ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠸᠠᠩ ᠢ ᠢᠷᠠᠨ ᠤᠯᠤᠰ᠎ᠤᠨ ᠭᠠᠳᠠᠭ᠋ᠠᠳᠤ ᠶᠠᠪᠤᠳᠠᠯ᠎ᠤᠨ ᠰᠠᠢ᠌ᠳ ᠽᠠᠷᠢᠹ᠎ᠲᠠᠢ ᠠᠭᠤᠯᠵᠠᠪᠠ
ᠨᠡᠶᠢᠲᠡᠯᠡᠭᠰᠡᠨ ᠴᠠᠭ᠄ 2019-02-22


     2 ᠳ᠋ᠤᠭ᠋ᠠᠷ ᠰᠠᠷ᠎ᠠ ᠵᠢᠨ 19᠎ᠤ ᠠ᠋ᠳᠤᠷ ᠲᠦᠷᠤ ᠵᠢᠨ ᠶᠠᠪᠤᠳᠠᠯ᠎ᠤᠨ ᠬᠡᠰᠢᠭᠦᠨ ᠪᠦᠭᠡᠳ ᠭᠠᠳᠠᠭ᠋ᠠᠳᠤ ᠶᠠᠪᠤᠳᠠᠯ᠎ᠤᠨ ᠰᠠᠢ᠌ᠳ ᠸᠠᠩ ᠢ ᠪᠡᠭᠡᠵᠢᠩ᠎ᠳᠤ ᠵᠦᠪᠯᠡᠯᠭᠡᠨ᠎ᠤ ᠬᠤᠷᠠᠯ᠎ᠤᠨ ᠳᠠᠷᠤᠭ᠎ᠠ ᠯᠠᠷᠢᠵᠡᠨᠢ ᠵᠢ ᠪᠠᠷᠠᠭ᠋ᠠᠳᠠᠨ ᠢᠷᠡᠭᠰᠡᠨ ᠢᠷᠠᠨ ᠤᠯᠤᠰ᠎ᠤᠨ ᠭᠠᠳᠠᠭ᠋ᠠᠳᠤ ᠶᠠᠪᠤᠳᠠᠯ᠎ᠤᠨ ᠰᠠᠢ᠌ᠳ ᠽᠠᠷᠢᠹ᠎ᠲᠠᠢ ᠠᠭᠤᠯᠵᠠᠪᠠ᠃
      ᠸᠠᠩ ᠢ᠂ ᠳᠤᠮᠳᠠᠳᠤ ᠪᠣᠯᠤᠨ ᠢᠷᠠᠨ ᠪᠣᠯ ᠪᠦᠷ ᠤᠷᠲᠤ ᠤᠳᠠᠭ᠋ᠠᠨ ᠵᠢᠯ᠎ᠤᠨ ᠪᠣᠯᠪᠠᠰᠤᠨ ᠤᠯᠠᠮᠵᠢᠯᠠᠯᠲᠤ ᠤᠯᠤᠰ ᠪᠣᠯᠣᠨ᠎ᠠ᠃ ᠨᠢᠭᠡ ᠦᠶ᠎ᠡ ᠨᠢᠭᠡ ᠶᠠᠪᠤᠳᠠᠯ᠎ᠤᠨ ᠦᠢ᠍ᠮᠡᠭᠡᠨ ᠳᠡᠪᠵᠢᠶᠡᠨ᠎ᠳᠤ ᠬᠠᠨᠳᠤᠬᠤ ᠪᠠᠢ᠌ᠯᠳᠤᠬᠤ ᠪᠣᠳᠤᠯᠭ᠎ᠠ ᠵᠢᠨ ᠣᠷᠣᠨ ᠵᠣᠭᠰᠣᠴᠠ᠎ᠪᠠᠨ ᠪᠠᠷᠢᠮᠲᠠᠯᠠᠵᠤ᠂ ᠬᠣᠯᠠ ᠵᠢ ᠬᠠᠷᠠᠨ᠂ ᠳᠤᠮᠳᠠᠳᠤ ᠢᠷᠠᠨ᠎ᠤ ᠬᠠᠮᠲᠤᠷᠠᠯᠴᠠᠭ᠋ᠠᠨ᠎ᠢ ᠬᠠᠮᠠᠭ᠋ᠠᠯᠠᠨ ᠬᠦᠭᠵᠢᠭᠦᠯᠵᠤ᠂ ᠬᠣᠶᠠᠷ ᠤᠯᠤᠰ᠎ᠤᠨ ᠪᠦᠬᠦ ᠲᠠᠯ᠎ᠠ ᠵᠢᠨ ᠪᠠᠢ᠌ᠯᠳᠤᠬᠤ ᠪᠣᠳᠤᠯᠭ᠎ᠠ ᠵᠢᠨ ᠬᠠᠨᠢ ᠬᠠᠮᠰᠠᠭ᠋ᠠᠲᠠᠨ᠎ᠤ ᠬᠠᠷᠢᠴᠠᠭ᠎ᠠ᠎ᠳᠤ ᠳᠠᠰᠤᠷᠠᠯ ᠦᠭᠡᠢ ᠰᠢᠨ᠎ᠡ ᠠᠭᠤᠯᠭ᠎ᠠ ᠨᠡᠮᠡᠷᠢᠯᠡᠭᠰᠡᠭᠡᠷ ᠢᠷᠡᠪᠡ᠃
      ᠽᠠᠷᠢᠹ᠂ ᠢᠷᠠᠨ᠎ᠤ᠎ᠬᠢᠨ ᠢᠷᠠᠨ ᠳᠤᠮᠳᠠᠳᠤ ᠵᠢᠨ ᠪᠦᠬᠦ ᠲᠠᠯ᠎ᠠ ᠵᠢᠨ ᠪᠠᠢ᠌ᠯᠳᠤᠬᠤ ᠪᠣᠳᠤᠯᠭ᠎ᠠ ᠵᠢᠨ ᠬᠠᠨᠢ ᠬᠠᠮᠰᠠᠭ᠋ᠠᠲᠠᠨ᠎ᠤ ᠬᠠᠷᠢᠴᠠᠭ᠎ᠠ ᠵᠢ ᠳᠡᠭᠡᠳᠤ ᠬᠡᠮᠵᠢᠶ᠎ᠡ᠎ᠪᠠᠷ ᠨᠠᠨᠳᠢᠩᠨᠠᠨ᠂ 〈〈ᠨᠢᠭᠡ ᠪᠦᠰᠡ ᠨᠢᠭᠡ ᠵᠠᠮ〉〉᠎ᠢ ᠬᠠᠮᠲᠤᠪᠡᠷ ᠪᠠᠢ᠌ᠭᠤᠯᠬᠤ ᠶᠠᠪᠤᠴᠠ᠎ᠳᠤ ᠢᠳᠡᠪᠬᠢᠲᠠᠢ ᠣᠷᠣᠯᠴᠠᠬᠤ ᠵᠢ ᠬᠦᠰᠡᠵᠤ ᠪᠠᠢ᠌ᠬᠤ ᠮᠦᠷᠳᠡᠭᠡᠨ ᠳᠤᠮᠳᠠᠳᠤ ᠵᠢᠨ᠎ᠬᠢᠨ᠎ᠢ ᠰᠢᠷᠢᠶ᠎ᠠ᠂ ᠢᠷᠠᠺ᠎ᠢ ᠰᠡᠷᠭᠦᠭᠡᠨ ᠪᠠᠢ᠌ᠭᠤᠯᠬᠤ ᠪᠠ ᠠᠹᠭ᠋ᠠᠨᠢᠰᠲ᠋ᠠᠨ᠎ᠤ ᠨᠠᠢ᠌ᠷᠠᠮᠳᠠᠯ᠎ᠤᠨ ᠠᠬᠢᠴᠠ ᠵᠡᠷᠭᠡ ᠵᠢ ᠪᠠᠭᠲᠠᠭ᠋ᠠᠭᠰᠠ ᠳᠤᠮᠳᠠᠳᠤ ᠳᠣᠷᠣᠨᠠᠲᠤ ᠭᠠᠵᠠᠷ ᠣᠷᠣᠨ᠎ᠤ ᠤᠴᠢᠷ ᠶᠠᠪᠤᠳᠠᠯ᠎ᠳᠤ ᠴᠢᠬᠤᠯᠠ ᠦᠢ᠍ᠯᠡᠳᠤᠯ ᠵᠶ᠋ᠠᠨ ᠦᠵᠡᠭᠦᠯᠬᠦ ᠵᠢ ᠤᠭᠲᠤᠵᠤ ᠪᠣᠢ᠃
      ᠬᠣᠶᠠᠷ ᠲᠠᠯ᠎ᠠ᠎ᠪᠠᠷ ᠵᠶ᠋ᠠᠨ ᠢᠷᠠᠨ᠎ᠤ ᠴᠦᠮ᠎ᠡ ᠵᠢᠨ ᠠᠰᠠᠭᠤᠳᠠᠯ᠎ᠤᠨ ᠪᠦᠬᠦ ᠲᠠᠯ᠎ᠠ ᠵᠢᠨ ᠵᠦᠪᠳᠡᠯᠴᠡᠭᠡᠷ᠎ᠲᠤ ᠰᠠᠨᠠᠯ ᠵᠶ᠋ᠠᠨ ᠰᠣᠯᠢᠯᠴᠠᠪᠠ᠃

ᠢᠷᠡᠯᠲᠡ᠄ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠬᠢᠳᠡᠳ ᠬᠡᠯᠡᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
ᠸᠠᠩ ᠢ ᠱᠠᠩᠬᠠᠢ ᠵᠢᠨ ᠬᠠᠮᠲᠤᠷᠠᠯᠴᠠᠭ᠋ᠠᠨ᠎ᠤ ᠵᠣᠬᠢᠶᠠᠨ ᠪᠠᠢ᠌ᠭᠤᠯᠤᠯᠲᠠ ᠵᠢᠨ ᠰᠢᠨ᠎ᠡ ᠨᠠᠷᠢᠨ ᠪᠢᠴᠢᠭ᠎ᠤᠨ ᠳᠠᠷᠤᠭ᠎ᠠ ᠨᠦᠸᠸ ᠯᠦᠸᠸ ᠹᠦ᠋᠎ᠲᠠᠢ ᠠᠭᠤᠯᠵᠠᠪᠠ
ᠸᠠᠩ ᠢ ᠶᠦᠨᠨᠠᠨ᠎ᠤ ᠳᠤᠮᠳᠠᠳᠤ ᠪᠢᠷᠮᠠ ᠵᠢᠨ ᠬᠢᠯᠢ᠎ᠪᠠᠷ ᠪᠠᠢ᠌ᠴᠠᠭ᠋ᠠᠨ ᠦᠵᠡᠪᠡ
ᠳᠤᠮᠳᠠᠳᠤ ᠣᠷᠣᠰ ᠡᠨᠡᠳᠬᠡᠭ᠎ᠤᠨ ᠭᠠᠳᠠᠭ᠋ᠠᠳᠤ ᠶᠠᠪᠤᠳᠠᠯ᠎ᠤᠨ ᠰᠠᠢ᠌ᠳ᠎ᠤᠨ ᠠᠷᠪᠠᠨ ᠵᠢᠷᠭᠤᠳᠤᠭ᠋ᠠᠷ ᠤᠳᠠᠭ᠎ᠠ ᠵᠢᠨ ᠠᠭᠤᠯᠵᠠᠯᠲᠠ ᠳᠤᠮᠳᠠᠳᠤ ᠤᠯᠤᠰ᠎ᠤᠨ ᠵᠸᠵᠢᠶᠠᠩ᠎ᠳᠤ ᠪᠣᠯᠪᠠ
ᠣᠢᠪᠤᠷ ᠮᠣᠨᠭ᠌ᠭᠣᠯ᠎ᠤᠨ ᠣᠢᠪᠠᠷᠳᠠᠬᠡᠨ ᠵᠠᠰᠠᠠᠠᠣ ᠣᠷᠣᠨ᠎ᠤ 11 ᠰᠠᠯᠠᠭ᠎ᠠ ᠮᠣᠢᠴᠢᠷ ᠠᠮᠢᠳᠣᠷᠠᠯ᠎ᠳᠤ᠎ᠪᠠᠨ ᠵᠣᠢᠪ ᠣᠢᠬᠡᠢ ᠲᠠᠨᠣᠭᠦᠴᠢᠯᠠᠨ ᠭᠣᠢᠢᠷᠠᠠᠴᠢᠯᠠᠠᠠᠴᠢ ᠵᠢ ᠲᠣᠰᠠᠯᠠᠠᠠᠣ ᠬᠠᠮᠢᠶᠠᠷᠣᠯᠳ᠋ᠨ ᠵᠢᠨ ᠣᠢᠢᠯᠠᠴᠢᠯᠠᠬᠡᠨ ᠎ᠤ ᠴᠢᠠᠰᠠᠭ᠎ᠠ ᠵᠢ ᠶᠠᠬᠡ ᠎ᠪᠠᠷ ᠲᠠᠬᠡᠭᠰᠢᠯᠠᠭᠦᠯᠬᠦ ᠲᠣᠰᠠᠠᠠᠢ ᠲᠣᠢᠷᠣᠯ ᠎ᠤᠨ ᠠᠵᠢᠯᠯᠠᠭ᠎ᠠ ᠵᠢ ᠪᠠᠢᠢᠷᠢᠯᠠᠭᠣᠯᠣᠨ ᠣᠢᠷᠨᠢᠭᠦᠯᠪᠠ
ᠮᠠᠨ᠎ᠤ ᠣᠷᠣᠨ ᠬᠣᠲᠠ ᠬᠥᠳᠡᠭᠡ ᠵᠢᠨ ᠰᠠᠭᠤᠭ᠋ᠠᠯᠢ ᠠᠷᠠᠳ᠎ᠤᠨ ᠡᠮ ᠡᠮᠨᠡᠯᠭᠡ ᠵᠢᠨ ᠳᠠᠭ᠋ᠠᠳᠬᠠᠯ᠎ᠤᠨ ᠨᠥᠬᠥᠪᠥᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠪᠡ
 
            