ᠳᠠᠪᠤᠰᠤ ᠲᠦᠬᠡᠬᠡᠯ᠎ᠡ᠃  ᠠᠷᠤ ᠬᠣᠷᠴᠢᠨ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠲᠣᠰ ᠠᠵᠢᠯᠯᠠᠭ᠎ᠠ᠎ᠪᠠᠷ ᠳᠡᠮᠵᠢᠨ ᠰᠢ ᠵᠢᠨ ᠫᠢᠩ ᠶᠡᠷᠦᠩᠬᠡᠢ ᠱᠦᠵᠢ ᠵᠢᠨ ᠨᠢᠭᠦᠯᠡᠰᠦᠩᠭᠦᠢ ᠵᠢᠨ ᠠᠵᠢᠯ᠎ᠤᠨ ᠲᠤᠬᠠᠢ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠵᠢ  ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠰᠢᠨ᠎ᠡ᠎ᠪᠠᠷ ᠵᠠᠰᠠᠪᠤᠷᠢ ᠣᠷᠣᠭᠤᠯᠤᠭᠰᠠᠨ ᠨᠢᠭᠦᠯᠡᠰᠦᠩᠭᠦᠢ ᠵᠢᠨ ᠬᠠᠤᠯᠢ ᠵᠢ ᠥᠷᠭᠡᠨ ᠵᠶ᠋ᠡᠷ ᠤᠬᠠᠭᠤᠯᠤᠨ ᠲᠦᠬᠡᠮᠡᠯᠵᠢᠬᠦᠯᠤᠬᠡᠳ ᠶᠤᠰᠤ ᠮᠣᠷᠠᠯ᠎ᠢ ᠡᠷᠬᠢᠮᠯᠡᠨ ᠬᠠᠤᠯᠢ ᠶᠤᠰᠤᠭ᠋ᠠᠷ ᠪᠤᠶᠠᠨ ᠦᠢ᠍ᠯᠡᠳᠬᠦ ᠨᠢᠭᠦᠯᠡᠰᠦᠩᠭᠦᠢ ᠵᠢᠨ ᠠᠭᠤᠷ ᠠᠮᠢᠰᠬᠤᠯ᠎ᠢ ᠪᠣᠶ ᠪᠣᠯᠭ᠋ᠠᠪᠠ᠃
     《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠨᠢᠭᠦᠯᠡᠰᠦᠩᠭᠦᠢ ᠵᠢᠨ ᠬᠠᠤᠯᠢ》 ᠵᠢ ᠭᠦᠨᠵᠡᠭᠡᠢ ᠤᠬᠠᠭᠤᠯᠤᠨ  ᠲᠤᠭᠤᠰᠢᠯᠠᠭᠤᠯᠬᠤ ᠵᠢᠨ ᠲᠥᠯᠥᠭᠡ ᠬᠡᠰᠢᠭᠲᠡᠨ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ ᠡᠬᠦᠳᠡᠨ ᠡᠮᠦᠨᠡᠬᠢ ᠲᠠᠯᠠᠪᠠᠶ᠎ᠳᠤ ᠶᠢᠰᠦᠳᠡᠬᠢ 《ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ》᠎ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠶᠠᠪᠤᠭᠤᠯᠵᠠᠢ᠃ ᠠᠵᠢᠯᠯᠠᠭ᠎ᠠ ᠵᠢᠨ ᠲᠤᠬᠠᠢ ᠵᠢᠨ ᠲᠠᠯᠠᠪᠤᠷ᠎ᠲᠤ ᠠᠵᠢᠯᠲᠠᠳ ᠬᠥᠨᠳᠡᠯᠡᠨ ᠪᠢᠴᠢᠭᠡᠰᠦ ᠡᠯᠭᠦᠬᠦ᠂ ᠳᠡᠯᠭᠡᠨ ᠦᠵᠡᠭᠦᠯᠬᠦ ᠰᠠᠮᠪᠠᠷ᠎ᠠ ᠲᠠᠯᠪᠢᠬᠤ᠂ ᠤᠬᠠᠭᠤᠯᠭ᠎ᠠ ᠵᠢᠨ ᠬᠠᠭᠤᠳᠠᠰᠤ ᠲᠠᠷᠬᠠᠭ᠋ᠠᠬᠤ᠂ ᠨᠢᠭᠦᠯᠡᠰᠦᠩᠭᠦᠢ ᠵᠢᠨ ᠲᠥᠷᠥ ᠵᠢᠨ ᠪᠣᠳᠣᠯᠭ᠎ᠠ ᠬᠠᠤᠯᠢ ᠲᠣᠭᠲᠠᠭ᠋ᠠᠯ᠎ᠢ ᠲᠠᠢ᠌ᠯᠪᠤᠷᠢᠯᠠᠬᠤ ᠵᠡᠷᠭᠡ ᠬᠡᠯᠪᠡᠷᠢ᠎ᠪᠠᠷ 《ᠨᠢᠭᠦᠯᠡᠰᠦᠩᠭᠦᠢ ᠵᠢᠨ ᠬᠠᠤᠯᠢ》 ᠵᠢ  ᠤᠬᠠᠭᠤᠯᠤᠬᠰᠠᠨ ᠪᠠᠢ᠌ᠨ᠎ᠠ᠃ ᠲᠣᠰ  ᠤᠬᠠᠭᠤᠯᠭ᠎ᠠ ᠵᠢᠨ ᠠᠵᠢᠯᠯᠠᠭ᠎ᠠ᠎ᠳᠤ ᠨᠡᠶ᠋ᠢᠲᠡ 3 ᠤᠬᠠᠭᠤᠯᠭ᠎ᠠ ᠵᠢᠨ ᠰᠠᠮᠪᠠᠷ᠎ᠠ ᠵᠢ ᠦᠢ᠍ᠯᠡᠳᠴᠦ᠂ 1 ᠬᠥᠨᠳᠡᠯᠡᠨ ᠪᠢᠴᠢᠭᠡᠰᠦ ᠡᠯᠭᠦᠵᠦ᠂ 500 ᠭᠠᠷᠤᠢ ᠬᠤᠪᠢ ᠤᠬᠠᠭᠤᠯᠭ᠎ᠠ ᠵᠢᠨ ᠬᠠᠭᠤᠳᠠᠰᠤ ᠲᠠᠷᠬᠠᠭ᠋ᠠᠵᠤ᠂ ᠲᠤᠬᠠᠢ ᠵᠢᠨ ᠲᠠᠯᠠᠪᠤᠷ᠎ᠤᠨ ᠤᠯᠠᠨ ᠲᠦᠮᠡᠨ᠎ᠳᠤ  1000 ᠭᠠᠷᠤᠢ ᠤᠳᠠᠭ᠎ᠠ ᠯᠠᠪᠯᠠᠯᠭ᠎ᠠ ᠬᠠᠡᠭᠭ᠋ᠠᠪᠠ ᠃ ᠲᠣᠰ ᠤᠳᠠᠭ᠋ᠠᠨ᠎ᠤ ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ᠎ᠤᠨ ᠤᠬᠠᠭᠤᠯᠭ᠎ᠠ ᠵᠢᠨ ᠠᠵᠢᠯᠯᠠᠭ᠎ᠠ᠎ᠨᠢ 《ᠨᠢᠭᠦᠯᠡᠰᠦᠩᠭᠦᠢ ᠵᠢᠨ ᠬᠠᠤᠯᠢ》 ᠵᠢ ᠨᠡᠡᠭ ᠤᠯᠠᠨ ᠬᠦᠮᠦᠰ᠎ᠲᠤ ᠣᠢ᠌ᠯᠠᠭ᠋ᠠᠭᠤᠯᠵᠤ᠂ ᠰᠠᠭᠤᠭ᠋ᠠᠯᠢ ᠠᠷᠠᠳ᠎ᠤᠨ ᠨᠢᠭᠦᠯᠡᠰᠦᠩᠭᠦᠢ ᠵᠢᠨ ᠦᠢ᠍ᠯᠡᠰ᠎ᠤᠨ ᠲᠤᠬᠠᠢ ᠲᠠᠨᠢᠯᠲᠠ ᠵᠢ ᠴᠢᠩᠭ᠋ᠠᠳᠬᠠᠨ᠂ ᠰᠠᠭᠤᠭ᠋ᠠᠯᠢ ᠠᠷᠠᠳ᠎ᠤᠨ ᠨᠢᠭᠦᠯᠡᠰᠦᠩᠭᠦᠢ ᠵᠢᠨ ᠤᠬᠠᠮᠰᠠᠷ᠎ᠢ ᠲᠡᠭᠡᠭᠰᠢᠯᠡᠬᠦᠯᠤᠬᠡᠳ ᠰᠠᠭᠤᠭ᠋ᠠᠯᠢ ᠠᠷᠠᠳ᠎ᠤᠨ ᠨᠢᠭᠦᠯᠡᠰᠦᠩᠭᠦᠢ ᠵᠢᠨ ᠦᠢ᠍ᠯᠡᠰ᠎ᠲᠤ ᠣᠷᠣᠯᠴᠠᠬᠤ ᠢᠳᠡᠪᠬᠢᠵᠢᠯ᠎ᠢ ᠳᠡᠭᠡᠭᠰᠢᠯᠡᠭᠦᠯᠪᠡ᠃
    



   


   

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
《ᠪᠦᠬᠦ ᠣᠷᠣᠨ᠎ᠤ ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠦᠷ᠎ᠡ ᠪᠦᠲᠦᠭᠡᠯ᠎ᠤᠨ ᠰᠢᠷᠢᠰ ᠦᠵᠡᠭᠦᠯᠦᠯᠭᠡ ᠵᠢᠷᠭᠤᠭ᠎ᠠ》 ᠬᠥᠯᠥᠨ ᠪᠤᠢ᠍ᠢ᠍ᠷ ᠬᠤᠳᠠ ᠵᠢᠨ ᠠᠷᠤᠨ ᠬᠣᠰᠢᠭᠤ ᠵᠢᠨ᠎ᠬᠢᠨ ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢ ᠠᠬᠢᠭᠤᠯᠵᠤ ᠦᠷ᠎ᠡ ᠪᠦᠲᠦᠮᠵᠢ ᠤᠯᠵᠤ ᠪᠠᠢ᠌ᠨ᠎ᠠ
ᠪᠤᠭᠤᠲᠤ ᠬᠤᠳᠠ ᠵᠢᠨ᠎ᠬᠢᠨ ᠶᠢᠰᠤᠳᠡᠬᠢ 《ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ》 ᠎ᠤᠨ ᠭᠣᠣᠯ ᠰᠡᠳᠦᠪᠲᠦ ᠤᠬᠠᠭᠤᠯᠭ᠎ᠠ ᠪᠠ ᠵᠠᠰᠠᠭ᠎ᠤᠨ ᠣᠷᠳᠣᠨ᠎ᠤ ᠲᠤᠰᠠᠯᠠᠮᠵᠢ ᠪᠣᠯᠣᠨ ᠨᠢᠭᠦᠯᠡᠰᠦᠩᠭᠦᠢ ᠵᠢᠨ ᠦᠢ᠍ᠯᠡᠰ᠎ᠤᠨ ᠲᠡᠳᠬᠦᠮᠵᠢ ᠵᠢ ᠪᠦᠲᠦᠮᠵᠢᠲᠡᠢ ᠵᠣᠯᠭ᠋ᠠᠭᠤᠯᠤᠨ ᠠᠬᠢᠭᠤᠯᠬᠤ ᠠᠵᠢᠯᠯᠠᠭ᠎ᠠ ᠥᠷᠨᠢᠭᠦᠯᠵᠡᠢ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ (9.3)
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠭᠡ (9.2)
ᠱᠠᠩᠬᠠᠢ ᠥᠪᠥᠷ ᠮᠣᠩᠭᠣᠯ᠎ᠤᠨ᠎ᠬᠢᠨ᠎ᠤ ᠬᠠᠮᠳᠤ ᠵᠢᠨ ᠬᠠᠢ᠌ᠷ᠎ᠠ᠎ᠪᠠᠷ ᠬᠡᠦᠬᠡᠳ᠎ᠤᠨ ᠬᠦᠰᠡᠯ ᠵᠡᠭᠦᠳᠦ ᠵᠢ ᠴᠡᠴᠡᠭᠯᠡᠬᠦᠯᠤᠨ ᠲᠡᠷᠭᠡᠯᠰᠢᠭᠦᠯᠪᠡ — ᠬᠥᠯᠥᠨ ᠪᠤᠢ᠍ᠢ᠍ᠷ ᠬᠤᠳᠠ ᠵᠢᠨ ᠬᠡᠦᠬᠡᠳ᠎ᠤᠨ ᠠᠰᠠᠷᠠᠮᠵᠢ ᠵᠢᠨ ᠬᠦᠷᠢᠶᠡᠯᠡᠩ 2024 ᠣᠨ᠎ᠤ ᠬᠣᠶᠠᠳᠤᠭ᠋ᠠᠷ ᠬᠤᠭᠤᠴᠠᠭ᠋ᠠᠨ᠎ᠤ ᠱᠠᠩᠬᠠᠢ ᠵᠢᠨ ᠯᠦ᠍ ᠵᠢᠶᠠ ᠽᠦᠢ ᠵᠢᠨ ᠮᠥᠩᠭᠥᠨ ᠭᠦᠢ᠍ᠯᠭᠡᠭᠡᠨ᠎ᠤ ᠬᠤᠳᠠ ᠵᠢᠨ ᠵᠠᠯᠠᠭᠤᠴᠤᠳ ᠪᠠᠭ᠋ᠠᠴᠤᠳ᠎ᠤᠨ ᠤᠷᠠᠨ ᠵᠢᠷᠤᠭ᠎ᠤᠨ ᠤᠷᠤᠯᠳᠤᠭ᠋ᠠᠨ᠎ᠤ ᠱᠠᠩᠨᠠᠯ ᠣᠯᠭᠣᠬᠤ ᠶᠣᠰᠣᠯᠠᠯ᠎ᠳᠤ ᠣᠷᠣᠯᠴᠠᠪᠠ
 
            