ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠨᠠᠮᠠᠭ᠎ᠠ ᠨᠠᠰᠤᠲᠠᠨ᠎ᠤ ᠨᠠᠨᠳᠢᠨ ᠬᠢᠯᠪᠠᠭ᠎ᠠ — ᠨᠠᠮ ᠪᠠᠢ᠌ᠭᠤᠯᠤᠭᠳᠠᠭᠰᠠᠨ100 ᠵᠢᠯ᠎ᠤᠨ ᠤᠢ᠎ᠳᠤ ᠵᠤᠷᠢᠭᠤᠯᠤᠭᠰᠠᠨ ᠲᠤᠰᠬᠠᠢ ᠮᠡᠳᠡᠭᠡᠯᠡᠯ
ᠨᠡᠶᠢᠲᠡᠯᠡᠭᠰᠡᠨ ᠴᠠᠭ᠄ 2021-08-08

ᠨᠠᠮᠠᠭ᠎ᠠ ᠨᠠᠰᠤᠲᠠᠨ᠎ᠤ ᠨᠠᠨᠳᠢᠨ ᠬᠢᠯᠪᠠᠭ᠎ᠠ
    —   ᠨᠠᠮ ᠪᠠᠢ᠌ᠭᠤᠯᠤᠭᠳᠠᠭᠰᠠᠨ100 ᠵᠢᠯ᠎ᠤᠨ ᠤᠢ᠎ᠳᠤ ᠵᠤᠷᠢᠭᠤᠯᠤᠭᠰᠠᠨ ᠲᠤᠰᠬᠠᠢ ᠮᠡᠳᠡᠭᠡᠯᠡᠯ
                          ᠨᠠᠷᠠᠰᠤ ᠵᠣᠬᠢᠶᠠᠪᠠ
      ᠡᠨᠡᠷᠢᠯᠲᠦ ᠨᠠᠮ᠎ᠤᠨ ᠵᠶ᠋ᠠᠨ ᠢᠪᠡᠭᠡᠯ ᠵᠶ᠋ᠠᠷ ᠡᠷᠬᠢᠮ ᠵᠢᠳᠬᠦᠯ ᠵᠶ᠋ᠠᠨ ᠬᠢᠯᠠᠯᠵᠠᠭᠤᠯᠤᠭᠰᠠᠨ᠂ ᠡᠯᠢᠭᠡᠨ ᠬᠠᠢ᠌ᠷᠠᠲᠦ ᠡᠬᠡ ᠤᠯᠤᠰ᠎ᠲᠠᠢ᠎ᠪᠠᠨ ᠨᠠᠰᠤ ᠰᠠᠴᠠᠭᠤ ᠨᠠᠮᠠᠭ᠎ᠠ ᠨᠠᠰᠤᠲᠠᠨ ᠪᠤᠯ ᠬᠦᠯᠦᠨ ᠪᠤᠢ᠌ᠷ ᠬᠤᠲᠠ ᠵᠢᠨ ᠬᠠᠭᠤᠴᠢᠨ ᠪᠠᠷᠭᠤ ᠬᠤᠰᠢᠭᠤᠨ᠎ᠤ ᠤᠩᠭᠤᠨ ᠪᠠᠯᠭ᠋ᠠᠰᠤᠨ᠎ᠤ ᠠᠩᠬᠢᠷᠲᠦ ᠭᠠᠴᠠᠭ᠋ᠠᠨ᠎ᠤ ᠡᠭᠡᠯ ᠵᠢᠷ᠎ᠤᠨ ᠮᠠᠯᠴᠢᠨ ᠪᠦᠰᠡᠬᠦᠢ ᠪᠢᠯᠡ᠃
    ᠨᠠᠮᠠᠭ᠎ᠠ ᠨᠠᠰᠤᠲᠠᠨ 1949 ᠤᠨ᠎ᠤ ᠨᠠᠢ᠌ᠷᠰᠠᠭ ᠬᠠᠪᠤᠷ᠂ ᠠᠩᠬᠢᠷ ᠰᠢᠪᠠᠭᠤ ᠭᠠᠩᠭ᠋ᠠᠨᠠᠯᠳᠤᠭᠰᠠᠨ ᠠᠩᠬᠢᠷᠲᠦ ᠨᠠᠭᠤᠷ᠎ᠤᠨ ᠬᠦᠪᠡᠭᠡᠨ᠎ᠡ ᠶᠠᠳᠠᠭᠤ ᠮᠠᠯᠴᠢᠨ ᠵᠠᠳᠠᠮᠪᠠ ᠪᠤᠯᠤᠨ ᠰᠢᠷᠠᠯᠳᠠᠢ ᠵᠢᠨ ᠦᠬᠢᠨ᠎ᠨᠢ ᠪᠤᠯᠵᠦ ᠵᠠᠶᠠᠭ᠋ᠠᠭ᠋ᠠᠳ᠂ ᠲᠠᠪᠤᠨ ᠨᠠᠰᠤ ᠬᠦᠷᠦᠮᠡᠭᠴᠡ ᠦᠨᠦᠴᠢᠨ ᠦᠷᠦᠭᠡᠰᠦᠨ ᠪᠤᠯᠵᠦ ᠬᠤᠴᠤᠷᠤᠭᠰᠠᠨ ᠪᠢᠯᠡ᠃   ᠲᠡᠷᠡ ᠨᠠᠮ᠎ᠤᠨ ᠬᠠᠢ᠌ᠷ᠎ᠠ ᠬᠠᠯᠠᠮᠵᠢ᠂ ᠠᠷᠠᠳ ᠤᠯᠠᠨ᠎ᠤ᠎ᠪᠠᠨ ᠬᠠᠯᠠᠭᠤᠨ ᠳᠡᠮᠵᠢᠯᠭᠡ ᠪᠤᠯᠤᠨ ᠠᠢ᠌ᠯ ᠰᠠᠭ᠋ᠠᠬᠠᠯᠲᠠ᠂ ᠲᠦᠷᠦᠯ ᠰᠠᠳᠤᠨ᠎ᠤ᠎ᠪᠠᠨ ᠬᠠᠪᠰᠤᠷᠤᠯᠭ᠎ᠠ᠎ᠪᠠᠷ ᠬᠦᠮᠦᠨ ᠪᠤᠯᠤᠨ ᠦᠰᠴᠡᠢ᠃ ᠶᠤᠰᠤᠲᠠᠢ ᠯᠡ ᠨᠠᠮ᠎ᠤᠨ ᠬᠡᠬᠡᠨ ᠲᠤᠶᠠᠭ᠋ᠠᠯᠠᠯ ᠪᠠᠢ᠌ᠭᠰᠠᠨ᠎ᠠᠴᠠ᠂ ᠪᠢᠴᠢᠭ ᠰᠤᠷᠬᠤ ᠲᠤᠬᠢᠶᠠᠯ ᠬᠦᠷᠳᠡᠭᠰᠡᠨ ᠶᠤᠮ᠃ ᠬᠡᠪᠡᠴᠦ   ᠡᠯ᠎ᠡ ᠵᠦᠢ᠍ᠯ᠎ᠤᠨ ᠭᠠᠯ ᠤᠰᠤᠨ᠎ᠤ ᠭᠠᠰᠢᠭᠤᠨ ᠵᠤᠪᠠᠯᠠᠩ᠎ᠤᠨ ᠬᠠᠷᠠᠭ᠎ᠠ᠎ᠠᠴᠠ ᠲᠦᠩᠭᠡᠨ ᠳᠠᠩᠭ᠋ᠠᠨ ᠠᠩᠬ᠎ᠠ ᠵᠡᠷᠭᠡ ᠵᠢᠨ ᠳᠤᠮᠳᠠᠲᠦ ᠰᠤᠷᠭ᠋ᠠᠭᠤᠯᠢ ᠵᠢᠨ ᠰᠤᠶᠤᠯ᠎ᠢ ᠬᠦᠷᠳᠡᠭᠡᠳ ᠯᠡ ᠨᠤᠳᠤᠭ ᠤᠰᠤᠨ᠎ᠳᠤ᠎ᠪᠠᠨ ᠪᠤᠴᠠᠵᠦ ᠮᠠᠯᠴᠢᠨ᠎ᠤ ᠵᠠᠮ ᠵᠶ᠋ᠠᠨ ᠡᠬᠢᠯᠡᠬᠦᠯᠦᠭᠰᠡᠨ ᠶᠤᠮ᠃
    1966 ᠤᠨ᠎ᠠᠴᠠ ᠡᠬᠢᠯᠡᠵᠦ᠂   ᠲᠡᠷᠡ ᠠᠩᠬᠢᠷᠲᠦ ᠭᠠᠴᠠᠭ᠎ᠠ ᠵᠢᠨ ᠵᠶ᠋ᠠᠨ ᠪᠤᠯᠳᠤᠷᠤᠤ ᠮᠠᠩᠬ᠎ᠠ᠎ᠲᠠᠢ ᠪᠤᠢ᠌ᠳᠠ ᠪᠦᠭᠯᠡᠬᠦᠦ᠂ ᠳᠠᠷᠠᠬᠠᠢ ᠪᠤᠳᠠᠷᠬᠠᠢ ᠰᠠᠭᠤᠷᠢᠰᠢᠭᠰᠠᠨ ᠬᠦᠴᠢᠷ ᠪᠡᠷᠬᠡᠰᠢᠶᠡᠯ᠎ᠲᠠᠢ ᠤᠷᠴᠢᠨ᠎ᠳᠤ ᠠᠮᠢᠳᠤᠷᠠᠵᠦ ᠪᠠᠢ᠌ᠭ᠎ᠠ ᠮᠠᠯᠴᠢᠳ᠎ᠲᠤ᠎ᠪᠠᠨ ᠦᠢ᠍ᠯᠡᠴᠢᠯᠡᠬᠦ ᠭᠡᠵᠦ ᠳᠡᠭᠡᠲᠦ ᠱᠠᠳᠤᠨ᠎ᠤ ᠨᠤᠳᠤᠭ᠎ᠤᠨ ᠡᠮᠴᠢ —  《ᠬᠦᠯ ᠨᠢᠴᠦᠬᠦᠨ ᠡᠮᠴᠢ》 ᠵᠢ ᠬᠦᠮᠦᠵᠢᠬᠦᠯᠦᠨ ᠳᠡᠯᠭᠡᠷᠡᠬᠦᠯᠬᠦ ᠳᠠᠢ᠌ᠴᠢᠨ ᠤᠷᠢᠶᠠᠯᠭ᠎ᠠ ᠵᠢ᠎ᠲᠠᠭᠠᠨ᠂ 《ᠬᠦᠯ ᠨᠢᠴᠦᠬᠦᠨ ᠡᠮᠴᠢ》 ᠵᠢᠨ ᠬᠠᠳᠠᠭᠤ ᠠᠵᠢᠯ᠎ᠢ ᠰᠤᠩᠭᠤᠵᠠᠢ᠃ ᠲᠤᠬᠠᠢ ᠵᠢᠨ ᠦᠶᠡᠰ ᠲᠡᠷᠡ ᠵᠠᠯᠠᠭᠤ ᠨᠠᠰᠤᠨ᠎ᠤ ᠵᠢᠪᠬᠤᠭ᠎ᠠ ᠪᠠᠳᠠᠷᠠᠭᠰᠠᠨ ᠲᠦᠩᠭᠡᠵᠢ ᠯᠡ ᠬᠤᠷᠢᠨ ᠨᠠᠰᠤ ᠵᠢ ᠲᠦᠬᠦᠵᠦ ᠪᠠᠢ᠌ᠭᠰᠠᠨ ᠶᠤᠮ ᠡ᠃   ᠮᠠᠯᠴᠢᠨ ᠲᠦᠮᠡᠨ᠎ᠤ᠎ᠪᠠᠨ ᠡᠪᠡᠳᠴᠢᠨ ᠳᠠᠬᠤᠯ᠎ᠢ ᠠᠷᠢᠯᠭ᠋ᠠᠨ᠂ ᠡᠷᠡᠬᠦᠯ ᠡᠩᠬᠡ ᠵᠢᠨ ᠲᠦᠯᠦᠭᠡᠨ᠎ᠡ ᠦᠢ᠍ᠯᠡᠴᠢᠯᠡᠬᠦ ᠪᠤᠯ ᠨᠢᠭᠡ ᠶᠤᠰᠤᠨ᠎ᠤ ᠬᠠᠮᠤᠭ᠎ᠠᠴᠠ ᠴᠢᠬᠤᠯᠠ᠂ ᠬᠠᠮᠤᠭ᠎ᠤᠨ ᠦᠩᠭᠡ ᠬᠢᠯᠪᠠᠭ᠎ᠠ᠎ᠲᠠᠢ ᠠᠵᠢᠯ ᠮᠦᠨ ᠬᠡᠵᠦ ᠲᠡᠷᠡ ᠪᠤᠳᠤᠭᠰᠠᠭ᠋ᠠᠷ ᠢᠷᠡᠵᠡᠢ᠃ ᠲᠡᠷᠡ ᠴᠠᠭ᠎ᠠᠴᠠ ᠡᠬᠢᠯᠡᠨ᠂ ᠦᠨᠦ ᠪᠤᠯᠳᠠᠯ᠎ᠠ 56 ᠵᠢᠯ᠎ᠤᠨ ᠲᠤᠷᠰᠢᠳᠠ᠂ ᠮᠠᠯᠴᠢᠨ ᠬᠦᠮᠦᠨ᠎ᠤ ᠡᠭᠦᠷᠬᠡ ᠬᠠᠷᠢᠭᠤᠴᠠᠯᠭ᠎ᠠ᠎ᠪᠠᠨ ᠮᠠᠰᠢ ᠰᠠᠢ᠌ᠳᠤᠷ ᠬᠦᠢ᠍ᠴᠡᠳᠬᠡᠬᠦ ᠵᠢᠨ ᠳᠠᠭ᠋ᠠᠤ 《ᠬᠦᠯ ᠨᠢᠴᠦᠬᠦᠨ ᠡᠮᠴᠢ》 ᠵᠢᠨ ᠦᠢ᠍ᠯᠡ ᠠᠵᠢᠯᠯᠠᠭ᠎ᠠ᠎ᠪᠠᠷ ᠵᠶ᠋ᠠᠨ ᠮᠠᠯᠴᠢᠳ᠎ᠤᠨ ᠵᠶ᠋ᠠᠨ ᠲᠦᠯᠦᠭᠡ   ᠬᠠᠯᠠᠰᠢᠷᠠᠯ ᠦᠭᠡᠢ ᠦᠢ᠍ᠯᠡᠴᠢᠯᠡᠭᠰᠡᠭᠡᠷ ᠨᠠᠰᠤᠨ᠎ᠤ ᠨᠠᠮᠤᠷ ᠵᠶ᠋ᠠᠨ ᠤᠭᠳᠤᠵᠠᠢ᠃ ᠤᠳᠤ ᠲᠡᠬᠦᠨ᠎ᠤ ᠨᠠᠰᠤᠨ ᠰᠡᠭᠦᠳᠡᠷ 73 ᠬᠦᠷᠦᠭᠰᠡᠨ ᠴᠦ᠍ ᠲᠡᠷᠡ ᠡᠮᠴᠢ ᠳᠤᠮᠴᠢ ᠵᠢᠨ ᠠᠵᠢᠯ ᠵᠶ᠋ᠠᠨ ᠲᠠᠯ᠎ᠠ ᠳᠡᠭᠡᠷ᠎ᠡ   ᠤᠷᠬᠢᠭᠰᠠᠨ ᠦᠭᠡᠢ᠂   ᠬᠦᠰᠡᠯ ᠮᠦᠷᠦᠭᠡᠳᠦᠯ᠎ᠤᠨ ᠵᠶ᠋ᠠᠨ ᠲᠦᠯᠦᠭᠡ ᠬᠦᠴᠦᠯᠡᠨ ᠴᠢᠷᠮᠠᠢ᠌ᠭᠰᠠᠭ᠋ᠠᠷ ᠁ ᠲᠡᠷᠡ᠂ ᠬᠡᠳᠦᠢ᠌ᠪᠡᠷ ᠰᠤᠶᠤᠯ᠎ᠤᠨ ᠬᠡᠮᠵᠢᠶ᠎ᠡ᠎ᠨᠢ ᠲᠤᠩ ᠲᠤᠤᠷ᠎ᠠ ᠪᠤᠯᠪᠠᠴᠦ᠂   ᠬᠦᠴᠦ ᠤᠬᠠᠭ᠋ᠠᠨ ᠬᠤᠶᠠᠷ᠎ᠲᠤ᠎ᠪᠠᠨ ᠲᠦᠰᠢᠨ᠂ ᠬᠦᠴᠢᠷ᠎ᠤᠨ ᠡᠮᠦᠨ᠎ᠡ ᠬᠦᠯ ᠨᠤᠭᠤᠷᠠᠯ ᠦᠭᠡᠢ᠂ ᠬᠠᠳᠠᠭᠤ ᠪᠡᠷᠬᠡᠰᠢᠶᠡᠯ᠎ᠲᠠᠢ ᠬᠦᠳᠡᠭᠡ ᠨᠤᠳᠤᠭ᠎ᠤᠨ ᠵᠶ᠋ᠠᠨ ᠪᠤᠲᠠᠲᠦ ᠪᠠᠢ᠌ᠳᠠᠯ᠎ᠢ ᠬᠤᠪᠢᠷᠠᠭᠤᠯᠬᠤ ᠬᠡᠵᠦ ᠡᠮ ᠡᠮᠨᠡᠯᠭᠡ ᠵᠢᠨ ᠠᠵᠢᠯ ᠵᠶ᠋ᠠᠨ   ᠦᠨᠡᠨ ᠰᠡᠳᠬᠢᠯ᠎ᠠᠴᠠ᠎ᠪᠠᠨ ᠰᠠᠨᠠᠭ᠋ᠠᠴᠢᠯᠠᠨ ᠬᠢᠭᠰᠡᠭᠡᠷ ᠢᠷᠡᠵᠡᠢ᠃
    ᠲᠡᠷᠡ ᠤᠷᠢᠳ ᠬᠤᠵᠢᠳ ᠬᠤᠪᠢ ᠵᠢᠨ ᠰᠦᠢ᠍ᠳᠬᠡᠯ ᠵᠶ᠋ᠠᠷ ᠵᠶ᠋ᠠᠨ ᠬᠤᠰᠢᠭᠤ᠂ ᠠᠢ᠌ᠮᠠᠭ᠂ ᠮᠤᠵᠢ (ᠳᠠᠯᠠᠭ᠋ᠠᠳ ᠤᠨ᠎ᠳᠤ ᠬᠦᠯᠦᠨ ᠪᠤᠢ᠌ᠷ ᠠᠢ᠌ᠮᠠᠭ ᠪᠤᠯ ᠬᠠᠷᠠᠮᠦᠷᠡᠨ ᠮᠤᠵᠢ᠎ᠳᠤ ᠬᠠᠷᠢᠶᠠᠯᠠᠭᠳᠠᠵᠦ ᠪᠠᠢ᠌ᠭᠰᠠᠨ) ᠵᠢᠨ ᠳᠡᠰ᠎ᠤᠨ ᠡᠮᠴᠢ ᠵᠢᠨ ᠪᠤᠯᠪᠠᠰᠤᠷᠠᠯ᠎ᠤᠨ ᠠᠩᠭᠢ᠎ᠳᠤ ᠰᠤᠷᠤᠯᠴᠠᠵᠦ᠂ ᠡᠮᠴᠢᠯᠡᠬᠦ ᠮᠡᠷᠭᠡᠵᠢᠯ ᠬᠢᠭᠡᠳ ᠡᠮ ᠡᠮᠨᠡᠯᠭᠡ ᠵᠢᠨ ᠮᠡᠳᠡᠯᠭᠡ ᠵᠢᠨ ᠬᠦᠷᠢᠶ᠎ᠡ ᠬᠡᠪᠴᠢᠶ᠎ᠡ᠎ᠪᠠᠨ ᠢᠳᠡᠭ ᠢᠳᠡᠭ ᠵᠶ᠋ᠠᠷ ᠳᠡᠭᠡᠭᠰᠢᠯᠡᠬᠦᠯᠦᠭᠰᠡᠨ ᠪᠠᠢ᠌ᠪᠠ᠃ ᠰᠤᠷᠤᠭᠰᠠᠨ ᠵᠦᠢ᠍ᠯ ᠵᠶ᠋ᠠᠨ ᠦᠢ᠍ᠯᠡᠳᠦᠯᠭᠡ ᠵᠢᠨ ᠳᠤᠮᠳᠠ ᠡᠮᠨᠡᠨ ᠬᠡᠷᠡᠭᠵᠢᠬᠦᠯᠦᠭᠰᠡᠨ᠎ᠠᠴᠠ ᠠᠯᠢ ᠤᠯᠠᠨ ᠮᠠᠯᠴᠢᠳ᠎ᠤᠨ ᠵᠶ᠋ᠠᠨ 《ᠵᠢᠷᠭ᠋ᠠᠯ᠎ᠤᠨ ᠡᠯᠴᠢ》᠎ᠨᠢ ᠪᠤᠯᠵᠦ ᠴᠢᠳᠠᠭᠰᠠᠨ᠎ᠨᠢ ᠲᠡᠬᠦᠨ᠎ᠤ ᠴᠢᠷᠮᠠᠢ᠌ᠯᠭ᠎ᠠ ᠤᠷᠤᠯᠳᠤᠯᠭ᠎ᠠ ᠵᠢᠨ ᠦᠷ᠎ᠡ ᠳ᠋ᠦᠩ ᠮᠦᠨ᠃ ᠲᠡᠷᠡᠴᠢᠯᠡᠨ ᠰᠤᠮᠤᠨ᠎ᠤ ᠡᠮᠨᠡᠯᠭᠡ ᠵᠢᠨ ᠬᠤᠷᠢᠶ᠎ᠠ ᠵᠢᠨ ᠵᠢᠭ᠋ᠠᠨ ᠵᠢᠯᠤᠭᠤᠳᠤᠯᠭ᠎ᠠ ᠵᠢ ᠦᠷᠬᠦᠯᠵᠢ ᠵᠢᠨ ᠴᠢᠨᠠᠷ᠎ᠲᠠᠢ ᠰᠤᠨᠤᠰᠴᠦ᠂ ᠠᠵᠢᠯ᠎ᠤᠨ ᠴᠢᠨᠠᠷ ᠴᠢᠨᠰᠠᠭ᠎ᠠ᠎ᠪᠠᠨ ᠪᠠᠳᠤᠯᠠᠨ᠂ ᠦᠷᠬᠡᠨ ᠤᠯᠠᠨ ᠮᠠᠯᠴᠢᠨ ᠲᠦᠮᠡᠨ᠎ᠳᠤ᠎ᠪᠠᠨ ᠦᠨᠡᠨ ᠬᠦ᠌ ᠦᠢ᠍ᠯᠡᠴᠢᠯᠡᠵᠦ ᠴᠢᠳᠠᠵᠠᠢ᠃
    ᠨᠠᠮᠠᠭ᠎ᠠ ᠨᠠᠰᠤᠲᠠᠨ ᠲᠠᠪᠢᠨ ᠬᠡᠳᠦᠨ ᠵᠢᠯ᠎ᠤᠨ ᠬᠠᠪᠤᠷ ᠨᠠᠮᠤᠷ᠎ᠢ 《ᠬᠦᠯ ᠨᠢᠴᠦᠬᠦᠨ》 ᠦᠩᠭᠡᠷᠡᠬᠦᠯᠬᠦ ᠶᠠᠪᠤᠴᠠ᠎ᠳᠤ᠎ᠪᠠᠨ ᠡᠬᠡ ᠨᠢᠯᠬᠠᠰ᠎ᠤᠨ ᠠᠵᠢᠯ᠂   ᠵᠢᠷᠮᠦᠰᠦᠨ ᠡᠬᠡᠨᠡᠷ᠎ᠢ ᠲᠤᠰᠴᠦ ᠬᠦᠩᠭᠡᠵᠢᠬᠦᠯᠬᠦ᠂ ᠮᠦᠩᠭᠦᠨ ᠵᠡᠬᠦᠦ᠎ᠪᠠᠷ ᠬᠠᠳᠬᠤᠨ ᠡᠮᠴᠢᠯᠡᠬᠦ᠂ ᠬᠠᠷ᠎ᠠ ᠮᠢᠬᠠᠨ᠎ᠤ ᠲᠠᠷᠢᠯᠭ᠎ᠠ ᠬᠢᠬᠦ᠂ ᠢᠯᠢᠵᠦ ᠦᠯᠢᠶᠡᠬᠦ ᠵᠠᠰᠠᠯᠭ᠎ᠠ ᠬᠢᠬᠦ᠂ ᠶᠠᠰᠤ ᠪᠠᠷᠢᠬᠤ᠂ ᠰᠤᠳᠤᠯ᠎ᠤᠨ ᠲᠠᠷᠢᠯᠭ᠎ᠠ ᠬᠢᠬᠦ ᠪᠠ ᠰᠤᠳᠤᠯ ᠪᠠᠷᠢᠵᠦ ᠡᠪᠡᠳᠴᠢᠨ᠎ᠢ ᠤᠨᠤᠰᠢᠯᠠᠨ ᠡᠮ ᠲᠠᠩ ᠲᠤᠬᠢᠷᠠᠭᠤᠯᠤᠨ ᠦᠭᠬᠦ ᠵᠡᠷᠭᠡ ᠶᠡᠷᠦᠳᠡ ᠵᠢᠨ ᠵᠠᠰᠠᠯᠭ᠎ᠠ ᠵᠢ ᠬᠢᠭᠰᠡᠭᠡᠷ ᠢᠷᠡᠯ᠎ᠡ᠃ ᠤᠷᠢᠳ ᠬᠤᠵᠢᠳ100 ᠭᠠᠷᠤᠢ ᠬᠡᠤᠬᠡᠳ᠎ᠤᠨ ᠡᠬᠡ ᠪᠠᠷᠢᠭᠴᠢ ᠪᠤᠯᠵᠠᠢ᠃   ᠵᠠᠮ ᠨᠡᠪᠳᠡᠷᠡᠯᠭᠡ ᠲᠦᠬᠦᠮ ᠦᠭᠡᠢ ᠪᠤᠢ᠌ᠳᠠ ᠵᠡᠯᠢᠬᠦᠳ ᠬᠦᠳᠡᠭᠡ ᠨᠤᠳᠤᠭ᠎ᠲᠠᠬᠢ ᠮᠠᠯᠴᠢᠨ ᠲᠦᠮᠡᠨ᠎ᠤ᠎ᠪᠠᠨ ᠬᠦᠴᠢᠷ ᠵᠤᠪᠠᠯᠠᠩ᠎ᠢ ᠢᠩᠬᠢᠵᠦ ᠲᠠᠢ᠌ᠯᠤᠨ᠂ ᠠᠷᠠᠳ ᠵᠤᠨ᠎ᠤ ᠬᠠᠯᠠᠭᠤᠨ ᠬᠦᠷᠢᠶᠡᠯᠡᠯ᠎ᠢ ᠬᠦᠷᠳᠡᠭᠰᠡᠭᠡᠷ ᠢᠷᠡᠭᠰᠡᠨ᠎ᠨᠢ ᠮᠠᠰᠢ ᠬᠦᠨᠳᠦᠳᠬᠡᠯᠳᠡᠢ᠃ ᠬᠠᠶᠠ ᠪᠠᠰᠠ ᠪᠤᠰᠤᠳ ᠭᠠᠴᠠᠭ᠋ᠠᠨ᠎ᠤ ᠮᠠᠯᠴᠢᠳ ᠴᠦ᠍ ᠡᠪᠡᠳᠴᠢᠨ ᠲᠠᠬᠤᠯ ᠵᠶ᠋ᠠᠨ ᠦᠵᠡᠬᠦᠯᠬᠦ᠎ᠪᠠᠷ ᠢᠷᠡᠭᠡᠳ ᠢᠯᠡᠷᠢ ᠰᠠᠢ᠌ᠨ ᠪᠤᠯᠤᠭᠰᠠᠨ ᠵᠢᠱ᠌ᠢᠶ᠎ᠡ ᠤᠯᠠᠨ ᠪᠤᠢ᠃ ᠨᠢᠭᠡ ᠤᠳᠠᠭ᠎ᠠ ᠮᠤᠷᠢᠨ᠎ᠠᠴᠠ᠎ᠪᠠᠨ ᠤᠨᠠᠵᠦ ᠬᠦᠯ ᠵᠶ᠋ᠠᠨ ᠭᠡᠮᠳᠦᠭᠡᠭᠰᠡᠨ ᠦᠪᠦᠷᠨᠠᠭᠤᠷ ᠭᠠᠴᠠᠭ᠋ᠠᠨ᠎ᠤ ᠲᠤᠨᠳᠤᠭ ᠬᠡᠭᠴᠢ ᠬᠦᠮᠦᠨ᠎ᠢ ᠮᠤᠷᠢ᠎ᠪᠠᠨ ᠤᠨᠤᠵᠦ ᠤᠴᠢᠭ᠋ᠠᠳ ᠬᠡᠳᠦ ᠤᠳᠠᠭ᠎ᠠ ᠪᠠᠷᠢᠵᠦ ᠦᠭᠬᠦᠭᠰᠡᠨ᠎ᠠᠴᠠ ᠬᠤᠭ ᠦᠭᠡᠢ ᠰᠠᠢ᠌ᠨ   ᠡᠳᠡᠭᠡᠷᠡᠬᠦᠯᠦᠭᠰᠡᠨ ᠶᠤᠮ᠃
    ᠡᠨᠡ ᠮᠡᠳᠦ᠎ᠪᠠᠷ ᠰᠢᠳᠠᠮ᠎ᠠ ᠵᠤᠨ᠎ᠤ ᠬᠠᠯᠠᠭᠤᠨ᠎ᠳᠤ ᠴᠦ᠍᠂ ᠶᠠᠰᠤ ᠶᠠᠩᠬᠢᠨᠠᠮ᠎ᠠ ᠬᠦᠬᠡᠭᠡ ᠡᠪᠦᠯ᠎ᠤᠨ ᠬᠦᠢ᠍ᠳᠡᠨ᠎ᠳᠤ ᠴᠦ᠍᠂ ᠡᠳᠦᠷ ᠰᠦᠨᠢ ᠬᠡᠵᠦ ᠢᠯᠭ᠋ᠠᠯ ᠦᠭᠡᠢ᠂ ᠬᠤᠯᠠ ᠤᠢ᠌ᠷ᠎ᠠ ᠭᠡᠵᠦ ᠬᠠᠢ᠌ᠬᠤᠷᠤᠯ ᠦᠭᠡᠢ ᠡᠭᠡᠷᠡᠮ᠎ᠡ ᠰᠢᠯᠢ ᠭᠡᠵᠦ ᠴᠦᠬᠦᠷᠡᠯ ᠦᠭᠡᠢ᠂ ᠴᠠᠰᠤ ᠪᠤᠷᠤᠭ᠋ᠠᠨ ᠭᠡᠵᠦ ᠬᠠᠰᠢᠷᠠᠯ ᠦᠭᠡᠢ ᠬᠡᠷᠪᠡ ᠡᠪᠡᠳᠴᠢᠳᠡᠨ ᠡᠷᠢᠭᠡᠳ ᠯᠡ ᠢᠷᠡᠪᠡᠯ ᠦᠴᠦᠬᠡᠨ ᠴᠦ᠍ ᠨᠦᠬᠦᠴᠡᠯ ᠰᠢᠯᠳᠠᠭ ᠦᠭᠡᠢ᠎ᠪᠠᠷ ᠬᠡᠷ ᠡᠷᠦᠭᠡ᠎ᠳᠤ᠎ᠨᠢ ᠤᠴᠢᠵᠦ᠂ ᠡᠪᠡᠳᠴᠢᠨ᠎ᠢ᠎ᠨᠢ ᠦᠵᠡᠵᠦ᠂ ᠡᠮ ᠲᠠᠩ ᠦᠭᠴᠦ᠂ ᠵᠡᠬᠦᠦ ᠲᠠᠷᠢᠯᠭ᠎ᠠ᠎ᠬᠢᠨ ᠡᠮᠨᠡᠵᠦ ᠦᠭᠳᠡᠭ᠃   ᠲᠡᠬᠦᠨ᠎ᠤ ᠲᠡᠷᠡ ᠬᠦ᠌ ᠲᠡᠷᠭᠡ ᠤᠯᠠᠭ᠎ᠠ ᠦᠭᠡᠢ ᠴᠦ᠍ ᠪᠠᠢ᠌ᠭ᠂ ᠶᠠᠮᠠᠷ ᠴᠦ᠍ ᠶᠠᠭ᠋ᠠᠷᠠᠤ ᠡᠷᠡᠨ᠎ᠳᠤ ᠴᠦ᠍ ᠬᠡᠰᠡᠨ ᠲᠠᠯ᠎ᠠ ᠵᠢᠨ ᠮᠠᠯᠴᠢᠳ᠎ᠤᠨ ᠵᠶ᠋ᠠᠨ ᠲᠦᠯᠦᠭᠡ ᠨᠢᠭᠡ ᠰᠡᠳᠬᠢᠯ ᠵᠶ᠋ᠠᠷ ᠵᠢᠳᠬᠦᠭᠰᠡᠨ ᠤᠯᠠ ᠮᠦᠷ᠎ᠢ᠎ᠨᠢ ᠠᠩᠬᠢᠷᠲᠦ ᠭᠠᠴᠠᠭ᠋ᠠᠨ᠎ᠤ ᠠᠢ᠌ᠯ ᠪᠤᠯᠭ᠋ᠠᠨ ᠰᠡᠳᠬᠢᠯ᠎ᠳᠤ᠎ᠪᠠᠨ ᠬᠦᠨ ᠴᠡᠭᠡᠵᠢᠯᠡᠵᠦ ᠪᠠᠢ᠌ᠳᠠᠭ᠃ ᠨᠢᠭᠡ ᠮᠡᠳᠡᠬᠦ᠎ᠳᠤ ᠨᠠᠮᠠᠭ᠎ᠠ ᠨᠠᠰᠤᠲᠠᠨ ᠳᠠᠯᠠ ᠵᠢᠨ ᠳᠠᠪᠠᠭ᠎ᠠ ᠵᠢ ᠳᠠᠪᠠᠴᠢᠬᠠᠯ᠎ᠠ᠃ ᠲᠡᠷᠡ ᠶᠠᠪᠤᠭ᠎ᠠ ᠨᠠᠰᠤ᠎ᠪᠠᠷ ᠵᠶ᠋ᠠᠨ 《ᠬᠦᠯ ᠨᠢᠴᠦᠬᠦᠨ ᠡᠮᠴᠢ》 ᠵᠢᠨ ᠠᠵᠢᠯ᠎ᠢ ᠡᠬᠦᠷᠭᠡᠯᠡᠵᠦ᠂ ᠳᠠᠷᠬᠠᠨ ᠦᠢ᠍ᠯᠡᠰ ᠵᠶ᠋ᠠᠨ ᠬᠡᠵᠦ ᠳᠡᠭᠡᠳᠦᠯᠡᠨ ᠶᠠᠪᠤᠬᠤ᠎ᠳᠤ᠎ᠪᠠᠨ ᠨᠠᠮ ᠵᠠᠰᠠᠭ᠎ᠤᠨ ᠵᠶ᠋ᠠᠨ ᠬᠠᠢ᠌ᠷ᠎ᠠ ᠬᠠᠯᠠᠮᠵᠢ᠎ᠳᠤ ᠰᠡᠳᠬᠢᠯ᠎ᠤᠨ ᠬᠦᠨ᠎ᠠᠴᠠ᠎ᠪᠠᠨ ᠲᠠᠯᠠᠷᠬᠠᠨ ᠪᠠᠢ᠌ᠵᠦ᠂ ᠦᠨᠦᠴᠢᠨ ᠦᠷᠦᠭᠡᠰᠦᠨ ᠬᠡᠵᠦ ᠰᠡᠳᠬᠢᠯ ᠬᠤᠭᠤᠰᠤᠷᠠᠭᠰᠠᠨ ᠦᠭᠡᠢ᠂ ᠡᠨᠡ ᠲᠡᠷᠡ ᠬᠡᠵᠦ ᠶᠠᠮᠠᠷ ᠴᠦ᠍ ᠨᠦᠬᠦᠴᠡᠯ ᠵᠤᠪᠠᠯᠠᠩ ᠲᠤᠭ᠋ᠠᠴᠢᠭᠰᠠᠨ ᠦᠭᠡᠢ᠂ ᠬᠦᠴᠦ ᠬᠦᠯᠦᠰᠦ ᠬᠠᠷᠠᠮᠵᠢ ᠤᠯᠭᠤᠮᠵᠢ ᠬᠡᠵᠦ ᠳᠤᠷᠠᠳᠤᠭᠰᠠᠨ ᠦᠭᠡᠢ᠃ ᠵᠦᠪᠬᠡᠨ ᠮᠠᠤ ᠲᠡᠷᠢᠬᠦᠯᠡᠭᠴᠢ ᠵᠢᠨ 《ᠤᠷᠬᠢᠯ᠎ᠲᠤᠷ ᠭᠠᠷᠬᠤ ᠤᠮᠤᠭ ᠵᠤᠷᠢᠭ ᠪᠠᠢ᠌ᠪᠠᠰᠦ᠂ ᠤᠷᠴᠢᠯᠠᠩ ᠳᠡᠯᠡᠬᠡᠢ᠎ᠳᠤ ᠬᠦᠴᠢᠷ ᠶᠠᠪᠤᠳᠠᠯ ᠠᠯᠠᠭ᠎ᠠ》᠂ 《ᠠᠷᠠᠳ ᠲᠦᠮᠡᠨ᠎ᠳᠤ ᠦᠢ᠍ᠯᠡᠴᠢᠯᠡᠶ᠎ᠡ》᠂ 《ᠪᠠᠢ ᠴᠢᠤ ᠡᠸᠨ ᠡᠮᠴᠢ ᠵᠢᠨ ᠵᠤᠷᠢᠭ ᠰᠠᠨᠠᠭ᠎ᠠ᠎ᠪᠠᠷ ᠠᠵᠢᠯᠯᠠᠶ᠎ᠠ》 ᠬᠡᠬᠦ ᠮᠡᠳᠦ ᠵᠢᠨ ᠰᠤᠷᠭ᠋ᠠᠯ᠎ᠤᠳ᠎ᠢ ᠵᠢᠷᠤᠮᠯᠠᠨ ᠠᠵᠢᠯᠯᠠᠭᠰᠠᠭ᠋ᠠᠷ ᠤᠳᠤ ᠲᠤᠯᠵᠠᠢ᠃ ᠦᠨᠦ ᠨᠠᠮ ᠪᠠᠢ᠌ᠭᠤᠯᠤᠭᠳᠠᠭᠰᠠᠨ100 ᠵᠢᠯ᠎ᠤᠨ ᠤᠢ ᠵᠢᠨ ᠪᠠᠶᠠᠷ ᠵᠶ᠋ᠠᠨ ᠴᠡᠭᠡᠵᠢ ᠲᠡᠨᠢᠬᠦᠨ ᠤᠭᠳᠤᠵᠦ ᠪᠠᠢ᠌ᠨ᠎ᠠ᠃ ᠨᠠᠮᠠᠭ᠎ᠠ ᠨᠠᠰᠤᠲᠠᠨ ᠨᠢᠭᠡ ᠨᠠᠰᠤᠨ᠎ᠳᠤ᠎ᠪᠠᠨ ᠨᠠᠮ᠎ᠤᠨ ᠦᠢ᠍ᠯᠡᠰ᠎ᠢ ᠲᠡᠷᠢᠬᠦᠨ ᠪᠠᠢ᠌ᠷᠢᠨ᠎ᠳᠤ ᠲᠠᠯᠪᠢᠨ᠂ ᠨᠠᠮ᠎ᠤᠨ ᠤᠳᠤᠷᠢᠳᠤᠯᠭ᠎ᠠ ᠵᠢ ᠬᠦᠷᠢᠶᠡᠯᠡᠨ ᠴᠤᠤᠷᠢᠶᠠᠳᠤᠭᠤᠯᠵᠦ᠂ ᠶᠠᠳᠠᠭᠤ ᠵᠦᠳᠡᠬᠦᠦ ᠠᠢ᠌ᠯ ᠡᠷᠦᠭᠡ ᠵᠢ ᠠᠯᠢ ᠤᠯᠠᠨ ᠲᠠᠯ᠎ᠠ᠎ᠪᠠᠷ ᠳᠠᠢ᠌ᠴᠢᠯᠠᠨ ᠳᠠᠭ᠋ᠠᠭᠤᠯᠵᠦ᠂ ᠤᠬᠠᠭᠤᠯᠤᠨ ᠵᠤᠷᠢᠭᠵᠢᠭᠤᠯᠵᠦ᠂ ᠪᠤᠲᠠᠲᠦ ᠠᠵᠢᠯᠯᠠᠭ᠎ᠠ᠎ᠪᠠᠷ ᠵᠶ᠋ᠠᠨ ᠬᠡᠪ ᠳᠠᠭᠤᠷᠢᠶᠠᠯ ᠦᠵᠡᠬᠦᠯᠦᠭᠰᠡᠨ ᠪᠤᠯᠬᠤᠷ ᠶᠠᠳᠠᠭᠤ ᠵᠢ ᠳᠡᠳᠬᠦᠬᠦ ᠠᠵᠢᠯ᠎ᠳᠤ ᠴᠦ᠍ ᠲᠤᠪᠤᠢ᠌ᠮ᠎ᠠ ᠦᠢ᠍ᠯᠡᠳᠦᠯ ᠭᠠᠷᠭ᠋ᠠᠵᠠᠢ᠃
    ᠨᠠᠮᠠᠭ᠎ᠠ ᠨᠠᠰᠤᠲᠠᠨ ᠠᠯᠢ ᠡᠷᠳᠡ1975 ᠤᠨ᠎ᠳᠤ ᠳᠤᠮᠳᠠᠲᠦ ᠤᠯᠤᠰ᠎ᠤᠨ ᠡᠪ ᠬᠠᠮᠳᠦ ᠨᠠᠮ᠎ᠳᠤ ᠦᠩᠭᠡ ᠬᠡᠷᠡᠯ᠎ᠲᠠᠢ ᠡᠯᠰᠡᠭᠳᠡᠨ᠂ ᠨᠠᠮ᠎ᠤᠨ ᠲᠦᠷᠢᠮ ᠵᠶ᠋ᠠᠷ ᠦᠪᠡᠷ᠎ᠢ᠎ᠪᠠᠨ ᠴᠢᠩᠭ᠎ᠠ ᠱᠠᠭ᠋ᠠᠷᠳᠠᠨ ᠡᠯ᠎ᠡ ᠲᠠᠯ᠎ᠠ ᠵᠢᠨ ᠠᠵᠢᠯ ᠵᠶ᠋ᠠᠨ ᠡᠷᠴᠢᠮ᠎ᠲᠠᠢ ᠰᠠᠢ᠌ᠳᠤᠷ ᠦᠷᠨᠢᠬᠦᠯᠦᠭᠰᠡᠭᠡᠷ ᠢᠷᠡᠪᠡ᠃ 1971 ᠤᠨ᠎ᠠᠴᠠ ᠡᠮᠡᠭᠳᠡᠢ᠌ᠴᠦᠳ᠎ᠤᠨ ᠠᠵᠢᠯ᠎ᠢ 30 ᠵᠢᠯ ᠬᠠᠷᠢᠭᠤᠴᠠᠭᠰᠠᠨ ᠦᠩᠭᠡᠷᠡᠯᠲᠡ᠎ᠲᠠᠢ᠃ ᠲᠡᠷᠡ ᠠᠩᠬᠢᠷᠲᠦ ᠭᠠᠴᠠᠭ᠎ᠠ ᠵᠢᠨ ᠡᠮᠡᠭᠳᠡᠢ᠌ᠴᠦᠳ᠎ᠤᠨ ᠲᠦᠯᠦᠭᠡᠯᠡᠭᠴᠢᠳ᠎ᠤᠨ ᠬᠤᠷᠠᠯ᠎ᠤᠨ ᠡᠷᠬᠢᠯᠡᠭᠴᠢ ᠵᠢᠨ ᠠᠵᠢᠯ᠎ᠢ   ᠬᠠᠷᠢᠭᠤᠴᠠᠵᠦ ᠪᠠᠢ᠌ᠬᠤ ᠬᠤᠭᠤᠴᠠᠭ᠋ᠠᠨ᠎ᠳᠤ᠎ᠪᠠᠨ ᠦᠭᠡᠷᠡᠴᠢᠯᠡᠯᠲᠡ ᠨᠡᠭᠡᠭᠡᠯᠲᠡ᠂ ᠤᠳᠤᠬᠢᠴᠢᠯᠠᠬᠤ ᠪᠦᠳᠦᠭᠡᠨ ᠪᠠᠢ᠌ᠭᠤᠯᠤᠯᠲᠠ ᠵᠢ ᠠᠬᠢᠭᠤᠯᠬᠤ ᠵᠤᠷᠢᠯᠲᠠ᠎ᠠᠴᠠ ᠤᠯᠠᠨ ᠵᠶ᠋ᠠᠨ ᠳᠠᠭ᠋ᠠᠭᠤᠯᠤᠨ ᠲᠡᠷᠢᠬᠦᠨ ᠡᠩᠨᠡᠭᠡᠨ᠎ᠳᠤ ᠠᠯᠬᠤᠵᠦ᠂ ᠶᠠᠳᠠᠭᠤ᠎ᠠᠴᠠ ᠠᠩᠬᠢᠵᠢᠷᠠᠬᠤ ᠵᠢ ᠡᠷᠬᠢᠮᠯᠡᠨ ᠮᠠᠯ ᠠᠵᠤ ᠠᠬᠤᠢ᠎ᠪᠠᠨ ᠬᠦᠭᠵᠢᠬᠦᠯᠵᠦ᠂ ᠬᠦᠳᠡᠯᠮᠦᠷᠢ᠎ᠪᠠᠷ ᠵᠶ᠋ᠠᠨ ᠪᠠᠶᠠᠵᠢᠨ ᠴᠢᠨᠡᠭᠡᠯᠢᠭᠵᠢᠬᠦ ᠵᠠᠮ᠎ᠢ ᠡᠷᠢᠯᠬᠢᠯᠡᠵᠡᠢ᠃ ᠳᠡᠭᠡᠷ᠎ᠡ ᠵᠠᠭᠤᠨ᠎ᠤ ᠨᠠᠶᠠᠭ᠋ᠠᠳ ᠤᠨ᠎ᠳᠤ ᠭᠠᠴᠠᠭ᠋ᠠᠨ᠎ᠤ ᠡᠮᠡᠭᠳᠡᠢ᠌ᠴᠦᠳ ᠵᠶ᠋ᠠᠨ ᠳᠠᠢ᠌ᠴᠢᠯᠠᠨ ᠳᠠᠭ᠋ᠠᠭᠤᠯᠵᠦ᠂ ᠲᠦᠫᠢ (土坯) ᠬᠡᠪᠯᠡᠨ᠂ 60 ᠳᠡᠭᠰᠢ ᠲᠦᠷᠪᠡᠯᠵᠢᠨ ᠮᠸᠲᠷ᠎ᠤᠨ ᠸᠠᠭ᠋ᠠᠷ ᠰᠢᠪᠠᠷ᠎ᠤᠨ ᠪᠦᠳᠦᠴᠡ᠎ᠲᠠᠢ ᠬᠦᠳᠡᠯᠭᠡᠭᠡᠨ᠎ᠤ ᠭᠡᠷ᠎ᠢ ᠪᠠᠷᠢᠵᠦ ᠪᠠᠢ᠌ᠭᠤᠯᠪᠠ᠃   ᠡᠢ᠌ᠨ ᠬᠦ᠌ ᠪᠦᠬᠦ ᠭᠠᠴᠠᠭ᠋ᠠᠨ᠎ᠤ ᠡᠮᠡᠭᠲᠡᠢ᠌ᠴᠦᠳ᠂ ᠵᠠᠯᠠᠭᠤᠴᠤᠳ᠎ᠲᠤ᠎ᠪᠠᠨ ᠤᠯᠤᠰ ᠲᠦᠷᠦ᠂ ᠤᠳᠬ᠎ᠠ ᠤᠷᠠᠯᠢᠭ᠂ ᠰᠤᠶᠤᠯ ᠮᠡᠳᠡᠯᠭᠡ᠂ ᠳᠠᠭᠤᠤ ᠪᠦᠵᠢᠭ᠂ ᠤᠷᠤᠯᠳᠤᠭ᠋ᠠᠨ ᠮᠦᠷᠦᠢ᠌ᠴᠡᠭᠡᠨ᠂ ᠬᠤᠷᠠᠯ ᠴᠤᠭᠯᠠᠭ᠋ᠠᠨ ᠁ ᠵᠡᠷᠭᠡ ᠡᠯ᠎ᠡ ᠵᠦᠢ᠍ᠯ᠎ᠤᠨ ᠬᠦᠳᠡᠯᠭᠡᠭᠡᠨ᠎ᠤ ᠲᠠᠯᠠᠪᠤᠷ᠎ᠲᠠᠢ ᠪᠤᠯᠭ᠋ᠠᠵᠦ᠂ ᠬᠦᠳᠡᠯᠭᠡᠭᠡᠨ ᠵᠶ᠋ᠡᠨ ᠬᠥᠭᠵᠢᠶᠡᠨ ᠨᠠᠷᠭᠢᠶᠠᠨ᠎ᠲᠠᠢ ᠦᠷᠨᠢᠬᠦᠯᠵᠦ᠂ ᠮᠠᠯᠴᠢᠳ᠎ᠤᠨ ᠵᠶ᠋ᠠᠨ ᠰᠤᠶᠤᠯ᠎ᠤᠨ ᠠᠮᠢᠳᠤᠷᠠᠯ᠎ᠢ ᠪᠠᠶᠠᠯᠢᠭᠵᠢᠭᠤᠯᠵᠦ ᠴᠢᠳᠠᠭᠰᠠᠨ ᠶᠤᠮ᠃ ᠡᠨᠡ᠎ᠨᠢ ᠲᠤᠬᠠᠢ ᠵᠢᠨ ᠦᠶ᠎ᠡ ᠵᠢᠨ ᠡᠯᠦᠢ ᠬᠤᠯᠤᠢ ᠮᠦᠷᠳᠡᠭᠡᠨ ᠴᠢᠮᠡᠭᠡ ᠠᠨᠢᠷ ᠦᠭᠡᠢ ᠬᠥᠳᠡᠭᠡ ᠲᠤᠰᠬᠤᠨ᠎ᠳᠤ ᠠᠪᠴᠦ ᠬᠡᠯᠡᠪᠡᠯ ᠬᠡᠴᠢᠨᠡᠨ ᠤᠳᠬ᠎ᠠ ᠠᠭᠤᠯᠭ᠎ᠠ᠎ᠲᠠᠢ ᠠᠵᠢᠯᠯᠠᠭ᠎ᠠ ᠠᠵᠢ᠃ ᠮᠠᠯᠴᠢᠳ᠎ᠤᠨ ᠦᠢ᠍ᠯᠡᠳᠦᠯᠭᠡ ᠲᠤᠷᠰᠢᠯᠭ᠎ᠠ᠎ᠪᠠᠨ ᠰᠤᠯᠢᠯᠴᠠᠬᠤ ᠵᠠᠪᠰᠢᠶᠠᠨ᠎ᠢ ᠢᠩᠬᠢᠵᠦ ᠪᠦᠷᠢᠳᠦᠬᠦᠯᠦᠭᠰᠠᠨ᠎ᠠᠴᠠ ᠶᠠᠳᠠᠭᠤ᠎ᠠᠴᠠ ᠠᠩᠬᠢᠵᠢᠷᠠᠬᠤ ᠪᠤᠯᠤᠮᠵᠢ ᠵᠢ ᠪᠤᠢ ᠪᠤᠯᠭ᠋ᠠᠭᠰᠠᠨ ᠪᠠᠢ᠌ᠨ᠎ᠠ᠃ ᠮᠦᠨ ᠴᠦ᠍ ᠦᠷᠭᠡᠨ ᠤᠯᠠᠨ ᠡᠮᠡᠭᠲᠡᠢ᠌ᠴᠦᠳ ᠠᠯᠬᠤᠮ ᠠᠯᠬᠤᠮ ᠵᠶ᠋ᠠᠷ ᠦᠪᠡᠷ᠎ᠢ᠎ᠪᠠᠨ ᠴᠢᠯᠦᠭᠡᠯᠡᠨ᠂ ᠮᠠᠯᠵᠢᠬᠤ ᠪᠠ ᠦᠢ᠍ᠯᠡᠳᠪᠤᠷᠢᠯᠡᠯ᠎ᠢ ᠤᠶᠠᠯᠳᠤᠭᠤᠯᠬᠤ ᠪᠤᠯᠤᠭᠰᠠᠨ᠎ᠨᠢ ᠳᠤᠮᠳᠠᠳᠤ ᠵᠢᠨ ᠤᠨᠴᠠᠯᠢᠭ᠎ᠲᠠᠢ ᠮᠠᠯᠵᠢᠬᠤ ᠤᠷᠤᠨ᠎ᠢ ᠪᠦᠲᠦᠭᠡᠨ ᠪᠠᠢ᠌ᠭᠤᠯᠬᠤ ᠲᠤᠮᠤ ᠦᠢ᠍ᠯᠡᠰ᠎ᠲᠤ ᠦᠴᠦᠬᠡᠨ ᠴᠦ᠍ ᠬᠡᠰᠡᠨ ᠬᠤᠪᠢ ᠨᠦᠯᠦᠭᠡ᠎ᠪᠠᠨ ᠦᠵᠡᠬᠦᠯᠵᠡᠢ ᠬᠡᠵᠦ ᠦᠨᠡᠯᠡᠵᠦ ᠪᠤᠯᠤᠨ᠎ᠠ᠃
    ᠨᠠᠮᠠᠭ᠎ᠠ ᠨᠠᠰᠤᠲᠠᠨ ᠪᠠᠰᠠ ᠰᠢᠨᠡᠴᠢᠯᠡᠯ ᠡᠬᠦᠳᠦᠯᠲᠡ᠎ᠲᠠᠢ ᠠᠵᠢᠯᠯᠠᠬᠤ ᠵᠢ ᠵᠤᠷᠢᠳᠠᠭ ᠬᠦᠮᠦᠨ ᠶᠤᠮ᠃ ᠲᠡᠷᠡ ᠪᠦᠬᠦ ᠭᠠᠴᠠᠭ᠋ᠠᠨ᠎ᠤ ᠮᠠᠯ᠎ᠤᠨ ᠡᠭᠦᠯᠳᠡᠷ ᠰᠠᠢ᠌ᠵᠢᠷᠠᠭᠤᠯᠬᠤ ᠠᠵᠢᠯ᠎ᠢ ᠬᠢᠬᠦ ᠶᠠᠪᠤᠴᠠ᠎ᠳᠤ᠎ᠪᠠᠨ ᠭᠣᠣᠯᠳᠠᠭᠤ ᠤᠷᠤᠰ᠎ᠤᠨ ᠰᠠᠢ᠌ᠨ ᠡᠭᠦᠯᠳᠡᠷ᠎ᠤᠨ ᠢᠴᠡᠬᠡᠯᠡᠭᠦᠯᠦᠭᠰᠡᠨ ᠦᠷ᠎ᠡ᠎ᠪᠠᠷ ᠪᠤᠭ ᠮᠠᠯ᠎ᠤᠨ ᠬᠡᠭᠡᠯᠳᠦᠭᠦᠯᠭᠡ ᠬᠢᠬᠦ ᠡᠭᠦᠷᠭᠡ ᠵᠢ ᠭᠡᠷ ᠬᠤᠲᠠᠯᠠᠭ᠋ᠠᠷ ᠵᠶ᠋ᠠᠨ ᠵᠣᠷᠢᠭ᠎ᠲᠠᠢ ᠳᠠᠭ᠋ᠠᠭ᠋ᠠᠵᠤ ᠠᠪᠤᠭ᠋ᠠᠳ᠂ ᠪᠤᠰᠤᠳ᠎ᠠᠴᠠ ᠲᠦᠷᠦᠬᠦᠯᠦᠨ ᠲᠤᠷᠰᠢᠨ ᠬᠢᠭᠡᠳ ᠦᠯᠡᠮᠵᠢ ᠶᠡᠬᠡ ᠦᠷ᠎ᠡ ᠪᠦᠲᠦᠮᠵᠢ ᠵᠢ ᠤᠯᠤᠭᠰᠠᠨ ᠶᠤᠮ᠃   ᠢᠩᠬᠢᠵᠦ ᠮᠠᠯ᠎ᠤᠨ ᠡᠬᠦᠯᠳᠡᠷ ᠰᠠᠢ᠌ᠵᠢᠷᠠᠭᠤᠯᠬᠤ ᠠᠵᠢᠯ᠎ᠢ ᠠᠷᠪᠠ ᠰᠢᠬᠠᠮ ᠵᠢᠯ ᠪᠠᠷᠢᠮᠳᠠᠯᠠᠭᠰᠠᠨ᠎ᠠᠴᠠ ᠳᠡᠭᠡᠲᠦ ᠱᠠᠳᠤᠨ᠎ᠤ ᠦᠨᠳᠦᠷ ᠦᠨᠡᠯᠡᠯᠲᠡ ᠪᠤᠯᠤᠨ ᠬᠠᠪᠢ ᠵᠢᠨ ᠮᠠᠯᠴᠢᠳ᠎ᠤᠨ ᠵᠶ᠋ᠠᠨ ᠮᠠᠭᠲᠠᠭ᠋ᠠᠯ ᠰᠠᠢ᠌ᠰᠢᠶᠠᠯ᠎ᠢ ᠶᠡᠬᠡᠲᠡ ᠬᠦᠷᠳᠡᠭᠰᠡᠨ ᠪᠠᠢ᠌ᠵᠠᠢ᠃   ᠲᠡᠷᠡ ᠬᠤᠰᠢᠭᠤ᠂ ᠠᠢ᠌ᠮᠠᠭ᠂ ᠤᠷᠤᠨ ᠪᠠ ᠤᠯᠤᠰ᠎ᠤᠨ ᠳᠠᠰ᠎ᠤᠨ 《ᠦᠨᠳᠦᠰᠦᠲᠡᠨ᠎ᠤ ᠪᠦᠯᠬᠦᠮᠳᠡᠯ ᠳᠠᠪᠰᠢᠯᠲᠠ》 ᠵᠢᠨ ᠬᠤᠪᠢ ᠬᠦᠮᠦᠨ ᠵᠶ᠋ᠡᠷ ᠲᠤᠰ ᠲᠤᠰ ᠱᠠᠩᠨᠠᠭᠳᠠᠭᠰᠠᠨ ᠨᠠᠨᠳᠢᠨ ᠭᠢᠯᠪᠠᠭ᠎ᠠ ᠨᠠᠷᠮᠠᠢ ᠠᠯᠳᠠᠷ᠎ᠲᠠᠢ ᠪᠢᠯᠡ᠃
    ᠨᠠᠮᠠᠭ᠎ᠠ ᠨᠠᠰᠤᠲᠠᠨ ᠣᠣᠯ᠎ᠠᠴᠠ᠎ᠪᠠᠨ ᠤᠬᠠᠭ᠋ᠠᠨ ᠲᠤᠩᠭ᠋ᠠᠯᠠᠭ ᠤᠷᠠᠨ ᠳᠠᠷᠬᠠᠨ   ᠤᠶᠤᠳᠠᠯᠴᠢᠨ ᠬᠦᠮᠦᠨ᠎ᠤ ᠨᠢᠭᠡ᠎ᠨᠢ ᠪᠢᠯᠡ᠃   ᠲᠡᠢ᠌ᠮᠦ᠎ᠠᠴᠠ ᠬᠤᠰᠢᠭᠤ ᠵᠠᠰᠠᠭ᠎ᠤᠨ ᠤᠷᠳᠤᠨ᠎ᠠᠴᠠ ᠤᠯᠭᠤᠭᠰᠠᠨ 《ᠪᠠᠷᠭᠤ ᠨᠤᠲᠤᠭ᠎ᠤᠨ ᠡᠮᠡᠭᠲᠡᠢ ᠴᠢᠳᠠᠪᠤᠷᠢᠲᠠᠨ  》 ᠬᠡᠮᠡᠬᠦ ᠳᠠᠷᠬᠠᠨ ᠴᠤᠯᠠ ᠵᠢ ᠬᠦᠷᠳᠡᠵᠦ ᠦᠩᠭᠡᠷᠡᠭᠰᠡᠨ ᠶᠤᠮ᠃ ᠲᠡᠷᠡ ᠵᠢᠯ᠎ᠤᠨ ᠳᠦᠷᠪᠡᠨ ᠤᠯᠠᠷᠢᠯ᠎ᠳᠤ ᠭᠡᠷ ᠪᠦᠯᠢ ᠬᠢᠭᠡᠳ ᠠᠬ᠎ᠠ ᠳᠡᠭᠦᠦ ᠲᠦᠷᠦᠯ ᠰᠠᠳᠣᠨ ᠵᠶ᠋ᠠᠨ ᠦᠨᠳᠦᠰᠦᠲᠡᠨ᠎ᠤ ᠬᠡᠪ ᠨᠠᠮᠪᠠ᠎ᠲᠠᠢ ᠬᠤᠪᠴᠠᠰᠤ ᠬᠤᠨᠠᠷ ᠵᠶ᠋ᠠᠷ ᠭᠤᠶᠤᠯᠠᠭᠤᠯᠬᠤ᠎ᠪᠠᠷ ᠦᠯᠦ ᠪᠠᠷᠠᠮ ᠦᠪᠡᠷ᠎ᠤᠨ ᠤᠷᠠᠨ ᠰᠡᠳᠭᠢᠮᠵᠢ᠎ᠪᠠᠷ ᠵᠶ᠋ᠡᠨ ᠦᠨᠳᠦᠰᠦᠲᠡᠨ᠎ᠤ ᠤᠯᠠᠮᠵᠢᠯᠠᠯᠲᠦ ᠬᠤᠪᠴᠠᠰᠦ ᠵᠠᠰᠠᠯ᠎ᠳᠤ ᠰᠢᠨᠡᠴᠢᠯᠡᠯ ᠤᠷᠤᠭᠤᠯᠤᠨ ᠪᠦᠲᠦᠭᠡᠭᠰᠡᠨ ᠪᠠᠷᠭᠤ ᠳᠡᠪᠡᠯ᠂ ᠪᠠᠷᠭᠤ ᠲᠡᠷᠯᠢᠭ᠂ ᠰᠦᠭᠡᠬᠡᠢ ᠭᠤᠲᠤᠯ ᠵᠡᠷᠭᠡ ᠠᠯᠳᠠᠷᠲᠤ ᠪᠦᠲᠦᠭᠡᠯ᠎ᠨᠢ ᠬᠤᠰᠢᠭᠤ ᠠᠢ᠌ᠮᠠᠭ᠎ᠤᠨ ᠮᠦᠽᠸᠢ ᠵᠢᠨ ᠦᠵᠡᠭᠦᠯᠭᠡ᠎ᠳᠤ ᠳᠡᠯᠭᠡᠭᠳᠡᠭᠰᠡᠨ ᠤᠳᠠᠭ᠎ᠠ᠎ᠲᠠᠢ᠃ ᠲᠡᠷᠡ ᠣᠳᠣ ᠬᠥᠯ ᠨᠢᠷᠤᠭᠤᠨ᠎ᠤ ᠬᠦᠨᠳᠦ ᠡᠪᠡᠳᠴᠢᠨ᠎ᠤ ᠬᠠᠷᠠᠭ᠎ᠠ᠎ᠠᠴᠠ ᠪᠤᠯᠵᠤ᠂ ᠮᠠᠯᠴᠢᠨ᠎ᠤ ᠠᠵᠢᠯ 《ᠬᠥᠯ ᠨᠢᠴᠦᠭᠦᠨ ᠡᠮᠴᠢ》 ᠪᠤᠯᠤᠨ ᠡᠮᠡᠭᠲᠡᠢ᠌ᠴᠦᠳ᠎ᠤᠨ ᠬᠤᠯᠪᠤᠭ᠎ᠠ ᠁ ᠵᠡᠷᠭᠡ ᠠᠵᠢᠯ᠎ᠠᠴᠠ᠎ᠪᠠᠨ ᠳᠠᠷᠬᠠᠯᠠᠭᠳᠠᠭ᠋ᠠᠳ ᠬᠤᠰᠢᠭᠤᠨ ᠲᠥᠪ ᠳᠡᠭᠡᠷ᠎ᠡ ᠰᠠᠭᠤᠵᠤ ᠪᠠᠢ᠌ᠭ᠎ᠠ ᠪᠤᠯᠪᠠᠴᠦ ᠡᠪᠡᠳᠴᠢᠨ᠎ᠤ ᠪᠠᠢ᠌ᠳᠠᠯ ᠭᠠᠢ᠌ᠭᠤᠢ ᠦᠶ᠎ᠡ᠎ᠳᠤ᠎ᠪᠠᠨ ᠨᠤᠳᠤᠭ᠎ᠤᠨ ᠤᠶᠤᠳᠠᠯᠴᠢᠳ᠎ᠢ᠎ᠪᠠᠨ ᠵᠤᠬᠢᠶᠠᠨ ᠪᠠᠢ᠌ᠭᠤᠯᠤᠨ᠂ ᠤᠶᠤᠳᠠᠯ᠎ᠤᠨ ᠦᠢ᠍ᠯᠡᠰ᠎ᠤᠨ ᠦᠢ᠍ᠯᠡᠴᠢᠯᠡᠭᠡ ᠬᠠᠩᠭ᠋ᠠᠨ᠂ ᠤᠶᠤᠳᠠᠯᠴᠢᠨ᠎ᠤ ᠤᠷ᠎ᠠ ᠠᠪᠢᠶᠠᠰ ᠵᠶ᠋ᠠᠨ ᠤᠯᠠᠮᠵᠢᠯᠠᠵᠤ ᠰᠠᠭᠤᠨ᠎ᠠ  ᠁ ᠨᠠᠮᠠᠭ᠎ᠠ ᠨᠠᠰᠤᠲᠠᠨ ᠶᠤᠰᠤᠲᠠᠢ ᠯᠡ   ᠠᠷᠠᠳ ᠤᠯᠠᠨ᠎ᠤ 《  ᠡᠷᠡᠬᠦᠯ ᠡᠩᠭᠡ ᠵᠢᠨ ᠡᠯᠴᠢ》᠂ 《ᠶᠠᠳᠠᠭᠤ᠎ᠠᠴᠠ ᠠᠩᠬᠢᠵᠢᠷᠠᠭᠤᠯᠤᠭᠴᠢ ᠵᠢᠨ ᠵᠢᠳᠬᠦᠯᠳᠡᠨ》 ᠮᠦᠷᠳᠡᠭᠡᠨ 《ᠰᠤᠶᠤᠯ᠎ᠤᠨ ᠦᠪ᠎ᠤᠨ ᠤᠯᠠᠮᠵᠢᠯᠠᠭᠴᠢ》 ᠭᠡᠵᠦ ᠦᠨᠳᠦᠷ ᠵᠶ᠋ᠠᠷ ᠦᠨᠡᠯᠡᠨ ᠲᠠᠨᠢᠯᠴᠠᠭᠤᠯᠵᠦ ᠪᠤᠯᠤᠨ᠎ᠠ᠃
ᠬᠠᠨᠴᠣᠢ ᠰᠢᠮᠠᠯᠠᠨ ᠬᠠᠲᠠᠭᠤᠵᠢᠯᠲᠠᠢ ᠠᠵᠢᠯᠯᠠᠳᠠᠭ ᠨᠠᠮᠠᠭ᠎ᠠ ᠨᠠᠰᠤᠲᠠᠨ ᠨᠠᠮ᠎ᠤᠨ ᠭᠡᠰᠢᠭᠦᠨ᠎ᠤ ᠡᠭᠦᠷᠭᠡ ᠬᠠᠷᠢᠭᠤᠴᠠᠯᠭ᠎ᠠ ᠵᠢ ᠴᠢᠩᠭ᠎ᠠ ᠵᠢᠷᠤᠮᠯᠠᠨ᠂ ᠪᠡᠶ᠎ᠡ᠎ᠪᠠᠷ ᠵᠶ᠋ᠠᠨ ᠬᠡᠪ ᠲᠦᠷᠢᠮ ᠪᠤᠯᠤᠨ ᠠᠵᠢᠯᠯᠠᠳᠠᠭ᠎ᠠᠴᠠ ᠨᠠᠮ ᠵᠠᠰᠠᠭ ᠬᠢᠭᠡᠳ ᠠᠷᠠᠳ ᠤᠯᠠᠨ᠎ᠤ ᠢᠳᠡᠭᠡᠯ ᠬᠦᠨᠳᠦ ᠵᠢ ᠬᠦᠷᠳᠡᠭᠰᠡᠭᠡᠷ ᠢᠷᠡᠵᠡᠢ᠃ ᠲᠡᠷᠡ ᠤᠷᠢᠳ ᠬᠣᠵᠢᠳ ᠰᠣᠮᠣ ᠱᠠᠲᠣᠨ᠎ᠤ ᠠᠷᠠᠳ᠎ᠤᠨ ᠲᠦᠯᠦᠭᠡᠯᠡᠭᠴᠢ᠎ᠪᠠᠷ 5 ᠤᠳᠠᠭ᠎ᠠ᠂ ᠬᠤᠰᠢᠭᠤ ᠱᠠᠲᠤᠨ᠎ᠤ ᠠᠷᠠᠳ᠎ᠤᠨ ᠲᠦᠯᠦᠭᠡᠯᠡᠭᠴᠢ᠎ᠪᠠᠷ 4 ᠤᠳᠠᠭ᠎ᠠ᠂   ᠨᠠᠮ᠎ᠤᠨ ᠲᠦᠯᠦᠭᠡᠯᠡᠭᠴᠢ᠎ᠪᠠᠷ 5 ᠤᠳᠠᠭ᠎ᠠ᠂ ᠬᠤᠰᠢᠭᠤ ᠱᠠᠲᠤᠨ᠎ᠤ ᠤᠯᠤᠰ ᠲᠦᠷᠦ ᠵᠢᠨ ᠵᠦᠪᠯᠡᠯᠭᠡᠨ᠎ᠤ ᠭᠡᠰᠢᠭᠦᠨ ᠵᠶ᠋ᠡᠷ 3   ᠤᠳᠠᠭ᠎ᠠ ᠲᠤᠰ ᠲᠤᠰ ᠤᠷᠤᠯᠴᠠᠵᠦ ᠦᠩᠭᠡᠷᠡᠪᠡ᠃ ᠨᠠᠮ ᠵᠠᠰᠠᠭ ᠠᠷᠠᠳ ᠲᠦᠮᠡᠨ᠎ᠤ ᠲᠦᠯᠦᠭᠡ ᠲᠠᠰᠤᠷᠠᠯᠲᠠ ᠦᠭᠡᠢ ᠴᠢᠷᠮᠠᠢ᠌ᠨ ᠠᠵᠢᠯᠯᠠᠭᠰᠠᠭ᠋ᠠᠷ ᠪᠠᠢ᠌ᠵᠤ᠂ ᠠᠵᠢᠯ ᠦᠢ᠍ᠯᠡᠰ᠎ᠤᠨ ᠠᠯᠲᠠᠨ ᠳᠦᠷᠦᠭᠡ᠎ᠪᠠᠨ ᠣᠳᠣ ᠴᠦ᠍ ᠭᠡᠰᠡᠨ ᠴᠢᠩᠭ᠋ᠠᠯᠠᠨ  ᠂   ᠨᠠᠨᠳᠢᠨ ᠭᠢᠯᠪᠠᠭ᠎ᠠ᠎ᠪᠠᠨ ᠳᠠᠭᠤᠷᠢᠰᠤᠭᠤᠯᠵᠦ ᠪᠠᠢ᠌ᠨ᠎ᠠ᠃ ᠨᠠᠮ ᠪᠠᠢ᠌ᠭᠤᠯᠤᠭᠳᠠᠭᠰᠠᠨ100 ᠵᠢᠯ᠎ᠤᠨ ᠤᠢ ᠪᠤᠯᠵᠦ ᠪᠠᠢ᠌ᠭ᠎ᠠ ᠳᠤᠷᠠᠰᠬᠠᠯᠲᠦ ᠴᠠᠭ ᠮᠦᠴᠡ᠎ᠳᠤ ᠨᠠᠮᠠᠭ᠎ᠠ ᠨᠠᠰᠤᠲᠠᠨ᠎ᠤ ᠡᠭᠡᠯ ᠵᠢᠷ᠎ᠤᠨ ᠪᠤᠯᠪᠠᠴᠦ ᠡᠷᠬᠢᠮ ᠵᠢᠳᠬᠥᠯ᠎ᠢ᠎ᠨᠢ ᠲᠠᠨᠢᠯᠴᠠᠭᠤᠯᠤᠨ ᠪᠢᠴᠢᠬᠦ᠎ᠪᠠᠷ ᠳᠠᠮᠵᠢᠨ ᠲᠠᠬᠦᠨ᠎ᠤ ᠪᠢᠰᠢᠷᠡᠬᠦᠰᠢᠳᠡᠢ ᠦᠢ᠍ᠯᠡ ᠠᠵᠢᠯᠯᠠᠭ᠎ᠠ᠎ᠠᠴᠠ ᠮᠠᠨ᠎ᠤ ᠵᠠᠯᠠᠭᠤ ᠨᠢᠭᠡ ᠦᠶ᠎ᠡ ᠵᠢᠨ᠎ᠬᠢᠨ ᠵᠤᠷᠢᠭ ᠡᠷᠴᠢ᠎ᠪᠠᠨ ᠴᠢᠩᠭ᠋ᠠᠯᠠᠵᠦ ᠵᠢᠳᠬᠦᠯ ᠤᠷᠤᠯᠳᠤᠯᠭ᠎ᠠ᠎ᠲᠠᠢ ᠠᠵᠢᠯᠯᠠᠵᠦ ᠰᠤᠷᠤᠯᠴᠠᠶ᠎ᠠ ᠭᠡᠵᠦ ᠤᠷᠢᠶᠠᠯᠠᠶ᠎ᠠ᠃    
    ᠨᠠᠮ᠎ᠠ ᠨᠠᠰᠤᠲᠠᠨ ᠳᠠᠯᠠ ᠭᠠᠷᠤᠢ ᠵᠢᠯ᠎ᠤᠨ ᠲᠤᠷᠰᠢᠲᠠ ᠠᠵᠢᠯᠯᠠᠵᠤ ᠠᠮᠢᠳᠤᠷᠠᠵᠤ ᠶᠠᠪᠤᠬᠤ᠎ᠳᠤ᠎ᠪᠠᠨ ᠲᠡᠮᠡᠴᠡᠵᠦ ᠣᠯᠣᠭᠰᠠᠨ ᠭᠣᠣᠯ ᠪᠤᠯᠬᠤ ᠮᠠᠭᠲᠠᠨ ᠱᠠᠭᠰᠢᠭᠤᠰᠢᠲᠠᠢ ᠢᠷᠠᠭᠤ ᠠᠯᠳᠠᠷ᠂ ᠨᠠᠨᠳᠢᠨ ᠭᠢᠯᠪᠠᠭ᠎ᠠ ᠵᠢ᠎ᠨᠢ ᠲᠤᠤᠷᠠᠬᠢ ᠮᠡᠲᠦ ᠲᠤᠯᠢᠯᠠᠭᠤᠯᠤᠮᠠᠷ ᠪᠠᠢ᠌ᠨ᠎ᠠ᠃
  ※1990 ᠣᠨ᠎ᠤ10 ᠰᠠᠷ᠎ᠠ᠎ᠳᠤ᠂ ᠪᠦᠬᠦ ᠤᠯᠤᠰ᠎ᠤᠨ  《ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠲᠡᠷᠢᠭᠦᠨ᠎ᠤ ᠬᠤᠪᠢ ᠬᠦᠮᠦᠨ》 ᠵᠶ᠋ᠡᠷ ᠲᠤᠳᠤᠷᠠᠨ ᠠᠯᠲᠠᠨ ᠮᠸᠲᠯ ᠵᠶ᠋ᠡᠷ ᠡᠩᠭᠡᠷ ᠵᠶ᠋ᠡᠨ ᠮᠢᠯᠢᠶᠠᠯᠭ᠋ᠠᠵᠤ ᠤᠯᠤᠰ᠎ᠤᠨ ᠳᠡᠰ᠎ᠤᠨ ᠴᠤᠯᠠ ᠵᠢ ᠬᠦᠷᠲᠡᠵᠠᠢ᠃
   ※1990 ᠣᠨ᠎ᠳᠤ᠂ 《ᠬᠤᠶᠠᠷ᠎ᠢ ᠰᠣᠷᠴᠤ᠂ ᠬᠤᠶᠠᠷ᠎ᠢ ᠠᠳᠠᠯᠢᠳᠬᠠᠬᠤ》 ᠠᠵᠢᠯᠯᠠᠭ᠋ᠠᠨ᠎ᠤ ᠳᠤᠮᠳᠠ 《ᠡᠮᠡᠭᠲᠡᠢ ᠵᠣᠸᠠᠩᠶᠤᠸᠠᠨ》 ᠵᠶ᠋ᠠᠷ ᠰᠣᠩᠭᠤᠭᠳᠠᠵᠤ᠂ ᠬᠤᠰᠢᠭᠤ ᠱᠠᠲᠣᠨ᠎ᠤ ᠬᠦᠬᠢᠭᠦᠯᠦᠯ᠎ᠢ ᠬᠦᠷᠲᠡᠵᠠᠢ᠃
   ※1997 ᠣᠨ᠎ᠤ 7 ᠰᠠᠷ᠎ᠠ᠎ᠳᠤ᠂ ᠪᠦᠬᠦ ᠤᠷᠤᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠲᠡᠷᠢᠭᠦᠨ᠎ᠤ ᠬᠤᠪᠢ ᠬᠦᠮᠦᠨ ᠵᠶ᠋ᠡᠷ ᠲᠤᠳᠤᠷᠠᠵᠤ ᠠᠯᠲᠠᠨ ᠮᠸᠲᠯ᠎ᠢ ᠭᠢᠯᠠᠯᠵᠠᠭᠤᠯᠤᠨ᠂ ᠤᠷᠤᠨ᠎ᠤ ᠳᠠᠰ᠎ᠤᠨ ᠢᠷᠠᠭᠤ ᠠᠯᠳᠠᠷ᠎ᠤᠨ ᠦᠨᠡᠮᠯᠡᠯ᠎ᠢ ᠣᠯᠵᠠᠢ᠃
   ※1991 ᠣᠨ᠎ᠤ 6 ᠰᠠᠷ᠎ᠠ᠎ᠳᠤ᠂   ᠬᠦᠯᠦᠨ ᠪᠤᠢ᠌ᠷ ᠠᠢ᠌ᠮᠠᠭ᠎ᠤᠨ ᠮᠠᠯᠵᠢᠬᠤ ᠤᠷᠤᠨ᠎ᠤ ᠬᠡᠪᠴᠢᠶᠡᠨ᠎ᠳᠤ 《ᠡᠮᠡᠭᠲᠡᠢ ᠴᠢᠳᠠᠪᠤᠷᠢᠲᠠᠨ》 ᠵᠶ᠋ᠠᠷ ᠦᠨᠡᠯᠡᠭᠳᠡᠨ᠂ ᠠᠢ᠌ᠮᠠᠭ᠎ᠤᠨ ᠳᠡᠰ᠎ᠤᠨ ᠢᠷᠠᠭᠤ ᠠᠯᠳᠠᠷ᠎ᠤᠨ ᠱᠠᠩᠨᠠᠯ ᠦᠨᠡᠮᠯᠡᠯ᠎ᠢ ᠭᠠᠷᠳᠠᠵᠠᠢ᠃
    ※1992 ᠣᠨ᠎ᠤ 3 ᠰᠠᠷ᠎ᠠ᠎ᠳᠤ᠂ ᠡᠮᠡᠭᠲᠡᠢ᠌ᠴᠦᠳ᠎ᠤᠨ ᠠᠵᠢᠯ᠎ᠤᠨ ᠲᠠᠯ᠎ᠠ᠎ᠪᠠᠷ ᠬᠢᠷᠢ ᠪᠦᠲᠦᠮᠵᠢ ᠳᠤᠪᠤᠢ᠌ᠮ᠎ᠠ ᠲᠤᠳᠤᠷᠠᠵᠤ᠂ ᠲᠡᠷᠢᠭᠦᠨ᠎ᠤ ᠡᠮᠡᠭᠲᠡᠢ᠌ᠴᠦᠳ᠎ᠤᠨ ᠠᠵᠢᠯᠲᠠᠨ ᠵᠶ᠋ᠠᠷ ᠠᠢ᠌ᠮᠠᠭ᠎ᠤᠨ ᠱᠠᠲᠣᠨ᠎ᠤ ᠬᠥᠬᠢᠭᠥᠯᠥᠯ ᠱᠠᠩᠨᠠᠯ᠎ᠢ ᠬᠦᠷᠲᠡᠪᠡ᠃
    ※1992 ᠣᠨ᠎ᠤ 6 ᠰᠠᠷ᠎ᠠ᠎ᠳᠤ᠂ ᠰᠣᠮᠣ ᠪᠠᠢ᠌ᠭᠤᠯᠤᠭᠳᠠᠭᠰᠠᠨ 30 ᠵᠢᠯ᠎ᠤᠨ ᠤᠢ ᠵᠢᠨ ᠠᠷᠠᠳ᠎ᠤᠨ ᠶᠡᠬᠡ ᠨᠠᠭ᠋ᠠᠳᠤᠮ ᠳᠡᠭᠡᠷ᠎ᠡ 《ᠪᠤᠭ ᠮᠠᠯ᠎ᠤᠨ ᠵᠣᠬᠢᠶᠠᠮᠠᠯ ᠬᠡᠭᠡᠯᠳᠦᠭᠦᠯᠭᠡ ᠬᠢᠭᠰᠡᠨ ᠲᠡᠷᠢᠭᠦᠨ᠎ᠤ ᠡᠷᠦᠬᠡ》᠎ᠪᠠᠷ ᠰᠣᠮᠣᠨ᠎ᠤ ᠨᠠᠮ ᠵᠠᠰᠠᠭ᠎ᠤᠨ ᠬᠦᠨᠳᠦ ᠱᠠᠩᠨᠠᠯ ᠪᠣᠯᠣᠨ ᠬᠦᠬᠢᠭᠦᠯᠦᠯ ᠦᠨᠡᠮᠯᠡᠯ᠎ᠢ ᠬᠦᠷᠲᠡᠵᠠᠢ᠃
   ※1992 ᠣᠨ᠎ᠤ 7 ᠰᠠᠷ᠎ᠠ᠎ᠳᠤ᠂ ᠮᠠᠯ ᠠᠵᠤ ᠠᠬᠤᠢ ᠵᠢᠨ ᠹᠷᠤᠨᠲ ᠳᠡᠭᠡᠷ᠎ᠡ ᠳᠤᠪᠤᠢ᠌ᠮ᠎ᠠ ᠠᠮᠵᠢᠯᠲᠠ ᠭᠠᠷᠭ᠋ᠠᠨ 《ᠬᠦᠳᠡᠯᠮᠦᠷᠢ ᠵᠢᠨ ᠵᠢᠱ᠌ᠢᠶᠡᠴᠢ》 ᠭᠡᠬᠦ ᠬᠤᠰᠢᠭᠤᠨ᠎ᠤ ᠨᠠᠮ ᠵᠠᠰᠠᠭ᠎ᠤᠨ ᠱᠠᠩᠨᠠᠯ ᠬᠦᠬᠢᠭᠦᠯᠦᠯ ᠬᠦᠷᠲᠡᠵᠠᠢ᠃
   ※1993 ᠣᠨ᠎ᠤ10   ᠰᠠᠷ᠎ᠠ᠎ᠳᠤ᠂ ᠨᠠᠮ᠎ᠤᠨ ᠠᠵᠢᠯ᠎ᠳᠤ ᠬᠢᠷᠢ ᠪᠦᠲᠦᠮᠵᠢ ᠦᠨᠳᠦᠷ ᠪᠠᠢ᠌ᠵᠤ᠂ ᠰᠢᠯᠢᠳᠡᠭ ᠨᠠᠮ᠎ᠤᠨ ᠭᠡᠰᠢᠭᠦᠨ ᠵᠶ᠋ᠡᠷ ᠰᠣᠩᠭᠤᠭᠳᠠᠨ᠂ ᠬᠤᠰᠢᠭᠤ ᠱᠠᠲᠣᠨ᠎ᠤ ᠢᠷᠠᠭᠤ ᠠᠯᠳᠠᠷ᠎ᠤᠨ ᠦᠨᠡᠮᠯᠡᠯ᠎ᠢ ᠬᠦᠷᠲᠡᠪᠡ᠃
   ※1993 ᠣᠨ᠎ᠳᠤ᠂  《ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠲᠡᠷᠢᠭᠦᠨ᠎ᠤ ᠬᠤᠪᠢ ᠬᠦᠮᠦᠨ》 ᠵᠶ᠋ᠡᠷ ᠳᠤᠳᠤᠷᠠᠨ᠂ ᠠᠢ᠌ᠮᠠᠭ᠎ᠤᠨ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠤ ᠦᠨᠡᠮᠯᠡᠯ᠎ᠢ ᠭᠠᠷᠳᠠᠪᠠ᠃
    ※1994 ᠣᠨ᠎ᠤ 3 ᠰᠠᠷ᠎ᠠ᠎ᠳᠤ᠂ 《ᠬᠤᠶᠠᠷ᠎ᠢ ᠰᠤᠷᠴᠤ᠂ ᠬᠤᠶᠠᠷ᠎ᠢ ᠠᠳᠠᠯᠢᠳᠬᠠᠬᠤ᠂ ᠪᠠᠶᠠᠵᠢᠨ ᠴᠢᠨᠡᠭᠡᠯᠢᠭᠵᠢᠭᠥ》 ᠠᠵᠢᠯᠯᠠᠭ᠋ᠠᠨ᠎ᠤ ᠳᠤᠮᠳᠠ ᠳᠤᠪᠤᠢ᠌ᠮ᠎ᠠ ᠠᠮᠵᠢᠯᠲᠠ ᠭᠠᠷᠭ᠋ᠠᠨ᠂ ᠬᠤᠰᠢᠭᠤᠨ᠎ᠤ ᠡᠮᠡᠭᠲᠡᠢ᠌ᠴᠦᠳ᠎ᠤᠨ   ᠬᠤᠯᠪᠤᠭ᠋ᠠᠲᠤ ᠬᠤᠷᠠᠯ᠎ᠤᠨ ᠱᠠᠩᠨᠠᠯ ᠪᠠ ᠦᠨᠡᠮᠯᠡᠯ᠎ᠢ   ᠣᠯᠵᠠᠢ᠃
     ※1995 ᠣᠨ᠎ᠳᠤ᠂ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠠᠵᠢᠯᠯᠠᠭ᠋ᠠᠨ᠎ᠤ ᠳᠤᠮᠳᠠ 《ᠲᠡᠷᠢᠭᠦᠨ᠎ᠤ ᠬᠤᠪᠢ ᠬᠦᠮᠦᠨ》 ᠵᠶ᠋ᠡᠷ ᠬᠤᠰᠢᠭᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ᠎ᠤ ᠢᠷᠠᠭᠤ ᠠᠯᠳᠠᠷ᠎ᠤᠨ ᠦᠨᠡᠮᠯᠡᠯ᠎ᠢ ᠬᠥᠷᠲᠡᠵᠠᠢ᠃
    ※ 1996 ᠣᠨ᠎ᠤ 8 ᠰᠠᠷ᠎ᠠ᠎ᠳᠤ᠂ ᠪᠦᠬᠦ ᠬᠤᠰᠢᠭᠤᠨ᠎ᠤ 《ᠰᠢᠯᠢᠳᠡᠭ ᠺᠠᠳ᠋ᠷ ᠪᠤᠯᠵᠤ᠂ ᠲᠡᠷᠢᠭᠦᠨ᠎ᠤ ᠬᠠᠮᠲᠤ ᠨᠡᠢ᠌ᠲᠡ ᠵᠢ ᠪᠤᠢ ᠪᠤᠯᠭ᠋ᠠᠬᠤ》 ᠠᠵᠢᠯᠯᠠᠭ᠋ᠠᠨ ᠳᠤᠮᠳᠠ ᠭᠢᠯᠠᠯᠵᠠᠭᠰᠠᠨ ᠠᠮᠵᠢᠯᠲᠠ ᠤᠯᠤᠭᠰᠠᠨ ᠲᠤᠯᠠ 《ᠰᠢᠯᠢᠳᠡᠭ ᠡᠮᠡᠭᠲᠡᠢ᠌ᠴᠦᠳ᠎ᠤᠨ ᠠᠵᠢᠯᠲᠠᠨ》 ᠵᠶ᠋ᠠᠷ ᠰᠣᠩᠭᠤᠭᠳᠠᠨ᠂ ᠬᠤᠰᠢᠭᠤᠨ᠎ᠤ ᠡᠮᠡᠭᠲᠡᠢ᠌ᠴᠦᠳ᠎ᠤᠨ ᠬᠤᠯᠪᠤᠭ᠎ᠠ ᠵᠢᠨ ᠰᠠᠢ᠌ᠰᠢᠶᠠᠯ ᠦᠨᠡᠮᠯᠡᠯ᠎ᠢ ᠤᠯᠵᠠᠢ᠃
   ※1997 ᠣᠨ᠎ᠳᠤ᠂ ᠦᠪᠦᠷ ᠮᠤᠩᠭᠤᠯ ᠤᠷᠤᠨ ᠪᠠᠢ᠌ᠭᠤᠯᠤᠭᠳᠠᠭᠰᠠᠨ 50 ᠵᠢᠯ᠎ᠤᠨ ᠤᠢ ᠵᠢᠨ ᠪᠠᠶᠠᠷ ᠳᠡᠭᠡᠷ᠎ᠡ᠂ ᠪᠦᠬᠦ ᠣᠷᠣᠨ᠎ᠤ ᠲᠠᠪᠤᠳᠤᠭ᠋ᠠᠷ ᠤᠳᠠᠭ᠋ᠠᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠰᠠᠢ᠌ᠴᠦᠤᠯ᠎ᠢ ᠬᠦᠬᠢᠭᠦᠯᠦᠨ ᠰᠠᠢ᠌ᠰᠢᠶᠠᠬᠤ ᠶᠡᠬᠡ ᠬᠤᠷᠠᠯ᠎ᠳᠤ ᠪᠡᠶ᠎ᠡ᠎ᠪᠠᠷ ᠵᠶ᠋ᠡᠨ ᠤᠷᠤᠯᠴᠠᠭ᠋ᠠᠳ᠂ ᠦᠪᠦᠷ ᠮᠤᠩᠭᠤᠯ᠎ᠤᠨ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠤ ᠬᠦᠨᠳᠦ ᠱᠠᠩᠨᠠᠯ᠂ ᠭᠢᠯᠪᠠᠭ᠋ᠠᠲᠤ ᠦᠨᠡᠮᠯᠡᠯ᠎ᠢ ᠭᠠᠷᠳᠠᠵᠠᠢ᠃
    ※1986 ᠣᠨ ᠪᠤᠯᠤᠨ 1987 ᠣᠨ᠎ᠳᠤ᠂ 《ᠰᠢᠯᠢᠳᠡᠭ ᠪᠣᠯᠬᠣ᠎ᠪᠠᠷ ᠴᠢᠷᠮᠠᠢ᠌ᠵᠤ᠂ ᠲᠡᠷᠢᠭᠦᠨ᠎ᠤ᠎ᠬᠢ ᠵᠢ ᠪᠣᠢ ᠪᠣᠯᠭ᠋ᠠᠬᠤ》 ᠠᠵᠢᠯᠯᠠᠭ᠋ᠠᠨ ᠳᠤᠮᠳᠠ ᠪᠠᠶᠠᠷᠯᠠᠭᠤᠰᠢᠲᠠᠢ ᠠᠮᠵᠢᠯᠲᠠ᠂ ᠪᠠᠬᠠᠲᠤᠮ᠎ᠠ ᠪᠦᠲᠦᠮᠵᠢ ᠭᠠᠷᠭ᠋ᠠᠨ 《3.8》 ᠵᠢᠨ ᠤᠯᠠᠭ᠋ᠠᠨ ᠲᠤᠭᠴᠢ᠎ᠪᠠᠷ ᠰᠣᠩᠭᠣᠭᠳᠠᠵᠤ᠂ ᠬᠤᠰᠢᠭᠤᠨ᠎ᠤ ᠡᠮᠡᠭᠲᠡᠢ᠌ᠴᠦᠳ᠎ᠤᠨ ᠬᠤᠯᠪᠤᠭ᠎ᠠ ᠵᠢᠨ ᠬᠦᠬᠢᠭᠦᠯᠦᠯ ᠱᠠᠩᠨᠠᠯ᠎ᠢ ᠬᠦᠷᠲᠡᠵᠠᠢ᠃
    ※1997 ᠣᠨ᠎ᠤ 3 ᠰᠠᠷ᠎ᠠ᠎ᠳᠤ ᠪᠦᠬᠦ ᠠᠢ᠌ᠮᠠᠭ᠎ᠤᠨ ᠭᠤᠷᠪᠠᠳᠤᠭ᠋ᠠᠷ ᠤᠳᠠᠭ᠋ᠠᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠬᠤᠪᠢ ᠬᠦᠮᠦᠨ ᠵᠶ᠋ᠡᠷ ᠠᠢ᠌ᠮᠠᠭ᠎ᠤᠨ ᠱᠠᠲᠤᠨ᠎ᠤ ᠱᠠᠩᠨᠠᠯ ᠬᠦᠬᠢᠬᠦᠯᠦᠯ᠎ᠢ ᠣᠯᠵᠠᠢ᠃
    ※1997 ᠣᠨ ᠪᠣᠯᠣᠨ1998 ᠣᠨ᠎ᠳᠤ᠂ ᠰᠢᠯᠢᠳᠡᠭ ᠡᠮᠡᠭᠲᠡᠢ᠌ᠴᠦᠳ᠎ᠤᠨ ᠲᠦᠯᠦᠭᠡᠯᠡᠭᠴᠢᠳ᠎ᠤᠨ ᠬᠤᠷᠠᠯ᠎ᠤᠨ ᠡᠷᠬᠢᠯᠡᠭᠴᠢ᠎ᠪᠠᠷ ᠰᠣᠩᠭᠣᠭᠳᠠᠨ᠂ ᠠᠢ᠌ᠮᠠᠭ᠎ᠤᠨ ᠱᠠᠲᠣᠨ᠎ᠤ ᠦᠨᠡᠮᠯᠡᠯ᠎ᠢ ᠣᠯᠵᠠᠢ᠃
    ※1998 ᠣᠨ᠎ᠳᠤ᠂ ᠨᠠᠮᠠᠭ᠎ᠠ ᠨᠠᠰᠤᠲᠠᠨ᠎ᠤ ᠴᠦᠬᠦᠷᠡᠯ ᠦᠭᠡᠢ ᠵᠢᠳᠭᠥᠯ ᠪᠠ ᠬᠠᠯᠠᠰᠢᠷᠠᠯ ᠦᠭᠡᠢ ᠦᠢ᠍ᠯᠡᠳᠦᠯᠭᠡ᠎ᠪᠠᠷ ᠲᠡᠭᠦᠨ᠎ᠤ ᠠᠵᠢᠯᠯᠠᠵᠤ ᠠᠮᠢᠳᠤᠷᠠᠵᠤ ᠪᠠᠢ᠌ᠭ᠎ᠠ ᠠᠩᠬᠢᠷᠲᠦ ᠭᠠᠴᠠᠭ᠋ᠠᠨ᠎ᠤ ᠡᠮᠡᠭᠲᠡᠢ᠌ᠴᠦᠳ᠎ᠤᠨ ᠬᠤᠯᠪᠤᠭ᠋ᠠᠲᠤ ᠬᠤᠷᠠᠯ᠎ᠨᠢ ᠬᠠᠮᠲᠦ ᠨᠢᠭᠡᠴᠡ ᠵᠢᠨ ᠬᠤᠪᠢ ᠬᠦᠮᠦᠨ ᠵᠶ᠋ᠡᠷ ᠬᠣᠰᠢᠭᠤ᠂ ᠠᠢ᠌ᠮᠠᠭ᠎ᠤᠨ ᠲᠡᠷᠢᠭᠦᠨ᠎ᠤ ᠨᠢᠭᠡᠴᠡ ᠪᠣᠯᠵᠣ ᠬᠥᠬᠢᠭᠦᠯᠦᠯ ᠦᠨᠡᠮᠯᠡᠯ᠎ᠢ ᠬᠦᠷᠲᠡᠵᠠᠢ᠃
    ※2000 ᠣᠨ᠎ᠤ 9 ᠰᠠᠷ᠎ᠠ᠎ᠳᠤ᠂ ᠨᠠᠮᠠᠭ᠎ᠠ ᠨᠠᠰᠤᠲᠠᠨ ᠮᠦᠨ ᠯᠠ ᠪᠦᠬᠦ ᠠᠢ᠌ᠮᠠᠭ᠎ᠤᠨ  《ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠵᠢᠱ᠌ᠢᠶᠡᠴᠢ 》᠎ᠪᠠᠷ ᠠᠢ᠌ᠮᠠᠭ᠎ᠤᠨ ᠱᠠᠲᠤᠨ᠎ᠤ ᠦᠨᠡᠮᠯᠡᠯ᠎ᠢ ᠣᠯᠵᠣ ᠪᠢᠯᠡ᠃
     ※2005 ᠣᠨ᠎ᠤ ᠵᠣᠨ᠂ ᠠᠩᠬᠢᠷᠲᠦ ᠭᠠᠴᠠᠭ᠎ᠠ ᠪᠠᠢ᠌ᠭᠤᠯᠤᠭᠳᠠᠭᠰᠠᠨ45 ᠵᠢᠯ᠎ᠤᠨ ᠣᠢ ᠵᠢᠨ ᠪᠠᠶᠠᠷ᠎ᠢ ᠪᠡᠯᠭᠡᠯᠡᠬᠦ ᠠᠷᠠᠳ᠎ᠤᠨ ᠶᠡᠬᠡ ᠨᠠᠭ᠋ᠠᠳᠤᠮ ᠳᠡᠭᠡᠷ᠎ᠡ ᠡᠯ᠎ᠡ ᠲᠠᠯ᠎ᠠ᠎ᠪᠠᠷ ᠳᠤᠪᠤᠢ᠌ᠮ᠎ᠠ ᠲᠤᠳᠤᠷᠠᠵᠤ 《ᠲᠡᠷᠢᠭᠦᠨ᠎ᠤ ᠵᠢᠱ᠌ᠢᠶᠡᠴᠢ ᠬᠤᠪᠢ   ᠬᠦᠮᠦᠨ》 ᠵᠶ᠋ᠡᠷ ᠬᠥᠬᠢᠭᠦᠯᠦᠭᠳᠡᠨ ᠳᠡᠭᠡᠳᠦ ᠱᠠᠲᠣᠨ᠎ᠤ ᠤᠳᠤᠷᠢᠳᠤᠯᠭ᠎ᠠ ᠪᠤᠯᠤᠨ ᠭᠠᠴᠠᠭ᠋ᠠᠨ᠎ᠤ ᠳᠤᠲᠤᠨ᠎ᠠ ᠭᠠᠳᠠᠨᠠᠬᠢ ᠤᠯᠠᠨ ᠲᠦᠮᠡᠨ᠎ᠤ᠎ᠪᠠᠨ ᠡᠮᠦᠨ᠎ᠡ ᠬᠤᠸᠠᠷ ᠴᠡᠴᠡᠭ ᠵᠡᠭᠦᠭᠡᠳ᠂ ᠣᠪᠤᠭ᠎ᠠ ᠱᠠᠩᠨᠠᠯ ᠬᠦᠷᠲᠡᠵᠤ᠂ ᠣᠯᠠᠨ᠎ᠤ ᠮᠠᠭᠲᠠᠭ᠋ᠠᠯ᠎ᠤᠨ ᠳᠤᠮᠳᠠ ᠤᠷᠮ᠎ᠠ ᠵᠣᠷᠢᠭ᠎ᠨᠢ ᠨᠡᠩ ᠬᠦᠪᠴᠢᠯᠡᠭᠳᠡᠵᠡᠢ᠃
    (ᠡᠨᠳᠡ᠂ ᠨᠠᠮ᠎ᠠ ᠨᠠᠰᠤᠲᠠᠨ᠎ᠤ ᠨᠠᠰᠤᠨ ᠲᠤᠷᠰᠢᠲᠠ ᠨᠠᠨᠳᠢᠨ ᠭᠢᠯᠪᠠᠭ᠎ᠠ᠎ᠪᠠᠨ ᠭᠢᠯᠠᠯᠵᠠᠭᠤᠯᠵᠤ ᠢᠷᠡᠭᠰᠡᠨ 40 ᠰᠢᠬᠠᠮ ᠰᠠᠢ᠌ᠰᠢᠶᠠᠯ ᠬᠦᠬᠢᠭᠦᠯᠦᠯ ᠱᠠᠩᠨᠠᠯ ᠦᠨᠡᠮᠯᠡᠯ᠎ᠢ᠎ᠨᠢ ᠪᠦᠭᠦᠳᠡ ᠵᠢ᠎ᠨᠢ ᠳᠠᠭ᠋ᠠᠯᠳᠤᠭᠤᠯᠵᠤ ᠴᠢᠳᠠᠭ᠎ᠠ ᠦᠭᠡᠢ᠂ ᠵᠥᠪᠬᠡᠨ ᠲᠦᠯᠦᠭᠡᠯᠡᠭᠴᠢ ᠴᠢᠨᠠᠷ ᠪᠦᠬᠦᠢ ᠤᠯᠤᠰ ᠪᠤᠯᠤᠨ ᠣᠷᠣᠨ᠎ᠤ ᠱᠠᠲᠣᠨ᠎ᠤ ᠬᠦᠬᠢᠭᠦᠯᠦᠯ᠎ᠤᠨ ᠦᠨᠡᠮᠯᠡᠯ᠎ᠢ᠎ᠨᠢ ᠳᠠᠭ᠋ᠠᠯᠳᠤᠭᠤᠯᠵᠠᠢ᠃  )

                   
                    ᠵᠤᠬᠢᠶᠠᠭᠴᠢ ᠵᠢᠨ ᠬᠠᠶᠢᠭ᠄
                        ᠦᠪᠦᠷ   ᠮᠤᠩᠭᠤᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ
                        ᠬᠠᠷᠢᠶᠠᠲᠤ   ᠬᠤᠶᠠᠳᠤᠭ᠋ᠠᠷ ᠰᠤᠷᠭ᠋ᠠᠭᠤᠯᠢ  


ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠶᠠᠮᠤᠨ 2022 ᠣᠨ᠎ᠤ ᠪᠡᠭᠡᠵᠢᠩ᠎ᠤᠨ ᠡᠪᠦᠯ᠎ᠤᠨ ᠤᠯᠢᠮᠫᠢᠺ᠎ᠤᠨ ᠴᠤᠭᠯᠠᠭ᠋ᠠᠨ᠂ ᠡᠪᠦᠯ᠎ᠤᠨ ᠵᠡᠮᠳᠡᠭᠴᠦᠳ᠎ᠤᠨ ᠤᠯᠢᠮᠫᠢᠺ᠎ᠤᠨ ᠴᠤᠭᠯᠠᠭ᠋ᠠᠨ ᠬᠣᠲᠠ ᠵᠢᠨ ᠬᠤᠭᠤᠴᠠᠭ᠋ᠠᠨ᠎ᠳᠤ᠎ᠬᠢ ᠲᠡᠨᠤᠬᠦᠴᠢᠯᠡᠨ ᠭᠤᠢ᠌ᠷᠠᠨᠴᠢᠯᠠᠬᠰᠠᠳ᠎ᠢ ᠲᠤᠰᠠᠯᠠᠬᠤ ᠬᠠᠮᠢᠶᠠᠷᠤᠯᠲᠠ ᠵᠢᠨ ᠠᠵᠢᠯ᠎ᠢ ᠰᠤᠳᠤᠯᠤᠨ ᠪᠠᠶ᠋ᠢᠷᠢᠯᠠᠭᠤᠯᠪᠠ
ᠠᠷᠠᠳ᠎ᠤᠨ ᠶᠠᠪᠤᠳᠠᠯ᠎ᠤᠨ ᠶᠠᠮᠤᠨ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭ᠋ᠠᠨᠬᠠᠳᠠ ᠬᠣᠲᠠ ᠵᠢᠨ ᠬᠤᠩᠱ᠌ᠠᠨ ᠲᠣᠭᠣᠷᠢᠭ ᠵᠡᠷᠭᠡ ᠭᠠᠵᠠᠷ᠎ᠢ ᠪᠦᠬᠦ ᠤᠯᠤᠰ᠎ᠤᠨ ᠤᠷᠤᠭ᠎ᠤᠨ ᠵᠠᠡᠭᠰᠢᠯ᠎ᠤᠨ ᠦᠬᠡᠷᠡᠴᠢᠯᠡᠯᠳᠡ ᠵᠢᠨ ᠬᠤᠶᠠᠳᠠᠬᠢ ᠪᠦᠯᠦᠭ ᠲᠤᠷᠰᠢᠯᠳᠠ ᠵᠢᠨ ᠲᠤᠭᠤᠷᠢᠭ ᠵᠶ᠋ᠡᠷ ᠲᠤᠬᠳᠠᠭ᠋ᠠᠪᠠ
ᠠᠷᠪᠠᠨ ᠨᠢᠭᠡᠳᠦᠭᠡᠷ ᠬᠤᠭᠤᠴᠠᠭ᠋ᠠᠨ᠎ᠤ 《ᠳᠤᠮᠳᠠᠳᠤ ᠵᠢᠨ ᠨᠢᠭᠦᠯᠡᠰᠦᠩᠭᠦᠶ ᠵᠢᠨ ᠱᠠᠩᠨᠠᠯ》᠎ᠢ ᠰᠢᠯᠭ᠋ᠠᠷᠠᠭᠤᠯᠤᠨ ᠬᠥᠬᠢᠭᠦᠯᠬᠦ ᠶᠡᠬᠡ ᠬᠤᠷᠠᠯ ᠪᠡᠭᠡᠵᠢᠩ᠎ᠳᠤ ᠬᠤᠷᠠᠯᠳᠤᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠸᠡᠭ ᠨᠢᠦ᠂ ᠢᠯᠢ 《ᠬᠠᠨᠳᠢᠪ ᠡᠷᠬᠦᠭᠰᠡᠨ ᠠᠵᠤ ᠠᠬᠤᠶ᠋ᠢᠯᠠᠯ᠎ᠤᠨ ᠱᠠᠩᠨᠠᠯ》᠎ᠢ ᠭᠥᠷᠳᠡᠪᠡ
ᠦᠪᠡᠷᠳᠡᠭᠡᠨ ᠵᠠᠰᠠᠬᠤ ᠤᠷᠤᠨ᠎ᠤ ᠠᠷᠠᠳ ᠎ᠤᠨ ᠶᠠᠪᠤᠳᠠᠯ᠎ᠤᠨ ᠲᠢᠩᠬᠢᠮ ᠺᠠᠳ᠋ᠷᠴᠤᠳ᠎ᠤᠨ ᠶᠡᠬᠡ ᠬᠤᠷᠠᠯ ᠬᠤᠷᠠᠯᠳᠤᠭᠤᠯᠵᠤ ᠨᠠᠮ᠎ᠤᠨ ᠠᠷᠪᠠ ᠶᠢᠰᠤᠳᠤᠭᠡᠷ ᠬᠤᠭᠤᠴᠠᠭ᠋ᠠᠨ᠎ᠤ ᠲᠥᠪ ᠬᠤᠷᠢᠶᠠᠨ᠎ᠤ ᠵᠢᠷᠭᠤᠳᠤᠭ᠋ᠠᠷ ᠪᠥᠬᠥᠳᠡ ᠬᠤᠷᠠᠯ᠎ᠤᠨ ᠵᠤᠷᠢᠭ ᠰᠠᠨᠠᠭ᠎ᠠ ᠵᠢ ᠤᠯᠠᠮᠵᠢᠯᠠᠨ ᠰᠤᠷᠤᠯᠴᠠᠪᠠ
ᠠᠮᠤᠷ ᠠᠮᠤᠭᠤᠯᠠᠩ ᠳᠤᠮᠳᠠᠳᠤ ᠤᠯᠤᠰ᠎ᠤᠨ ᠪᠠᠶ᠋ᠢᠭᠤᠯᠤᠯᠲᠠ ᠵᠢᠨ ᠬᠥᠬᠢᠭᠦᠯᠦᠨ ᠰᠠᠶ᠋ᠢᠰᠢᠶᠠᠬᠤ ᠶᠡᠬᠡ ᠬᠤᠷᠠᠯ ᠲᠡᠬᠡᠷ᠎ᠡ ᠮᠠᠨ᠎ᠤ ᠣᠷᠣᠨ᠎ᠤ 4 ᠬᠠᠮᠲᠤ 3 ᠬᠤᠪᠢ ᠬᠥᠮᠦᠨ ᠬᠦᠬᠢᠬᠦᠯᠦᠭᠳᠡᠯ᠎ᠡ
 
            