ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠥᠯᠢᠭᠡᠷ
ᠨᠡᠶᠢᠲᠡᠯᠡᠭᠰᠡᠨ ᠴᠠᠭ᠄ 2023-11-22

                      ᠪᠠ᠊ · ᠪᠦᠷᠢᠨᠵᠢᠷᠭ᠋ᠠᠯ ᠵᠤᠬᠢᠶᠠᠪᠠ
   
   ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ᠂ ᠵᠤᠬᠢᠶᠠᠯᠴᠢᠳ᠎ᠤᠨ ᠡᠪᠯᠡᠯ ᠪᠤᠯ ᠵᠤᠬᠢᠶᠠᠯᠴᠢ ᠤᠷᠠᠯᠢᠭᠴᠢᠳ᠎ᠤᠨ ᠤᠶᠤᠨ ᠰᠠᠨᠠᠭ᠋ᠠᠨ᠎ᠤ ᠭᠤᠸᠠᠯᠢᠭ ᠰᠠᠢ᠌ᠬᠠᠨ ᠬᠡᠷ ᠤᠷᠤᠨ ᠭᠡᠳᠡᠭ ᠶᠤᠮ᠃ ᠪᠢ ᠡᠨᠡ ᠬᠦ᠌ ᠬᠠᠯᠠᠭᠤᠨ ᠳᠤᠯᠠᠭ᠋ᠠᠨ ᠪᠦᠭᠡᠳ ᠬᠠᠢ᠌ᠷ᠎ᠠ ᠬᠠᠯᠠᠮᠵᠢ᠎ᠲᠠᠢ ᠶᠡᠬᠡ ᠬᠡᠷ ᠪᠦᠯᠢ ᠵᠢᠨ ᠦᠨᠳᠦᠰᠦᠨ ᠱᠠᠲᠤ ᠪᠤᠶᠤ ᠠᠢ᠌ᠮᠠᠭ ᠬᠤᠲᠠ ᠵᠢᠨ ᠱᠠᠳᠤᠨ᠎ᠤ ᠬᠡᠰᠢᠬᠦᠨ ᠪᠤᠯᠵᠦ᠂ ᠳᠤᠷ᠎ᠠ ᠰᠤᠨᠢᠷᠬᠠᠯ᠎ᠲᠠᠢ ᠠᠵᠢᠯ ᠦᠢ᠍ᠯᠡᠰ ᠵᠶ᠋ᠠᠨ  ᠭᠤᠴᠢᠭ᠋ᠠᠳ ᠵᠢᠯ ᠬᠢᠭᠰᠡᠨ᠎ᠳᠤ᠎ᠪᠠᠨ ᠳᠤᠢ᠌ᠯ᠎ᠤᠨ ᠶᠡᠬᠡ᠎ᠪᠠᠷ ᠤᠮᠤᠭᠰᠢᠵᠦ ᠶᠠᠪᠤᠳᠠᠭ ᠰᠠᠨ᠃ ᠤᠨᠴᠠᠭ᠋ᠠᠢ᠌ᠯᠠᠨ ᠡᠨᠡ ᠬᠦ᠌ ᠪᠠᠢ᠌ᠭᠤᠯᠭ᠎ᠠ ᠵᠢᠨ ᠭᠣᠣᠯᠯᠠᠨ ᠡᠷᠬᠢᠯᠡᠵᠦ ᠪᠠᠢ᠌ᠭ᠎ᠠ ᠮᠤᠩᠭᠤᠯ ᠤᠷᠠᠨ ᠵᠤᠬᠢᠶᠠᠯ᠎ᠤᠨ ᠰᠡᠳᠭᠦᠯ᠎ᠳᠤ 15 ᠵᠢᠯ ᠰᠢᠬᠠᠮ ᠠᠵᠢᠯᠯᠠᠵᠤ᠂ ᠨᠠᠢ᠌ᠷᠠᠭᠤᠯᠤᠭᠴᠢ ᠭᠡᠳᠡᠭ ᠰᠠᠢ᠌ᠬᠠᠨ ᠨᠡᠷ᠎ᠡ ᠪᠠ ᠮᠡᠷᠭᠡᠵᠢᠯ᠎ᠤᠨ ᠴᠤᠯᠠ ᠵᠢ ᠶᠡᠬᠡ ᠡᠷᠲᠡ ᠬᠦᠷᠲᠡᠭᠰᠡᠨ᠎ᠳᠤ᠎ᠪᠠᠨ ᠮᠠᠰᠢᠳᠠ ᠪᠠᠶᠠᠷᠬᠠᠵᠦ ᠰᠠᠭᠤᠳᠠᠭ ᠮᠦᠷᠳᠡᠭᠡᠨ ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠵᠠᠷᠢᠮ ᠤᠴᠢᠷ᠎ᠤᠳ ᠣᠳᠣ ᠬᠦᠷᠲᠡᠯ᠎ᠡ ᠴᠢᠬᠢᠨ᠎ᠳᠤ ᠰᠣᠨᠣᠰᠳᠠᠵᠦ ᠨᠢᠳᠤᠨ᠎ᠳᠤ ᠬᠠᠷᠠᠭᠳᠠᠵᠤ ᠪᠠᠢ᠌ᠳᠠᠭ ᠰᠠᠨ᠃ 
        ᠨᠢᠭᠡ
   ᠳᠡᠭᠡᠷ᠎ᠡ ᠵᠠᠭᠤᠨ᠎ᠤ ᠨᠠᠶᠠᠭ᠋ᠠᠳ ᠣᠨ᠎ᠤ ᠡᠬᠢᠨ ᠪᠤᠶᠤ 1982 ᠣᠨ᠎ᠤ 11 ᠳ᠋ᠤᠬᠡᠷ ᠰᠠᠷ᠎ᠠ᠎ᠳᠤ ᠪᠢ ᠪᠠᠶᠠᠨᠨᠠᠭᠤᠷ ᠠᠢ᠌ᠮᠠᠭ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠳᠤ ᠠᠵᠢᠯ ᠰᠢᠯᠵᠢᠨ ᠢᠷᠡᠬᠦ᠎ᠳᠤ᠂ ᠡᠨᠡ ᠪᠠᠢ᠌ᠭᠤᠯᠭ᠎ᠠ᠎ᠨᠢ 18 ᠵᠠᠰᠠᠭ ᠵᠠᠬᠢᠷᠭ᠋ᠠᠨ᠎ᠤ ᠤᠷᠤᠨ ᠳᠣᠭ᠎ᠠ᠂ 40 ᠠᠵᠢᠯ ᠦᠢ᠍ᠯᠡᠰ᠎ᠤᠨ ᠣᠷᠣᠨ ᠳᠣᠭ᠎ᠠ᠎ᠲᠠᠢ ᠪᠦᠭᠡᠳ 5 ᠭᠠᠵᠠᠷ᠎ᠤᠨ ᠳᠡᠰ᠎ᠤᠨ ᠤᠳᠤᠷᠢᠳᠤᠯᠭ᠎ᠠ᠂ 3 ᠰᠠᠯᠠᠭ᠋ᠠᠨ ᠳᠡᠰ᠎ᠤᠨ ᠲᠤᠳᠤᠭ᠋ᠠᠳᠤ ᠪᠠᠢ᠌ᠭᠤᠯᠤᠮᠵᠢ᠂ 4 ᠤᠳᠬ᠎ᠠ ᠤᠷᠠᠯᠢᠭ᠎ᠤᠨ ᠡᠪᠯᠡᠯ᠎ᠲᠠᠢ ᠲᠤᠮᠤᠬᠠᠨ ᠨᠢᠭᠡᠴᠢ ᠪᠠᠢ᠌ᠭᠰᠠᠨ ᠶᠤᠮ᠃
ᠲᠡᠷᠡ ᠦᠶ᠎ᠡ᠎ᠳᠤ ᠲᠣᠰ ᠪᠠᠢ᠌ᠭᠤᠯᠭ᠎ᠠ᠎ᠨᠢ ᠬᠤᠭᠤᠰᠤᠨ ᠣᠷᠣᠨ ᠲᠣᠭ᠎ᠠ᠎ᠲᠠᠢ ᠪᠦᠭᠡᠳ ᠤᠳᠬ᠎ᠠ ᠤᠷᠠᠯᠢᠭ᠎ᠲᠤ ᠠᠪᠢᠶᠠᠰ᠎ᠲᠠᠢ ᠵᠠᠯᠠᠭᠤᠰ᠎ᠢ
   ᠤᠯᠠᠮ ᠤᠯᠠᠨ ᠵᠶ᠋ᠠᠷ ᠤᠷᠠᠢ᠌ᠯᠠᠨ ᠳᠠᠭᠤᠳᠠᠵᠦ ᠪᠠᠢ᠌ᠭᠰᠠᠨ ᠪᠤᠯᠬᠤᠷ ᠦᠪᠦᠷ ᠮᠤᠩᠭᠤᠯ᠎ᠤᠨ 《1962 — 1980 ᠣᠨ᠎ᠤ ᠤᠳᠬ᠎ᠠ ᠵᠤᠬᠢᠶᠠᠯ ᠰᠢ ᠵᠦᠴᠦᠭᠡ ᠺᠢᠨᠤ᠋ ᠵᠦᠴᠦᠭᠡ ᠵᠢᠨ ᠱᠠᠩᠨᠠᠯ》᠎ᠳᠤ 《ᠬᠠᠪᠤᠷ᠎ᠤᠨ ᠴᠠᠰᠤ》 ᠭᠡᠬᠦ ᠦᠭᠦᠯᠡᠯᠭᠡ᠎ᠪᠠᠷ ᠵᠶ᠋ᠡᠨ ᠱᠠᠩᠨᠠᠯ ᠭᠠᠷᠳᠠᠭᠰᠠᠨ ᠢ᠊ · ᠪᠦᠷᠭᠦᠳ ᠪᠣᠯᠣᠨ 《ᠮᠡᠳᠡᠯᠭᠡ᠎ᠲᠠᠢ ᠬᠦᠷᠭᠡᠨ》 ᠭᠡᠬᠦ ᠳ᠋ᠸ᠊ · ᠳᠠᠯᠠᠨᠲᠠᠢ᠎ᠲᠠᠢ ᠬᠠᠮᠳᠤᠷᠠᠨ ᠪᠢᠴᠢᠭᠰᠡᠨ ᠶᠠᠷᠢᠶᠠᠲᠤ ᠵᠦᠴᠦᠭᠡ᠎ᠪᠠᠷ ᠵᠶ᠋ᠡᠨ ᠱᠠᠩᠨᠠᠯ ᠭᠠᠷᠳᠠᠭᠰᠠᠨ ᠪᠠ᠊ · ᠪᠦᠷᠢᠨᠵᠢᠷᠭ᠋ᠠᠯ ᠭᠡᠬᠦ ᠬᠤᠷᠢᠨ ᠵᠢᠷᠭᠤᠭ᠎ᠠ ᠳᠣᠯᠣᠭ᠋ᠠᠲᠠᠢ ᠬᠤᠶᠠᠷ ᠮᠤᠩᠭᠤᠯ ᠵᠠᠯᠠᠭᠤ ᠠᠷᠤ ᠠᠷᠤ᠎ᠠᠴᠠ᠎ᠪᠠᠨ ᠠᠵᠢᠯ ᠰᠢᠯᠵᠢᠨ ᠢᠷᠡᠨ᠎ᠡ ᠭᠡᠬᠦ᠎ᠳᠤ ᠠᠪ ᠠᠮᠠᠷᠬᠠᠨ ᠵᠦᠪᠰᠢᠶᠡᠷᠦᠭᠰᠡᠨ ᠶᠤᠮ ᠭᠡᠨ᠎ᠡ᠃ ᠭᠡᠪᠡᠴᠤ ᠠᠵᠢᠯ ᠦᠢ᠍ᠯᠡᠰ᠎ᠤᠨ᠎ᠬᠢᠨ᠎ᠤ ᠣᠷᠣᠨ ᠲᠣᠭ᠎ᠠ᠎ᠨᠢ 40᠎ᠠᠴᠠ 1 ᠳᠠᠪᠠᠬᠤ ᠰᠢᠨᠵᠢ ᠭᠠᠷᠴᠤ᠂ ᠠᠢ᠌ᠮᠠᠭ᠎ᠤᠨ ᠬᠦᠳᠡᠯᠮᠦᠷᠢ ᠠᠵᠢᠯᠳᠠᠨ᠎ᠤ ᠳᠤᠪᠴᠢᠶ᠎ᠠ ᠵᠢᠨ᠎ᠬᠢᠨ ᠬᠡᠨ ᠠᠯᠢ ᠵᠢ᠎ᠨᠢ ᠵᠠᠰᠠᠭ ᠵᠠᠬᠢᠷᠭ᠋ᠠᠨ᠎ᠤ ᠣᠷᠣᠨ ᠳᠣᠭ᠎ᠠ᠎ᠳᠤ ᠤᠷᠤᠭᠤᠯᠬᠤ᠎ᠪᠠᠨ ᠠᠬᠢᠨ ᠳᠠᠬᠢᠨ ᠯᠠᠪᠯᠠᠵᠤ ᠪᠠᠢ᠌ᠯ᠎ᠠ ᠭᠡᠵᠦ ᠠᠢ᠌ᠮᠠᠭ᠎ᠤᠨ ᠰᠤᠶᠤᠯ᠎ᠤᠨ ᠳᠤᠪᠴᠢᠶᠠᠨ᠎ᠤ ᠲᠠᠷᠤᠭ᠎ᠠ ᠪᠠ ᠤᠳᠬ᠎ᠠ ᠤᠷᠠᠯᠢᠭ᠎ᠤᠨ ᠬᠤᠯᠪᠤᠭ᠋ᠠᠨ᠎ᠤ ᠲᠡᠷᠢᠭᠦᠯᠡᠭᠴᠢ ᠵᠢᠨ ᠲᠤᠰᠢᠶᠠᠯ᠎ᠢ ᠳᠠᠪᠬᠤᠷ ᠬᠠᠷᠢᠭᠤᠴᠠᠵᠦ ᠪᠠᠢ᠌ᠭᠰᠠᠨ ᠰᠤᠶᠤᠯ᠎ᠤᠨ ᠠᠬᠠᠮᠠᠳ  ᠵᠢᠳᠭᠦᠯᠲᠡᠨ ᠪᠦᠭᠡᠳ ᠤᠷᠤᠨ᠎ᠤ ᠱᠠᠩᠨᠠᠯᠲᠤ ᠵᠦᠴᠦᠭᠡ ᠵᠢᠨ ᠵᠤᠬᠢᠶᠠᠯᠴᠢ ᠯᠢᠤ ᠪᠢᠩ ᡂᠢ ᠭᠤᠸᠠᠢ ᠰᠣᠶᠣᠯ᠎ᠤᠨ ᠳᠤᠪᠴᠢᠶᠠᠨ᠎ᠤ ᠠᠯᠪᠠᠨ ᠭᠡᠷ᠎ᠲᠤ᠎ᠪᠠᠨ ᠶᠠᠷᠢᠵᠦ ᠦᠩᠭᠡᠷᠡᠭᠰᠡᠨ ᠮᠦᠷᠲᠡᠭᠡᠨ ᠤᠷᠤᠨ᠎ᠤ ᠱᠠᠩᠨᠠᠯᠲᠤ ᠳᠠᠭᠤᠷ ᠦᠨᠳᠦᠰᠦᠳᠡᠨ᠎ᠤ ᠪᠦᠵᠢᠭᠴᠢᠨ ᠪᠦᠭᠡᠳ ᠠᠢ᠌ᠮᠠᠭ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠨ ᠪᠠᠢ᠌ᠩᠭᠤ ᠵᠢᠨ ᠲᠡᠳ᠋ ᠲᠡᠷᠢᠭᠦᠯᠡᠭᠴᠢ ᠪᠠᠲᠤᠸᠴᠢᠷ ᠭᠤᠸᠠᠢ᠎ᠳᠤ ᠪᠠᠷᠢᠨ ᠤᠲᠠᠰᠤ ᠠᠪᠴᠤ ᠡᠪᠲᠠᠢ ᠰᠠᠢ᠌ᠬᠠᠨ ᠰᠢᠢ᠍ᠳᠪᠦᠷᠢᠯᠠᠨ᠎ᠠ ᠭᠡᠰᠡᠨ ᠪᠢᠯᠡ᠃
   ᠡᠬᠦᠨ᠎ᠢ ᠪᠢᠳᠡ ᠬᠤᠶᠠᠷ᠎ᠤᠨ ᠬᠡᠨ ᠠᠯᠢ᠎ᠨᠢ ᠴᠤ᠌ ᠶᠠᠭᠤᠮ᠎ᠠ ᠪᠣᠯᠭ᠋ᠠᠭᠰᠠᠨ ᠦᠭᠡᠢ᠃ ᠶᠠᠮᠠᠷ ᠣᠷᠣᠨ ᠳᠣᠭ᠎ᠠ ᠡᠵᠡᠯᠡᠭᠦᠯᠬᠦ᠎ᠨᠢ ᠲᠠᠨ᠎ᠤ ᠶᠠᠪᠤᠳᠠᠯ᠂ ᠶᠠᠭ᠋ᠠᠬᠢᠵᠦ ᠲᠣᠷ᠎ᠠ᠎ᠲᠠᠢ ᠠᠵᠢᠯ ᠵᠶ᠋ᠠᠨ ᠬᠢᠬᠦ᠎ᠨᠢ ᠮᠢᠨᠤ ᠶᠠᠪᠤᠳᠠᠯ ᠬᠡᠮᠡᠨ ᠰᠠᠨᠠᠵᠦ᠂ ᠨᠢᠭᠡ ᠨᠢᠭᠡ ᠵᠢ᠎ᠪᠠᠨ 《41》 ᠭᠡᠮᠡᠨ ᠨᠠᠭ᠋ᠠᠳᠤᠨ ᠢᠷᠡᠵᠦ ᠨᠡᠷ᠎ᠡ ᠮᠡᠳᠡᠭᠦᠯᠦᠭᠰᠡᠨ ᠶᠤᠮ᠃ ᠭᠡᠬᠦ᠎ᠳᠤ᠎ᠪᠠᠨ ᠪᠢ ᠮᠤᠩᠭᠤᠯ ᠬᠡᠯᠨ᠎ᠳᠤ ᠳᠠᠪᠠᠭᠤᠯᠢᠭ ᠵᠶ᠋ᠡᠷ ᠵᠶ᠋ᠡᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠨ ᠲᠡᠳ᠋ ᠳᠡᠷᠢᠭᠦᠯᠡᠭᠴᠢ ᠪᠦᠭᠡᠳ ᠤᠷᠤᠨ᠎ᠤ ᠱᠠᠩᠨᠠᠯᠲᠤ ᠡᠮᠡᠭᠲᠡᠢ ᠵᠤᠬᠢᠶᠠᠯᠴᠢ ᠴᠢ᠊ · ᠤᠳᠬᠠᠨᠴᠢᠮᠡᠭ᠎ᠤᠨ ᠳᠠᠷᠤᠭ᠋ᠠᠯᠠᠵᠤ ᠪᠠᠢ᠌ᠭ᠎ᠠ 《ᠰᠠᠷᠠᠨ᠎ᠠ》 ᠰᠡᠳᠭᠦᠯ᠎ᠳᠤ ᠠᠵᠢᠯᠯᠠᠬᠤ᠎ᠪᠠᠷ ᠭᠤᠶᠤᠴᠢᠯᠠᠵᠤ᠂ ᠲᠡᠷᠡ ᠬᠢᠲᠠᠳ ᠬᠡᠯᠨ᠎ᠳᠤ ᠳᠠᠪᠠᠭᠤᠯᠢᠭ ᠵᠶ᠋ᠡᠷ ᠵᠶ᠋ᠠᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠨ ᠲᠡᠳ᠋ ᠳᠡᠷᠢᠭᠦᠯᠡᠭᠴᠢ ᠪᠦᠭᠡᠳ ᠣᠷᠣᠨ᠎ᠤ ᠱᠠᠩᠨᠠᠯᠲᠤ ᠰᠢᠯᠦᠭᠴᠢ ᠶᠠᠩ ᠷᠥᠸᠧ ᠹᠸᠢ ᠵᠢᠨ ᠲᠠᠷᠤᠭ᠋ᠠᠯᠠᠵᠤ ᠪᠠᠢ᠌ᠭ᠎ᠠ 《ᠴᠡᠴᠡᠭ᠎ᠤᠨ ᠪᠤᠷᠤᠭ᠎ᠠ》 ᠰᠡᠳᠭᠦᠯ ᠪᠤᠶᠤ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠨ ᠲᠡᠳ᠋ ᠳᠡᠷᠢᠭᠦᠯᠡᠭᠴᠢ ᠪᠦᠭᠡᠳ ᠤᠯᠤᠰ ᠣᠷᠣᠨ᠎ᠤ ᠱᠠᠩᠨᠠᠯᠳᠤ ᠵᠤᠬᠢᠶᠠᠯᠴᠢ ᠹᠧᠩ ᠯᠢᠩ ᡁᠢ ᠵᠢᠨ ᠳᠠᠷᠤᠭ᠋ᠠᠯᠠᠵᠤ ᠦᠩᠭᠡᠷᠡᠭᠰᠡᠨ ᠰᠢ ᠵᠦᠴᠦᠭᠡ ᠺᠢᠨᠤ᠋ ᠤᠷᠠᠯᠢᠭᠴᠢᠳ᠎ᠤᠨ ᠡᠪᠯᠡᠯ᠎ᠳᠤ ᠠᠵᠢᠯᠯᠠᠬᠤ᠎ᠪᠠᠷ ᠵᠢᠱ᠌ᠢᠵᠠᠢ᠃
   ᠡᠨᠡ ᠪᠠᠢ᠌ᠭᠤᠯᠭ᠎ᠠ᠎ᠳᠤ ᠠᠩᠬ᠎ᠠ ᠢᠷᠡᠭᠡᠳ ᠠᠵᠢᠯᠯᠠᠬᠤ ᠭᠠᠵᠠᠷ᠂ ᠠᠯᠪᠠᠨ ᠭᠡᠷ᠂ ᠰᠢᠷᠡᠭᠡ ᠰᠠᠨᠳᠠᠯᠢ ᠪᠤᠶᠤ ᠨᠢᠳᠦᠨ᠎ᠳᠤ ᠦᠵᠡᠭᠳᠡᠬᠦ ᠡᠳ᠋ ᠪᠤᠳᠠᠰ᠎ᠨᠢ ᠮᠢᠨᠤ 10 ᠰᠠᠷ᠎ᠠ ᠪᠠᠭᠰᠢᠯᠠᠵᠤ ᠦᠩᠭᠡᠷᠡᠭᠰᠡᠨ ᠪᠠᠶᠠᠨᠨᠠᠭᠤᠷ᠎ᠤᠨ ᠰᠤᠷᠭ᠋ᠠᠨ ᠬᠦᠮᠦᠵᠢᠯ᠎ᠤᠨ ᠳᠡᠭᠡᠳᠤ ᠰᠤᠷᠭ᠋ᠠᠭᠤᠯᠢ ᠵᠢ ᠬᠤᠯᠠ ᠬᠦᠷᠬᠦ ᠦᠭᠡᠢ ᠰᠢᠭ ᠰᠠᠨᠠᠭᠳᠠᠭᠰᠠᠨ ᠪᠤᠯᠪᠠᠴᠤ᠂ ᠲᠠᠯ᠎ᠠ ᠲᠠᠯ᠎ᠠ ᠵᠢᠨ ᠤᠳᠬ᠎ᠠ ᠤᠷᠠᠯᠢᠭ᠎ᠤᠨ ᠲᠣᠷ᠎ᠠ ᠪᠠᠬᠠᠲᠠᠨ᠎ᠢ ᠬᠣᠷᠢ ᠭᠤᠴᠢ᠎ᠪᠠᠷ᠎ᠨᠢ ᠬᠤᠷᠢᠶᠠᠨ ᠴᠤᠭᠯᠠᠭᠤᠯᠵᠤ ᠠᠪᠢᠶᠠᠰ ᠪᠢᠯᠢᠭ᠎ᠢ᠎ᠨᠢ ᠪᠠᠳᠠᠷᠠᠭᠤᠯᠤᠨ᠂ ᠵᠦᠭ ᠵᠦᠭ᠎ᠤᠨ ᠰᠤᠶᠤᠯ᠎ᠤᠨ ᠵᠢᠳᠭᠦᠯᠳᠡᠳ᠎ᠤᠨ ᠬᠡᠤᠬᠡᠳ ᠠᠴᠢᠷ᠎ᠢ ᠠᠷᠪᠠ ᠬᠣᠷᠢ᠎ᠪᠠᠷ᠎ᠨᠢ ᠬᠦᠯᠢᠶᠡᠨ ᠠᠪᠴᠤ ᠨᠠᠮ ᠵᠠᠰᠠᠭ᠎ᠤᠨ ᠬᠠᠯᠠᠮᠵᠢ ᠵᠢ ᠭᠠᠢ᠌ᠬᠠᠭᠤᠯᠤᠨ᠂ ᠡᠯ᠎ᠡ ᠲᠦᠷᠦᠯ᠎ᠤᠨ ᠵᠤᠬᠢᠶᠠᠯ ᠪᠦᠳᠦᠭᠡᠯ᠎ᠤᠨ ᠬᠤᠷᠠᠯ  ᠰᠤᠷᠤᠯᠴᠠᠯᠭ᠎ᠠ ᠪᠤᠶᠤ ᠵᠤᠬᠢᠶᠠᠯᠴᠢ ᠤᠷᠠᠯᠢᠭᠴᠢᠳ᠎ᠤᠨ ᠠᠮᠢᠳᠤᠷᠠᠯ᠎ᠳᠤ ᠬᠦᠨᠵᠡᠭᠡᠢ᠌ᠷᠡᠬᠦ ᠠᠵᠢᠯᠯᠠᠭ᠎ᠠ ᠵᠢ ᠦᠷᠬᠦᠯᠵᠢ ᠵᠢᠨ ᠴᠢᠨᠠᠷ᠎ᠲᠠᠢ ᠦᠷᠨᠢᠭᠦᠯᠦᠨ ᠪᠠᠢ᠌ᠭ᠎ᠠ ᠦᠢ᠍ᠯᠡ ᠪᠠᠢ᠌ᠳᠠᠯ᠎ᠨᠢ ᠪᠢᠰᠢᠷᠡᠵᠦ ᠪᠠᠬᠠᠷᠬᠠᠬᠤ ᠰᠡᠳᠭᠢᠯᠭᠡ ᠵᠢ ᠦᠪᠡᠷ᠎ᠤᠨ ᠡᠷᠬᠡ ᠦᠭᠡᠢ ᠬᠦᠳᠡᠯᠭᠡᠭᠰᠡᠨ ᠶᠤᠮ᠃
   ᠬᠡᠯᠡᠬᠦ᠎ᠠᠴᠠ ᠠᠴᠢᠶ᠎ᠠ ᠲᠡᠭᠡᠭᠡᠪᠦᠷᠢ ᠵᠢᠨ ᠭᠡᠬᠦ ᠤᠷᠲᠤ ᠴᠢᠷᠤᠬᠦᠯ᠎ᠲᠠᠢ ᠲᠤᠮᠤ ᠮᠠᠰᠢᠨ ᠬᠢᠭᠡᠳ ᠤᠨᠤᠭ᠎ᠠ ᠤᠯᠠᠭ᠋ᠠᠨ᠎ᠤ ᠭᠡᠬᠦ ᠵᠢᠵᠢᠭ ᠮᠠᠰᠢᠨ᠎ᠤ ᠳᠤᠮᠳᠠ᠎ᠪᠠᠨ ᠳᠤᠰᠬᠠᠢ ᠪᠢᠰᠢ ᠡᠭᠡᠯᠵᠢ ᠬᠠᠯᠠᠭ᠋ᠠᠨ᠎ᠤ ᠭᠡᠬᠦ ᠲᠠᠪᠤ ᠵᠢᠷᠭᠤᠭ᠋ᠠᠨ ᠵᠢᠯᠤᠭᠣᠴᠢ ᠲᠤᠬᠢᠷᠠᠭᠤᠯᠵᠤ ᠪᠠᠢ᠌ᠳᠠᠭ᠎ᠨᠢ 《ᠵᠠᠭᠤᠨ ᠢᠮᠠᠭ᠋ᠠᠨ᠎ᠳᠤ ᠵᠢᠷᠠᠨ ᠤᠬᠤᠨ᠎ᠠ》 ᠬᠡᠳᠡᠭ ᠰᠢᠭ ᠢᠨᠢᠶᠡᠳᠦᠮ᠎ᠲᠠᠢ ᠦᠵᠡᠭᠳᠡᠵᠦ ᠪᠠᠢ᠌ᠯ᠎ᠠ᠃
        ᠬᠤᠶᠠᠷ
   ᠨᠢᠭᠡ ᠨᠢᠭᠡ ᠵᠢ᠎ᠪᠠᠨ 《41》 ᠭᠡᠵᠤ ᠨᠠᠭ᠋ᠠᠳᠤᠨ ᠢᠷᠡᠵᠦ ᠨᠡᠷ᠎ᠡ ᠮᠡᠳᠡᠭᠦᠯᠦᠭᠰᠡᠨ᠎ᠠᠴᠠ ᠬᠤᠢ᠌ᠰᠢ ᠪᠢ ᠰᠠᠨᠠᠭ᠎ᠠ᠎ᠪᠠᠷ ᠵᠶ᠋ᠠᠨ ᠨᠠᠢ᠌ᠷᠠᠭᠤᠯᠤᠭᠴᠢ ᠪᠤᠯᠵᠤ᠂ ᠵᠤᠬᠢᠶᠠᠯᠴᠢ ᠴᠢ᠊ · ᠣᠳᠬᠠᠨᠴᠢᠮᠡᠭ ᠪᠠᠭᠰᠢ᠂ ᠵᠤᠬᠢᠶᠠᠯᠴᠢ ᠰᠦᠷᠦᠩᠪᠠᠲᠤ ᠪᠠᠭᠰᠢ᠂ ᠰᠢᠯᠦᠭᠴᠢ ᠴᠠᠭ᠋ᠠᠨᠪᠠᠷᠰ ᠪᠠᠭᠰᠢ ᠪᠤᠯᠤᠨ ᠰᠢᠭᠦᠮᠵᠢᠯᠡᠭᠴᠢ ᠴᠢ᠊ · ᠡᠩᠬᠡ ᠠᠬ᠎ᠠ᠎ᠲᠠᠢ ᠬᠠᠮᠲᠤ 《ᠰᠠᠷᠠᠨ᠎ᠠ》 ᠰᠡᠳᠭᠦᠯ᠎ᠤᠨ ᠨᠠᠢ᠌ᠷᠠᠭᠤᠯᠵᠤ ᠬᠡᠪᠯᠡᠵᠦ ᠲᠠᠷᠬᠠᠭ᠋ᠠᠬᠤ ᠠᠵᠢᠯ᠎ᠳᠤ ᠪᠠᠶᠠᠷᠲᠠᠢ᠌ᠬᠠᠨ ᠤᠷᠤᠯᠴᠠᠵᠠᠢ᠃ ᠢ᠊ · ᠪᠦᠷᠭᠦᠳ ᠰᠢ ᠵᠦᠴᠦᠭᠡ ᠺᠢᠨᠤ᠋ ᠤᠷᠠᠯᠢᠭᠴᠢᠳ᠎ᠤᠨ ᠡᠪᠯᠡᠯ᠎ᠳᠤ ᠳᠣᠰᠬᠠᠢ ᠵᠤᠬᠢᠶᠠᠯᠴᠢ᠎ᠪᠠᠷ ᠠᠵᠢᠯᠯᠠᠵᠤ᠂ ᠬᠤᠢ᠌ᠳᠤᠨ ᠬᠠᠪᠤᠷ᠎ᠨᠢ ᠪᠡᠭᠡᠵᠢᠩ᠎ᠳᠤ ᠰᠤᠷᠤᠯᠴᠠᠬᠤ᠎ᠪᠠᠷ ᠮᠣᠷᠳᠠᠭᠰᠠᠨ ᠪᠢᠯᠡ᠃
   ᠶᠠᠭ ᠦᠨᠡᠨ᠎ᠢ ᠬᠡᠯᠡᠬᠦ᠎ᠳᠤ 《ᠰᠠᠷᠠᠨ᠎ᠠ》 ᠭᠡᠳᠡᠭ ᠰᠡᠳᠭᠦᠯ ᠪᠣᠯ 1972 ᠣᠨ᠎ᠳᠤ ᠡᠮᠡᠭᠳᠡᠢ ᠵᠤᠬᠢᠶᠠᠯᠴᠢ ᠴᠢ᠊· ᠣᠳᠬᠠᠨᠴᠢᠮᠡᠭ᠎ᠤᠨ ᠭᠠᠷ ᠲᠡᠭᠡᠷ᠎ᠡ ᠬᠡᠪᠯᠡᠯ ᠡᠬᠢᠯᠡᠵᠦ᠂ 1974 ᠣᠨ᠎ᠳᠤ ᠵᠤᠬᠢᠶᠠᠯᠴᠢ ᠰᠦᠷᠦᠩᠪᠠᠲᠤ ᠵᠢᠨ ᠭᠠᠷ᠎ᠢ ᠳᠠᠮᠵᠢᠭᠰᠠᠨ 《ᠲᠠᠯ᠎ᠠ ᠨᠤᠲᠤᠭ᠎ᠤᠨ ᠰᠢᠨ᠎ᠡ ᠳᠠᠭᠤᠯᠠᠯ》 ᠭᠡᠬᠦ 32 ᠵᠢᠰᠦᠮ᠎ᠤᠨ ᠵᠢᠯ᠎ᠤᠨ ᠬᠡᠪᠯᠡᠯ᠎ᠤᠨ ᠰᠠᠭᠤᠷᠢ ᠳᠡᠭᠡᠷ᠎ᠡ 1976 ᠤᠨ᠎ᠳᠤ ᠵᠤᠬᠢᠶᠠᠯᠴᠢ ᠴᠢ᠊ · ᠣᠳᠬᠠᠨᠴᠢᠮᠡᠭ᠂ ᠰᠦᠷᠦᠩᠪᠠᠲᠤ᠂ ᠵᠢᠷᠠᠨᠳᠠᠢ (ᠮᠤᠨᠠᠬᠡᠤᠭᠡᠨ) ᠨᠠᠷ 《ᠪᠠᠶᠠᠨᠨᠠᠭᠤᠷ᠎ᠤᠨ ᠤᠷᠠᠨ ᠵᠤᠬᠢᠶᠠᠯ》 ᠭᠡᠬᠦ 16 ᠵᠢᠰᠦᠮ᠎ᠤᠨ ᠬᠠᠭ᠋ᠠᠰ ᠵᠢᠯ᠎ᠤᠨ ᠬᠡᠪᠯᠡᠯ ᠪᠣᠯᠭ᠋ᠠᠵᠦ᠂ 1978 ᠤᠨ᠎ᠳᠤ ᠵᠤᠬᠢᠶᠠᠯᠴᠢ ᠴᠢ᠊ · ᠣᠳᠬᠠᠨᠴᠢᠮᠡᠭ ᠨᠠᠷ ᠪᠠᠰᠠ 《ᠰᠠᠷᠠᠨ᠎ᠠ》 ᠭᠡᠬᠦ 16 ᠵᠢᠰᠦᠮ᠎ᠤᠨ ᠳᠤᠭᠳᠠᠮᠠᠯ ᠪᠤᠰᠤ ᠪᠤᠶᠤ ᠤᠯᠠᠷᠢᠯ᠎ᠤᠨ ᠬᠡᠪᠯᠡᠯ ᠪᠣᠯᠭ᠋ᠠᠭᠰᠠᠨ ᠤᠷᠠᠨ ᠵᠤᠬᠢᠶᠠᠯ᠎ᠤᠨ ᠳᠤᠳᠤᠭ᠋ᠠᠳᠤ᠎ᠳᠤ᠎ᠪᠠᠨ ᠰᠣᠯᠢᠯᠴᠠᠬᠤ ᠮᠠᠲᠸᠷᠢᠶᠠᠯ ᠶᠤᠮ᠃
    ᠡᠨᠡ ᠬᠦ᠌ ᠳᠣᠳᠣᠭ᠋ᠠᠳᠣ ᠮᠠᠲᠸᠷᠢᠶᠠᠯ᠎ᠤᠨ ᠬᠡᠪᠯᠡᠯ ᠡᠬᠢᠯᠡᠭᠰᠡᠨ ᠡᠬᠢᠨ᠎ᠤ 10 ᠵᠢᠯ᠎ᠤᠨ ᠤᠴᠢᠷ᠎ᠢ ᠪᠢ ᠰᠠᠢ᠌ᠨ ᠮᠡᠳᠡᠬᠦ ᠦᠭᠡᠢ᠃ ᠭᠡᠪᠡᠴᠤ᠂ ᠲᠠᠷᠠᠭ᠋ᠠᠴᠢ ᠵᠢᠨ 3 ᠵᠢᠯ᠎ᠨᠢ ᠬᠠᠷᠢᠨ ᠲᠣᠳᠣᠭ᠋ᠠᠳᠤ᠎ᠳᠤ᠎ᠪᠠᠨ ᠰᠣᠯᠢᠯᠴᠠᠳᠠᠭ ᠤᠯᠠᠷᠢᠯ᠎ᠤᠨ ᠬᠡᠪᠯᠡᠯ ᠳᠡᠳᠦᠢ ᠪᠣᠯᠪᠠᠴᠤ 《ᠭᠤᠷᠪᠠᠨ ᠳᠡᠰ᠎ᠤᠨ ᠬᠢᠨᠠᠯᠲᠠ》 ᠵᠢ ᠴᠢᠩᠭ᠎ᠠ ᠵᠢᠷᠤᠮᠯᠠᠳᠠᠭ ᠪᠦᠭᠡᠳ ᠦᠪᠦᠷ ᠮᠤᠩᠭᠤᠯ᠎ᠤᠨ 《1962 — 1980 ᠣᠨ᠎ᠤ ᠱᠠᠩᠨᠠᠯ》᠎ᠳᠤ 《ᠭᠣᠪᠢ ᠵᠢᠨ ᠮᠦᠩᠬᠡ ᠬᠠᠷᠭ᠋ᠠᠨ᠎ᠠ》 ᠭᠡᠬᠦ ᠦᠭᠦᠯᠡᠯᠭᠡ᠎ᠪᠠᠷ ᠵᠶ᠋ᠡᠨ ᠱᠠᠩᠨᠠᠯ ᠭᠠᠷᠳᠠᠭᠰᠠᠨ ᠣᠷᠤᠨ᠎ᠤ ᠱᠠᠩᠨᠠᠯᠲᠣ ᠵᠤᠬᠢᠶᠠᠯᠴᠢ ᠴᠢ᠊ · ᠣᠳᠬᠠᠨᠴᠢᠮᠡᠭ ᠪᠠᠭᠰᠢ ᠡᠴᠦᠰ᠎ᠤᠨ ᠬᠢᠨᠠᠯᠲᠠ ᠵᠢ ᠭᠦᠢ᠍ᠴᠡᠳᠭᠡᠵᠦ᠂ 《ᠪᠢᠳᠡᠭᠦᠨ᠎ᠤ ᠪᠠᠡᠭᠰᠢ》 ᠭᠡᠬᠦ ᠦᠭᠦᠯᠡᠯᠭᠡ᠎ᠪᠠᠷ ᠵᠶ᠋ᠡᠨ ᠱᠠᠩᠨᠠᠯ ᠭᠠᠷᠳᠠᠭᠰᠠᠨ ᠣᠷᠤᠨ᠎ᠤ ᠱᠠᠩᠨᠠᠯᠲᠣ ᠵᠤᠬᠢᠶᠠᠯᠴᠢ ᠰᠦᠷᠦᠩᠪᠠᠲᠤ ᠪᠠᠭᠰᠢ ᠬᠤᠶᠠᠳᠠᠬᠢ ᠬᠢᠨᠠᠯᠲᠠ ᠵᠢ ᠭᠦᠢ᠍ᠴᠡᠳᠭᠡᠨ᠂ ᠰᠢᠯᠦᠭ᠎ᠤᠨ ᠨᠠᠢ᠌ᠷᠠᠭᠤᠯᠤᠭᠴᠢ ᠴᠠᠭ᠋ᠠᠨᠪᠠᠷᠰ ᠪᠠᠭᠰᠢ᠂ ᠰᠢᠭᠦᠮᠵᠢ ᠨᠠᠢ᠌ᠷᠠᠭᠤᠯᠤᠯ᠎ᠤᠨ ᠨᠠᠢ᠌ᠷᠠᠭᠤᠯᠤᠭᠴᠢ ᠴᠢ᠊ · ᠡᠩᠬᠡ ᠠᠬ᠎ᠠ᠂ ᠦᠭᠦᠯᠡᠯᠭᠡ ᠲᠤᠭᠤᠵᠢ ᠵᠢᠨ ᠨᠠᠢ᠌ᠷᠠᠭᠤᠯᠤᠭᠴᠢ ᠪᠠ᠊ · ᠪᠦᠷᠢᠨᠵᠢᠷᠭ᠋ᠠᠯ ᠪᠢ᠎ᠪᠠᠷ ᠲᠣᠰ ᠲᠣᠰ᠎ᠤᠨ ᠠᠵᠢᠯ᠎ᠤᠨ ᠬᠤᠪᠢᠶᠠᠷᠢᠯᠠᠯ ᠵᠶ᠋ᠠᠷ ᠵᠶ᠋ᠠᠨ ᠠᠩᠬᠠᠨ᠎ᠤ ᠬᠢᠨᠠᠯᠲᠠ ᠵᠢ ᠬᠦᠢ᠍ᠴᠡᠳᠭᠡᠭᠰᠡᠨ ᠭᠡᠳᠡᠭ ᠵᠶ᠋ᠡᠨ ᠲᠣᠪ ᠲᠣᠳᠣᠷᠬᠠᠢ ᠴᠡᠭᠡᠵᠢᠯᠡᠵᠦ ᠪᠠᠢ᠌ᠨ᠎ᠠ᠃
   ᠲᠡᠷᠡ ᠦᠶ᠎ᠡ᠎ᠳᠤ ᠤᠷᠤᠨ᠎ᠤ 《1962 — 1980 ᠣᠨ᠎ᠤ ᠱᠠᠩᠨᠠᠯ》᠎ᠳᠤ 《ᠭᠠᠩᠭ᠋ᠠᠩ ᠤᠯᠠᠭ᠋ᠠᠨ ᠲᠡᠮᠡᠭᠡ》 ᠭᠡᠬᠦ ᠦᠭᠦᠯᠡᠯᠭᠡ᠎ᠪᠠᠷ ᠵᠶ᠋ᠡᠨ ᠱᠠᠩᠨᠠᠯ ᠭᠠᠷᠳᠠᠭᠰᠠᠨ ᠣᠷᠤᠨ᠎ᠤ ᠱᠠᠩᠨᠠᠯᠲᠣ ᠵᠤᠬᠢᠶᠠᠯᠴᠢ ᠮᠠᠭᠰᠠᠷᠵᠠᠪ ᠪᠠᠭᠰᠢ᠂ 《ᠬᠦᠯᠦᠨ᠎ᠤ ᠬᠦᠪᠡᠭᠡᠨ᠎ᠳᠤ》 ᠭᠡᠬᠦ ᠷᠤᠮᠠᠨ ᠵᠶ᠋ᠠᠷ ᠵᠶ᠋ᠡᠨ ᠱᠠᠩᠨᠠᠯ ᠭᠠᠷᠳᠠᠭᠰᠠᠨ ᠣᠷᠤᠨ᠎ᠤ ᠱᠠᠩᠨᠠᠯᠲᠣ ᠵᠤᠬᠢᠶᠠᠯᠴᠢ ᠪᠠ᠊ · ᠮᠠᠨᠳᠤᠬᠤ ᠪᠠᠭᠰᠢ᠂ ᠨᠠᠷᠠᠨ ᠲᠠᠯ᠎ᠠ ᠵᠢᠨ ᠨᠢᠭᠤᠷᠯᠠᠭᠰᠠᠨ ᠠᠯᠪᠠᠨ ᠭᠡᠷ᠎ᠲᠤ ᠵᠤᠬᠢᠶᠠᠯᠴᠢᠳ᠎ᠤᠨ ᠡᠪᠯᠡᠯ᠎ᠤᠨ ᠲᠡᠷᠢᠭᠦᠯᠡᠭᠴᠢ᠂ ᠳᠡᠳ᠋ ᠲᠡᠷᠢᠭᠦᠯᠡᠭᠴᠢ᠎ᠪᠠᠷ ᠠᠵᠢᠯᠯᠠᠳᠠᠭ ᠪᠦᠭᠡᠳ 《ᠴᠠᠭ᠋ᠠᠨ ᠡᠭᠦᠯᠡᠨ᠎ᠤ ᠨᠤᠲᠤᠭ》 ᠭᠡᠬᠦ ᠰᠢᠯᠦᠭ ᠵᠶ᠋ᠡᠷ ᠵᠶ᠋ᠡᠨ ᠱᠠᠩᠨᠠᠯ ᠠᠪᠤᠭᠰᠠᠨ ᠣᠷᠤᠨ᠎ᠤ ᠱᠠᠩᠨᠠᠯᠲᠣ ᠰᠢᠯᠦᠭᠴᠢ ᠶᠠᠩ ᠷᠥᠸᠧ ᠹᠸᠢ ᠪᠠᠭᠰᠢ᠂ 《ᠲᠠᠯ᠎ᠠ ᠨᠤᠲᠤᠭ᠎ᠤᠨ ᠠᠶᠠᠯᠠᠯ》 ᠭᠡᠬᠦ ᠰᠢᠯᠦᠭ ᠵᠶ᠋ᠡᠷ ᠵᠶ᠋ᠡᠨ ᠱᠠᠩᠨᠠᠯ ᠠᠪᠤᠭᠰᠠᠨ ᠣᠷᠤᠨ᠎ᠤ ᠱᠠᠩᠨᠠᠯᠲᠣ ᠰᠢᠯᠦᠭᠴᠢ ᠯᠢ ᠽᠢ ᠡᠸᠨ ᠪᠠᠭᠰᠢ᠂ 《ᠭᠠᠢ᠌ᠬᠠᠮᠰᠢᠭᠲᠤ ᠠᠶᠠᠨ》 ᠭᠡᠬᠦ ᠲᠤᠭᠤᠵᠢ᠎ᠪᠠᠷ ᠵᠶ᠋ᠡᠨ ᠱᠠᠩᠨᠠᠯ ᠠᠪᠤᠭᠰᠠᠨ ᠣᠷᠤᠨ᠎ᠤ ᠱᠠᠩᠨᠠᠯᠲᠣ ᠵᠤᠬᠢᠶᠠᠯᠴᠢ ᠯᠢ ᠲᠢᠩ ᠹᠠᠩ ᠪᠠᠭᠰᠢ ᠨᠠᠷ ᠵᠡᠭᠦᠨ ᠪᠡᠶ᠎ᠡ ᠵᠢᠨ ᠠᠯᠪᠠᠨ ᠭᠡᠷ᠎ᠲᠤ 《ᠴᠡᠴᠡᠭ᠎ᠤᠨ ᠪᠣᠷᠣᠭ᠎ᠠ》 ᠭᠡᠬᠦ ᠬᠢᠲᠠᠳ ᠰᠡᠳᠭᠦᠯ᠎ᠢ ᠨᠠᠢ᠌ᠷᠠᠭᠤᠯᠵᠦ ᠪᠠᠢ᠌ᠭᠰᠠᠨ᠎ᠨᠢ ᠰᠠᠨᠠᠭ᠋ᠠᠨ᠎ᠳᠤ ᠦᠢ᠍ᠷᠠᠬᠠᠨ ᠬᠠᠷᠠᠭᠳᠠᠵᠤ ᠪᠠᠢ᠌ᠨ᠎ᠠ᠃
   ᠬᠠᠷᠢᠨ 《ᠨᠣᠳᠣᠭ᠎ᠤᠨ ᠮᠢᠨᠢ ᠨᠠᠷᠢᠨ ᠭᠣᠣᠯ》 (ᠢ᠊᠂ ᠪᠠᠳᠠᠷᠠᠩᠭᠤᠢ᠎ᠲᠠᠢ ᠬᠠᠮᠲᠤ) ᠭᠡᠬᠦ ᠳᠠᠭᠤᠤ᠎ᠪᠠᠷ ᠵᠶ᠋ᠠᠨ ᠤᠯᠤᠰ᠎ᠤᠨ ᠱᠠᠲᠤᠨ᠎ᠤ ᠱᠠᠩᠨᠠᠯ ᠠᠪᠣᠭᠰᠠᠨ ᠠᠶᠠᠯᠭᠤ ᠵᠢᠨ ᠵᠤᠬᠢᠶᠠᠯᠴᠢ ᠷᠧᠨ ᠢ ᠭᠤᠸᠠᠩ ᠪᠠᠭᠰᠢ᠂ 《ᠰᠢᠨ᠎ᠡ ᠬᠥᠮᠥᠨ᠎ᠢ ᠰᠠᠷᠨ ᠭᠡᠢ᠌ᠭᠦᠯᠦᠨᠡᠮ》 ᠭᠡᠬᠦ ᠣᠬᠤᠷ ᠵᠦᠴᠦᠭᠡ᠎ᠪᠠᠷ ᠵᠶ᠋ᠡᠨ ᠤᠯᠤᠰ᠎ᠤᠨ ᠱᠠᠲᠤᠨ᠎ᠤ ᠱᠠᠩᠨᠠᠯ ᠠᠪᠤᠭᠰᠠᠨ ᠵᠦᠴᠦᠭᠡ ᠵᠢᠨ ᠵᠤᠬᠢᠶᠠᠯᠴᠢ ᠯᠦ᠍ ᠽᠢ ᠷᠤᠩ ᠪᠠᠭᠰᠢ ᠪᠤᠯᠤᠨ ᠤᠷᠤᠨ᠎ᠤ ᠱᠠᠩᠨᠠᠯᠳᠤ ᠵᠦᠴᠦᠭᠡ ᠵᠢᠨ ᠵᠤᠬᠢᠶᠠᠯᠴᠢ᠂ ᠵᠢᠶᠠ ᠴᠧᠨ ᠶᠢᠩ᠂ ᠵᠣᠣ ᠵᠢᠦ ᠴᠢᠨ᠂ ᠢᠤᠢ ᡁᠢ ᠰᠢᠶᠠᠩ᠂ ᠶᠧ ᠽᠦ᠍ ᠰᠢᠶᠦ᠋ᠨ᠂ ᠤᠷᠤᠨ᠎ᠤ ᠱᠠᠩᠨᠠᠯᠳᠤ ᠪᠦᠵᠢᠭᠴᠢᠨ ᠵᠸᠤ ᠮᠢᠩ ᠭᠣᠸᠠᠩ᠂ ᠣᠷᠣᠨ᠎ᠤ ᠱᠠᠩᠨᠠᠯᠲᠤ ᠵᠤᠬᠢᠶᠠᠯᠴᠢ ᠶᠡᠨ ᠵᠢᠢ ᠸᠧᠨ᠂ ᠯᠢᠤ ᠵᠸᠡᠩ ᠬᠤᠸᠠ᠂ ᠤᠷᠤᠨ᠎ᠤ ᠱᠠᠩᠨᠠᠯᠳᠤ ᠭᠡᠷᠡᠯ ᠵᠢᠷᠤᠭᠴᠢᠨ ᠯᠢᠤ ᠭᠣᠣ ᠹᠧᠩ ᠵᠡᠷᠭᠡ ᠵᠢᠨ ᠨᠡᠷᠡᠳᠤ ᠬᠦᠮᠦᠰ ᠠᠯᠢ ᠠᠯᠢ ᠠᠯᠪᠠᠨ ᠭᠡᠷ᠎ᠲᠤ ᠠᠵᠢᠯᠯᠠᠵᠤ ᠪᠠᠢ᠌ᠭᠰᠠᠨ᠎ᠨᠢ ᠪᠠᠯᠠᠷᠬᠠᠢ ᠪᠤᠯᠤᠭᠰᠠᠨ ᠴᠤ᠌ ᠲᠡᠳᠡ ᠨᠠᠷ᠎ᠤᠨ ᠵᠢᠰᠦ ᠳᠥᠷᠬᠦ᠎ᠨᠢ ᠵᠤᠬᠢᠶᠠᠯ ᠪᠦᠳᠦᠭᠡᠯ᠎ᠲᠠᠢ᠎ᠪᠠᠨ ᠴᠤᠭ ᠵᠢᠷᠦᠬᠡᠨ᠎ᠳᠤ ᠮᠢᠨᠢ ᠰᠦᠮᠪᠤᠷᠯᠡᠭᠰᠡᠬᠡᠷ᠃
   ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠭᠡᠵᠦ ᠮᠢᠨᠤ ᠭᠠᠯ ᠵᠠᠯᠠᠭᠤ ᠨᠠᠰᠤᠨ᠎ᠤ ᠣᠮᠤᠭᠰᠢᠯ ᠪᠤᠶᠤ᠃ ᠥᠭᠡᠷ᠎ᠡ ᠵᠢ ᠪᠠᠢ᠌ᠴᠢᠬ᠎ᠠ᠂ ᠳᠣᠬᠠᠢ ᠵᠢᠨ ᠦᠶ᠎ᠡ᠎ᠳᠤ ᠲᠤᠰ ᠪᠠᠢ᠌ᠭᠤᠯᠭ᠎ᠠ᠎ᠨᠢ ᠠᠯᠪᠠᠨ᠎ᠤ ᠵᠠᠷᠤᠳᠠᠯ᠎ᠤᠨ ᠬᠦᠴᠢᠷᠳᠡᠯ ᠡᠨᠡ ᠲᠡᠷᠡ ᠭᠡᠬᠦ ᠶᠠᠷᠰᠢᠭ ᠤᠭᠳᠤ ᠭᠠᠷᠴᠤ ᠦᠩᠭᠡᠷᠡᠭᠡ ᠦᠭᠡᠢ ᠮᠦᠷᠲᠡᠭᠡᠨ ᠵᠠᠷᠤᠵᠤ ᠪᠠᠷᠠᠬᠤ ᠦᠭᠡᠢ ᠠᠯᠪᠠᠨ ᠵᠠᠷᠤᠳᠠᠯ ᠵᠶ᠋ᠠᠨ ᠵᠢᠯ᠎ᠤᠨ ᠡᠴᠦᠰ᠎ᠲᠤ ᠠᠷᠪᠠ ᠲᠠᠪᠤᠨ ᠲᠦᠮᠡ᠎ᠪᠠᠷ᠎ᠨᠢ ᠡᠳ᠋᠎ᠤᠨ ᠵᠠᠰᠠᠭ᠎ᠲᠤ ᠪᠤᠴᠠᠭ᠋ᠠᠳᠠᠭ ᠰᠠᠢ᠌ᠬᠠᠨ ᠳᠠᠳᠬᠠᠯ᠎ᠲᠠᠢ ᠪᠣᠯᠬᠤᠷ ᠮᠤᠩᠭᠤᠯ ᠰᠡᠳᠭᠦᠯ ᠪᠠᠢ᠌ᠲᠣᠭ᠋ᠠᠢ ᠬᠢᠲᠠᠳ ᠰᠡᠳᠭᠦᠯ᠂ ᠳᠡᠭᠦᠨᠴᠢᠯᠡᠨ ᠵᠤᠬᠢᠶᠠᠯᠴᠢᠳ᠎ᠤᠨ ᠡᠪᠯᠡᠯ᠂ ᠰᠢ ᠵᠦᠴᠦᠭᠡᠴᠢᠳ᠎ᠤᠨ ᠡᠪᠯᠡᠯ᠂ ᠳᠠᠭᠤᠤ ᠪᠦᠵᠢᠭᠴᠢᠳ᠎ᠤᠨ ᠡᠪᠯᠡᠯ᠎ᠤᠨ ᠨᠠᠢ᠌ᠷᠠᠭᠤᠯᠤᠨ ᠬᠡᠪᠯᠡᠳᠡᠭ 《ᠪᠠᠶᠠᠨᠨᠠᠭᠤᠷ᠎ᠤᠨ ᠵᠦᠴᠦᠭᠡ ᠵᠢᠨ ᠴᠤᠪᠤᠷᠠᠯ》 《ᠪᠠᠶᠠᠨᠨᠠᠭᠤᠷ᠎ᠤᠨ ᠠᠷᠠᠳ᠎ᠤᠨ ᠲᠠᠭᠤᠤ》 《ᠪᠠᠶᠠᠨᠨᠠᠭᠤᠷ᠎ᠤᠨ ᠱᠠᠩᠨᠠᠯ ᠠᠪᠤᠭᠰᠠᠨ ᠵᠤᠬᠢᠶᠠᠯ》 《ᠪᠠᠶᠠᠨᠨᠠᠭᠤᠷ᠎ᠤᠨ ᠪᠦᠵᠢᠭ᠎ᠤᠨ ᠪᠦᠲᠦᠭᠡᠯ》 ᠭᠡᠬᠦ ᠮᠡᠲᠤ ᠵᠢᠨ ᠳᠤᠳᠤᠭ᠋ᠠᠳᠤ ᠮᠠᠲᠸᠷᠢᠶᠠᠯ᠎ᠨᠢ ᠬᠦᠷᠲᠡᠯ᠎ᠡ ᠠᠳᠠᠭ ᠪᠠᠭ᠎ᠠ᠎ᠳᠤ᠎ᠪᠠᠨ ᠲᠠᠪᠤᠨ ᠮᠢᠩᠭ᠎ᠠ᠎ᠪᠠᠷ ᠬᠡᠪᠯᠡᠭᠳᠡᠵᠦ ᠪᠠᠢ᠌ᠵᠠᠢ᠃ ᠲᠡᠭᠡᠬᠦᠯᠡᠷ ᠬᠤᠭᠤᠴᠠᠭ᠎ᠠ ᠪᠣᠯᠭ᠋ᠠᠨ᠎ᠤ ᠬᠡᠪᠯᠡᠵᠦ ᠭᠠᠷᠭ᠋ᠠᠭᠰᠠᠨ 《5000》 ᠲᠡᠪᠲᠡᠷ᠎ᠢ ᠨᠢᠭᠡ ᠨᠢᠭᠡ᠎ᠪᠠᠷ᠎ᠨᠢ ᠵᠠᠬᠢᠲᠠᠯ᠎ᠤᠨ ᠲᠣᠮᠣ ᠳᠤᠭᠳᠤᠢ᠎ᠳᠤ ᠰᠠᠪᠠᠯᠠᠵᠤ ᠠᠮᠠ ᠵᠢ᠎ᠨᠢ ᠬᠠᠳᠠᠭ᠋ᠠᠳ᠂ ᠨᠡᠷ᠎ᠡ ᠬᠠᠶᠢᠭ᠎ᠢ᠎ᠨᠢ ᠪᠢᠴᠢᠭᠡᠳ᠂ ᠡᠰᠡᠬᠦᠯ᠎ᠡ ᠳᠤᠭᠲᠠᠮᠠᠯ ᠳᠤᠰᠤᠨ᠎ᠪᠠᠷ᠎ᠤᠨ ᠨᠡᠷ᠎ᠡ ᠬᠠᠶᠢᠭ᠎ᠢ᠎ᠨᠢ ᠡᠰᠭᠡᠵᠦ ᠨᠠᠭ᠋ᠠᠭ᠋ᠠᠳ᠂ ᠳᠤᠭᠳᠤᠢ ᠵᠢᠨ ᠲᠡᠭᠡᠷ᠎ᠡ ᠦᠨᠴᠦᠭ᠎ᠢ᠎ᠨᠢ ᠬᠠᠢ᠌ᠴᠢᠯᠠᠨ᠂ ᠪᠠᠢ᠌ᠭᠤᠯᠭ᠎ᠠ ᠵᠢᠨ ᠠᠴᠢᠶᠠᠨ᠎ᠤ ᠲᠣᠮᠣ ᠮᠠᠰᠢᠨ ᠪᠤᠶᠤ ᠤᠨᠤᠭ᠋ᠠᠨ᠎ᠤ ᠪᠠᠭ᠎ᠠ ᠮᠠᠰᠢᠨ ᠵᠶ᠋ᠡᠷ ᠰᠢᠤᠳᠡᠨ᠎ᠳᠤ ᠬᠦᠷᠭᠡᠬᠦ ᠮᠡᠲᠤ ᠵᠢᠨ ᠨᠡᠢ᠌ᠲᠡ ᠵᠢᠨ ᠠᠮᠢᠳᠤᠷᠠᠯ᠎ᠤᠨ ᠵᠢᠷᠤᠭ ᠦᠷᠬᠦᠯᠵᠢ ᠬᠠᠷᠠᠭᠳᠠᠵᠤ ᠪᠠᠢ᠌ᠳᠠᠭ ᠰᠠᠨ᠃ ᠣᠨᠴᠠᠭ᠋ᠠᠢ᠌ᠯᠠᠨ᠂ ᠨᠠᠰᠤ᠎ᠪᠠᠷ ᠬᠤᠯᠠ ᠳᠡᠭᠦᠦ ᠬᠠᠢ ᠬᠤᠸᠠ᠂ ᠬᠠᠨ ᠾᠧ ᠹᠧᠩ᠂ ᠼᠣᠣ ᠹᠠᠩ ᠮᠡᠲᠤ ᠵᠢᠨ ᠮᠤᠩᠭᠤᠯ ᠬᠢᠳᠡᠳ ᠬᠡᠤᠬᠡᠨᠴᠤᠤᠯ᠂ ᠰᠢᠤᠳᠡᠨ ᠳᠤᠪᠴᠢᠶᠠᠨ᠎ᠤ ᠬᠠᠲᠠᠭᠤ ᠪᠣᠷᠣ ᠱᠠᠯᠠ ᠲᠡᠭᠡᠷ᠎ᠡ ᠡᠪᠦᠳᠦᠭᠯᠡᠨ ᠰᠠᠭᠤᠭ᠋ᠠᠳ᠂ ᠰᠡᠳᠭᠦᠯ᠎ᠤᠨ ᠳᠤᠭᠳᠤᠢ ᠳᠡᠭᠡᠷ᠎ᠡ ᠰᠢᠤᠳᠡᠨ᠎ᠤ ᠴᠠᠩᠭᠡᠷ ᠲᠠᠮᠠᠭ᠎ᠠ ᠵᠢ ᠰᠠᠯᠬᠢ ᠲᠠᠲᠠᠲᠠᠯ᠎ᠠ ᠲᠠᠷᠣᠵᠣ ᠪᠠᠢ᠌ᠭ᠎ᠠ ᠬᠠᠮᠢᠭ᠎ᠠ ᠬᠤᠯᠠ ᠵᠢᠨ ᠵᠢᠷᠤᠭ ᠣᠳᠣ ᠴᠤ᠌ ᠭᠡᠰᠡᠨ ᠨᠢᠳᠤᠨ᠎ᠳᠤ ᠢᠯᠡᠬᠡᠨ᠃ 
   1985 ᠣᠨ᠎ᠳᠤ ᠮᠠᠨ᠎ᠤ ᠰᠡᠳᠭᠦᠯ 《ᠵᠠᠯᠠᠭᠤ ᠵᠤᠬᠢᠶᠠᠯᠴᠢ》 ᠭᠡᠬᠦ ᠨᠡᠷ᠎ᠡ᠎ᠪᠠᠷ ᠤᠯᠤᠰ᠎ᠤᠨ ᠬᠡᠪᠴᠢᠶᠡᠨ᠎ᠳᠤ ᠢᠯᠡ᠎ᠪᠠᠷ ᠳᠠᠷᠬᠠᠭ᠋ᠠᠬᠤ ᠪᠣᠯᠣᠭᠰᠠᠨ᠎ᠠᠴᠠ ᠬᠤᠢ᠌ᠰᠢ ᠡᠳᠡᠭᠡᠷ ᠵᠢᠷᠤᠭ᠎ᠨᠢ ᠥᠭᠡᠷ᠎ᠡ ᠦᠵᠡᠭᠳᠡᠯ ᠵᠶ᠋ᠡᠷ ᠰᠤᠯᠢᠭᠳᠠᠵᠠᠢ᠃ ᠤᠴᠢᠷ᠎ᠨᠢ 《ᠵᠠᠯᠠᠭᠤ ᠵᠤᠬᠢᠶᠠᠯᠴᠢ》 ᠵᠢᠨ ᠡᠬᠢᠨ᠎ᠤ ᠵᠢᠯ᠎ᠤᠨ ᠰᠢᠤᠳᠡᠨ ᠵᠠᠬᠢᠶᠠᠯᠠᠭ᠎ᠠ᠎ᠨᠢ ᠭᠤᠷᠪᠠᠨ ᠮᠢᠩᠭ᠎ᠠ ᠵᠢ ᠳᠠᠪᠠᠵᠤ᠂ ᠬᠤᠢ᠌ᠳᠤᠨ ᠵᠢᠯ᠎ᠨᠢ ᠲᠠᠪᠤᠨ ᠮᠢᠩᠭ᠎ᠠ  ᠣᠢ᠌ᠷᠠᠲᠤᠨ᠂ ᠬᠠᠮᠤᠭ ᠤᠷᠬᠢᠯ᠎ᠳᠤ᠎ᠪᠠᠨ ᠲᠤᠯᠤᠭ᠋ᠠᠨ ᠮᠢᠩᠭ᠎ᠠ ᠲᠤᠯᠬᠤ ᠰᠢᠬᠠᠭᠰᠠᠨ ᠪᠦᠭᠡᠳ 1994 ᠣᠨ᠎ᠳᠤ 《ᠲᠤᠷᠤᠭ ᠰᠠᠷᠠᠨ᠎ᠠ》 ᠭᠡᠮᠡᠨ ᠦᠭᠡᠷᠡᠴᠢᠯᠡᠭᠰᠡᠨ᠎ᠠᠴᠠ ᠬᠤᠢ᠌ᠰᠢ ᠴᠤ᠌ ᠭᠤᠷᠪᠠᠨ ᠮᠢᠩᠭ᠎ᠠ ᠵᠢᠨ ᠨᠠᠭ᠋ᠠᠭᠤᠷ ᠴᠠᠭ᠋ᠠᠭᠤᠷ ᠲᠤᠭᠲᠠᠪᠦᠷᠢᠵᠢᠭ᠍ᠰᠠᠨ ᠪᠤᠯᠬᠤᠷ ᠵᠦᠪᠬᠡᠨ ᠬᠤᠶᠠᠷ ᠰᠠᠷ᠎ᠠ᠎ᠳᠤ ᠨᠢᠭᠡ ᠤᠳᠠᠭ᠎ᠠ ᠰᠢᠤᠳᠡᠨ ᠳᠤᠪᠴᠢᠶᠠᠨ᠎ᠳᠤ ᠪᠦᠭᠡᠮ ᠵᠶ᠋ᠡᠷ ᠬᠦᠷᠭᠡᠬᠦ ᠬᠡᠳᠦᠬᠡᠨ ᠬᠦᠮᠦᠨ᠎ᠤ ᠵᠢᠷᠤᠭ ᠦᠵᠡᠭᠳᠡᠯ ᠬᠠᠷᠠᠭᠳᠠᠬᠤ ᠪᠣᠯᠵᠠᠢ᠃ ᠭᠡᠬᠦ᠎ᠳᠤ᠎ᠪᠠᠨ 1986 ᠣᠨ᠎ᠳᠤ ᠡᠷᠳᠡᠨᠢᠴᠤᠭᠲᠤ ᠭᠡᠬᠦ᠂1987 ᠣᠨ᠎ᠳᠤ ᠠᠨ ᠭᠥᠢ ᠯᠢᠶᠡᠨ (ᠨᠠᠮᠢᠰ)᠂ ᠪᠠᠭ᠋ᠠᠳᠤᠷ ᠭᠡᠬᠦ᠂ ᠴᠢ᠊· ᠡᠩᠬᠡ ᠪᠢᠳᠡ ᠬᠤᠶᠠᠭᠤᠯᠠ᠎ᠠᠴᠠ ᠨᠠᠢ᠍ᠮᠠ ᠶᠢᠰᠦ ᠳᠡᠭᠦᠦ ᠤᠶᠤᠲᠠᠨ ᠵᠠᠯᠠᠭᠤᠰ ᠨᠠᠢ᠌ᠷᠠᠭᠤᠯᠤᠭᠴᠢ᠎ᠪᠠᠷ ᠢᠷᠡᠭᠰᠡᠨ ᠪᠤᠯᠬᠤᠷ ᠰᠡᠳᠬᠦᠯ ᠬᠣᠭᠣᠷᠣᠨᠳᠤ᠎ᠪᠠᠨ ᠰᠤᠯᠢᠯᠴᠠᠬᠤ᠂ ᠨᠡᠷᠡᠲᠤ ᠵᠤᠬᠢᠶᠠᠯᠴᠢᠳ᠎ᠲᠤ ᠪᠡᠯᠡᠭᠯᠡᠬᠦ ᠪᠤᠶᠤ ᠨᠡᠢ᠌ᠳᠡᠯᠡᠭᠰᠡᠨ ᠵᠤᠬᠢᠶᠠᠯ᠎ᠤᠨ ᠶᠠᠩᠵᠦ ᠭᠡᠬᠦ ᠨᠡᠷ᠎ᠡ᠎ᠪᠠᠷ ᠢᠯᠡᠭᠦᠦ ᠬᠡᠪᠯᠡᠭᠰᠡᠨ 《200 — 300》 ᠳᠡᠪᠲᠡᠷ ᠵᠶ᠋ᠡᠨ ᠵᠠᠬᠢᠲᠠᠯ᠎ᠤᠨ ᠳᠤᠭᠳᠤᠢ᠎ᠳᠤ ᠰᠠᠪᠠᠯᠠᠵᠤ ᠠᠮᠠ ᠵᠢ᠎ᠨᠢ ᠬᠠᠳᠠᠭ᠋ᠠᠳ᠂ ᠨᠡᠷ᠎ᠡ ᠬᠠᠶᠢᠭ᠎ᠢ᠎ᠨᠢ ᠪᠢᠴᠢᠭᠡᠳ ᠪᠤᠶᠤ ᠨᠠᠭ᠋ᠠᠭ᠋ᠠᠳ᠂ ᠰᠢᠤᠳᠡᠨ᠎ᠳᠤ ᠬᠦᠷᠭᠡᠬᠦ ᠠᠵᠢᠯ᠎ᠨᠢ ᠨᠠᠳᠠ᠎ᠠᠴᠠ ᠠᠷᠪᠠ ᠢᠯᠡᠬᠦᠦ ᠠᠬ᠎ᠠ ᠪᠠᠭᠰᠢ ᠨᠠᠷ ᠪᠠᠢ᠌ᠲᠤᠭ᠋ᠠᠢ᠂ ᠴᠢ᠊ · ᠡᠩᠬᠡ ᠪᠢᠳᠡ ᠬᠤᠶᠠᠷ᠎ᠲᠤ ᠴᠤ᠌ ᠬᠥᠷᠲᠡᠬᠦ᠎ᠪᠠᠨ ᠪᠤᠯᠢᠬᠰᠠᠨ ᠶᠤᠮ᠃
    ᠭᠠᠯ ᠵᠠᠯᠠᠭᠤ ᠨᠠᠰᠤ ᠭᠡᠵᠦ ᠬᠡᠳᠦᠢ ᠴᠤ᠌ ᠰᠠᠢ᠌ᠬᠠᠨ ᠪᠠᠢ᠌ᠯ᠎ᠠ ᠳ᠋ᠠ᠃ 
    ᠴᠢ᠊ · ᠡᠩᠬᠡ ᠪᠢᠳᠡ ᠬᠤᠶᠠᠭᠤᠯᠠ ᠵᠢᠨ ᠨᠠᠰᠤ ᠰᠠᠨᠠᠭ᠎ᠠ ᠲᠠᠭ᠋ᠠᠷᠠᠵᠤ ᠪᠠᠢ᠌ᠭᠤᠯᠭ᠎ᠠ ᠵᠢᠨ ᠲᠣᠬᠠᠢ᠂ ᠰᠡᠳᠭᠦᠯ᠎ᠤᠨ ᠲᠣᠬᠠᠢ᠂ ᠪᠠᠰᠠ ᠳᠠᠬᠢᠭ᠋ᠠᠳ ᠬᠣᠵᠢᠮ ᠬᠣᠢ᠌ᠰᠢ ᠵᠢᠨ ᠲᠣᠬᠠᠢ ᠤᠩᠰᠢᠯᠭ᠎ᠠ ᠪᠣᠯᠣᠭᠰᠠᠭ᠋ᠠᠷ ᠪᠠᠢ᠌ᠳᠠᠭ ᠬᠤᠯᠠ ᠵᠢᠨ ᠰᠠᠢ᠌ᠬᠠᠨ ᠵᠤᠭᠤᠭ᠂ ᠡᠷᠳᠡᠨᠢᠴᠤᠭᠲᠤ ᠪᠢᠳᠠ ᠭᠤᠷᠪᠠ ᠵᠢᠨ ᠨᠠᠢ᠌ᠷ᠎ᠲᠠᠢ ᠡᠬᠢᠯᠡᠵᠦ ᠳᠠᠭᠤᠤ᠎ᠲᠠᠢ ᠵᠠᠯᠭ᠋ᠠᠨ ᠬᠠᠷᠢᠶᠠᠯ᠎ᠲᠠᠢ ᠵᠠᠪᠰᠠᠷᠯᠠᠵᠦ ᠢᠷᠦᠭᠡᠯ᠎ᠲᠠᠢ ᠳᠡᠭᠦᠰᠳᠡᠭ ᠠᠯᠢ ᠣᠯᠠᠨ ᠨᠠᠩᠵᠢᠳ᠎ᠤᠨ ᠰᠢᠷᠡᠭᠡ᠂ ᠨᠠᠮᠢᠰ᠂ ᠪᠠᠭ᠋ᠠᠲᠤᠷ ᠪᠢᠳᠡ ᠳᠠᠪᠤᠭᠤᠯᠡ ᠵᠢᠨ ᠲᠠᠭᠤᠤ ᠰᠢᠯᠦᠭ ᠪᠢᠴᠢᠯᠭᠡ ᠵᠢᠷᠤᠭ ᠤᠩᠰᠢᠯᠭ᠎ᠠ ᠵᠢᠨ ᠠᠯᠢ ᠨᠢᠭᠡᠨ ᠪᠤᠶᠤ ᠬᠡᠳᠦᠨ ᠲᠠᠯ᠎ᠠ ᠵᠢᠨ ᠣᠨᠴᠠᠯᠢᠭ ᠵᠶ᠋ᠡᠷ ᠵᠶ᠋ᠡᠨ ᠪᠠᠢ᠌ᠭᠤᠯᠭ᠎ᠠ ᠵᠢᠨ ᠪᠠᠢ᠌ᠲᠤᠭ᠋ᠠᠢ ᠨᠡᠢ᠌ᠭᠡᠮ᠎ᠤᠨ ᠣᠯᠠᠨ ᠵᠠᠯᠠᠭᠤᠰ᠎ᠢ ᠬᠦᠷᠲᠡᠯ᠎ᠡ ᠪᠢᠰᠢᠷᠡᠭᠦᠯᠵᠦ ᠭᠠᠢ᠌ᠬᠠᠭᠤᠯᠵᠤ ᠪᠠᠢ᠌ᠭᠰᠠᠨ ᠰᠠᠢ᠌ᠬᠠᠨ ᠬᠠᠷᠠᠴᠠ ᠪᠠ ᠰᠠᠨᠠᠭ᠎ᠠ ᠠᠯᠳᠠᠯᠲᠠ ᠁ ᠲᠡᠭᠦᠨᠴᠢᠯᠡᠨ ᠴᠢ᠊ · ᠣᠳᠬᠠᠨᠴᠢᠮᠡᠭ᠂ ᠮᠠᠭᠰᠠᠷᠵᠠᠪ᠂ ᠰᠦᠷᠦᠩᠪᠠᠲᠤ ᠵᠡᠷᠭᠡ ᠪᠠᠭᠰᠢ᠎ᠪᠠᠨ ᠳᠠᠭ᠋ᠠᠵᠤ᠂ ᠠᠯᠢ ᠣᠯᠠᠨ ᠬᠤᠷᠠᠯ ᠰᠤᠷᠤᠯᠭ᠎ᠠ ᠪᠤᠶᠤ ᠤᠳᠬ᠎ᠠ ᠤᠷᠠᠯᠢᠭ᠎ᠤᠨ ᠬᠦᠳᠡᠯᠭᠡᠭᠡᠨ᠎ᠳᠤ ᠣᠷᠣᠯᠴᠠᠵᠦ ᠪᠠᠢ᠌ᠭᠰᠠᠨ ᠮᠠᠷᠲᠠᠬᠤ ᠵᠢᠨ ᠠᠷᠭ᠎ᠠ ᠦᠭᠡᠢ ᠰᠠᠢ᠌ᠬᠠᠨ ᠲᠣᠷᠠᠳᠬᠠᠯ ᠎ᠤᠳ ᠁ ᠮᠠᠨᠢ ᠴᠤ᠌ ᠬᠤᠪᠢᠷᠠᠯᠲᠠ ᠦᠭᠡᠢ ᠶᠠᠩᠵᠤ᠎ᠪᠠᠷ ᠵᠶ᠋ᠠᠨ ᠯᠡ ᠬᠠᠷᠠᠭᠳᠠᠵᠤ ᠪᠠᠢ᠌ᠨᠠᠮ!
   ᠬᠡᠯᠡᠬᠦ᠎ᠠᠴᠠ ᠡᠳᠡᠭᠡᠷ ᠵᠢᠯ᠎ᠤᠨ ᠬᠤᠭᠤᠷᠤᠨᠳᠤ ᠨᠠᠢ᠌ᠷᠠᠭᠤᠯᠬᠤ ᠬᠡᠯᠲᠡᠰ᠎ᠲᠤ ᠭᠠᠷᠤᠭᠰᠠᠨ ᠬᠣᠪᠢᠷᠠᠯᠲᠠ ᠭᠡᠪᠡᠯ᠄ 1985 ᠣᠨ᠎ᠳᠤ ᠠᠢ᠌ᠮᠠᠭ᠎ᠤᠨ ᠤᠳᠬ᠎ᠠ ᠣᠷᠠᠯᠢᠭ᠎ᠤᠨ᠎ᠬᠢᠨ᠎ᠤ ᠬᠤᠯᠪᠤᠭ᠎ᠠ ᠵᠢᠨ ᠳᠡᠳ᠋ ᠳᠡᠷᠢᠭᠦᠯᠡᠭᠴᠢ ᠴᠢ᠊᠂ ᠤᠳᠬᠠᠨᠴᠢᠮᠡᠭ 《ᠵᠠᠯᠠᠭᠤ ᠵᠤᠬᠢᠶᠠᠯᠴᠢ》 ᠰᠡᠳᠭᠦᠯ᠎ᠤᠨ ᠶᠡᠷᠦᠩᠬᠡᠢ ᠨᠠᠢ᠌ᠷᠠᠭᠤᠯᠤᠭᠴᠢ᠎ᠪᠠᠷ᠂ ᠰᠦᠷᠦᠩᠪᠠᠲᠤ ᠳᠡᠳ᠋ ᠶᠡᠷᠦᠩᠬᠡᠢ ᠨᠠᠢ᠌ᠷᠠᠭᠤᠯᠤᠭᠴᠢ᠎ᠪᠠᠷ ᠲᠤᠮᠢᠯᠠᠭᠳᠠᠪᠠ᠃ ᠴᠢ᠊᠂ ᠡᠩᠬᠡ ᠵᠤᠬᠢᠶᠠᠯᠴᠢᠳ᠎ᠤᠨ ᠡᠪᠯᠡᠯ᠎ᠤᠨ ᠨᠠᠷᠢᠨ ᠪᠢᠴᠢᠭᠡᠴᠢ ᠪᠦᠭᠡᠳ ᠪᠠᠢ᠌ᠭᠤᠯᠭ᠎ᠠ ᠵᠢᠨ ᠳᠤᠰᠬᠠᠢ ᠠᠵᠢᠯ᠎ᠤᠨ ᠣᠷᠴᠢᠭᠤᠯᠤᠭᠴᠢ᠎ᠪᠠᠷ ᠰᠢᠯᠵᠢᠨ ᠠᠵᠢᠯᠯᠠᠪᠠ᠃  ᠮᠥᠨ 1980 ᠣᠨ ᠪᠤᠶᠤ ᠬᠤᠭᠤᠴᠠᠭ᠎ᠠ ᠰᠤᠯᠢᠬᠤ ᠵᠢᠨ ᠡᠮᠦᠨ᠎ᠡ ᠬᠤᠢ᠌ᠨ᠎ᠠ ᠪᠠᠢ᠌ᠵᠤ ᠦᠩᠭᠡᠷᠡᠭᠰᠡᠨ ᠪᠠᠢ᠌ᠭᠤᠯᠭ᠎ᠠ ᠵᠢᠨ ᠠᠯᠪᠠᠨ ᠭᠡᠷ᠂ ᠤᠳᠬ᠎ᠠ ᠵᠤᠬᠢᠶᠠᠯ᠎ᠤᠨ ᠬᠡᠯᠲᠡᠰ᠂ ᠤᠷᠠᠯᠢᠭ᠎ᠤᠨ ᠬᠡᠯᠲᠡᠰ ᠭᠡᠬᠦ 3 ᠳᠣᠳᠣᠭ᠋ᠠᠳᠣ ᠪᠠᠢ᠌ᠭᠤᠯᠤᠮᠵᠢ ᠵᠢ ᠠᠯᠪᠠᠨ ᠭᠡᠷ᠂ ᠮᠤᠩᠭᠤᠯ ᠨᠠᠢ᠌ᠷᠠᠭᠤᠯᠬᠤ ᠬᠡᠯᠲᠡᠰ᠂ ᠬᠢᠲᠠᠳ ᠨᠠᠢ᠌ᠷᠠᠭᠤᠯᠬᠤ ᠬᠡᠯᠲᠡᠰ ᠭᠡᠮᠡᠨ ᠦᠭᠡᠷᠡᠴᠢᠯᠡᠵᠠᠢ᠃
    1992 ᠣᠨ᠎ᠳᠤ ᠠᠢ᠌ᠮᠠᠭ᠎ᠤᠨ ᠤᠳᠬ᠎ᠠ ᠣᠷᠠᠯᠢᠭ᠎ᠤᠨ᠎ᠬᠢᠨ᠎ᠤ ᠬᠤᠯᠪᠤᠭ᠎ᠠ ᠵᠢᠨ ᠳᠡᠳ᠋ ᠳᠡᠷᠢᠭᠦᠯᠡᠭᠴᠢ ᠮᠠᠭᠰᠠᠷᠵᠠᠪ 《ᠵᠠᠯᠠᠭᠤ ᠵᠤᠬᠢᠶᠠᠯᠴᠢ》 ᠰᠡᠳᠭᠦᠯ᠎ᠤᠨ ᠶᠡᠷᠦᠩᠬᠡᠢ ᠨᠠᠢ᠌ᠷᠠᠭᠤᠯᠤᠭᠴᠢ᠎ᠪᠠᠷ᠂ ᠪᠠ᠊ · ᠪᠦᠷᠢᠨᠵᠢᠷᠭ᠋ᠠᠯ ᠳᠡᠳ᠋ ᠶᠡᠷᠦᠩᠬᠡᠢ ᠨᠠᠢ᠌ᠷᠠᠭᠤᠯᠤᠭᠴᠢ᠎ᠪᠠᠷ ᠲᠤᠮᠢᠯᠠᠭᠳᠠᠪᠠ᠃ ᠴᠢ᠊ · ᠤᠳᠬᠠᠨᠴᠢᠮᠡᠭ ᠠᠢ᠌ᠮᠠᠭ᠎ᠤᠨ ᠤᠳᠬ᠎ᠠ ᠣᠷᠠᠯᠢᠭ᠎ᠤᠨ᠎ᠬᠢᠨ᠎ᠤ ᠬᠤᠯᠪᠤᠭ᠎ᠠ ᠵᠢᠨ ᠪᠠᠢ᠌ᠩᠭᠤ ᠵᠢᠨ ᠳᠡᠳ᠋ ᠳᠡᠷᠢᠭᠦᠯᠡᠭᠴᠢ ᠪᠦᠭᠡᠳ ᠨᠠᠷᠢᠨ ᠪᠢᠴᠢᠭ᠎ᠤᠨ ᠲᠠᠷᠤᠭ᠎ᠠ᠎ᠪᠠᠷ ᠰᠢᠯᠵᠢᠨ ᠠᠵᠢᠯᠯᠠᠪᠠ᠃ ᠰᠦᠷᠦᠩᠪᠠᠲᠤ ᠠᠢ᠌ᠮᠠᠭ᠎ᠤᠨ ᠵᠠᠬᠢᠷᠭ᠋ᠠᠨ᠎ᠤ ᠬᠢᠯᠢ ᠵᠢᠨ ᠠᠷᠠᠯᠵᠢᠶᠠᠨ᠎ᠤ ᠶᠠᠪᠤᠳᠠᠯ᠎ᠤᠨ ᠣᠷᠴᠢᠭᠤᠯᠤᠭᠴᠢ ᠵᠶ᠋ᠡᠷ ᠵᠢᠭᠡᠯᠡᠭᠳᠡᠨ ᠠᠵᠢᠯᠯᠠᠪᠠ᠃ ᠲᠦᠷᠤᠬᠦᠤ ᠵᠢᠯ᠎ᠤᠨ ᠡᠴᠦᠰ ᠬᠤᠭᠤᠴᠠᠭ᠎ᠠ ᠰᠤᠯᠢᠬᠤ᠎ᠳᠤ ᠪᠠᠢ᠌ᠭᠤᠯᠭ᠎ᠠ ᠵᠢᠨ ᠭᠠᠵᠠᠷ᠎ᠤᠨ ᠳᠡᠰ᠎ᠤᠨ ᠤᠳᠤᠷᠢᠳᠤᠯᠭ᠎ᠠ ᠵᠢ 7 ᠪᠣᠯᠭ᠋ᠠᠨ ᠦᠷᠭᠡᠳᠭᠡᠵᠡᠢ᠃
    1994 ᠣᠨ᠎ᠠᠴᠠ ᠡᠬᠢᠯᠡᠵᠤ ᠰᠡᠳᠭᠦᠯ᠎ᠤᠨ ᠨᠡᠷ᠎ᠡ᠎ᠪᠠᠨ 《ᠲᠣᠷᠤᠭ ᠰᠠᠷᠠᠨ᠎ᠠ》 ᠭᠡᠮᠡᠨ ᠥᠭᠡᠷᠡᠴᠢᠯᠡᠪᠡ᠃ ᠭᠡᠬᠦ᠎ᠳᠤ᠎ᠪᠠᠨ ᠴᠢ᠊· ᠤᠳᠬᠠᠨᠴᠢᠮᠡᠭ᠂ ᠮᠠᠭᠰᠠᠷᠵᠠᠪ ᠬᠤᠶᠠᠷ ᠲᠡᠷᠢᠭᠦᠯᠡᠭᠴᠢ ᠲᠦᠷᠦᠭᠦᠦ ᠵᠢᠯ᠎ᠤᠨ᠎ᠬᠢ᠎ᠨᠢ ᠳᠤᠮᠳᠠᠴᠢ᠎ᠪᠠᠷ ᠲᠤᠰᠬᠠᠢ ᠬᠤᠷᠠᠯ ᠡᠷᠬᠢᠯᠡᠵᠦ᠂ ᠠᠢ᠌ᠮᠠᠭ᠎ᠤᠨ ᠠᠷᠠᠳ᠎ᠤᠨ ᠠᠮᠠᠨ ᠤᠷᠠᠯᠢᠭᠴᠢᠳ᠎ᠤᠨ ᠡᠪᠯᠡᠯ᠎ᠤᠨ ᠲᠡᠷᠢᠭᠦᠯᠡᠭᠴᠢ ᠵᠢᠷᠠᠨᠲᠠᠢ (ᠮᠤᠨᠠᠬᠡᠤᠬᠡᠨ)᠂ ᠵᠤᠬᠢᠶᠠᠯᠴᠢᠳ᠎ᠤᠨ ᠡᠪᠯᠡᠯ᠎ᠤᠨ ᠳᠡᠳ᠋ ᠲᠡᠷᠢᠭᠦᠯᠡᠭᠴᠢ ᠴᠢ᠊ · ᠡᠩᠬᠡ ᠪᠤᠯᠤᠨ ᠠᠢ᠌ᠮᠠᠭ᠎ᠤᠨ ᠰᠤᠨᠢᠨ᠎ᠤ ᠬᠣᠷᠢᠶ᠎ᠠ ᠵᠢᠨ ᠳᠡᠳ᠋ ᠳᠠᠷᠤᠭ᠎ᠠ ᠬᠠᠷᠠᠬᠦᠦ᠂ ᠲᠸᠯᠸᠢᠰ ᠬᠣᠷᠢᠶ᠎ᠠ ᠵᠢᠨ ᠳᠡᠳ᠋ ᠲᠠᠷᠤᠭ᠎ᠠ ᠰᠡᠴᠡᠨᠲᠤᠶᠠᠭ᠎ᠠ᠂ ᠰᠣᠶᠣᠯ᠎ᠤᠨ ᠲᠤᠪᠴᠢᠶᠠᠨ᠎ᠤ ᠤᠷᠠᠯᠢᠭ᠎ᠤᠨ ᠵᠦᠪᠯᠡᠭᠴᠢ ᠵᠢᠷᠠᠨᠲᠠᠢ (ᠡᠷᠳᠡᠨᠢᠬᠦᠦ)᠂ ᠤᠷᠠᠳ᠎ᠤᠨ ᠬᠤᠢ᠌ᠲᠤ ᠬᠤᠰᠢᠭᠤᠨ᠎ᠤ ᠪᠠᠢ᠌ᠩᠭᠤ ᠵᠢᠨ ᠳᠡᠳ᠋ ᠲᠠᠷᠤᠭ᠎ᠠ ᠠ᠊ · ᠲᠣᠷᠵᠢ᠂ ᠤᠷᠠᠳ᠎ᠤᠨ ᠳᠣᠮᠲᠠᠲᠤ ᠬᠤᠰᠢᠭᠤᠨ᠎ᠤ ᠤᠯᠤᠰ ᠲᠥᠷᠥ ᠵᠢᠨ ᠵᠥᠪᠯᠡᠯᠭᠡᠨ᠎ᠤ ᠳᠡᠳ᠋ ᠲᠡᠷᠢᠭᠦᠯᠡᠭᠴᠢ ᠳ᠋ᠠᠩ᠂ ᠴᠠᠬᠳᠠᠷᠰᠦ᠋ᠷᠤᠡᠭ᠂ ᠷᠠᠳᠢᠤ᠋ ᠬᠣᠷᠢᠶ᠎ᠠ ᠵᠢᠨ ᠲᠠᠷᠤᠭ᠎ᠠ ᠪᠣᠳᠢ ᠁ ᠵᠡᠷᠭᠡ ᠵᠤᠬᠢᠶᠠᠯᠴᠢ ᠰᠢᠯᠦᠭᠴᠢ ᠪᠤᠶᠤ ᠮᠤᠩᠭᠤᠯ ᠰᠣᠶᠣᠯ᠎ᠤᠨ ᠵᠢᠳᠭᠦᠯᠲᠡᠨ᠎ᠢ ᠤᠷᠢᠨ ᠠᠪᠴᠢᠷᠠᠵᠦ ᠰᠠᠨᠠᠯ ᠬᠣᠷᠢᠶᠠᠭ᠋ᠠᠳ ᠭᠠᠷ ᠬᠦᠢ᠍ᠴᠡᠳᠭᠡᠯ᠎ᠢ᠎ᠨᠢ ᠬᠢᠯᠭᠡᠵᠡᠢ᠃ ᠣᠳᠤᠷᠢᠳᠬᠤ ᠪᠠᠭ᠎ᠨᠢ ᠬᠣᠪᠢᠷᠠᠭᠰᠠᠨ ᠦᠭᠡᠢ᠃
   1997 ᠣᠨ᠎ᠳᠤ ᠠᠢ᠌ᠮᠠᠭ᠎ᠤᠨ ᠤᠳᠬ᠎ᠠ ᠣᠷᠠᠯᠢᠭ᠎ᠤᠨ᠎ᠬᠢᠨ᠎ᠤ ᠬᠤᠯᠪᠤᠭ᠎ᠠ ᠵᠢᠨ ᠳᠡᠳ᠋ ᠳᠡᠷᠢᠭᠦᠯᠡᠭᠴᠢ ᠪᠠ᠊ · ᠪᠦᠷᠢᠨᠵᠢᠷᠭ᠋ᠠᠯ 3 ᠬᠤᠭᠤᠴᠠᠭ᠎ᠠ ᠶᠡᠷᠦᠩᠬᠡᠢ ᠨᠠᠢ᠌ᠷᠠᠭᠤᠯᠤᠭᠴᠢ᠎ᠤᠨ ᠳᠤᠰᠢᠶᠠᠯ ᠬᠠᠷᠢᠭᠤᠴᠠᠪᠠ᠃ ᠳᠠᠷᠠᠭ᠎ᠠ᠎ᠨᠢ ᠴᠢ᠊· ᠡᠩᠬᠡ 《ᠲᠤᠷᠤᠭ ᠰᠠᠷᠠᠨ᠎ᠠ》 ᠰᠡᠳᠭᠦᠯ᠎ᠤᠨ ᠶᠡᠷᠦᠩᠬᠡᠢ ᠨᠠᠢ᠌ᠷᠠᠭᠤᠯᠤᠭᠴᠢ᠎ᠪᠠᠷ᠂ ᠡᠷᠳᠡᠨᠢᠴᠤᠭᠲᠤ᠂ ᠴᠠᠭ᠋ᠠᠨᠪᠠᠷᠰ ᠳᠡᠳ᠋ ᠶᠡᠷᠦᠩᠬᠡᠢ ᠨᠠᠢ᠌ᠷᠠᠭᠤᠯᠤᠭᠴᠢ᠎ᠪᠠᠷ ᠲᠤᠮᠢᠯᠠᠭᠳᠠᠪᠠ᠃ ᠴᠢ᠊ · ᠣᠳᠬᠠᠨᠴᠢᠮᠡᠭ᠂ ᠮᠠᠭᠰᠠᠷᠵᠠᠪ᠂ ᠰᠦᠷᠦᠩᠪᠠᠲᠤ ᠠᠵᠢᠯ᠎ᠤᠨ ᠠᠮᠠᠷᠠᠯᠲᠠ᠎ᠪᠠᠨ ᠬᠦᠯᠢᠶᠡᠵᠤ ᠠᠷᠤ᠎ᠳᠤ᠎ᠨᠢ ᠰᠠᠭᠤᠵᠢ᠃ ᠬᠤᠭᠤᠴᠠᠭ᠎ᠠ ᠰᠤᠯᠢᠬᠤ᠎ᠳᠤ ᠪᠠᠢ᠌ᠭᠤᠯᠭ᠎ᠠ ᠵᠢᠨ ᠭᠠᠵᠠᠷ᠎ᠤᠨ ᠳᠡᠰ᠎ᠤᠨ ᠤᠳᠤᠷᠢᠳᠤᠯᠭ᠎ᠠ ᠵᠢ 3 ᠪᠣᠯᠭ᠋ᠠᠨ ᠴᠦᠭᠡᠳᠭᠡᠵᠡᠢ᠃
    ᠢᠩᠬᠢᠭᠡᠳ ᠯᠡ ᠮᠢᠨᠤ ᠨᠠᠢ᠌ᠷᠠᠭᠤᠯᠤᠭᠴᠢ ᠵᠢᠨ ᠠᠮᠢᠳᠤᠷᠠᠯ᠎ᠤᠨ ᠵᠢᠷᠤᠭ ᠲᠦᠷᠰᠦ 《ᠪᠠᠶᠠᠨᠨᠠᠭᠤᠷ᠎ᠤᠨ ᠵᠤᠴᠢᠳ᠎ᠤᠨ ᠪᠠᠭᠤᠳᠠᠯ》᠎ᠤᠨ ᠡᠮᠦᠨ᠎ᠡ ᠡᠭᠦᠳᠡᠨ᠎ᠤ ᠵᠡᠭᠦᠨ ᠲᠠᠯ᠎ᠠ᠎ᠳᠤ᠎ᠬᠢ ᠮᠠᠢ᠌ᠬᠠᠨ ᠤᠷᠦᠢ᠎ᠲᠠᠢ ᠨᠢᠬᠡ ᠮᠦᠷ ᠭᠥᠬᠡ ᠳᠤᠭᠤᠰᠬᠠᠨ ᠪᠠᠢ᠌ᠰᠢᠩ᠎ᠤᠨ ᠰᠡᠭᠦᠳᠡᠷ ᠲᠠᠯ᠎ᠠ ᠵᠢᠨ ᠠᠯᠪᠠᠨ ᠭᠡᠷ ᠪᠠ 《ᠪᠠᠶᠠᠨᠨᠠᠭᠤᠷ᠎ᠤᠨ ᠮᠠᠯᠴᠢᠳ᠎ᠤᠨ ᠪᠠᠭᠤᠳᠠᠯ》᠎ᠤᠨ ᠮᠠᠢ᠌ᠬᠠᠨ ᠤᠷᠦᠢ᠎ᠲᠠᠢ ᠨᠢᠬᠡ ᠮᠦᠷ ᠤᠯᠠᠭ᠋ᠠᠨ ᠳᠤᠭᠤᠰᠬᠠᠨ ᠪᠠᠢ᠌ᠰᠢᠩ᠎ᠤᠨ ᠨᠠᠷᠠᠨ ᠲᠠᠯ᠎ᠠ ᠵᠢᠨ ᠠᠯᠪᠠᠨ ᠭᠡᠷ᠎ᠲᠤ ᠡᠭᠦᠷᠢᠳᠡ ᠦᠯᠡᠳᠡᠭᠰᠡᠨ ᠰᠠᠨ᠃
   ᠲᠡᠷᠡ ᠠᠯᠪᠠᠨ ᠭᠡᠷ᠎ᠤᠨ ᠠᠩᠬ᠎ᠠ ᠡᠬᠢᠨ᠎ᠤ ᠤᠲᠠᠰᠤᠨ ᠨᠣᠮᠸᠷ᠎ᠨᠢ 《4411》᠂ ᠰᠡᠭᠦᠯᠡᠷ ᠡᠮᠦᠨ᠎ᠡ᠎ᠨᠢ 《0478 — 821》 ᠨᠡᠮᠡᠵᠦ᠂ 《0478 — 8214411》 ᠪᠣᠯᠭ᠋ᠠᠭᠰᠠᠨ ᠪᠢᠯᠡ᠃ 
     ᠭᠤᠷᠪᠠ
    ᠮᠢᠨᠤ 15 ᠵᠢᠯ ᠠᠵᠢᠯᠯᠠᠵᠤ ᠥᠩᠭᠡᠷᠡᠭᠰᠡᠨ 《ᠰᠠᠷᠠᠨ᠎ᠠ》 《ᠵᠠᠯᠠᠭᠤ ᠵᠤᠬᠢᠶᠠᠯᠴᠢ》 ᠪᠤᠶᠤ 《ᠲᠤᠷᠤᠭ ᠰᠠᠷᠠᠨ᠎ᠠ》 ᠰᠡᠳᠭᠦᠯ᠎ᠤᠨ ᠬᠠᠮᠤᠭ᠎ᠤᠨ ᠦᠪᠡᠷᠮᠢᠴᠡ ᠪᠦᠭᠡᠳ ᠡᠭᠦᠳᠦᠯᠳᠡ ᠵᠢᠨ ᠴᠢᠨᠠᠷ᠎ᠲᠠᠢ ᠨᠢᠭᠡᠨ ᠤᠨᠴᠠᠯᠢᠭ ᠭᠡᠪᠡᠯ᠂ ᠮᠢᠨᠤ ᠦᠵᠡᠬᠦ᠎ᠪᠠᠷ ᠨᠡᠷ᠎ᠡ᠎ᠪᠠᠨ ᠳᠠᠬᠢᠨ ᠳᠤᠯᠤᠭ᠎ᠠ ᠬᠠᠯᠠᠭᠰᠠᠨ ᠳᠡᠭᠡᠷ᠎ᠡ ᠪᠠᠢ᠌ᠬᠤ ᠪᠢᠰᠢ᠂ ᠬᠠᠷᠢᠨ ᠦᠪᠦᠷ ᠮᠤᠩᠭᠤᠯ᠎ᠤᠨ ᠡᠯ᠎ᠡ ᠠᠢ᠌ᠮᠠᠭ ᠬᠤᠳᠠ ᠵᠢᠨ ᠬᠠᠮᠤᠭ ᠳᠦᠷᠦᠭᠦᠴᠢ ᠵᠢᠨ ᠮᠤᠩᠭᠤᠯ ᠤᠷᠠᠨ ᠵᠤᠬᠢᠶᠠᠯ᠎ᠤᠨ ᠰᠡᠳᠭᠦᠯ ᠪᠤᠯᠵᠦ ᠤᠩᠰᠢᠭᠴᠢᠳ᠎ᠤᠨ ᠬᠠᠷᠠᠭ᠋ᠠᠨ᠎ᠳᠤ ᠠᠮᠢᠯᠠᠭᠰᠠᠨ ᠳᠡᠭᠡᠷ᠎ᠡ ᠪᠠᠢ᠌ᠬᠤ ᠶᠤᠮ᠃ ᠤᠴᠢᠷ᠎ᠨᠢ 20 ᠳ᠋ᠤᠭ᠋ᠠᠷ ᠵᠠᠭᠤᠨ᠎ᠤ  ᠳᠠᠯᠠᠭ᠋ᠠᠳ ᠤᠨ᠎ᠤ ᠡᠬᠢᠨ᠎ᠤ ᠦᠶ᠎ᠡ᠎ᠪᠠᠷ 《ᠬᠦᠯᠦᠨ ᠪᠤᠢ᠌ᠷ᠎ᠤᠨ ᠤᠷᠠᠨ ᠵᠤᠬᠢᠶᠠᠯ》 ᠭᠡᠳᠡᠭ ᠮᠤᠩᠭᠤᠯ ᠰᠡᠳᠭᠦᠯ ᠲ᠊ · ᠰᠠᠢ᠌ᠨᠪᠠᠶᠠᠷ᠂ ᠪᠠ᠊ · ᠳ᠋ᠠᠮᠪᠠᠷᠢᠨᠴᠢᠨ᠂ ᠰᠤᠳᠨᠠᠮᠸᠠᠩᠵᠢᠯ ᠭᠡᠬᠦ ᠭᠤᠷᠪᠠᠨ ᠵᠤᠬᠢᠶᠠᠯᠴᠢ ᠵᠢᠨ ᠭᠠᠷ ᠳᠡᠭᠡᠷ᠎ᠡ ᠢᠯᠡᠷᠡᠭᠰᠡᠨ ᠪᠤᠯᠪᠠᠴᠤ᠂ ᠬᠠᠷᠠᠮᠦᠢᠷᠡᠨ ᠮᠤᠵᠢ ᠵᠢᠨ ᠬᠠᠷᠢᠶᠠᠨ᠎ᠳᠤ 3 ᠬᠤᠭᠤᠴᠠᠭ᠎ᠠ ᠬᠡᠪᠯᠡᠭᠳᠡᠭᠡᠳ ᠬᠡᠪᠯᠡᠯ ᠵᠤᠭᠰᠤᠭᠰᠠᠨ ᠮᠦᠷᠳᠡᠭᠡᠨ ᠤᠳᠤ ᠵᠢᠨ 《ᠬᠦᠯᠦᠨ ᠪᠦᠢ᠍ᠷ》 ᠰᠡᠳᠭᠦᠯ᠎ᠤᠨ ᠶᠡᠷᠦᠩᠬᠡᠢ ᠳ᠋ᠤᠭ᠋ᠠᠷ᠎ᠲᠤ ᠴᠤ᠌ ᠤᠷᠤᠭᠰᠠᠨ ᠦᠭᠡᠢ ᠭᠡᠨ᠎ᠡ᠃ ᠡᠢ᠌ᠮᠦ᠎ᠠᠴᠠ 《ᠳᠤᠷᠤᠭ ᠰᠠᠷᠠᠨ᠎ᠠ》 ᠰᠡᠳᠭᠦᠯ ᠪᠤᠶᠤ ᠳᠡᠭᠦᠨ᠎ᠤ ᠨᠡᠷᠡᠢ᠌ᠳᠦᠯ ᠤᠨᠳᠤᠤ ᠡᠬᠢᠨ᠎ᠤ ᠳ᠋ᠤᠭ᠋ᠠᠷ᠎ᠨᠢ ᠨᠢᠭᠡ ᠶᠤᠰᠤᠨ᠎ᠤ ᠳᠡᠤᠬᠡ ᠵᠢᠨ ᠬᠤᠭᠤᠰᠤᠨ᠎ᠢ ᠨᠦᠭᠦᠭᠰᠡᠨ ᠰᠢᠨᠵᠢ᠎ᠲᠠᠢ ᠪᠦᠭᠡᠳ ᠨᠠᠭ᠋ᠠᠳᠤ ᠵᠠᠬ᠎ᠠ᠎ᠳᠤ᠎ᠪᠠᠨ ᠳᠤᠬᠠᠢ ᠵᠢᠨ ᠦᠶ᠎ᠡ ᠵᠢᠨ ᠦᠪᠦᠷ ᠮᠤᠩᠭᠤᠯ᠎ᠤᠨ ᠠᠳᠠᠯᠢ ᠱᠠᠳᠤ ᠳᠡᠰ᠂ ᠠᠳᠠᠯᠢ ᠳᠦᠷᠦᠯ ᠵᠦᠢ᠍ᠯ᠂ ᠠᠳᠠᠯᠢ ᠦᠰᠦᠭ ᠪᠢᠴᠢᠭ᠎ᠤᠨ ᠰᠡᠳᠭᠦᠯ ᠠᠷᠤ ᠠᠷᠤ᠎ᠠᠴᠠ᠎ᠪᠠᠨ ᠤᠷᠭᠤᠨ ᠮᠡᠨᠳᠦᠯᠡᠭᠦ᠎ᠳᠤ ᠳᠦᠷᠢᠮ ᠳᠠᠭᠤᠷᠢᠶᠠᠯ ᠪᠤᠶᠤ ᠬᠤᠰᠢᠭᠤᠴᠢ ᠦᠢ᠍ᠯᠡᠳᠦᠯ ᠭᠠᠷᠭ᠋ᠠᠭᠰᠠᠨ ᠪᠠᠢ᠌ᠵᠦ ᠪᠤᠯᠬᠤ ᠶᠤᠮ᠃ ᠡᠨᠳᠡ ᠴᠢ᠊ · ᠤᠳᠬᠠᠨᠴᠢᠮᠡᠭ ᠭᠤᠸᠠᠢ ᠵᠢ ᠪᠠᠭᠳᠠᠭ᠋ᠠᠭᠰᠠᠨ ᠡᠳᠡᠭᠡᠷ ᠪᠠᠭᠰᠢᠳᠠᠨ ᠪᠤᠯᠤᠨ ᠤᠳᠤᠷᠢᠳᠤᠯᠭ᠎ᠠ ᠨᠠᠷ᠎ᠤᠨ ᠠᠯᠤᠰ᠎ᠤᠨ ᠪᠤᠳᠤᠯ ᠬᠤᠯᠠ ᠵᠢᠨ ᠬᠠᠷᠠᠴᠠ᠎ᠳᠤ ᠴᠢᠩ ᠰᠡᠳᠬᠢᠯ᠎ᠤᠨ ᠪᠢᠰᠢᠷᠡᠯ ᠪᠠᠬᠠᠷᠬᠠᠯ ᠵᠶ᠋ᠠᠨ ᠢᠯᠡᠳᠭᠡᠵᠦ ᠪᠠᠢ᠌ᠨ᠎ᠠ!
    ᠳᠤᠰ ᠰᠡᠳᠭᠦᠯ᠎ᠤᠨ ᠪᠠᠰᠠ ᠨᠢᠭᠡᠨ ᠦᠪᠡᠷᠮᠢᠴᠡ ᠪᠤᠰᠤ ᠴᠤ᠌ ᠦᠨᠡᠬᠡᠷ ᠳᠤᠷᠠᠳᠤᠭᠤᠰᠢᠳᠠᠢ ᠰᠢᠯᠢᠳᠡᠭ ᠬᠡᠪ ᠰᠤᠷᠳᠠᠯ ᠭᠡᠪᠡᠯ᠂ ᠨᠠᠮ᠎ᠤᠨ ᠤᠳᠬ᠎ᠠ ᠤᠷᠠᠯᠢᠭ᠎ᠤᠨ 《ᠬᠤᠶᠠᠷ᠎ᠲᠤ ᠦᠢ᠍ᠯᠡᠴᠢᠯᠡᠬᠦ》 ᠬᠠᠨᠳᠤᠯᠭ᠎ᠠ ᠪᠤᠯᠤᠨ 《ᠬᠤᠤᠰ ᠪᠦᠬᠦᠨ》᠎ᠤ ᠴᠢᠭᠯᠡᠯᠳᠡ ᠵᠢ ᠭᠤᠢ᠌ᠪᠢᠰᠢ ᠦᠭᠡᠢ ᠪᠠᠷᠢᠮᠳᠠᠯᠠᠬᠤ ᠤᠷᠢᠳᠠᠯ ᠳᠤᠤᠷ᠎ᠠ ᠨᠤᠳᠤᠭ ᠤᠰᠤᠨ᠎ᠤ ᠤᠨᠴᠠᠯᠢᠭ ᠰᠢᠨᠵᠢ᠎ᠪᠠᠷ ᠨᠡᠷ᠎ᠡ ᠨᠦᠯᠦᠭᠡ᠎ᠪᠠᠨ ᠡᠷᠭᠦᠵᠦ ᠶᠠᠪᠤᠬᠤ ᠵᠢ ᠬᠦᠰᠡᠨ ᠵᠦᠩᠨᠡᠳᠡᠭ ᠶᠠᠪᠤᠳᠠᠯ ᠪᠤᠯᠤᠨ᠎ᠠ᠃ ᠡᠭᠦᠨ᠎ᠢ ᠪᠢᠳᠡ ᠡᠨᠡ ᠰᠡᠳᠭᠦᠯ᠎ᠤᠨ ᠡᠭᠦᠰᠭᠡᠨ ᠪᠠᠢ᠌ᠭᠤᠯᠤᠭᠴᠢ᠎ᠠᠴᠠ ᠡᠬᠢᠯᠡᠭᠡᠳ ᠡᠬᠢᠨ᠎ᠤ ᠦᠶ᠎ᠡ ᠵᠢᠨ ᠨᠠᠢ᠌ᠷᠠᠭᠤᠯᠤᠭᠴᠢ᠎ᠨᠢ ᠬᠦᠷᠳᠡᠯ᠎ᠡ ᠪᠤᠰᠤᠳ ᠨᠤᠳᠤᠭ᠎ᠤᠨ ᠬᠦᠮᠦᠨ ᠵᠤᠩᠭᠢᠯᠠᠬᠤ ᠤᠯᠠᠨ ᠳᠤᠭ᠎ᠠ ᠠᠳᠠᠯ᠎ᠠ ᠡᠨᠡ ᠨᠤᠳᠤᠭ᠎ᠤᠨ ᠵᠤᠬᠢᠶᠠᠯᠴᠢ᠂ ᠡᠨᠡ ᠨᠤᠳᠤᠭ᠎ᠤᠨ ᠨᠠᠢ᠌ᠷᠠᠭᠤᠯᠤᠭᠴᠢ ᠵᠢ ᠰᠠᠨᠠᠭ᠋ᠠᠴᠢᠯᠭ᠎ᠠ᠎ᠲᠠᠢ ᠬᠦᠮᠦᠵᠢᠭᠦᠯᠬᠦ ᠵᠢ ᠳᠤᠢ᠌ᠯ᠎ᠤᠨ ᠴᠢᠬᠤᠯᠠᠴᠢᠯᠠᠨ ᠦᠵᠡᠳᠡᠭ ᠪᠠᠢ᠌ᠭᠰᠠᠨ᠎ᠠᠴᠠ ᠴᠤ᠌ ᠮᠠᠰᠢ ᠠᠮᠠᠷᠬᠠᠨ ᠤᠢ᠌ᠯᠠᠭ᠋ᠠᠵᠦ ᠪᠤᠯᠬᠤ ᠶᠤᠮ᠃ ᠡᠢ᠌ᠮᠦ᠎ᠠᠴᠠ ᠪᠠᠭ᠋ᠠᠷᠢᠨ ᠨᠤᠳᠤᠭ᠎ᠲᠠᠢ ᠴᠢ᠊ · ᠤᠳᠬᠠᠨᠴᠢᠮᠡᠭ ᠪᠠᠭᠰᠢᠳᠠᠨ᠂ ᠪᠠᠷᠭᠤ ᠨᠤᠳᠤᠭ᠎ᠲᠠᠢ ᠰᠦᠷᠦᠩᠪᠡᠳᠤ ᠪᠠᠭᠰᠢᠳᠠᠨ᠂ ᠤᠷᠠᠳ ᠨᠤᠳᠤᠭ᠎ᠲᠠᠢ ᠵᠢᠷᠠᠨᠳᠠᠢ (ᠮᠤᠨᠠᠬᠡᠤᠭᠡᠨ) ᠪᠠᠭᠰᠢᠳᠠᠨ ᠬᠢᠭᠡᠳ ᠬᠤᠷᠴᠢᠨ ᠨᠤᠳᠤᠭ᠎ᠲᠠᠢ ᠮᠠᠭᠰᠠᠷᠵᠠᠪ ᠪᠠᠭᠰᠢᠳᠠᠨ᠂ ᠪᠠ᠊ · ᠮᠠᠨᠳᠤᠬᠤ ᠪᠠᠭᠰᠢᠳᠠᠨ᠂ ᠴᠠᠭ᠋ᠠᠨᠪᠠᠷᠰ ᠪᠠᠭᠰᠢᠳᠠᠨ ᠮᠠᠨᠢ ᠳᠠᠯ᠎ᠠ ᠳᠠᠯ᠎ᠠ᠎ᠠᠴᠠ᠎ᠨᠢ ᠳᠡᠮᠵᠢᠵᠦ ᠪᠠᠢ᠌ᠭᠰᠠᠨ ᠦᠭᠡᠢ ᠪᠤᠯ ᠳᠤᠰ ᠰᠡᠳᠭᠦᠯ᠎ᠤᠨ 10 ᠵᠢᠯ᠎ᠤᠨ᠎ᠬᠢ᠎ᠨᠢ ᠠᠷᠤ᠎ᠳᠤ ᠪᠤᠶᠤ ᠳᠡᠭᠦᠨ᠎ᠠᠴᠠ ᠬᠤᠢ᠌ᠰᠢ ᠤᠷᠠᠳ ᠨᠤᠳᠤᠭ᠎ᠲᠠᠢ ᠤᠶᠤᠳᠠᠨ ᠵᠠᠯᠠᠭᠤ᠎ᠤ · ᠪᠦᠷᠢᠨᠵᠢᠷᠭ᠋ᠠᠯ᠂ ᠴᠢ᠊᠂ ᠡᠩᠬᠡ᠂ ᠡ᠊ · ᠡᠷᠳᠡᠨᠢᠴᠤᠭᠳᠤ ᠡᠨᠡ ᠰᠡᠳᠭᠦᠯ᠂ ᠡᠨᠡ ᠪᠠᠢ᠌ᠭᠤᠯᠭ᠎ᠠ᠎ᠳᠤ ᠬᠤᠷᠠᠨ ᠴᠤᠭᠯᠠᠬᠤ ᠶᠤᠰᠤᠨ ᠦᠭᠡᠢ᠃ ᠨᠡᠩᠳᠡ ᠪᠠᠰᠠ ᠨᠢᠭᠡ ᠨᠢᠭᠡ᠎ᠪᠠᠨ ᠵᠠᠯᠭ᠋ᠠᠵᠦ ᠡᠨᠡ ᠰᠡᠳᠭᠦᠯ᠂ ᠡᠨᠡ ᠪᠠᠢ᠌ᠭᠤᠯᠭ᠎ᠠ ᠵᠢᠨ ᠤᠳᠤᠷᠢᠳᠬᠤ ᠪᠠᠢ᠌ᠷᠢᠨ᠎ᠳᠤ ᠭᠠᠷᠬᠤ ᠶᠤᠰᠤᠨ ᠦᠭᠡᠢ᠃
    ᠲᠠ ᠨᠠᠷ᠎ᠪᠠᠨ ᠦᠨᠢ ᠮᠦᠩᠬᠡ ᠵᠢᠨ ᠬᠦᠨᠳᠦᠳᠭᠡᠯ ᠳᠠᠯᠠᠷᠬᠠᠯ ᠵᠶ᠋ᠠᠨ ᠲᠡᠪᠰᠢᠬᠦᠯᠤᠶ᠎ᠡ! 

      

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠣᠬᠠᠭ᠋ᠠᠨ ᠴᠤᠭᠤᠷᠠᠭᠤᠯᠤᠭᠰᠠᠨ ᠬᠠᠢ᠌ᠷ᠎ᠠ
ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠥᠯᠢᠭᠡᠷ
ᠮᠠᠨ᠎ᠤ ᠤᠷᠤᠨ᠎ᠤ᠎ᠬᠢᠨ ᠭᠤᠷᠪᠠᠨ ᠲᠠᠯ᠎ᠠ᠎ᠠᠴᠠ 5 ᠵᠢᠯ᠎ᠳᠤ 5 ᠳ᠋ᠦᠩᠰᠢᠭᠤᠷ ᠲᠥᠭᠥᠷᠢᠭ ᠪᠡᠯᠨ ᠤᠷᠤᠭᠤᠯᠵᠤ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠬᠦᠭᠵᠢᠬᠦᠯᠤᠯᠳᠡ᠎ᠳᠤ ᠴᠢᠳᠠᠪᠬᠢ ᠤᠯᠭᠤᠪᠠ
ᠲᠥᠪ᠎ᠤᠨ ᠡᠳ᠋᠎ᠤᠨ ᠵᠠᠰᠠᠭ᠎ᠠᠴᠠ ᠮᠠᠨ᠎ᠤ ᠣᠷᠣᠨ᠎ᠤ ᠶᠠᠳᠠᠭᠤ ᠬᠦᠴᠢᠷᠳᠡᠯᠲᠡᠢ ᠤᠯᠠᠨ ᠲᠦᠮᠡᠨ᠎ᠤ ᠲᠤᠰᠠᠯᠠᠮᠵᠢ ᠵᠢᠨ ᠨᠥᠬᠥᠪᠦᠷᠢ ᠵᠢ56.33 ᠳ᠋ᠦᠩᠰᠢᠭᠤᠷ ᠲᠥᠭᠥᠷᠢᠭ ᠪᠠᠭᠤᠯᠭ᠋ᠠᠪᠠ
ᠮᠠᠨ᠎ᠤ ᠣᠷᠣᠨ 《ᠣᠲᠣ ᠦᠶ᠎ᠡ ᠵᠢᠨ ᠵᠠᠮ ᠬᠠᠷᠢᠯᠴᠠᠭ᠎ᠠ ᠡᠳ᠋ ᠪᠠᠷᠠᠭ᠋ᠠᠨ᠎ᠤ ᠭᠦᠢ᠍ᠯᠭᠡᠭᠡᠨ᠎ᠤ ᠳᠠᠭ᠋ᠠᠭᠤᠯᠤᠭᠴᠢ ᠠᠵᠤ ᠠᠬᠤᠢ᠌ᠯᠠᠯ᠎ᠢ ᠪᠤᠵᠠᠭ᠋ᠠᠢ᠌ᠷᠠᠭᠤᠯᠬᠤ ᠠᠵᠢᠯᠯᠠᠭ᠋ᠠᠨ᠎ᠤ ᠲᠥᠰᠥᠯ》᠎ᠢ ᠨᠡᠢ᠌ᠲᠡᠯᠡᠵᠦ᠂ 2026 ᠣᠨ ᠪᠣᠯᠬᠤ᠎ᠳᠤ ᠥᠪᠥᠷ ᠮᠣᠩᠭᠣᠯ᠎ᠤᠨ ᠨᠢᠭᠡᠴᠢ ᠡᠳ᠋ ᠪᠠᠷᠠᠭ᠋ᠠᠨ᠎ᠤ ᠡᠷᠭᠢᠯᠲᠡ ᠵᠢᠨ ᠬᠡᠮᠵᠢᠶ᠎ᠡ ᠵᠢᠨ ᠡᠳ᠋ ᠪᠠᠷᠠᠭ᠋ᠠᠨ᠎ᠤ ᠭᠦᠢ᠍ᠯᠭᠡᠭᠡᠨ᠎ᠤ ᠥᠪᠡᠷ᠎ᠤᠨ ᠥᠷᠲᠡᠭ᠎ᠢ 6%᠎ᠪᠠᠷ ᠪᠠᠭᠤᠷᠠᠭᠤᠯᠬᠤ ᠪᠤᠯᠤᠨ᠎ᠠ
 
            