ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠂ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠲᠢᠩᠬᠢᠮ ᠵᠡᠷᠭᠡ 7 ᠨᠢᠬᠡᠴᠢ ᠵᠢᠨ᠎ᠬᠢᠨ᠎ᠲᠠᠢ ᠬᠠᠮᠲᠤᠷᠠᠨ 5 ᠳ᠋ᠤᠭ᠋ᠠᠷ ᠰᠠᠷ᠎ᠠ ᠵᠢᠨ 18᠎ᠤ ᠡᠳᠦᠷ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠪᠠᠷᠠᠭᠤᠨ ᠲᠣᠭᠣᠷᠢᠭ᠎ᠲᠤ 《ᠨᠡᠶ᠋ᠢᠲᠡ ᠵᠢᠨ ᠠᠰᠠᠷᠠᠮᠵᠢ᠎ᠲᠠᠢ ᠪᠣᠯᠵᠣᠵᠤ᠂ ᠠᠵᠢᠯ᠎ᠤᠨ ᠪᠠᠢ᠌ᠷᠢ᠎ᠪᠠᠨ ᠲᠠᠨ᠎ᠢ ᠬᠦᠯᠢᠶᠡᠵᠦ ᠪᠠᠢ᠌ᠬᠤ》 ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ᠎ᠬᠢᠨ᠎ᠤ ᠣᠶᠤᠲᠠᠳ᠎ᠤᠨ ᠠᠵᠢᠯ ᠣᠯᠭᠣᠯᠲᠠ ᠵᠢᠨ ᠠᠵᠢᠯᠲᠠᠨ ᠡᠯᠰᠡᠬᠦ ᠵᠢ ᠲᠡᠮᠵᠢᠬᠦ ᠠᠵᠢᠯᠯᠠᠭ᠎ᠠ ᠵᠢ ᠥᠷᠨᠢᠭᠦᠯᠵᠦ᠂ ᠪᠥᠬᠥ ᠣᠷᠣᠨ᠎ᠤ 2 ᠲᠦᠮᠡ ᠰᠢᠬᠠᠮ ᠣᠶᠤᠲᠠᠨ ᠰᠦᠯᠵᠢᠶᠡᠨ ᠳᠡᠭᠡᠷᠡᠬᠢ ᠪᠠ ᠰᠦᠯᠵᠢᠶᠡᠨ᠎ᠠᠴᠠ ᠭᠠᠳᠠᠭᠤᠷᠬᠢ ᠠᠷᠭ᠎ᠠ᠎ᠪᠠᠷ ᠠᠵᠢᠯᠯᠠᠭ᠎ᠠ᠎ᠳᠤ ᠣᠷᠣᠯᠴᠠᠵᠠᠢ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠺᠠᠩ ᠰᠢᠦᠦᠠᠢ ᠳ᠋ᠦᠩ ᠠᠵᠢᠯᠯᠠᠭ᠎ᠠ᠎ᠳᠤ ᠣᠷᠣᠯᠴᠠᠭᠰᠠᠨ ᠪᠥᠭᠡᠳ ᠶᠠᠷᠢᠶ᠎ᠠ ᠲᠠᠯᠪᠢᠵᠤ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠨᠠᠮ᠎ᠤᠨ ᠬᠣᠷᠢᠶ᠎ᠠ ᠵᠢᠨ ᠱᠦᠵᠢ ᠴᠧᠨ ᠶᠦᠩ ᠱᠧᠩ ᠪᠠᠶᠠᠷ᠎ᠤᠨ ᠦᠭᠡ ᠬᠡᠯᠡᠵᠡᠢ᠃
ᠲᠣᠰ ᠠᠵᠢᠯᠯᠠᠭ᠎ᠠ ᠵᠢ ᠥᠪᠥᠷ ᠮᠣᠩᠭᠣᠯ᠎ᠤᠨ ᠰᠤᠷᠭ᠋ᠠᠭᠤᠯᠢ ᠠᠵᠤ ᠠᠬᠤᠢ᠌ᠯᠠᠯ᠎ᠤᠨ ᠬᠠᠮᠲᠤᠷᠠᠯᠴᠠᠭ᠎ᠠ ᠵᠢ ᠠᠬᠢᠭᠤᠯᠬᠤ ᠨᠡᠢ᠌ᠭᠡᠮᠯᠢᠭ᠎ᠤᠨ᠎ᠬᠢᠨ ᠳᠠᠭ᠋ᠠᠭ᠋ᠠᠨ ᠡᠷᠭᠢᠯᠡᠵᠦ᠂ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ 《ᠠᠷᠪᠠᠨ ᠶᠡᠬᠡ ᠠᠵᠤ ᠦᠢ᠍ᠯᠡᠰ᠎ᠤᠨ ᠪᠦᠯᠦᠭᠯᠡᠯ᠂ ᠬᠣᠷᠢᠨ ᠨᠢᠭᠡᠨ ᠠᠵᠤ ᠦᠢ᠍ᠯᠡᠰ᠎ᠤᠨ ᠬᠡᠯᠬᠢᠶ᠎ᠡ》 ᠵᠢᠨ ᠬᠥᠮᠥᠨ ᠬᠡᠷᠡᠭᠯᠡᠬᠦ ᠬᠡᠷᠡᠭᠴᠡᠭᠡ ᠱᠠᠭ᠋ᠠᠷᠳᠠᠯᠭ᠎ᠠ ᠵᠢᠨ ᠲᠣᠭᠣᠷᠢᠨ᠎ᠳᠤ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠡᠷᠭᠡ 6 ᠰᠤᠷᠭ᠋ᠠᠭᠤᠯᠢ ᠵᠢᠨ ᠬᠠᠮᠳᠤ ᠰᠤᠷᠤᠯᠭ᠋ᠠᠳᠠᠳᠤᠨ ᠡᠪᠯᠡᠯ ᠪᠣᠯᠣᠨ ᠥᠪᠥᠷ ᠮᠣᠩᠭᠣᠯ᠎ᠤᠨ ᠪᠠᠷᠢᠯᠭ᠎ᠠ ᠵᠢᠨ ᠦᠢ᠍ᠯᠡᠰ᠎ᠤᠨ ᠨᠡᠢ᠌ᠭᠡᠮᠯᠢᠭ ᠵᠡᠷᠭᠡ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ 119 ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠥᠷᠭᠡᠨ ᠳᠡᠯᠭᠡᠷ ᠳᠠᠢ᠌ᠴᠢᠯᠠᠯᠲᠠ᠎ᠪᠠᠷ 176 ᠭᠡᠰᠢᠭᠦᠨ ᠨᠢᠬᠡᠴᠢ ᠵᠢᠨ᠎ᠬᠢᠨ᠎ᠢ ᠵᠣᠬᠢᠶᠠᠨ ᠪᠠᠢ᠌ᠭᠤᠯᠵᠤ᠂ ᠡᠨᠧᠷᠭᠢ ᠬᠢᠮᠢ ᠵᠢᠨ ᠠᠵᠤ ᠦᠢ᠍ᠯᠡᠳᠪᠦᠷᠢ᠂ ᠪᠠᠷᠢᠯᠭ᠎ᠠ ᠵᠢᠨ ᠮᠠᠲ᠋ᠧᠷᠢᠶᠠᠯ᠂ ᠮᠠᠰᠢᠨ ᠴᠠᠬᠢᠯᠭ᠋ᠠᠨ᠎ᠤ ᠨᠠᠷᠢᠨ ᠪᠢᠴᠢᠭᠡᠴᠢ ᠵᠡᠷᠭᠡ 10 ᠭᠠᠷᠤᠢ ᠲᠥᠷᠥᠯ᠎ᠤᠨ ᠲᠤᠰᠬᠠᠢ ᠮᠡᠷᠭᠡᠵᠢᠯ᠎ᠤᠨ 640 ᠭᠠᠷᠤᠢ ᠠᠵᠢᠯ᠎ᠤᠨ ᠪᠠᠢ᠌ᠷᠢ᠂ 2800 ᠭᠠᠷᠤᠢ ᠠᠵᠢᠯ᠎ᠤᠨ ᠪᠠᠢ᠌ᠷᠢ ᠵᠢ ᠬᠠᠩᠭ᠋ᠠᠭᠰᠠᠨ ᠪᠠᠢ᠌ᠨ᠎ᠠ᠃ ᠥᠪᠥᠷ ᠮᠣᠩᠭᠣᠯ᠎ᠤᠨ ᠣᠶᠤᠲᠠᠳ᠎ᠤᠨ ᠠᠵᠢᠯ ᠣᠯᠭᠣᠯᠲᠠ ᠵᠢᠨ ᠦᠢ᠍ᠯᠡᠴᠢᠯᠡᠭᠡᠨ᠎ᠤ ᠲᠠᠪᠴᠠᠩ᠎ᠢ ᠰᠦᠯᠵᠢᠶᠡᠨ ᠳᠡᠭᠡᠷ᠎ᠡ ᠨᠡᠢ᠌ᠲᠡᠯᠡᠬᠦ᠂ ᠲᠥᠷᠥ ᠵᠢᠨ ᠪᠣᠳᠣᠯᠭ᠎ᠠ ᠵᠢ ᠲᠠᠢ᠌ᠯᠪᠤᠷᠢᠯᠠᠬᠤ ᠪᠠ ᠠᠵᠢᠯᠲᠠᠨ ᠡᠯᠰᠡᠬᠦ ᠵᠠᠷᠯᠠᠯ᠎ᠢ ᠰᠤᠷᠭ᠋ᠠᠭᠤᠯᠢ ᠵᠢᠨ ᠬᠦᠷᠢᠶᠡᠨ᠎ᠳᠤ ᠣᠷᠣᠭᠤᠯᠬᠤ ᠵᠡᠷᠭᠡ᠎ᠪᠠᠷ ᠳᠠᠮᠵᠢᠭᠤᠯᠤᠨ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠡᠮᠨᠡᠯᠭᠡ ᠵᠢᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ ᠵᠡᠷᠭᠡ ᠰᠤᠷᠭ᠋ᠠᠭᠤᠯᠢ᠎ᠠᠴᠠ ᠲᠡᠭᠦᠰᠦᠭᠰᠡᠨ 5820 ᠣᠶᠤᠲᠠᠨ ᠠᠵᠢᠯ ᠡᠷᠢᠬᠦ ᠲᠣᠪᠴᠢ ᠨᠠᠮᠲᠠᠷ ᠵᠶ᠋ᠠᠨ ᠲᠤᠰᠢᠶᠠᠵᠤ᠂ 1480 ᠭᠠᠷᠤᠢ ᠠᠵᠢᠯᠳᠠᠨ ᠡᠯᠰᠡᠬᠦ ᠨᠢᠬᠡᠴᠢ ᠵᠢᠨ᠎ᠬᠢᠨ᠎ᠤ ᠨᠢᠭᠤᠷᠲᠠᠨ ᠰᠢᠯᠭ᠋ᠠᠯᠲᠠ᠎ᠳᠤ ᠣᠷᠣᠯᠴᠠᠵᠠᠢ᠃