2020 ᠣᠨ᠎ᠤ 5 ᠳ᠋ᠤᠭ᠋ᠠᠷ ᠰᠠᠷ᠎ᠠ ᠵᠢᠨ 29᠎ᠤ ᠡᠳᠦᠷ ᠬᠥᠬᠡᠬᠣᠲᠠ ᠵᠢᠨ ᠯᠠᠨ ᠰᠸ ᠳ᠋ᠠᠢ ᠬᠡᠷ ᠪᠦᠯᠢ ᠵᠢᠨ ᠶᠡᠷᠦᠩᠬᠡᠶ᠋ᠢᠯᠡᠭᠰᠡᠨ ᠦᠢ᠍ᠯᠡᠴᠢᠯᠡᠭᠡᠨ ᠤ ᠲᠥᠪ᠎ᠨᠢ ᠬᠤᠲᠤᠩ ᠠᠷᠠᠳ᠎ᠤᠨ ᠲᠣᠭᠣᠷᠢᠭ᠎ᠤᠨ ᠠᠵᠢᠯᠴᠢᠨ᠎ᠤ ᠶᠡᠷᠦᠩᠬᠡᠶ ᠡᠪᠯᠡᠯ᠂ ᠰᠠᠨ ᠱᠦᠨ ᠳ᠋ᠢᠶᠠᠨ ᠨᠡᠶ᠋ᠢᠭᠡᠮ ᠲᠣᠭᠣᠷᠢᠭ᠎ᠤᠨ ᠨᠡᠢ᠌ᠬᠡᠮ᠎ᠤᠨ ᠵᠣᠬᠢᠶᠠᠨ ᠪᠠᠶ᠋ᠢᠭᠤᠯᠤᠯᠲᠠ᠎ᠲᠠᠢ ᠭᠠᠷ ᠬᠣᠯᠪᠣᠨ᠂ ᠦᠨᠳᠦᠰᠦᠨ ᠱᠠᠲᠤᠨ᠎ᠤ ᠠᠵᠢᠯᠴᠢᠨ᠎ᠤ ᠡᠪᠯᠡᠯ᠂ ᠥᠪᠥᠷ ᠮᠣᠩᠭᠣᠯ᠎ᠤᠨ ᠴᠢ ᠰᠸ ᠶᠠᠩ ᠭᠤᠸᠠᠩ ᠨᠡᠶ᠋ᠢᠲᠡ ᠵᠢᠨ ᠠᠰᠠᠷᠠᠮᠵᠢ ᠵᠢᠨ ᠬᠣᠯᠪᠣᠭ᠎ᠠ᠂ ᠬᠥᠬᠡᠬᠣᠲᠠ ᠵᠢᠨ ᠶᠠᠩ ᠭᠤᠸᠠᠩ ᠸᠸ ᠨᠢᠤ ᠣᠶᠤᠨ᠎ᠤ ᠵᠡᠮᠳᠡᠭᠴᠦᠳ᠎ᠤᠨ ᠬᠦᠮᠤᠨ᠎ᠤ ᠬᠦᠴᠤᠨ᠎ᠤ ᠡᠷᠡᠭᠦᠯᠵᠢᠯ ᠵᠠᠰᠠᠯ᠎ᠤᠨ ᠲᠥᠪ᠂ ᠬᠥᠬᠡᠬᠣᠲᠠ ᠵᠢᠨ ᠷᠦᠩ ᠠᠢ ᠵᠡᠮᠳᠡᠭᠴᠦᠳ᠎ᠢ ᠲᠤᠰᠠᠯᠠᠬᠤ ᠦᠢ᠍ᠯᠡᠴᠢᠯᠡᠭᠡᠨ᠎ᠤ ᠲᠥᠪ᠂ ᠬᠥᠬᠡᠬᠣᠲᠠ ᠵᠢᠨ ᠹᠠᠩ ᠵᠧᠤ ᠴᠢ ᡁᠢ ᠡᠷᠡᠭᠦᠯᠵᠢᠯ᠎ᠤᠨ ᠦᠢ᠍ᠯᠡᠴᠢᠯᠡᠭᠡᠨ᠎ᠤ ᠲᠥᠪ ᠲᠠᠢ ᠬᠠᠮᠲᠤᠷᠠᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ 《ᠤᠭᠤᠲᠠ》 ᠵᠢ ᠬᠦᠷᠭᠡᠬᠦ ᠬᠠᠮᠲᠤ ᠵᠢᠨ ᠠᠵᠢᠯᠯᠠᠭ᠎ᠠ ᠥᠷᠨᠢᠭᠦᠯᠵᠦ᠂ ᠵᠢᠷᠭᠤᠭ᠋ᠠᠨ ᠰᠠᠷ᠎ᠠ ᠵᠢᠨ ᠨᠢᠭᠡᠨ᠎ᠤ ᠬᠡᠤᠬᠡᠳ᠎ᠤᠨ ᠪᠠᠶᠠᠷ᠎ᠢ ᠦᠩᠭᠡᠷᠡᠭᠦᠯᠪᠡ᠃
ᠠᠵᠢᠯᠯᠠᠭ᠋ᠠᠨ᠎ᠤ ᠲᠠᠯᠠᠪᠠᠶ᠎ᠳᠤ ᠨᠡᠶ᠋ᠢᠭᠡᠮ᠎ᠤᠨ ᠠᠵᠢᠯᠲᠠᠳ ᠣᠷᠴᠢᠨ ᠲᠣᠭᠣᠷᠢᠨ᠎ᠢ ᠬᠠᠮᠠᠭ᠋ᠠᠯᠠᠬᠤ ᠤᠭᠤᠲᠠ ᠵᠢᠷᠤᠬᠤ ᠠᠷᠭ᠎ᠠ ᠵᠢ ᠲᠠᠨᠢᠯᠴᠠᠭᠤᠯᠵᠠᠶ᠃ ᠰᠡᠳᠤᠪ ᠰᠣᠩᠭᠣᠬᠤ᠂ ᠵᠢᠷᠤᠭᠯᠠᠬᠤ᠂ ᠥᠩᠭᠡ ᠪᠤᠳᠤᠭ᠎ᠢ ᠵᠣᠬᠢᠴᠠᠭᠤᠯᠬᠤ ᠵᠢᠴᠢ ᠵᠠᠰᠠᠵᠤ ᠨᠥᠬᠥᠬᠦ ᠳᠥᠷᠪᠡᠨ ᠲᠠᠯ᠎ᠠ᠎ᠠᠴᠠ ᠨᠢᠭᠡᠳ ᠨᠢᠭᠡ᠎ᠪᠠᠷ ᠲᠠᠶ᠋ᠢᠯᠤᠮᠵᠢ ᠪᠠ ᠦᠵᠡᠭᠦᠯᠭᠡ ᠬᠢᠵᠠᠢ᠃ ᠨᠢᠭᠡ ᠴᠠᠭ᠎ᠤᠨ ᠳᠠᠷᠠᠭ᠎ᠠ᠂ ᠨᠡᠶ᠋ᠢᠭᠡᠮ᠎ᠤᠨ ᠠᠵᠢᠯᠲᠠᠨ᠎ᠤ ᠰᠠᠶ᠋ᠢᠨ ᠳᠤᠷᠠᠴᠤᠤᠯ ᠪᠠ ᠬᠡᠦᠬᠡᠳ᠎ᠤᠨ ᠬᠠᠮᠲᠤ ᠵᠢᠨ ᠴᠢᠷᠮᠠᠶ᠋ᠢᠯᠭ᠎ᠠ᠎ᠪᠠᠷ ᠡᠭᠦᠳᠦᠨ ᠪᠦᠲᠦᠭᠡᠭᠰᠡᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠤᠭᠤᠲᠠ ᠬᠦᠮᠤᠰ᠎ᠤᠨ ᠡᠮᠤᠨ᠎ᠡ ᠲᠣᠳᠣᠷᠠᠯ᠎ᠠ᠃
ᠬᠥᠬᠡᠬᠣᠲᠠ ᠵᠢᠨ ᠰᠠᠶ᠋ᠢᠬᠠᠨ ᠲᠣᠭᠣᠷᠢᠭ᠎ᠤᠨ ᠯᠠᠨ ᠰᠸ ᠳ᠋ᠠᠢ ᠭᠡᠷ ᠪᠦᠯᠢ ᠵᠢᠨ ᠶᠡᠷᠦᠩᠬᠡᠶ᠋ᠢᠯᠡᠭᠰᠡᠨ ᠦᠢ᠍ᠯᠡᠴᠢᠯᠡᠭᠡᠨ᠎ᠤ ᠲᠥᠪ᠎ᠤᠨ ᠨᠡᠶ᠋ᠢᠭᠡᠮ᠎ᠤᠨ ᠠᠵᠢᠯᠲᠠᠨ᠎ᠤ ᠰᠠᠶ᠋ᠢᠨ ᠳᠤᠷᠠᠴᠤᠤᠯ ᠬᠡᠤᠬᠡᠳ᠎ᠤᠨ ᠵᠢᠷᠤᠭᠰᠠᠨ ᠣᠷᠴᠢᠨ ᠲᠣᠭᠣᠷᠢᠨ᠎ᠢ ᠬᠠᠮᠠᠭ᠋ᠠᠯᠠᠬᠤ ᠤᠭᠤᠲᠠ ᠵᠢ ᠵᠢᠷᠭᠤᠭ᠋ᠠᠨ ᠰᠠᠷ᠎ᠠ ᠵᠢᠨ ᠨᠢᠭᠡᠨ᠎ᠤ ᠪᠡᠯᠡᠭ ᠪᠣᠯᠭ᠋ᠠᠨ ᠬᠡᠤᠬᠡᠳ᠎ᠤᠳ᠎ᠲᠤ ᠬᠦᠷᠭᠡᠵᠡᠶ᠃ ᠬᠥᠬᠡᠬᠣᠲᠠ ᠵᠢᠨ ᠠᠵᠢᠯᠴᠢᠨ᠎ᠤ ᠶᠡᠷᠦᠩᠬᠡᠶ ᠡᠪᠯᠡᠯ ᠡᠳᠡᠭᠡᠷ ᠬᠡᠦᠬᠡᠳ᠎ᠲᠤ ᠲᠣᠬᠣᠨᠢᠭᠤᠯᠬᠤ ᠪᠣᠳᠠᠰ ᠬᠦᠷᠭᠡᠵᠦ᠂ ᠬᠡᠤᠬᠡᠳ᠎ᠤᠳ᠎ᠤᠨ ᠬᠦᠰᠡᠯ ᠡᠷᠡᠮᠡᠯᠵᠡᠯ᠎ᠢ ᠬᠠᠩᠭ᠋ᠠᠵᠤ᠂ ᠬᠡᠤᠬᠡᠳ᠎ᠤᠳ᠎ᠲᠤ ᠨᠡᠶ᠋ᠢᠭᠡᠮ᠎ᠤᠨ ᠶᠡᠬᠡ ᠭᠡᠷ ᠪᠦᠯᠢ ᠵᠢᠨ ᠬᠠᠯᠠᠭᠤᠨ ᠳᠤᠯᠠᠭ᠋ᠠᠨ᠎ᠢ ᠬᠦᠷᠲᠡᠭᠡᠵᠠᠢ᠃
ᠲᠣᠰ ᠠᠵᠢᠯᠯᠠᠭ᠎ᠠ᠎ᠨᠢ ᠨᠡᠶ᠋ᠢᠭᠡᠮ᠎ᠤᠨ ᠠᠵᠢᠯᠲᠠᠨ ᠰᠠᠶ᠋ᠢᠨ ᠳᠤᠷᠠᠴᠤᠤᠯ᠎ᠤᠨ ᠲᠤᠰᠬᠠᠶ ᠮᠡᠷᠭᠡᠵᠢᠯ᠎ᠤᠨ ᠴᠢᠨᠠᠷᠲᠠᠶ ᠦᠢ᠍ᠯᠡᠴᠢᠯᠡᠭᠡ᠎ᠪᠠᠷ ᠳᠠᠮᠵᠢᠨ᠂ ᠬᠡᠤᠬᠡᠳ᠎ᠲᠤ ᠰᠠᠶ᠋ᠢᠨ ᠰᠠᠶ᠋ᠢᠬᠠᠨ ᠳᠤᠷᠠᠳᠬᠠᠯ ᠦᠯᠡᠳᠡᠭᠡᠵᠦ᠂ ᠬᠡᠤᠬᠡᠳ᠎ᠤᠨ ᠨᠡᠶ᠋ᠢᠭᠡᠮ᠎ᠤᠨ ᠬᠠᠷᠢᠴᠠᠭ᠋ᠠᠨ᠎ᠤ ᠴᠢᠳᠠᠪᠤᠷᠢ ᠵᠢ ᠳᠡᠭᠡᠭᠰᠢᠯᠡᠭᠦᠯᠵᠦ᠂ ᠬᠠᠷᠠᠭ᠎ᠠ ᠵᠢ᠎ᠨᠢ ᠲᠡᠯᠡᠵᠤ᠂ ᠮᠡᠳᠡᠯᠭᠡ ᠰᠤᠷᠴᠤ᠂ ᠠᠮᠢᠳᠤᠷᠠᠯ᠎ᠢ᠎ᠨᠢ ᠪᠠᠶᠠᠯᠢᠭᠵᠢᠭᠤᠯᠤᠭᠰᠠᠨ ᠪᠠᠢ᠌ᠨ᠎ᠠ᠃