ᠠᠰᠠᠭᠤᠯᠳᠠ᠄
ᠰᠢᠨ᠎ᠡ᠎ᠪᠠᠷ ᠵᠠᠰᠠᠪᠤᠷᠢ ᠤᠷᠤᠭᠤᠯᠤᠬᠰᠠᠨ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》᠎ᠳᠤ ᠤᠯᠤᠰ᠎ᠤᠨ ᠬᠠᠷᠠᠭ᠋ᠠᠯᠵᠠᠨ ᠬᠠᠮᠠᠭ᠋ᠠᠯᠠᠬᠤ ᠡᠬᠦᠷᠬᠡ ᠬᠠᠷᠢᠭᠤᠴᠠᠯᠭ᠎ᠠ ᠵᠢ ᠠᠷᠠᠳ᠎ᠤᠨ ᠶᠠᠪᠤᠳᠠᠯ᠎ᠤᠨ᠎ᠬᠢᠨ ᠬᠦᠢ᠍ᠴᠡᠳᠬᠡᠬᠦ ᠲᠤᠬᠠᠢ ᠱᠠᠭ᠋ᠠᠷᠳᠠᠯᠭ᠎ᠠ ᠲᠤᠷᠠᠳᠤᠯ᠎ᠠ᠂ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠨᠠᠢ᠌ᠳᠠᠪᠤᠷᠢᠵᠢᠭᠤᠯᠬᠤ ᠠᠵᠢᠯ᠎ᠢ ᠬᠡᠷᠬᠢᠨ ᠰᠠᠢ᠌ᠳᠤᠷ ᠬᠢᠬᠦ ᠪᠤᠢ?
ᠯᠢ ᠶᠦᠨ ᠵᠦᠡᠭ᠄ ᠰᠢᠨ᠎ᠡ᠎ᠪᠠᠷ ᠵᠠᠰᠠᠪᠤᠷᠢ ᠤᠷᠤᠭᠤᠯᠤᠬᠰᠠᠨ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》 ᠳᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠨᠢ ᠤᠯᠤᠰ᠎ᠤᠨ ᠬᠠᠷᠠᠭ᠋ᠠᠯᠵᠠᠨ ᠬᠠᠮᠠᠭ᠋ᠠᠯᠠᠬᠤ ᠬᠠᠤᠯᠢ᠎ᠪᠠᠷ ᠲᠤᠬᠳᠠᠭ᠋ᠠᠬᠰᠠᠨ ᠡᠬᠦᠷᠬᠡ ᠬᠠᠷᠢᠭᠤᠴᠠᠯᠭ᠎ᠠ ᠵᠢ ᠬᠦᠢ᠍ᠴᠡᠳᠬᠡᠬᠦ᠂ ᠬᠡᠷ ᠪᠦᠯᠢ ᠵᠢᠨ ᠬᠠᠷᠠᠭ᠋ᠠᠯᠵᠠᠨ ᠬᠠᠮᠠᠭ᠋ᠠᠯᠠᠬᠤ ᠵᠢ ᠬᠢᠨᠠᠨ ᠱᠠᠭ᠋ᠠᠷᠳᠠᠵᠤ ᠵᠢᠯᠤᠭᠤᠳᠬᠤ᠂ ᠨᠠᠰᠤᠨ᠎ᠳᠤ ᠦᠯᠤ ᠬᠦᠷᠦᠭᠰᠡᠳ᠎ᠤᠨ ᠡᠷᠬᠡ ᠠᠰᠢᠭ᠎ᠨᠢ ᠬᠤᠬᠢᠷᠠᠯ᠎ᠳᠤ ᠤᠴᠠᠷᠠᠬᠰᠠᠨ ᠬᠡᠷᠡᠭ᠎ᠢ ᠬᠦᠯᠢᠶᠡᠨ ᠠᠪᠬᠤ᠂ ᠲᠤᠰᠠᠯᠠᠨ ᠬᠠᠮᠠᠭ᠋ᠠᠯᠠᠬᠤ ᠠᠵᠢᠯ ᠦᠷᠨᠢᠬᠦᠯᠬᠦ ᠲᠤᠬᠠᠢ᠎ᠳᠤ ᠱᠠᠭ᠋ᠠᠷᠳᠠᠯᠭ᠎ᠠ ᠲᠤᠷᠠᠳᠴᠠᠢ᠂ ᠡᠳᠡᠬᠡᠷ ᠠᠵᠢᠯ᠎ᠢ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ᠎ᠳᠤ ᠨᠠᠢ᠌ᠳᠠᠨ ᠪᠤᠳᠠᠳᠠᠢ᠎ᠪᠠᠷ ᠨᠠᠢ᠌ᠳᠠᠪᠤᠷᠢᠵᠢᠭᠤᠯᠬᠤ ᠬᠡᠷᠡᠭᠳᠡᠢ ᠶᠤᠮ᠃ ᠤᠨᠴᠠᠭ᠋ᠠᠢ᠌ᠯᠠᠨ ᠬᠡᠷ ᠪᠦᠯᠢ ᠵᠢᠨ ᠬᠠᠷᠠᠭ᠋ᠠᠯᠵᠠᠨ ᠬᠠᠮᠠᠭ᠋ᠠᠯᠠᠬᠤ ᠵᠢ ᠬᠢᠨᠠᠨ ᠱᠠᠭ᠋ᠠᠷᠳᠠᠵᠤ ᠵᠢᠯᠤᠭᠤᠳᠬᠤ ᠠᠵᠢᠯ᠎ᠨᠢ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠤᠨ ᠤᠭ᠎ᠤᠨ ᠵᠤᠷᠰᠢᠯᠳᠤ᠎ᠬᠢ ᠦᠨᠳᠤᠰᠤᠨ᠎ᠠᠴᠠ᠎ᠨᠢ ᠪᠠᠳᠤᠯᠠᠬᠤ ᠬᠦᠷᠢᠶ᠎ᠡ ᠴᠠᠷᠠᠭ᠎ᠠ᠎ᠠᠴᠠ ᠲᠠᠪᠠᠵᠤ᠂ ᠬᠡᠷᠡᠭ᠎ᠤᠨ ᠲᠠᠷᠠᠭ᠎ᠠ ᠪᠠᠳᠤᠯᠠᠬᠤ᠎ᠠᠴᠠ ᠬᠡᠷᠡᠭ᠎ᠤᠨ ᠡᠮᠦᠨ᠎ᠡ ᠤᠷᠢᠳᠴᠢᠯᠠᠨ ᠭᠠᠷ ᠲᠦᠷᠤᠬᠦ ᠬᠡᠮᠵᠢᠶᠡᠨ᠎ᠳᠤ ᠬᠦᠷᠦᠭᠰᠡᠨ ᠪᠠᠢ᠌ᠨ᠎ᠠ᠃ ᠡᠬᠦᠨ᠎ᠤ ᠬᠠᠮᠳᠤ ᠬᠡᠷ ᠪᠦᠯᠢ ᠵᠢᠨ ᠬᠠᠷᠠᠭ᠋ᠠᠯᠵᠠᠨ ᠬᠠᠮᠠᠭ᠋ᠠᠯᠠᠬᠤ ᠵᠢ ᠬᠢᠨᠠᠨ ᠱᠠᠭ᠋ᠠᠷᠳᠠᠵᠤ ᠵᠢᠯᠤᠭᠤᠳᠬᠤ᠂ ᠨᠠᠰᠤᠨ᠎ᠳᠤ ᠦᠯᠤ ᠬᠦᠷᠦᠭᠰᠡᠳ᠎ᠤᠨ ᠡᠷᠬᠡ ᠠᠰᠢᠭ᠎ᠨᠢ ᠬᠤᠬᠢᠷᠠᠯ᠎ᠳᠤ ᠤᠴᠠᠷᠠᠬᠰᠠᠨ ᠬᠡᠷᠡᠭ ᠵᠡᠷᠬᠡ ᠠᠵᠢᠯ᠎ᠤᠨ ᠴᠢᠳᠠᠪᠬᠢ ᠴᠦ᠍ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠵᠢᠨ ᠲᠤᠰᠬᠠᠢ ᠮᠡᠷᠬᠡᠵᠢᠯ᠎ᠤᠨ ᠦᠢ᠍ᠯᠡᠴᠢᠯᠡᠬᠡᠨ᠎ᠤ ᠴᠢᠳᠠᠪᠤᠷᠢ ᠵᠢ ᠦᠷᠢᠰᠤᠯᠳᠤᠬᠡᠨ᠎ᠳᠤ ᠤᠴᠠᠷᠠᠭᠤᠯᠪᠠ᠃ ᠡᠨᠡ᠎ᠨᠢ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ᠎ᠨᠢ ᠡᠷᠬᠡᠪᠰᠢ ᠨᠡᠢ᠌ᠬᠡᠮ᠎ᠤᠨ ᠠᠵᠢᠯ ᠬᠢᠭᠴᠢ᠂ ᠰᠡᠳᠬᠢᠴᠨ ᠵᠢᠨ ᠠᠰᠠᠭᠤᠨ ᠯᠠᠪᠯᠠᠯᠭ᠎ᠠ ᠬᠠᠡᠭᠭ᠋ᠠᠬ᠍ᠴᠢ ᠵᠡᠷᠬᠡ ᠲᠤᠰᠬᠠᠢ ᠮᠡᠷᠬᠡᠵᠢᠯ᠎ᠤᠨ ᠴᠢᠳᠠᠪᠤᠷᠢᠳᠠᠨ᠎ᠢ ᠲᠤᠬᠢᠷᠠᠭᠤᠯᠵᠤ᠂ ᠠᠵᠢᠯ᠎ᠤᠨ ᠱᠠᠭ᠋ᠠᠷᠳᠠᠯᠭ᠎ᠠ᠎ᠳᠤ ᠵᠤᠬᠢᠴᠠᠨ᠂ ᠨᠠᠰᠤᠨ᠎ᠳᠤ ᠦᠯᠤ ᠬᠦᠷᠦᠭᠰᠡᠳ᠎ᠤᠨ ᠬᠡᠷᠡᠭᠴᠡᠬᠡ ᠵᠢ ᠬᠠᠡᠭᠭ᠋ᠠᠬᠤ ᠬᠡᠷᠡᠭᠳᠡᠢ ᠵᠢ ᠱᠠᠭ᠋ᠠᠷᠳᠠᠵᠤ ᠪᠠᠢ᠌ᠨ᠎ᠠ᠃
ᠵᠸᠡᠭ ᠶᠤᠸᠠᠨ᠄ ᠰᠢᠶᠠᠨ᠎ᠤ ᠲᠡᠰ᠎ᠤᠨ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ ᠬᠦᠨᠳᠡᠯᠡᠨ ᠵᠶ᠋ᠡᠷ 《ᠰᠢᠶᠠᠨ᠂ ᠰᠢᠶᠠᠡᠭ᠂ ᠲᠤᠰᠬᠤᠨ᠂ ᠲᠤᠭᠤᠢ᠌ᠯᠠᠡᠭ》 ᠲᠦᠷᠪᠡᠨ ᠱᠠᠳᠤᠨ᠎ᠤ ᠬᠡᠤᠬᠡᠳ᠎ᠢ ᠬᠠᠮᠠᠭ᠋ᠠᠠᠯᠠᠬᠤ ᠠᠵᠢᠯ᠎ᠤᠨ ᠡᠩᠨᠡᠬᠡ ᠵᠢ ᠪᠠᠢ᠌ᠭᠤᠯᠵᠤ᠂ ᠰᠢᠭᠰᠢᠨ ᠪᠠᠢ᠌ᠴᠠᠭ᠋ᠠᠵᠤ ᠲᠠᠡᠭᠰᠨ ᠡᠪᠬᠡᠮᠡᠯ ᠪᠠᠢ᠌ᠭᠤᠯᠬᠤ ᠠᠵᠢᠯ᠎ᠢ ᠪᠦᠬᠦ ᠲᠠᠯ᠎ᠠ᠎ᠪᠠᠷ ᠰᠠᠢ᠌ᠳᠤᠷ᠎ᠬᠢᠨ᠂ ᠬᠠᠷᠠᠭ᠋ᠠᠯᠵᠠᠨ ᠬᠠᠮᠠᠭ᠋ᠠᠯᠠᠬᠤ ᠦᠬᠡᠢ ᠪᠠᠢ᠌ᠭ᠎ᠠ᠂ ᠬᠠᠷᠠᠭ᠋ᠠᠯᠵᠠᠨ ᠬᠠᠮᠠᠭ᠋ᠠᠯᠠᠬᠤ ᠴᠢᠳᠠᠪᠤᠷᠢ᠎ᠨᠢ ᠬᠦᠷᠬᠦ ᠦᠬᠡᠢ ᠪᠠᠢ᠌ᠭ᠎ᠠ ᠨᠠᠰᠤᠨ᠎ᠳᠤ ᠦᠯᠤ ᠬᠦᠷᠦᠭᠰᠡᠳ᠎ᠤᠨ ᠪᠠᠢ᠌ᠳᠠᠯ᠎ᠢ ᠴᠠᠭ ᠲᠤᠬᠠᠢᠳᠤᠨᠢ ᠤᠢ᠌ᠯᠠᠭ᠋ᠠᠬᠤ ᠬᠡᠷᠡᠭᠳᠡᠢ᠃ ᠬᠠᠷᠢᠶ᠎ᠠ ᠪᠠᠢ᠌ᠭᠤᠯᠭ᠎ᠠ ᠵᠢ ᠬᠠᠪᠰᠤᠷᠤᠨ ᠵᠢᠯᠤᠭᠤᠳᠴᠤ ᠪᠠᠢ᠌ᠭ᠋ᠠᠳ ᠬᠠᠷᠠᠭ᠋ᠠᠯᠵᠠᠨ ᠬᠠᠮᠠᠭ᠋ᠠᠯᠠᠬ᠍ᠴᠢ ᠵᠢᠨ᠎ᠬᠢᠨ᠎ᠢ ᠨᠠᠢ᠌ᠳᠠᠯᠭ᠎ᠠ ᠪᠠ ᠲᠤᠬᠳᠠᠬᠰᠠᠨ ᠠᠵᠢᠯ᠎ᠤᠨ ᠴᠢᠳᠠᠪᠬᠢ ᠵᠢ ᠨᠠᠢ᠌ᠳᠠᠪᠤᠷᠢᠵᠢᠭᠤᠯᠵᠤ᠂ ᠵᠤᠬᠢᠰᠳᠠᠢ ᠬᠠᠷᠭ᠋ᠠᠯᠵᠠᠨ ᠬᠠᠮᠠᠭ᠋ᠠᠯᠠᠬ᠍ᠴᠢ ᠠᠯᠠᠭ᠎ᠠ ᠨᠠᠰᠤᠨ᠎ᠳᠤ ᠦᠯᠤ ᠬᠦᠷᠦᠭᠰᠡᠳ᠎ᠢ ᠲᠤᠬᠳᠠᠭᠰᠠᠨ ᠠᠯᠬᠤᠮ ᠲᠠᠷᠠᠭ᠎ᠠ ᠶᠤᠰᠤᠭ᠋ᠠᠷ ᠲᠠᠷᠨ ᠲᠠᠷᠤᠢ᠎ᠳᠤ᠎ᠨᠢ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠪᠤᠶᠤ ᠤᠷᠳᠤ ᠬᠤᠭᠤᠴᠠᠭ᠎ᠠ᠎ᠪᠠᠷ ᠬᠠᠷᠠᠭ᠋ᠠᠯᠵᠠᠨ ᠬᠠᠮᠠᠭ᠋ᠠᠯᠠᠬᠤ᠎ᠳᠤ ᠤᠷᠤᠭᠤᠯᠵᠤ᠂ ᠨᠠᠰᠤᠨ᠎ᠳᠤ ᠦᠯᠤ ᠬᠦᠷᠦᠭᠰᠡᠳ᠎ᠢ ᠦᠨᠳᠤᠰᠤᠨ᠎ᠠᠴᠠ᠎ᠨᠢ ᠪᠠᠳᠤᠯᠠᠬᠤ ᠠᠵᠢᠯ᠎ᠢ ᠦᠨᠡᠨ ᠬᠦ᠌ ᠰᠠᠢ᠌ᠳᠤᠷ ᠬᠢᠬᠦ ᠬᠡᠷᠡᠭᠳᠡᠢ᠃
ᠲᠠᠨ ᡁᠢ ᠴᠢᠶᠠᠡᠭ᠄ ᠪᠢᠳᠡ ᠲᠠᠷᠠᠭ᠋ᠠᠬᠢ ᠭᠤᠷᠪᠠᠨ ᠲᠠᠯ᠎ᠠ ᠵᠢᠨ ᠲᠤᠭᠤᠷᠢᠨ᠎ᠳᠤ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢ ᠰᠠᠢ᠌ᠳᠤᠷ ᠠᠳᠬᠤᠬᠤ ᠪᠤᠯᠤᠨ᠎ᠠ᠃
ᠨᠢᠬᠡ᠎ᠳᠤ᠂ ᠠᠵᠢᠯᠳᠠᠳ᠎ᠤᠨ ᠬᠠᠤᠯᠢ ᠴᠠᠭ᠋ᠠᠵᠨ ᠵᠢᠨ ᠤᠬᠠᠮᠰᠠᠷ᠎ᠢ ᠤᠯᠠᠮ ᠨᠢᠬᠡ ᠠᠯᠬᠤᠮ ᠨᠡᠮᠡᠭᠳᠡᠬᠦᠯᠵᠤ᠂ ᠠᠵᠢᠯᠳᠠᠳ᠎ᠤᠨ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》 ᠵᠢᠨ ᠰᠤᠷᠤᠯᠴᠠᠯᠭ᠎ᠠ ᠵᠢ ᠴᠢᠡᠭᠭ᠋ᠠᠳᠬᠠᠵᠤ᠂ ᠬᠦᠴᠢᠷᠳᠠᠯ᠎ᠳᠤ ᠲᠤᠯᠭ᠋ᠠᠷᠠᠬᠰᠠᠨ ᠨᠠᠰᠤᠨ᠎ᠳᠤ ᠦᠯᠤ ᠬᠦᠷᠦᠭᠰᠡᠳ᠎ᠢ ᠦᠷᠳᠡᠬᠡᠨ᠎ᠳᠤ ᠢᠷᠡᠭᠰᠡᠨ᠎ᠤ ᠲᠠᠷᠠᠭ᠎ᠠ ᠬᠠᠷᠠᠭ᠋ᠠᠯᠵᠠᠨ ᠬᠠᠮᠠᠭ᠋ᠠᠯᠠᠬᠤ ᠲᠦᠷᠢᠮ᠎ᠢ ᠪᠠᠢ᠌ᠴᠠᠭ᠋ᠠᠵᠤ ᠡᠮᠬᠢᠯᠡᠨ ᠲᠢᠭᠯᠡᠬᠦ ᠠᠵᠢᠯ᠎ᠢ ᠴᠠᠭ ᠲᠠᠷᠤᠢ᠎ᠳᠤ᠎ᠨᠢ ᠵᠤᠬᠢᠶᠠᠨ ᠪᠠᠢ᠌ᠭᠤᠯᠵᠤ᠂ ᠠᠵᠢᠯ᠎ᠤᠨ ᠲᠦᠷᠢᠮ᠎ᠳᠤ᠎ᠪᠠᠨ ᠤᠯᠠᠮ ᠨᠢᠬᠡ ᠠᠯᠬᠤᠮ ᠵᠠᠰᠠᠪᠤᠷᠢ ᠤᠷᠤᠭᠤᠯᠵᠤ ᠲᠡᠬᠦᠯᠳᠡᠷᠵᠢᠬᠦᠯᠤᠨ᠂ ᠡᠯ᠎ᠡ ᠵᠦᠢ᠍ᠯ᠎ᠤᠨ ᠠᠵᠢᠯ᠎ᠤᠨ ᠲᠤᠬᠳᠠᠭ᠋ᠠᠯ ᠵᠶ᠋ᠡᠨ ᠤᠯᠠᠮ ᠴᠢᠡᠭᠭ᠋ᠠᠷᠠᠭᠤᠯᠤᠨᠠ᠃
ᠬᠤᠶᠠᠷ᠎ᠲᠤ᠂ ᠠᠵᠢᠯᠳᠠᠳ᠎ᠤᠨ ᠬᠠᠷᠢᠭᠤᠴᠠᠯᠭ᠎ᠠ ᠵᠢᠨ ᠤᠬᠠᠮᠰᠠᠷ᠎ᠢ ᠤᠯᠠᠮ ᠨᠢᠬᠡ ᠠᠯᠬᠤᠮ ᠴᠢᠡᠭᠭ᠋ᠠᠳᠬᠠᠨ᠎ᠠ᠃ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠠᠯᠠᠬᠤ ᠬᠠᠤᠯᠢ》᠎ᠳᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠪᠤᠶᠤ ᠤᠷᠳᠤ ᠬᠤᠭᠤᠴᠠᠭ᠎ᠠ᠎ᠪᠠᠷ ᠬᠠᠷᠠᠭ᠋ᠠᠯᠵᠠᠨ ᠬᠠᠮᠠᠭ᠋ᠠᠯᠠᠬᠤ ᠬᠠᠤᠯᠢ᠎ᠪᠠᠷ ᠲᠤᠬᠳᠠᠭ᠋ᠠᠭᠰᠠᠨ ᠡᠬᠦᠷᠬᠡ ᠬᠠᠷᠢᠭᠤᠴᠠᠯᠭ᠎ᠠ ᠵᠢ ᠲᠤᠳᠤᠷᠬᠠᠢ᠌ᠯᠠᠬᠰᠠᠨ ᠪᠠᠢ᠌ᠨ᠎ᠠ᠃ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠠᠵᠢᠯᠳᠠᠳ᠎ᠤᠨ ᠠᠶᠤᠯᠬᠦᠢ ᠬᠠᠷᠠᠭ᠋ᠠᠯᠵᠠᠨ ᠬᠠᠮᠠᠭ᠋ᠠᠯᠠᠬᠤ ᠬᠠᠷᠢᠭᠤᠴᠠᠯᠭ᠎ᠠ ᠵᠢ ᠡᠷᠬᠡᠪᠰᠢ ᠤᠯᠠᠮ ᠨᠢᠬᠡ ᠠᠯᠬᠤᠮ ᠨᠠᠢ᠌ᠳᠠᠪᠤᠷᠢᠵᠢᠭᠤᠯᠵᠤ᠂ ᠪᠠᠢ᠌ᠭᠤᠯᠤᠮᠵᠢ ᠵᠢᠨ ᠪᠡᠯᠡᠳᠬᠡᠯ ᠲᠦᠬᠦᠬᠡᠷᠤᠮᠵᠢ ᠵᠢᠨ ᠠᠶᠤᠯᠬᠦᠢ ᠬᠠᠮᠠᠭ᠋ᠠᠯᠠᠯᠳᠠ ᠵᠢ ᠴᠢᠡᠭᠭ᠋ᠠᠳᠬᠠᠬᠤ ᠬᠡᠷᠡᠭᠳᠡᠢ᠃ ᠭᠤᠷᠪᠠ᠎ᠳᠤ᠂ ᠠᠵᠢᠯᠳᠠᠳ᠎ᠤᠨ ᠬᠠᠤᠯᠢ᠎ᠪᠠᠷ ᠵᠠᠰᠬᠤ ᠴᠢᠳᠠᠪᠤᠷᠢ ᠵᠢ ᠡᠷᠬᠡᠪᠰᠢ ᠤᠯᠠᠮ ᠨᠢᠬᠡ ᠠᠯᠬᠤᠮ ᠲᠡᠭᠡᠭᠰᠢᠯᠡᠬᠦᠯᠵᠤ᠂ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》᠎ᠳᠤ᠎ᠬᠢ ᠬᠠᠷᠢᠭᠤᠴᠠᠯᠭ᠎ᠠ ᠵᠢᠨ ᠵᠠᠭ᠋ᠠᠭ ᠱᠤᠭᠤᠮ᠎ᠢ ᠬᠦᠢ᠍ᠴᠡᠳ ᠠᠰᠢᠬᠯᠠᠨ᠂ ᠦᠷᠳᠡᠬᠡᠨ᠎ᠳᠤ ᠢᠷᠡᠭᠰᠡᠨ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠵᠢ ᠬᠦᠯᠢᠶᠡᠨ ᠠᠪᠬᠤ ᠨᠠᠰᠤᠨ᠎ᠳᠤ ᠦᠯᠤ ᠬᠦᠷᠦᠭᠰᠡᠳ᠎ᠲᠤ ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠴᠢᠬᠤᠯᠠᠴᠢᠯᠠᠭ᠎ᠠ ᠪᠦᠬᠦᠢ ᠵᠠᠰᠠᠭ ᠵᠠᠬᠢᠷᠭ᠋ᠠᠨ᠎ᠤ ᠲᠡᠮᠵᠢᠯᠬᠡ ᠪᠠ ᠬᠠᠤᠯᠢ ᠴᠠᠭ᠋ᠠᠵᠨ ᠵᠢᠨ ᠲᠡᠮᠵᠢᠯᠬᠡ ᠤᠯᠵᠤ ᠦᠭᠬᠦ ᠬᠡᠷᠡᠭᠳᠡᠢ᠃
ᠯᠢᠤᠢ ᠵᠢᠡᠭ ᠬᠤᠸᠨ᠄ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠵᠦᠬᠡᠯᠡᠨ ᠲᠤᠨᠤᠭ ᠪᠠ ᠬᠠᠳᠠᠭᠤ ᠲᠤᠨᠤᠭ᠎ᠤᠨ ᠲᠠᠯ᠎ᠠ᠎ᠪᠠᠷ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠡᠬᠦᠷᠬᠡ ᠬᠠᠷᠢᠭᠤᠴᠠᠯᠭ᠎ᠠ᠎ᠪᠠᠨ ᠦᠨᠡᠨ ᠬᠦ᠌ ᠰᠠᠢ᠌ᠳᠤᠷ ᠬᠦᠢ᠍ᠴᠡᠳᠬᠡᠬᠦ ᠬᠡᠷᠡᠭᠳᠡᠢ᠃ ᠬᠠᠳᠠᠭᠤ ᠲᠤᠨᠤᠭ᠎ᠤᠨ ᠲᠠᠯ᠎ᠠ᠎ᠪᠠᠷ᠂ ᠨᠠᠰᠤᠨ᠎ᠳᠤ ᠦᠯᠤ ᠬᠦᠷᠦᠭᠰᠡᠳ᠎ᠤᠨ ᠪᠡᠶ᠎ᠡ ᠰᠡᠳᠬᠢᠯ᠎ᠤᠨ ᠬᠦᠭᠵᠢᠯᠳᠡ ᠵᠢᠨ ᠵᠢᠮ᠎ᠡ ᠶᠤᠰᠤᠨ᠎ᠤ ᠤᠨᠴᠠᠯᠢᠭ᠎ᠢ ᠦᠨᠳᠤᠰᠤᠯᠡᠨ᠂ ᠬᠦᠳᠡᠯᠬᠡᠬᠡᠨ᠎ᠤ ᠲᠠᠰᠤᠭ᠂ ᠰᠡᠳᠬᠢᠴᠨ ᠵᠢᠨ ᠠᠰᠠᠭᠤᠨ ᠯᠠᠪᠯᠠᠯᠭ᠎ᠠ ᠵᠢᠨ ᠲᠠᠰᠤᠭ ᠵᠡᠷᠬᠡ ᠴᠢᠳᠠᠪᠬᠢ ᠵᠢᠨ ᠲᠠᠰᠤᠭ᠎ᠢ ᠰᠢᠨᠵᠢᠯᠡᠬᠦ ᠤᠬᠠᠭ᠋ᠠᠨᠴᠢ᠎ᠪᠠᠷ ᠲᠦᠰᠦᠪᠯᠡᠵᠤ᠂ ᠨᠠᠰᠤᠨ᠎ᠳᠤ ᠦᠯᠤ ᠬᠦᠷᠦᠭᠰᠡᠳ᠎ᠲᠤ ᠦᠰᠤᠨ ᠪᠤᠢ᠌ᠵᠢᠯᠳᠠ ᠵᠢᠨ ᠬᠡᠷᠡᠭᠴᠡᠬᠡᠳᠤ ᠵᠤᠬᠢᠷᠠᠬᠰᠠᠨ ᠢᠳᠡᠬᠡᠨ ᠤᠮᠳᠠᠭ᠋ᠠᠨ᠂ ᠬᠤᠨᠤᠭ᠎ᠤᠨ ᠪᠠᠢ᠌ᠷᠢ᠂ ᠦᠨᠳᠤᠰᠤᠨ ᠡᠮᠴᠢᠯᠡᠬᠡ᠂ ᠨᠠᠭ᠋ᠠᠳᠤᠮ ᠲᠤᠬᠯᠠᠭ᠋ᠠᠮ᠎ᠤᠨ ᠦᠢ᠍ᠯᠡᠴᠢᠯᠡᠬᠡ ᠵᠡᠷᠬᠡ ᠨᠦᠬᠦᠴᠡᠯ᠎ᠢ ᠬᠠᠡᠭᠭ᠋ᠠᠬᠤ ᠬᠡᠷᠡᠭᠳᠡᠢ᠃ ᠵᠦᠬᠡᠯᠡᠨ ᠲᠤᠨᠤᠭ᠎ᠤᠨ ᠲᠠᠯ᠎ᠠ᠎ᠪᠠᠷ᠂ ᠪᠠᠢ᠌ᠭᠤᠯᠤᠮᠵᠢ ᠵᠢᠨ ᠲᠤᠳᠤᠷᠠᠬᠢ ᠬᠠᠮᠢᠶᠠᠷᠤᠯᠳᠠ ᠵᠢ ᠰᠠᠢ᠌ᠳᠤᠷ ᠬᠢᠵᠤ᠂ ᠲᠤᠬᠠᠢ᠌ᠯᠠᠬᠰᠠᠨ ᠠᠵᠢᠯ᠎ᠤᠨ ᠠᠯᠬᠤᠮ ᠲᠠᠷᠠᠭ᠎ᠠ ᠵᠢ ᠲᠡᠬᠦᠯᠳᠡᠷᠵᠢᠬᠦᠯᠵᠤ᠂ ᠠᠶᠤᠯᠬᠦᠢ ᠦᠢ᠍ᠯᠡᠳᠪᠤᠷᠢᠯᠡᠯ᠎ᠢ ᠰᠠᠢ᠌ᠳᠣᠷ᠎ᠬᠢᠨ᠂ ᠨᠠᠰᠤᠨ᠎ᠳᠤ ᠦᠯᠤ ᠬᠦᠷᠦᠭᠰᠡᠳ᠎ᠢ ᠬᠠᠪᠰᠤᠷᠤᠨ ᠠᠯᠪᠠᠨ ᠵᠢᠷᠤᠮ᠎ᠤᠨ ᠰᠤᠷᠭ᠋ᠠᠨ ᠬᠦᠮᠦᠵᠢᠯ᠎ᠢ ᠬᠦᠯᠢᠶᠡᠨ ᠠᠪᠤᠭᠤᠯᠬᠤ ᠬᠡᠷᠡᠭᠳᠡᠢ᠃ ᠡᠬᠦᠨ᠎ᠤ ᠬᠠᠮᠳᠤ ᠨᠠᠰᠤᠨ᠎ᠳᠤ ᠦᠯᠤ ᠬᠦᠷᠦᠭᠰᠡᠳ᠎ᠤᠨ ᠠᠳᠠᠯᠢ ᠪᠤᠰᠤ ᠬᠡᠷᠡᠭᠴᠡᠬᠡ ᠱᠠᠭ᠋ᠠᠷᠳᠠᠯᠭ᠎ᠠ᠎ᠳᠤ ᠴᠢᠭᠯᠡᠬᠦᠯᠤᠨ᠂ ᠤᠨᠴᠠᠭ᠋ᠠᠢ ᠵᠢᠱ᠌ᠢᠶ᠎ᠡ ᠵᠢ ᠬᠠᠪᠰᠤᠷᠤᠨ ᠲᠡᠳᠬᠦᠬᠦ᠂ ᠰᠡᠳᠬᠢᠴᠨ ᠵᠢᠨ ᠲᠠᠢ᠌ᠪᠤᠰᠢᠷᠠᠭᠤᠯᠤᠯ ᠬᠢᠬᠦ᠂ ᠬᠠᠮᠳᠤ ᠵᠢᠨ ᠬᠦᠳᠡᠯᠬᠡᠬᠡᠨ ᠵᠡᠷᠬᠡ ᠵᠢ ᠦᠷᠨᠢᠬᠦᠯᠤᠨ᠂ ᠨᠠᠰᠤᠨ᠎ᠳᠤ ᠦᠯᠤ ᠬᠦᠷᠦᠭᠰᠡᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠨ᠂ ᠡᠷᠡᠬᠦᠯ ᠰᠠᠷᠠᠭᠤᠯ ᠦᠰᠤᠨ ᠪᠤᠢ᠌ᠵᠢᠯᠳᠠ ᠵᠢ᠎ᠨᠢ ᠠᠬᠢᠭᠤᠯᠬᠤ ᠬᠡᠷᠡᠭᠳᠡᠢ᠃
ᠶᠠᠡᠭ ᠵᠢᠶᠦ᠋ᠨ᠄ ᠰᠢᠨ᠎ᠡ᠎ᠪᠠᠷ ᠵᠠᠰᠠᠪᠤᠷᠢ ᠤᠷᠤᠭᠤᠯᠤᠬᠰᠠᠨ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》᠎ᠳᠤ ᠲᠤᠯᠤᠭ᠋ᠠᠨ ᠵᠦᠢ᠍ᠯ᠎ᠤᠨ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠪᠠᠢ᠌ᠳᠠᠯ᠎ᠢ ᠲᠤᠬᠳᠠᠭ᠋ᠠᠵᠤ᠂ ᠤᠯᠤᠰ᠎ᠤᠨ ᠦᠨᠳᠤᠰᠤᠨ᠎ᠠᠴᠠ᠎ᠨᠢ ᠪᠠᠳᠤᠯᠠᠬᠤ ᠵᠢᠨ ᠬᠠᠷᠠᠭ᠋ᠠᠯᠵᠠᠨ ᠬᠠᠮᠠᠭ᠋ᠠᠯᠠᠬᠤ ᠴᠢᠳᠠᠪᠬᠢ ᠵᠢ ᠲᠤᠳᠤᠷᠬᠠᠢ᠌ᠯᠠᠵᠤ ᠦᠭᠭᠦᠭᠰᠡᠨ ᠪᠠᠢ᠌ᠨ᠎ᠠ᠃ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠠᠷᠠᠭ᠋ᠠᠯᠵᠠᠨ ᠬᠠᠮᠠᠭ᠋ᠠᠯᠠᠬᠤ ᠬᠠᠷᠢᠭᠤᠴᠠᠯᠭ᠎ᠠ᠎ᠪᠠᠨ ᠭᠤᠷᠪᠠᠨ ᠲᠠᠯ᠎ᠠ᠎ᠪᠠᠷ ᠬᠦᠢ᠍ᠴᠡᠳᠬᠡᠬᠦ ᠬᠡᠷᠡᠭᠳᠡᠢ᠃ ᠨᠢᠬᠡ᠎ᠳᠤ᠂ ᠤᠤᠯ᠎ᠤᠨ ᠬᠠᠷᠠᠭ᠋ᠠᠯᠵᠠᠨ ᠬᠠᠮᠠᠭ᠋ᠠᠯᠠᠬ᠍ᠴᠢ ᠪᠤᠶᠤ ᠲᠤᠳᠤᠭ᠋ᠠᠳᠤ ᠵᠢ ᠬᠠᠮᠠᠭ᠋ᠠᠯᠠᠬᠤ ᠪᠠᠢ᠌ᠴᠠᠭ᠋ᠠᠬᠤ ᠰᠢᠬᠦᠬᠦ ᠰᠠᠯᠠᠭ᠎ᠠ ᠮᠦᠴᠢᠷ᠎ᠠᠴᠠ ᠬᠠᠷᠠᠭ᠋ᠠᠯᠵᠠᠨ ᠬᠠᠮᠠᠭ᠋ᠠᠯᠠᠬᠤ ᠴᠢᠳᠠᠪᠬᠢ ᠵᠢ ᠬᠦᠯᠢᠶᠡᠨ ᠠᠪᠬᠤ ᠦᠶ᠎ᠡ᠎ᠳᠤ ᠬᠠᠷᠠᠭ᠋ᠠᠯᠵᠠᠨ ᠬᠠᠮᠠᠭ᠋ᠠᠯᠠᠬᠤ ᠬᠠᠷᠢᠭᠤᠴᠠᠯᠭ᠎ᠠ ᠵᠢᠨ ᠪᠢᠴᠢᠭ᠎ᠢ ᠨᠠᠷᠢᠨ ᠨᠢᠮᠪᠠᠢ ᠲᠤᠬᠳᠠᠭ᠋ᠠᠵᠤ᠂ ᠬᠠᠷᠠᠭ᠋ᠠᠯᠵᠠᠨ ᠬᠠᠮᠠᠭ᠋ᠠᠯᠠᠯᠳᠠ 《ᠬᠠᠶᠠᠬᠳᠠᠬᠤ》 ᠵᠢ ᠡᠷᠡᠰ ᠬᠤᠷᠢᠬᠯᠠᠬᠤ ᠬᠡᠷᠡᠭᠳᠡᠢ᠃ ᠪᠠᠰᠨ ᠲᠠᠡᠭᠰᠨ ᠡᠪᠬᠡᠮᠡᠯ ᠮᠠᠲᠸᠷᠢᠶᠠᠯ᠎ᠢ ᠪᠠᠢ᠌ᠭᠤᠯᠤᠨ ᠲᠡᠬᠦᠯᠳᠡᠷᠵᠢᠬᠦᠯᠵᠤ᠂ ᠴᠢᠬᠤᠯᠠᠳᠠᠢ ᠦᠶ᠎ᠡ᠎ᠳᠤ ᠲᠠᠭᠤᠨ ᠰᠢᠡᠭᠭᠡᠭᠡᠯᠳᠡ᠂ ᠲᠦᠷᠰᠤ ᠰᠢᠡᠭᠭᠡᠭᠡᠯᠳᠡ ᠵᠢᠨ ᠮᠠᠲᠸᠷᠢᠶᠠᠯ᠎ᠢ ᠠᠪᠬᠤ ᠪᠠ ᠬᠠᠳᠠᠭ᠋ᠠᠯᠠᠬᠤ ᠬᠡᠷᠡᠭᠳᠡᠢ᠃ ᠬᠤᠶᠠᠷ᠎ᠲᠤ᠂ ᠲᠦᠷ ᠴᠠᠭ ᠬᠠᠷᠠᠭ᠋ᠠᠯᠵᠠᠨ ᠬᠠᠮᠠᠭ᠋ᠠᠯᠠᠬᠤ ᠨᠠᠰᠤᠨ᠎ᠳᠤ ᠦᠯᠤ ᠬᠦᠷᠦᠭᠰᠡᠳ᠎ᠲᠤ ᠱᠠᠭ᠋ᠠᠷᠳᠠᠯᠭ᠎ᠠ᠎ᠲᠠᠢ ᠪᠤᠯ ᠡᠨᠳᠡᠯ᠎ᠠᠴᠠ ᠪᠤᠯᠤᠬᠰᠠᠨ ᠪᠡᠶ᠎ᠡ ᠮᠠᠬᠠᠪᠤᠳ᠎ᠤᠨ ᠬᠤᠬᠢᠷᠠᠯ᠎ᠤᠨ ᠲᠠᠭ᠋ᠠᠳᠬᠠᠯ ᠬᠤᠳᠠᠯᠳᠤᠨ ᠠᠪᠴᠤ ᠦᠭᠭᠦ ᠬᠡᠷᠡᠭᠳᠡᠢ᠃ ᠭᠤᠷᠪᠠ᠎ᠳᠤ᠂ ᠠᠵᠢᠯᠳᠠᠳ᠎ᠨᠢ ᠲᠦᠷ ᠴᠠᠭ ᠬᠠᠷᠠᠭ᠋ᠠᠯᠵᠠᠨ ᠬᠠᠮᠠᠭ᠋ᠠᠯᠠᠵᠤ ᠪᠠᠢ᠌ᠭ᠎ᠠ ᠨᠠᠰᠤᠨ᠎ᠳᠤ ᠦᠯᠤ ᠬᠦᠷᠦᠭᠰᠡᠳ᠎ᠢ 24 ᠴᠠᠭ ᠵᠶ᠋ᠡᠷ ᠬᠠᠷᠠᠭ᠋ᠠᠨ᠎ᠠᠴᠠ᠎ᠪᠠᠨ ᠬᠤᠯᠠᠳᠠᠭᠤᠯᠬᠤ ᠦᠬᠡᠢ ᠪᠠᠢ᠌ᠬᠤ ᠬᠡᠷᠡᠭᠳᠡᠢ᠃ ᠪᠠᠢ᠌ᠭᠤᠯᠤᠮᠵᠢ ᠵᠢᠨ ᠲᠤᠳᠤᠷ᠎ᠠ ᠬᠤᠨᠤᠭ᠎ᠤᠨ ᠦᠷᠤᠬᠡ᠎ᠠᠴᠠ ᠭᠠᠳᠠᠨ᠎ᠠ᠂ ᠨᠢᠭᠤᠷ ᠭᠠᠷ ᠤᠬᠢᠶᠠᠬᠤ᠂ ᠪᠡᠶ᠎ᠡ ᠤᠬᠢᠶᠠᠬᠤ ᠵᠡᠷᠬᠡ ᠲᠠᠯᠠᠪᠤᠷ ᠪᠠᠢ᠌ᠬᠤ ᠬᠡᠷᠡᠭᠳᠡᠢ ᠪᠦᠬᠡᠳ ᠲᠤᠳᠤᠷ᠎ᠠ᠎ᠨᠢ ᠪᠦᠷ ᠬᠢᠨᠠᠭᠤᠷ ᠲᠤᠷᠠᠨ ᠤᠬᠰᠠᠷᠠᠵᠤ᠂ ᠴᠠᠭ ᠮᠦᠴᠨ ᠦᠬᠡᠢ ᠵᠢᠷᠤᠬᠯᠠᠵᠤ ᠂ ᠰᠢᠡᠭᠭᠡᠭᠡᠯᠳᠡ ᠵᠢ᠎ᠨᠢ ᠭᠤᠷᠪᠠᠨ ᠰᠠᠷ᠎ᠠ ᠬᠠᠳᠠᠭ᠋ᠠᠯᠠᠬᠤ ᠬᠡᠷᠡᠭᠳᠡᠢ᠃