ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠱᠠᠩᠬᠠᠢ ᠥᠪᠥᠷ ᠮᠣᠩᠭᠣᠯ᠎ᠤᠨ᠎ᠬᠢᠨ᠎ᠤ ᠬᠠᠮᠳᠤ ᠵᠢᠨ ᠬᠠᠢ᠌ᠷ᠎ᠠ᠎ᠪᠠᠷ ᠬᠡᠦᠬᠡᠳ᠎ᠤᠨ ᠬᠦᠰᠡᠯ ᠵᠡᠭᠦᠳᠦ ᠵᠢ ᠴᠡᠴᠡᠭᠯᠡᠬᠦᠯᠤᠨ ᠲᠡᠷᠭᠡᠯᠰᠢᠭᠦᠯᠪᠡ — ᠬᠥᠯᠥᠨ ᠪᠤᠢ᠍ᠢ᠍ᠷ ᠬᠤᠳᠠ ᠵᠢᠨ ᠬᠡᠦᠬᠡᠳ᠎ᠤᠨ ᠠᠰᠠᠷᠠᠮᠵᠢ ᠵᠢᠨ ᠬᠦᠷᠢᠶᠡᠯᠡᠩ 2024 ᠣᠨ᠎ᠤ ᠬᠣᠶᠠᠳᠤᠭ᠋ᠠᠷ ᠬᠤᠭᠤᠴᠠᠭ᠋ᠠᠨ᠎ᠤ ᠱᠠᠩᠬᠠᠢ ᠵᠢᠨ ᠯᠦ᠍ ᠵᠢᠶᠠ ᠽᠦᠢ ᠵᠢᠨ ᠮᠥᠩᠭᠥᠨ ᠭᠦᠢ᠍ᠯᠭᠡᠭᠡᠨ᠎ᠤ ᠬᠤᠳᠠ ᠵᠢᠨ ᠵᠠᠯᠠᠭᠤᠴᠤᠳ ᠪᠠᠭ᠋ᠠᠴᠤᠳ᠎ᠤᠨ ᠤᠷᠠᠨ ᠵᠢᠷᠤᠭ᠎ᠤᠨ ᠤᠷᠤᠯᠳᠤᠭ᠋ᠠᠨ᠎ᠤ ᠱᠠᠩᠨᠠᠯ ᠣᠯᠭᠣᠬᠤ ᠶᠣᠰᠣᠯᠠᠯ᠎ᠳᠤ ᠣᠷᠣᠯᠴᠠᠪᠠ
ᠨᠡᠶᠢᠲᠡᠯᠡᠭᠰᠡᠨ ᠴᠠᠭ᠄ 2024-09-11

    ᠬᠣᠶᠠᠳᠤᠭ᠋ᠠᠷ ᠬᠤᠭᠤᠴᠠᠭ᠋ᠠᠨ᠎ᠤ ᠱᠠᠩᠬᠠᠢ ᠵᠢᠨ ᠯᠦ᠍ ᠵᠢᠶᠠ ᠽᠦᠢ ᠵᠢᠨ ᠮᠥᠩᠭᠥᠨ ᠭᠦᠢ᠍ᠯᠭᠡᠭᠡᠨ᠎ᠤ ᠬᠣᠲᠠ ᠵᠢᠨ ᠵᠠᠯᠠᠭᠤᠴᠤᠳ ᠪᠠᠭ᠋ᠠᠴᠤᠳ᠎ᠤᠨ ᠤᠷᠠᠨ ᠵᠢᠷᠤᠭ᠎ᠤᠨ ᠤᠷᠤᠯᠳᠤᠭ᠋ᠠᠨ ᠤᠷᠴᠢᠮ᠎ᠳᠤ ᠡᠬᠢᠯᠡᠪᠡ᠃ ᠬᠥᠯᠥᠨ ᠪᠤᠢ᠍ᠢ᠍ᠷ ᠬᠤᠳᠠ ᠵᠢᠨ ᠬᠡᠦᠬᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠬᠡᠦᠬᠡᠳ᠎ᠤᠳ ᠤᠷᠢᠯᠭ᠎ᠠ᠎ᠪᠠᠷ ᠤᠷᠤᠯᠳᠤᠭ᠋ᠠᠨ᠎ᠳᠤ ᠣᠷᠣᠯᠴᠠᠵᠤ᠂ 20 ᠭᠠᠷᠤᠢ ᠬᠡᠦᠬᠡᠳ ᠪᠠᠷᠢᠯᠭ᠎ᠠ ᠵᠢᠷᠤᠬᠤ᠂ ᠨᠤᠲᠤᠭ ᠤᠰᠤ᠎ᠪᠠᠨ ᠵᠢᠷᠤᠬᠤ ᠱᠠᠭ᠋ᠠᠷᠳᠠᠯᠭ᠎ᠠ᠎ᠪᠠᠷ ᠲᠠᠯ᠎ᠠ ᠨᠤᠲᠤᠭ᠎ᠤᠨ ᠦᠵᠡᠮᠵᠢ᠂ ᠮᠣᠩᠭᠣᠯ ᠭᠡᠷ᠂ ᠬᠥᠬᠡ ᠲᠡᠭᠷᠢ ᠴᠠᠭ᠋ᠠᠨ ᠡᠭᠦᠯᠡ᠂ ᠲᠠᠯ᠎ᠠ ᠨᠤᠲᠤᠭ᠎ᠤᠨ ᠡᠷᠡᠯᠬᠡᠭ ᠪᠦᠷᠭᠦᠳ᠂ ᠠᠵᠢᠨᠠᠢ ᠬᠦᠯᠦᠭ ᠬᠤᠨ ᠴᠠᠭ᠋ᠠᠨ ᠬᠤᠨᠢᠳ᠎ᠢ ᠥᠪᠡᠷ᠎ᠤᠨ ᠭᠠᠷ ᠵᠶ᠋ᠠᠷ ᠵᠶ᠋ᠠᠨ ᠵᠢᠷᠤᠵᠤ  ᠦᠵᠡᠬᠦᠯᠤᠬᠡᠳ ᠳᠤᠮᠳᠠᠳᠤ ᠤᠯᠤᠰ᠎ᠤᠨ ᠤᠮᠠᠷᠠᠲᠤ ᠵᠢᠨ ᠨᠡᠭᠦᠳᠡᠯᠴᠢᠨ ᠦᠨᠳᠦᠰᠦᠲᠡᠨ᠎ᠤ ᠭᠤᠸ᠎ᠠ ᠰᠠᠢ᠌ᠬᠠᠨ᠎ᠢ ᠰᠢᠳᠢᠲᠦ ᠨᠡᠢ᠌ᠰᠯᠡᠯ ᠱᠠᠩᠬᠠᠢ᠎ᠳᠤ ᠳᠠᠮᠵᠢᠭᠤᠯᠵᠠᠢ᠃
    ᠱᠠᠩᠨᠠᠯ ᠣᠯᠭᠣᠬᠤ ᠶᠣᠰᠣᠯᠠᠯ᠎ᠠᠴᠠ ᠡᠮᠦᠨ᠎ᠡ ᠭᠣᠣᠯᠯᠠᠨ ᠡᠷᠭᠢᠯᠡᠭᠰᠡᠨ ᠲᠠᠯ᠎ᠠ ᠵᠢᠨ᠎ᠬᠢᠨ ᠬᠡᠦᠬᠡᠳ᠎ᠤᠳ᠎ᠢ ᠵᠣᠬᠢᠶᠠᠨ ᠪᠠᠢ᠌ᠭᠤᠯᠵᠤ ᠱᠠᠩᠬᠠᠢ ᠵᠢᠨ ᠦ᠋ ᠴᠠᠩ ᠱᠦᠸᠸ ᠵᠢᠨ ᠳᠤᠷᠠᠰᠬᠠᠯ᠎ᠤᠨ ᠣᠷᠳᠣᠨ᠎ᠳᠤ ᠣᠨᠴᠠᠭ᠋ᠠᠶ ᠵᠢᠷᠤᠭ᠎ᠤᠨ ᠣᠢ᠌ᠯᠠᠭ᠋ᠠᠯᠲᠠ ᠬᠢᠯᠭᠡᠵᠡᠢ᠂ ᠬᠡᠦᠬᠡᠳ᠎ᠤᠳ ᠲᠤᠬᠠᠢ ᠵᠢᠨ ᠲᠠᠯᠠᠪᠠᠶ ᠵᠢᠨ ᠪᠠᠭᠰᠢ ᠵᠢᠨ ᠵᠢᠯᠣᠭᠣᠳᠤᠯᠭ᠎ᠠ᠎ᠪᠠᠷ ᠵᠠᠷᠢᠮ᠎ᠨᠢ ᠱᠠᠩᠬᠠᠢ ᠵᠢᠨ ᠪᠡᠯᠭᠡ ᠲᠡᠮᠳᠡᠭ᠎ᠤᠨ ᠴᠢᠨᠠᠷᠲᠠᠢ ᠪᠠᠷᠢᠯᠭ᠎ᠠ ᠵᠢ ᠵᠢᠷᠤᠵᠤ᠂ ᠵᠠᠷᠢᠮ᠎ᠨᠢ ᠡᠷᠲᠡᠨ᠎ᠤ ᠪᠠᠷᠢᠯᠭ᠎ᠠ ᠵᠢ ᠵᠢᠷᠤᠵᠤ᠂ ᠵᠠᠷᠢᠮ᠎ᠨᠢ ᠡᠷᠲᠡᠨ ᠡᠳᠦᠭᠡ ᠵᠢ ᠤᠶᠠᠯᠳᠤᠭᠤᠯᠤᠭᠰᠠᠨ ᠮᠥᠷᠭᠥᠯᠳᠦᠭᠰᠡᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠥᠷᠥᠭᠳᠡᠯ᠎ᠢ ᠵᠢᠷᠤᠭᠯᠠᠵᠤ᠂ ᠳᠤᠷᠠᠰᠬᠠᠯ᠎ᠤᠨ ᠣᠷᠳᠣᠨ᠎ᠳᠤ ᠥᠪᠡᠷ᠎ᠤᠨ ᠪᠦᠲᠦᠭᠡᠯ᠎ᠲᠠᠢ᠎ᠪᠠᠨ ᠬᠠᠮᠲᠤ ᠵᠢᠨ ᠵᠢᠷᠤᠭ ᠲᠠᠳᠠᠭᠤᠯᠤᠬᠰᠠᠨ ᠶᠤᠮ᠃
    ᠱᠠᠩᠨᠠᠯ ᠲᠤᠰᠬᠤ ᠲᠠᠢ᠌ᠰᠠᠨ ᠳᠡᠭᠡᠷ᠎ᠡ ᠵᠣᠭᠰᠣᠬᠤ᠎ᠳᠤ ᠬᠡᠦᠬᠡᠳ᠎ᠤᠳ ᠰᠡᠳᠬᠢᠯ ᠳᠣᠭᠳᠣᠯᠵᠤ ᠥᠪᠡᠷ᠎ᠤᠨ ᠴᠢᠷᠮᠠᠢ᠌ᠯᠭ᠎ᠠ᠎ᠪᠠᠷ ᠵᠶ᠋ᠠᠨ ᠤᠯᠠᠨ᠎ᠤ ᠵᠥᠪᠰᠢᠶᠡᠷᠡᠯ ᠪᠠ ᠵᠣᠷᠢᠭᠵᠢᠭᠤᠯᠤᠯ ᠬᠦᠷᠳᠡᠪᠡ᠃ ᠬᠡᠤᠬᠡᠳ᠎ᠤᠳ ᠡᠢ᠌ᠮᠦ ᠣᠯᠳᠠᠰᠢ ᠦᠭᠡᠢ ᠠᠵᠠ ᠲᠣᠬᠢᠶᠠᠯ᠎ᠢ ᠣᠯᠵᠤ ᠨᠡᠩ ᠤᠯᠠᠨ ᠰᠢᠯᠢᠳᠡᠭ ᠬᠥᠮᠥᠰ᠎ᠲᠠᠢ ᠰᠣᠯᠢᠯᠴᠠᠨ ᠰᠤᠷᠤᠯᠴᠠᠬᠤ ᠪᠣᠯᠤᠭᠰᠠᠨ᠎ᠳᠤ᠎ᠪᠠᠨ ᠬᠦᠯ᠎ᠨᠢ ᠭᠠᠵᠠᠷ ᠬᠦᠷᠬᠦ ᠦᠬᠡᠢ ᠪᠠᠶᠠᠷᠯᠠᠵᠤ  ᠱᠠᠩᠬᠠᠢ᠎ᠳᠤ ᠰᠠᠢ᠌ᠨ ᠰᠠᠢ᠌ᠬᠠᠨ ᠳᠤᠷᠠᠳᠬᠠᠯ ᠦᠯᠡᠳᠡᠭᠡᠵᠡᠢ ᠬᠡᠵᠡᠬᠡᠵᠤ ᠪᠠᠢ᠌ᠯ᠎ᠠ᠃
     ᠡᠨᠡ ᠤᠳᠠᠭ᠎ᠠ ᠵᠢᠨ ᠱᠠᠩᠬᠠᠢ᠎ᠳᠤ᠎ᠬᠢ ᠠᠶ᠋ᠢᠯᠴᠢᠯᠠᠯᠲᠠ᠎ᠳᠤ᠂ ᠬᠡᠦᠬᠡᠳ᠎ᠤᠳ ᠤᠷᠠᠨ ᠵᠢᠷᠤᠭ᠎ᠤᠨ ᠤᠷᠠᠯᠢᠭ ᠵᠶ᠋ᠠᠷ ᠲᠠᠨᠢᠯᠲᠠ᠎ᠪᠠᠨ ᠢᠯᠡᠳᠬᠡᠵᠦ᠂ ᠬᠡᠦᠬᠡᠳ᠎ᠲᠤ ᠪᠠᠶᠠᠷ ᠴᠡᠩᠭᠡᠯ᠎ᠤᠨ ᠳᠤᠮᠳᠠ ᠬᠥᠮᠦᠵᠢᠯ ᠬᠦᠷᠲᠡᠭᠡᠵᠦ ᠡᠬᠡ ᠤᠯᠤᠰ᠎ᠤᠨ ᠥᠷᠭᠡᠨ ᠠᠭᠤᠳᠠᠮ ᠨᠤᠲᠤᠭ ᠳᠡᠪᠢᠰᠬᠡᠷ ᠲᠡᠬᠡᠷᠡᠬᠢ ᠠᠳᠠᠯᠢ ᠪᠤᠰᠤ ᠭᠠᠵᠠᠷ ᠣᠷᠣᠨ᠎ᠤ ᠠᠳᠠᠯᠢ ᠪᠤᠰᠤ ᠷᠢᠳᠢ ᠰᠢᠳᠢ ᠵᠢ ᠮᠡᠳᠡᠷᠡᠭᠦᠯᠵᠦ ᠲᠡᠳᠡᠨ᠎ᠤ ᠬᠣᠢ᠌ᠰᠢᠳᠠ ᠵᠢᠨ ᠰᠤᠷᠤᠯᠴᠠᠯᠭ᠎ᠠ᠎ᠳᠤ᠎ᠪᠠᠨ ᠨᠡᠩ ᠴᠢᠷᠮᠠᠢ᠌ᠵᠤ᠂ ᠰᠤᠷᠤᠯᠴᠠᠬᠤ ᠳᠤᠷᠠᠲᠠᠢ᠂ ᠨᠤᠲᠤᠭ ᠤᠰᠤ᠎ᠪᠠᠨ ᠬᠠᠢ᠌ᠷᠠᠯᠠᠵᠤ᠂ ᠡᠬᠡ ᠤᠯᠤᠰ ᠵᠶ᠋ᠠᠨ ᠬᠠᠢ᠌ᠷᠠᠯᠠᠵᠤ᠂ ᠢᠳᠡᠪᠬᠢᠲᠡᠢ᠎ᠪᠠᠷ ᠥᠭᠡᠳᠡᠯᠡᠨ ᠲᠠᠪᠰᠢᠬᠤ ᠵᠢ ᠵᠣᠷᠢᠭᠵᠢᠭᠤᠯᠪᠠ᠃
 







  
 

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠤᠯᠤᠰ᠎ᠤᠨ ᠰᠦᠯᠵᠢᠶᠡᠨ᠎ᠤ ᠠᠮᠤᠷ ᠲᠦᠪᠰᠢᠨ᠎ᠤ ᠤᠬᠠᠭᠤᠯᠭ᠎ᠠ ᠵᠢᠨ ᠭᠠᠷᠠᠭ᠎ᠤᠨ ᠭᠣᠣᠯ ᠰᠡᠳᠦᠪᠲᠦ ᠤᠬᠠᠭᠤᠯᠭ᠎ᠠ ᠬᠣᠶᠠᠷ — ᠤᠬᠠᠭᠤᠯᠭ᠎ᠠ ᠵᠢᠨ ᠹᠢᠯᠢᠮ 《ᠰᠦᠯᠵᠢᠶ᠎ᠡ ᠠᠮᠤᠷ ᠲᠦᠪᠰᠢᠨ ᠪᠤᠯ ᠠᠮᠢᠳᠤᠷᠠᠯ ᠠᠮᠤᠷ ᠲᠦᠪᠰᠢᠨ》
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 9.13
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 9.14
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ10.16
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ10.17
 
            