ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠵᠠᠰᠠᠭ ᠵᠠᠬᠢᠷᠭᠠᠨ᠎ᠤ ᠣᠷᠣᠨ ᠬᠤᠪᠢᠶᠠᠷᠯᠠᠯ᠎ᠤᠨ ᠭᠠᠵᠠᠷ᠎ᠤᠨ ᠨᠡᠷ᠎ᠡ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠠᠪᠤ ᠠᠭᠣᠯᠠ
ᠨᠡᠶᠢᠲᠡᠯᠡᠭᠰᠡᠨ ᠴᠠᠭ᠄ 2021-10-09

  ᠭᠠᠵᠠᠷ᠎ᠤᠨ ᠨᠡᠷ᠎ᠡ ᠵᠢᠨ ᠨᠣᠲᠠᠯᠠᠯᠲᠠ᠄ ᠠᠪᠤ ᠠᠭᠣᠯᠠ  

                                  ᠴᠦ᠋ ᠢ ᠵᠤᠬᠢᠶᠠᠪᠠ        
                                                             

    ᠠᠪᠤ ᠠᠭᠣᠯᠠ ᠪᠣᠯ ᠥᠪᠦᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠢᠩᠭ᠋ᠠᠨ ᠠᠢ᠌ᠮᠠᠭ᠎ᠤᠨ ᠬᠣᠷᠴᠢᠨ ᠪᠠᠷᠠᠭᠣᠨ ᠭᠠᠷᠣᠨ ᠡᠮᠦᠨᠡᠲᠦ ᠬᠣᠰᠢᠭᠣᠨ᠎ᠤ ᠲᠣᠬᠣᠮ ᠰᠤᠮᠤ ᠪᠠ ᠲᠦᠴᠢᠦᠸᠠᠨ ᠰᠢᠶᠠᠨ ᠎ᠤ ᠬᠢᠵᠠᠭ᠋ᠠᠷ᠎ᠤᠨ ᠠᠭᠣᠯᠵᠠᠷ᠎ᠲᠤ ᠪᠠᠢ᠌ᠷᠢᠯᠠᠵᠤ ᠪᠠᠢ᠌ᠳᠠᠭ᠃ ᠲᠣᠰ ᠠᠭᠣᠯᠠ᠎ᠨᠢ ᠣᠯᠠᠨ ᠪᠠᠢ᠌ᠴᠠ ᠵᠢᠨ ᠵᠢᠯᠠᠭ᠎ᠠ ᠵᠢᠨ ᠵᠡᠭᠦᠨ᠂ ᠬᠠᠢ᠌ᠷ᠎ᠤᠨ ᠵᠢᠯᠠᠭ᠎ᠠ ᠵᠢᠨ ᠡᠮᠦᠨ᠎ᠡ᠂ ᠠᠪᠤ ᠠᠭᠣᠯᠠ ᠵᠢᠨ ᠬᠥᠨᠳᠡᠢ ᠵᠢᠨ ᠬᠣᠢ᠌ᠨ᠎ᠠ  ᠂ ᠴᠠᠭ᠋ᠠᠨᠴᠢᠯᠠᠭᠤᠲᠦ ᠵᠢᠨ ᠵᠢᠯᠠᠭ᠎ᠠ ᠵᠢᠨ ᠪᠠᠷᠠᠭᠣᠨ ᠪᠡᠶ᠎ᠡ᠎ᠪᠠᠷ ᠪᠠᠢ᠌ᠷᠢᠯᠠᠵᠤ ᠪᠠᠢ᠌ᠳᠠᠭ᠃ ᠳᠠᠯᠠᠢ ᠵᠢᠨ ᠲᠥᠪᠰᠢᠨ ᠎ᠠᠴᠠ1392.1 ᠮᠧᠲᠷ ᠡᠷᠭᠦᠭᠳᠡᠵᠦ᠂   ᠭᠠᠵᠠᠷ᠎ᠤᠨ ᠪᠠᠢ᠌ᠴᠠ᠎ᠨᠢ ᠵᠡᠭᠦᠨ ᠤᠷᠳᠤᠷᠢᠭ᠎ᠤᠨ 120°56′15"᠂   ᠤᠮᠠᠷᠠᠲᠤ ᠦᠷᠭᠡᠷᠢᠭ᠎ᠤᠨ 45°56′32"᠎ᠲᠤ ᠣᠷᠣᠰᠢᠵᠤ ᠪᠠᠢ᠌ᠳᠠᠭ᠃
    ᠯᠣᠣ ᠲᠸᠦ ᠱᠠᠨ   (老头山) ᠪᠣᠯ ᠬᠢᠲᠠᠳ ᠬᠡᠯᠡᠨ ᠳᠡᠭᠡᠷ᠎ᠡ ᠤᠳᠬᠠᠴᠢᠯᠠᠨ ᠣᠷᠴᠢᠭᠣᠯᠣᠭᠰᠠᠨ ᠳᠠᠭᠣᠳᠠᠯᠭ᠎ᠠ ᠪᠣᠯᠣᠨ᠎ᠠ᠂ ᠠᠪᠤ ᠰᠢᠭ᠋ ᠠᠭᠣᠯᠠ ᠭᠡᠳᠡᠭ ᠤᠳᠬ᠎ᠠ᠎ᠲᠠᠢ᠃ ᠲᠤᠬᠠᠢ ᠵᠢᠨ ᠭᠠᠵᠠᠷ᠎ᠤᠨ ᠮᠣᠩᠭᠣᠯᠴᠣᠳ   ᠯᠣᠣ ᠲᠸᠦ ᠱᠠᠨ ( 老头山)   ᠠᠭᠣᠯᠠ ᠵᠢ   ᠠᠪᠤ ᠠᠭᠣᠯᠠ ᠭᠡᠵᠦ ᠨᠡᠷᠡᠯᠡᠭᠰᠡᠭᠡᠷ ᠢᠷᠡᠵᠡᠢ᠃
    ᠯᠣᠣ ᠲᠸᠦ ᠱᠠᠨ   (老头山) ᠭᠡᠳᠡᠭ ᠨᠡᠷᠡᠢ᠌ᠳᠦᠯ᠎ᠨᠢ ᠲᠤᠬᠠᠢ ᠵᠢᠨ ᠭᠠᠵᠠᠷ ᠣᠷᠣᠨ᠎ᠤ ᠬᠦᠮᠦᠰ᠎ᠤᠨ ᠳᠠᠭᠤᠳᠠᠯᠭ᠎ᠠ ᠵᠢ ᠭᠠᠯᠢᠭᠯᠠᠨ ᠪᠠᠭᠣᠯᠭ᠋ᠠᠭᠰᠠᠨ ᠪᠢᠰᠢ᠂ ᠬᠢᠲᠠᠳ ᠬᠡᠯᠡᠨ ᠳᠡᠭᠡᠷ᠎ᠡ ᠣᠷᠴᠢᠭᠣᠯᠣᠨ ᠪᠠᠭᠣᠯᠭ᠋ᠠᠭᠰᠠᠨ᠎ᠠᠴᠠ ᠪᠣᠯᠵᠤ  ᠂ ᠭᠠᠵᠠᠷ᠎ᠤᠨ ᠨᠡᠷ᠎ᠡ ᠵᠢᠨ ᠣᠣᠯ ᠤᠳᠬ᠎ᠠ ᠪᠠ ᠲᠡᠭᠦᠨ᠎ᠳᠤ   ᠠᠭᠤᠯᠤᠭᠳᠠᠬᠤ ᠰᠢᠲᠦᠯᠭᠡ ᠪᠢᠰᠢᠷᠡᠯ᠎ᠤᠨ ᠤᠬᠠᠮᠰᠠᠷ᠎ᠢ ᠵᠥᠪ ᠣᠨᠣᠪᠴᠢᠲᠠᠢ ᠢᠯᠡᠷᠡᠭᠦᠯᠵᠤ ᠴᠢᠳᠠᠬᠤ ᠦᠭᠡᠢ ᠪᠠᠢ᠌ᠨ᠎ᠠ᠃ ᠲᠣᠰ ᠭᠠᠵᠠᠷ᠎ᠤᠨ   ᠨᠠᠷ᠎ᠡ ᠵᠢᠨ ᠳᠠᠭᠣᠳᠠᠯᠭ᠎ᠠ᠎ᠳᠤ ᠪᠠᠰᠠ ᠬᠢᠲᠠᠳ ᠮᠣᠩᠭᠣᠯ ᠬᠡᠯᠡ ᠵᠢ ᠬᠣᠯᠢᠵᠤ ᠬᠡᠷᠡᠭᠯᠡᠵᠦ ᠪᠠᠢ᠌ᠭ᠎ᠠ ᠪᠠᠢ᠌ᠳᠠᠯ ᠣᠷᠣᠰᠢᠵᠤ ᠪᠠᠢ᠌ᠨ᠎ᠠ  ᠂ ᠡᠢ᠌ᠮᠦ᠎ᠠᠴᠠ ᠲᠣᠰ ᠭᠠᠵᠠᠷ᠎ᠤᠨ   ᠨᠡᠷ᠎ᠡ ᠪᠣᠯ ᠠᠰᠠᠭᠣᠳᠠᠯ᠎ᠲᠠᠢ ᠭᠠᠵᠠᠷ᠎ᠤᠨ ᠨᠡᠷ᠎ᠡ ᠪᠠᠢ᠌ᠵᠤ ᠴᠢᠨᠠᠭᠰᠢᠲᠠ ᠲᠥᠷᠢᠮᠵᠢᠭᠦᠯᠦᠨ ᠪᠢᠴᠢᠬᠦ   ᠴᠢᠬᠣᠯᠠ᠎ᠲᠠᠢ   ᠪᠣᠯᠵᠠᠢ᠃

            ᠳᠥᠷᠢᠮᠵᠢᠭᠦᠯᠦᠨ ᠪᠢᠴᠢᠬᠦ ᠰᠠᠨᠠᠭ᠋ᠠᠣᠯᠭ᠎ᠠ᠄

  ᠯᠣᠣ ᠲᠸᠦ ᠱᠠᠨ   (老头山)  (ᠠᠪᠤ ᠠᠭᠣᠯᠠ) ᠭᠡᠳᠡᠭ ᠭᠠᠵᠠᠷ᠎ᠤᠨ ᠨᠡᠷ᠎ᠡ᠎ᠨᠢ   ᠲᠡᠦᠬᠡ ᠵᠢᠨ ᠠᠳᠠᠯᠢ ᠪᠤᠰᠤ ᠴᠠᠭ ᠦᠶ᠎ᠡ᠎ᠳᠤ   ᠠᠳᠠᠯᠢ ᠪᠤᠰᠤ᠎ᠪᠠᠷ ᠲᠡᠮᠳᠡᠭᠯᠡᠭᠳᠡᠵᠦ ᠢᠷᠡᠪᠡ᠃ ᠳᠠᠷᠤᠢ“艾吉喇克山”(“ ᠠᠵᠢᠷᠭ᠋ᠠᠨ ᠠᠭᠣᠯᠠ”)“老頭山”(ᠠᠪᠤ ᠠᠭᠣᠯᠠ)“老头山” ᠠᠪᠤ ᠠᠭᠣᠯᠠ)“滕格日大坝”(ᠲᠡᠭᠷᠢ ᠳᠠᠪᠠᠭ᠎ᠠ”)“阿巴哈喇”(ᠠᠪᠤ ᠬᠠᠷ᠎ᠠ)᠂摩天岭 (ᠮᠥᠸᠸ ᠲᠢᠶᠠᠨ ᠯᠢᠩ) ᠭᠡᠬᠦ ᠮᠡᠲᠦ᠎ᠪᠠᠷ ᠨᠡᠷᠡᠢ᠌ᠳᠦᠵᠦ ᠥᠩᠭᠡᠷᠡᠪᠡ᠃
    ⒈  《ᠪᠠᠳᠠᠷᠠᠭᠣᠯᠲᠦ   ᠲᠥᠷᠥ ᠵᠢᠨ ᠭᠣᠴᠢᠨ ᠭᠤᠷᠪᠠᠳᠤᠭ᠋ᠠᠷ ᠣᠨ᠎ᠤ ᠡᠪᠣᠯ᠎ᠤᠨ ᠳᠤᠮᠳᠠᠳᠦ ᠰᠠᠷ᠎ᠠ ᠵᠢᠨ ᠬᠣᠷᠢᠨ ᠨᠢᠭᠡᠨ᠎ᠡ》 (1907 ᠣᠨ)᠎ᠳᠤ ᠵᠢᠷᠤᠭᠰᠠᠨ ᠭᠠᠵᠠᠷ᠎ᠤᠨ ᠵᠢᠷᠤᠭ ᠳᠡᠭᠡᠷ᠎ᠡ“艾吉喇克山”(“ ᠠᠵᠢᠷᠭ᠋ᠠᠨ ᠠᠭᠣᠯᠠ”) ᠭᠡᠵᠦ ᠲᠡᠮᠳᠡᠭᠯᠡᠵᠦ ᠪᠠᠢ᠌ᠳᠠᠭ᠃ ᠳᠠᠷᠤᠢ  《ᠳᠡᠯ ᠵᠶ᠋ᠡᠨ ᠪᠣᠰᠬᠠᠨ ᠳᠠᠪᠬᠢᠵᠤ ᠪᠠᠢ᠌ᠭ᠎ᠠ ᠬᠠᠷ᠎ᠠ ᠠᠵᠢᠷᠭ᠎ᠠ ᠰᠢᠭ᠋ ᠭᠡᠳᠡᠭ ᠳᠦᠷᠰᠦᠯᠡᠭᠰᠡᠨ ᠬᠡᠯᠡᠯᠭᠡ᠎ᠠᠴᠠ ᠢᠷᠡᠯᠲᠡᠢ ᠨᠡᠷᠡᠢ᠌ᠳᠦᠯ》 ᠪᠣᠯᠣᠨ᠎ᠠ᠃ ᠠᠪᠤ ᠠᠭᠣᠯᠠ᠎ᠨᠢ ᠮᠠᠨ᠎ᠤ ᠬᠣᠰᠢᠭᠣᠨ᠎ᠤ ᠪᠠᠷᠠᠭᠣᠨ ᠡᠮᠦᠨᠡᠭᠦᠷ ᠰᠢᠭ ᠪᠠᠢ᠌ᠷᠢᠯᠠᠵᠤ ᠪᠠᠢ᠌ᠳᠠᠭ ᠲᠤᠯᠠ ᠦᠳᠡ ᠵᠢᠨ ᠡᠮᠦᠨ᠎ᠡ ᠠᠭᠤᠯᠠ ᠵᠢ ᠬᠣᠢ᠌ᠨ᠎ᠠ᠎ᠠᠴᠠ᠎ᠨᠢ ᠬᠠᠷᠠᠪᠠᠯ ᠬᠠᠷ᠎ᠠ ᠥᠩᠭᠡᠲᠡᠢ ᠰᠡᠬᠦᠢ᠌ᠨ ᠰᠦᠨᠳᠡᠷᠡᠯᠵᠦ ᠬᠠᠷᠠᠭᠳᠠᠳᠠᠭ᠃ ᠠᠭᠣᠯᠠ ᠵᠢᠨ ᠣᠷᠣᠢ ᠳᠡᠭᠡᠷ᠎ᠡ ᠭᠠᠷᠴᠤ ᠠᠵᠢᠭᠯᠠᠪᠠᠯ ᠠᠭᠣᠯᠠ ᠵᠢᠨ   ᠣᠷᠣᠢ᠎ᠪᠠᠷ ᠳᠥᠷᠪᠡᠯᠵᠢᠨ ᠪᠠᠭ᠋ᠠᠨ᠎ᠠ ᠰᠢᠭ᠋ ᠬᠠᠳᠠ᠎ᠨᠤᠭᠤᠳ ᠡᠭᠴᠡᠯᠡᠨ ᠪᠣᠰᠴᠦ ᠠᠷᠪᠠ ᠬᠣᠷᠢᠨ ᠮᠧᠲᠷ ᠦᠨᠳᠦᠷ ᠪᠠᠷᠢᠭᠰᠠᠨ   ᠬᠡᠷᠡᠮ ᠰᠢᠭ ᠬᠠᠷᠠᠭᠳᠠᠳᠠᠭ ᠪᠢᠯᠡ᠃   ᠡᠢ᠌ᠮᠦᠷᠬᠦᠦ ᠪᠠᠭ᠋ᠠᠨᠠᠴᠢᠷ ᠬᠠᠳᠠ᠎ᠨᠢ ᠠᠭᠣᠯᠠ ᠵᠢᠨ ᠣᠷᠣᠢ ᠵᠢᠨ   ᠪᠠᠷᠠᠭᠣᠨ᠎ᠠᠴᠠ ᠵᠡᠭᠦᠨ ᠤᠷᠤᠭᠰᠢ ᠬᠡᠳᠦᠨ ᠭᠠᠵᠠᠷ ᠰᠣᠨᠣᠨ ᠥᠷᠭᠦᠯᠵᠢᠯᠡᠵᠦ᠂ ᠬᠦᠮᠦᠨ ᠠᠮᠢᠲᠠᠨ ᠬᠦᠷᠴᠦ ᠴᠢᠳᠠᠰᠢ ᠦᠭᠡᠢ ᠬᠡᠮᠡᠷ ᠡᠭᠴᠡ   ᠣᠷᠭᠢᠯ ᠪᠣᠯᠵᠤ ᠰᠡᠬᠦᠢ᠌ᠨ ᠰᠣᠨᠣᠯᠵᠠᠭᠰᠠᠭ᠋ᠠᠷ ᠪᠠᠢ᠌ᠳᠠᠭ᠃ ᠲᠡᠭᠦᠨ ᠎ᠤ ᠪᠦᠬᠦᠢ᠌ᠯᠠ ᠳᠦᠷᠰᠦ ᠪᠠᠢ᠌ᠳᠠᠯ᠎ᠨᠢ ᠦᠨᠡᠬᠡᠷ ᠳᠡᠯ ᠰᠡᠭᠦᠯ ᠵᠶ᠋ᠡᠨ ᠪᠣᠰᠬᠠᠨ ᠣᠩᠭᠣᠳᠯᠠᠨ ᠳᠠᠪᠬᠢᠵᠤ ᠪᠠᠢ᠌ᠭ᠎ᠠ ᠬᠠᠷ᠎ᠠ ᠠᠵᠢᠷᠭ᠎ᠠ   ᠰᠢᠭ᠋ ᠪᠣᠯᠬᠤᠷ ᠡᠷᠲᠡᠨ᠎ᠤ ᠬᠦᠮᠦᠰ ᠲᠡᠭᠡᠵᠦ ᠨᠡᠷᠡᠯᠡᠭᠰᠡᠨ ᠶᠤᠮ᠃ ᠠᠭᠣᠯᠠᠨ ᠡᠮᠦᠨ᠎ᠡ ᠲᠠᠯ᠎ᠠ᠎ᠳᠤ   ᠠᠮᠢᠳᠤᠷᠠᠳᠠᠭ ᠲᠦᠴᠢᠦᠸᠠᠨ ᠰᠢᠶᠠᠨ᠎ᠤ ᠬᠢᠲᠠᠳ ᠬᠦᠮᠦᠰ ᠲᠣᠰ ᠬᠠᠳᠠ᠎ᠨᠤᠭᠤᠳ᠎ᠢ “长城岭” ᠤᠷᠲᠤ ᠬᠡᠷᠡᠮ᠎ᠤᠨ ᠳᠠᠪᠠᠭ᠎ᠠ ᠭᠡᠳᠡᠭ᠃
     ⒉ 《ᠬᠣᠷᠴᠢᠨ ᠪᠠᠷᠠᠭᠣᠨ ᠭᠠᠷᠤᠨ ᠡᠮᠦᠨᠡᠲᠦ ᠬᠣᠰᠢᠭᠣᠨ᠎ᠤ ᠬᠢᠵᠠᠭ᠋ᠠᠷ᠎ᠤᠨ ᠵᠢᠷᠤᠭ》 (《科爾沁右翼前旗管境地图》)(1939年)᠎ᠲᠤ ᠠᠪᠤ ᠠᠭᠣᠯᠠ ᠵᠢ“老頭山” ᠭᠡᠵᠦ ᠲᠡᠮᠳᠡᠭᠯᠡᠵᠦ ᠪᠠᠢ᠌ᠳᠠᠭ  ᠃
     ⒊ ᠵᠠᠩ ᠮᠦ᠍ ᠵᠢᠨ ᠵᠣᠬᠢᠶᠠᠭᠰᠠᠨ 《ᠮᠣᠩᠭᠣᠯ᠎ᠳᠤ ᠵᠢᠭᠣᠯᠠᠴᠢᠯᠠᠭᠰᠠᠨ ᠲᠡᠮᠳᠡᠭᠯᠡᠯ》᠎ᠳᠤ ᠳᠡᠮᠳᠡᠭᠯᠡᠭᠰᠡᠨ ᠵᠶ᠋ᠡᠷ᠄ 《“旗東北百七十里有黑山蒙古名阿巴哈喇” (ᠬᠣᠰᠢᠭᠣᠨ᠎ᠤ ᠵᠡᠭᠦᠨ ᠬᠣᠢ᠌ᠨ᠎ᠠ ᠵᠠᠭᠤ ᠳᠠᠯᠠᠨ ᠭᠠᠵᠠᠷ᠎ᠲᠤ ᠨᠢᠭᠡ ᠬᠠᠷ᠎ᠠ   ᠠᠭᠣᠯᠠ ᠪᠠᠢ᠌ᠵᠤ ᠮᠣᠩᠭᠣᠯ ᠨᠡᠷ᠎ᠡ᠎ᠨᠢ ᠠᠪᠤ ᠬᠠᠷ᠎ᠠ ᠭᠡᠳᠡᠭ)》ᠭᠡᠵᠡᠢ᠃
   ⒋ ᠪᠠᠢ ᠳ᠋ᠦ᠋(百度)᠎ᠠᠴᠠ ᠬᠠᠢ᠌ᠵᠤ ᠣᠯᠣᠭᠰᠠᠨ ᠭᠠᠵᠠᠷ᠎ᠤᠨ ᠵᠢᠷᠤᠭ ᠪᠠ  《ᠬᠣᠷᠴᠢᠨ ᠪᠠᠷᠠᠭᠣᠨ ᠭᠠᠷᠤᠨ ᠡᠮᠦᠨᠡᠲᠦ ᠬᠣᠰᠢᠭᠣᠨ᠎ᠤ ᠭᠠᠵᠠᠷ᠎ᠤᠨ   ᠵᠢᠷᠤᠭ》 (1980 ᠣᠨ)᠎ᠤᠨ   ᠵᠢᠷᠤᠭ᠎ᠲᠤ ᠠᠪᠤ ᠠᠭᠣᠯᠠ ᠵᠢ ᠴᠥᠮ “老头山” ᠭᠡᠵᠦ ᠲᠡᠮᠳᠡᠭᠯᠡᠭᠰᠡᠨ ᠪᠠᠢ᠌ᠳᠠᠭ᠃
    ᠪᠠᠢ᠌ᠭ᠋ᠠᠯᠢ ᠰᠢᠲᠦᠯᠭᠡ ᠪᠣᠯ ᠮᠣᠩᠭᠣᠯᠴᠣᠳ᠎ᠤᠨ ᠤᠵᠠᠭᠣᠷ ᠰᠢᠲᠦᠯᠭᠡ ᠪᠠᠢ᠌ᠵᠤ᠂   ᠲᠦᠮᠡᠨ ᠪᠣᠳᠠᠰ᠎ᠢ ᠰᠦᠭ ᠰᠦᠨᠡᠰᠦ᠎ᠲᠠᠢ ᠭᠡᠮᠡᠨ   ᠰᠦᠰᠦᠭᠯᠡᠨ ᠰᠢᠲᠦᠳᠡᠭ ᠪᠠᠢ᠌ᠭᠰᠠᠨ   ᠪᠥᠭᠡ ᠮᠥᠷᠭᠦᠯ᠎ᠤᠨ ᠰᠢᠲᠦᠯᠭᠡ᠎ᠠᠴᠠ ᠤᠯᠪᠠᠭ᠎ᠠ᠎ᠲᠠᠢ   ᠶᠤᠮ᠃   ᠮᠣᠩᠭᠣᠯᠴᠣᠳ   ᠶᠡᠷᠦ᠎ᠨᠢ ᠠᠭᠣᠯᠠ ᠬᠠᠢ᠌ᠷᠬᠠᠨ ᠵᠶ᠋ᠠᠨ ᠠᠪᠤ   ᠭᠡᠵᠦ  ᠂ ᠣᠰᠤ   ᠪᠤᠯᠠᠭ ᠵᠶ᠋ᠡᠨ ᠷᠠᠰᠢᠶᠠᠨ ᠭᠡᠮᠡᠨ ᠬᠦᠨᠳᠦᠯᠡᠨ ᠳᠠᠭᠣᠳᠠᠳᠠᠭ ᠤᠯᠠᠮᠵᠢᠯᠠᠯ᠎ᠲᠠᠢ ᠪᠠᠢ᠌ᠳᠠᠭ ᠰᠠᠨ᠃ ᠡᠨᠡ᠎ᠨᠢ   ᠬᠥᠬᠡ ᠮᠥᠩᠬᠡ ᠲᠡᠭᠷᠢ ᠬᠦᠷᠦᠰᠦᠲᠦ ᠡᠲᠦᠭᠡᠨ ᠭᠠᠵᠠᠷ ᠣᠰᠣᠨ ᠵᠶ᠋ᠠᠨ ᠰᠢᠲᠦᠨ ᠪᠢᠰᠢᠷᠡᠵᠦ ᠰᠦᠰᠦᠭᠯᠡᠨ ᠲᠠᠬᠢᠳᠠᠭ ᠰᠢᠲᠦᠯᠭᠡ   ᠪᠢᠰᠢᠷᠡᠯ᠎ᠤᠨ   ᠵᠠᠩ   ᠰᠡᠳᠬᠢᠯᠭᠡᠨ᠎ᠲᠠᠢ ᠬᠣᠯᠪᠣᠭ᠎ᠠ᠎ᠲᠠᠢ ᠶᠤᠮ᠃   ᠡᠢ᠌ᠮᠦ᠎ᠠᠴᠠ ᠠᠪᠤ ᠠᠭᠣᠯᠠ ᠭᠡᠳᠡᠭ᠎ᠢ ᠯᠣᠣ ᠲᠸᠦ ᠱᠠᠨ (老头山) ᠭᠡᠵᠦ ᠳᠠᠭᠤᠳᠠᠬᠤ ᠦᠶ᠎ᠡ᠎ᠳᠤ ᠲᠡᠷᠡ᠎ᠨᠢ ᠡᠪᠦᠭᠡᠨ ᠠᠭᠣᠯᠠ ᠭᠡᠳᠡᠭ ᠤᠳᠬ᠎ᠠ᠎ᠲᠠᠢ ᠪᠣᠯᠵᠤ᠂ ᠠᠭᠣᠯᠠ   ᠤᠰᠤ᠎ᠪᠠᠨ ᠠᠪᠤ   ᠰᠢᠭ᠋ ᠭᠡᠮᠡᠨ ᠬᠦᠨᠳᠦᠯᠡᠨ ᠰᠢᠲᠦᠭᠳᠡᠳᠡᠭ   ᠰᠢᠲᠦᠯᠭᠡ   ᠪᠢᠰᠢᠷᠡᠯ᠎ᠤᠨ ᠰᠡᠳᠬᠢᠯᠭᠡᠨ᠎ᠨᠢ ᠬᠠᠶᠠᠭᠳᠠᠵᠤ ᠠᠯᠠᠭ᠎ᠠ ᠪᠣᠯᠳᠠᠭ᠃
    ᠯᠣᠣ ᠲᠸᠦ ᠱᠠᠨ (老头山) (ᠠᠪᠤ ᠠᠭᠣᠯᠠ)   ᠭᠡᠳᠡᠭ ᠬᠣᠶᠠᠷ ᠨᠡᠷᠡᠢ᠌ᠳᠦᠯ ᠵᠶ᠋ᠡᠷ ᠳᠡᠮᠳᠡᠭᠯᠡᠵᠦ ᠪᠠᠢ᠌ᠭ᠎ᠠ᠎ᠨᠢ ᠬᠢᠲᠠᠳ ᠮᠣᠩᠭᠣᠯ ᠬᠡᠯᠡ ᠵᠢ ᠬᠣᠯᠢᠮᠠᠭ ᠬᠡᠷᠡᠭᠯᠡᠵᠦ ᠪᠠᠢ᠌ᠭ᠎ᠠ ᠵᠢᠨ ᠨᠡᠢ᠌ᠲᠡᠯᠢᠭ ᠵᠢᠱ᠌ᠢᠶ᠎ᠡ ᠪᠣᠯᠣᠨ᠎ᠠ᠃ ᠡᠢ᠌ᠮᠦ᠎ᠠᠴᠠ ᠲᠡᠦᠬᠡ ᠪᠠ ᠵᠠᠩ ᠵᠠᠩᠰᠢᠯ᠎ᠢ ᠬᠦᠨᠳᠦᠳᠭᠡᠵᠦ᠂ ᠲᠤᠬᠠᠢ ᠵᠢᠨ ᠭᠠᠵᠠᠷ᠎ᠤᠨ ᠠᠷᠠᠳ ᠲᠦᠮᠡᠨ᠎ᠤ ᠰᠢᠲᠦᠯᠭᠡ ᠪᠢᠰᠢᠷᠡᠯ᠎ᠤᠨ ᠤᠬᠠᠮᠰᠠᠷ᠎ᠢ ᠬᠠᠮᠠᠭ᠋ᠠᠯᠠᠨ᠂ ᠨᠤᠲᠤᠭ᠎ᠤᠨ ᠬᠦᠮᠦᠰ᠎ᠤᠨ ᠣᠯᠠᠨ ᠵᠢᠯ ᠲᠡᠦᠬᠡᠨ ᠶᠠᠪᠤᠴᠠ᠎ᠳᠤ ᠳᠠᠭᠤᠳᠠᠵᠤ ᠪᠠᠢ᠌ᠭ᠎ᠠ ᠠᠪᠤ ᠠᠭᠣᠯᠠ ᠭᠡᠳᠡᠭ ᠨᠡᠷ᠎ᠡ ᠵᠢ ᠵᠥᠪ ᠠᠪᠢᠶᠠᠯᠠᠨ ᠲᠡᠮᠳᠡᠭᠯᠡᠵᠦ᠂   ᠦᠯᠡᠳᠡᠭᠡᠨ ᠬᠠᠳᠠᠭ᠋ᠠᠯᠠᠬᠤ᠎ᠨᠢ ᠵᠦᠢ᠍ᠲᠡᠢ᠃
     ⒌ ᠣᠯᠣᠰ᠎ᠤᠨ ᠬᠡᠮᠵᠢᠨ   ᠵᠢᠷᠤᠭᠯᠠᠬᠤ ᠲᠣᠪᠴᠢᠶᠠᠨ᠎ᠤ ᠶᠡᠷᠦᠩᠬᠡᠢ   ᠱᠠᠲ᠋ᠣᠪ᠎ᠤᠨ ᠬᠡᠯᠲᠡᠰ᠎ᠤᠨ ᠨᠠᠢ᠌ᠷᠠᠭᠣᠯᠣᠨ ᠪᠢᠴᠢᠭᠰᠡᠨ 《ᠳᠤᠮᠳᠠᠳᠦ ᠣᠯᠣᠰ᠎ᠤᠨ ᠴᠥᠭᠡᠨ ᠲᠣᠭ᠋ᠠᠲᠦ ᠦᠨᠳᠦᠰᠦᠲᠡᠨ᠎ᠤ ᠭᠠᠵᠠᠷ᠎ᠤᠨ ᠨᠡᠷᠡᠰ᠎ᠤᠨ ᠮᠣᠩᠭᠣᠯ ᠠᠪᠢᠶᠠᠯᠯᠠᠯᠭ᠎ᠠ ᠵᠢᠨ ᠭᠠᠷ ᠳᠡᠪᠲᠡᠷ》 (1986 ᠣᠨ) ᠎ᠳᠤ ᠲᠡᠮᠳᠡᠭᠯᠡᠭᠰᠡᠨ ᠵᠶ᠋ᠡᠷ ᠮᠣᠩᠭᠣᠯ ᠬᠡᠯᠡᠨ᠎ᠤ ᠠᠪᠤ ᠭᠡᠳᠡᠭ ᠦᠭᠡ ᠵᠢ aab ᠭᠡᠵᠦ ᠭᠠᠯᠢᠭᠯᠠᠨ   ᠬᠢᠲᠠᠳ ᠵᠶ᠋ᠠᠷ“阿布” ᠭᠡᠵᠦ ᠤᠩᠰᠢᠯᠭ᠎ᠠ᠎ᠪᠠᠷ᠎ᠨᠢ ᠭᠠᠯᠢᠭᠯᠠᠨ ᠲᠡᠮᠳᠡᠭᠯᠡᠭᠰᠡᠨ ᠪᠠᠢ᠌ᠳᠠᠭ᠃ ᠭᠡᠬᠦ ᠎ᠳᠤ᠎ᠪᠠᠨ ᠮᠣᠩᠭᠣᠯᠴᠣᠳ᠎ᠤᠨ ᠠᠮᠠᠨ ᠶᠠᠷᠢᠶᠠᠨ ᠎ᠳᠤ ᠠᠪᠤ ᠭᠡᠳᠡᠭ᠎ᠢ“阿爸” ᠭᠡᠵᠦ ᠠᠪᠢᠶᠠᠯᠠᠨ ᠬᠡᠯᠡᠬᠦ᠎ᠨᠢ ᠣᠯᠠᠨ ᠪᠠᠢ᠌ᠵᠤ᠂“阿布” ᠭᠡᠳᠡᠭ ᠠᠪᠢᠶ᠎ᠠ ᠵᠢ ᠬᠡᠷᠡᠭᠯᠡᠳᠡᠭ ᠦᠭᠡᠢ᠃
      ᠳᠡᠭᠡᠷᠡᠬᠢ ᠡᠯ᠎ᠡ ᠪᠠᠷᠢᠮᠲᠠ᠎ᠠᠴᠠ ᠦᠵᠡᠪᠡᠯ ᠲᠣᠰ ᠭᠠᠵᠠᠷ᠎ᠤᠨ ᠨᠡᠷ᠎ᠡ ᠎ᠳᠤ᠎ᠬᠢ ᠠᠪᠤ ᠭᠡᠳᠡᠭ᠎ᠢ ᠵᠠᠩ ᠮᠦ᠍ ᠵᠢᠨ ᠲᠡᠮᠳᠡᠭᠯᠡᠭᠰᠡᠨ  ᠄ “旗東北百七十里有黑山蒙古名阿巴哈喇” ᠭᠡᠳᠡᠭ ᠎ᠲᠤ᠎ᠬᠢ “阿巴” ᠭᠡᠳᠡᠭ᠎ᠢ ᠪᠠᠷᠢᠮᠲᠠᠯᠠᠨ ᠬᠡᠷᠡᠭᠯᠡᠪᠡᠯ ᠨᠡᠩ ᠣᠨᠣᠪᠴᠢᠲᠠᠢ ᠪᠣᠯᠣᠨ᠎ᠠ᠃ ᠡᠢ᠌ᠮᠦ᠎ᠠᠴᠠ   ᠯᠣᠣ ᠲᠸᠦ ᠱᠠᠨ (老头山)  (  ᠠᠪᠤ ᠠᠭᠣᠯᠠ) ᠭᠡᠳᠡᠭ᠎ᠢ“阿巴乌拉”(“ ᠠᠪᠤ ᠠᠭᠣᠯᠠ”“Aab uula”) ᠭᠡᠵᠦ ᠲᠡᠮᠳᠡᠭᠯᠡᠪᠡᠯ ᠵᠦᠢ᠍ᠲᠡᠢ  ᠃
          ᠬᠣᠯᠪᠤᠭᠳᠠᠯ ᠪᠦᠬᠦᠢ ᠦᠯᠢᠭᠡᠷ   ᠳᠣᠮᠣᠭ᠄

            ᠳᠣᠮᠣᠭ  (ᠨᠢᠭᠡ)

    ᠠᠪᠤ ᠠᠭᠣᠯᠠ (老头山)   ᠪᠣᠯ ᠥᠪᠦᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠢᠩᠭ᠋ᠠᠨ ᠠᠢ᠌ᠮᠠᠭ᠎ᠤᠨ ᠬᠣᠷᠴᠢᠨ ᠪᠠᠷᠠᠭᠣᠨ ᠭᠠᠷᠣᠨ ᠡᠮᠦᠨᠡᠲᠦ ᠬᠣᠰᠢᠭᠣᠨ᠎ᠤ ᠲᠣᠬᠣᠮ ᠰᠤᠮᠤ ᠵᠢᠨ ᠬᠢᠵᠠᠭ᠋ᠠᠷ᠎ᠲᠤ ᠪᠠᠢ᠌ᠷᠢᠯᠠᠵᠤ ᠪᠠᠢ᠌ᠳᠠᠭ᠃ ᠣᠣᠯ ᠨᠡᠷ᠎ᠡ᠎ᠨᠢ ᠠᠪᠤ ᠠᠭᠣᠯᠠ ᠭᠡᠳᠡᠭ᠃ ᠳᠣᠮᠣᠭ ᠶᠠᠷᠢᠶ᠎ᠠ ᠵᠢ ᠦᠨᠳᠦᠰᠦᠯᠡᠪᠡᠯ᠂ ᠡᠷᠲᠡ ᠤᠷᠢᠳᠦ ᠵᠢᠨ ᠴᠠᠭ᠎ᠲᠤ ᠨᠢᠭᠡ ᠵᠠᠯᠭ᠋ᠠᠤ   ᠪᠠᠷᠠᠭᠣᠨ ᠦᠵᠦᠮᠦᠴᠢᠨ ᠬᠣᠰᠢᠭᠣᠨ᠎ᠳᠤ ᠣᠴᠢᠵᠤ ᠨᠣᠲᠣᠭᠰᠢᠨ ᠠᠮᠢᠳᠤᠷᠠᠵᠠᠢ᠃ ᠲᠡᠷᠡ ᠵᠠᠯᠠᠭᠤ ᠠᠵᠢᠯᠴᠢ ᠠᠷᠪᠢᠴᠢ ᠪᠠᠢ᠌ᠭᠰᠠᠨ ᠲᠤᠯᠠ   ᠪᠠᠶᠠᠨ ᠲᠠᠩᠰᠣᠭ ᠠᠮᠢᠳᠤᠷᠠᠳᠠᠭ ᠪᠣᠯᠵᠠᠢ᠃ ᠣᠯᠠᠨ ᠵᠢᠯ ᠥᠩᠭᠡᠷᠡᠬᠦ ᠵᠢ ᠳᠠᠭ᠋ᠠᠯᠳᠣᠨ ᠨᠣᠲᠣᠭ ᠵᠶ᠋ᠠᠨ ᠰᠠᠨᠠᠬᠤ ᠰᠡᠳᠬᠢᠯ᠎ᠨᠢ ᠳᠡᠪᠡᠷᠡᠵᠦ ᠥᠪᠡᠷ᠎ᠤᠨ ᠲᠥᠷᠥᠯᠬᠢ ᠨᠤᠲᠤᠭ ᠵᠠᠰᠠᠭᠲᠤ ᠵᠢᠨ ᠬᠤᠰᠢᠭᠣᠨ ᠎ᠳᠤ᠎ᠪᠠᠨ ᠬᠠᠷᠢᠬᠤ ᠵᠢ ᠬᠦᠰᠡᠨ   ᠮᠥᠷᠥᠭᠡᠳᠬᠦ ᠪᠣᠯᠵᠠᠢ  ᠃ ᠭᠡᠪᠡᠴᠦ ᠦᠵᠦᠮᠦᠴᠢᠨ ᠸᠠᠩ ᠲᠡᠭᠦᠨ᠎ᠢ ᠨᠤᠲᠤᠭ ᠎ᠲᠤ᠎ᠪᠠᠨ ᠬᠠᠷᠢᠬᠤ ᠵᠢ ᠵᠥᠪᠰᠢᠶᠡᠷᠡᠬᠦ ᠦᠭᠡᠢ ᠪᠠᠢ᠌ᠭᠰᠠᠨ ᠭᠡᠨ᠎ᠡ᠃ ᠲᠡᠭᠡᠭᠡᠳ ᠨᠢᠭᠡᠨ ᠰᠥᠨᠢ ᠲᠡᠷᠡ ᠪᠦᠰᠡᠭᠦᠢ᠎ᠲᠠᠢ᠎ᠪᠠᠨ ᠬᠤᠷᠳᠤᠨ   ᠮᠣᠷᠢᠨ᠎ᠳᠤ᠎ᠪᠠᠨ ᠮᠣᠷᠳᠠᠭ᠋ᠠᠳ   ᠵᠠᠰᠠᠭᠲᠤ ᠵᠢᠨ ᠬᠣᠰᠢᠭᠣᠨ ᠵᠦᠭ ᠵᠶ᠋ᠡᠨ ᠳᠠᠪᠬᠢᠨ ᠣᠳᠪᠠ᠂ ᠬᠠᠷᠠᠮᠰᠠᠯᠲᠠᠢ᠎ᠨᠢ ᠦᠵᠦᠮᠦᠴᠢᠨ ᠸᠠᠩ ᠲᠡᠭᠦᠨ᠎ᠤ ᠵᠢᠭᠤᠳᠠᠨ ᠶᠠᠪᠤᠬᠤ ᠰᠤᠷᠠᠭ᠎ᠢ ᠣᠯᠵᠤ ᠴᠡᠷᠢᠭ ᠮᠣᠷᠢ᠎ᠪᠠᠷ ᠨᠡᠬᠡᠭᠦᠯᠵᠡᠢ᠃   ᠲᠡᠷᠡ ᠡᠷ᠎ᠡ ᠡᠮ᠎ᠡ ᠬᠣᠶᠠᠭᠣᠯᠠ ᠬᠣᠶᠠᠷ ᠦᠨᠳᠦᠷ ᠰᠠᠬᠤᠯᠢᠭ ᠣᠢ ᠲᠠᠢ᠌ᠭ᠎ᠠ ᠪᠦᠷᠬᠦᠭᠰᠡᠨ ᠠᠭᠣᠯᠠ ᠲᠠᠭ᠋ᠠᠷᠢᠭᠰᠠᠨ᠎ᠳᠤ ᠡᠷᠡᠭᠲᠡᠢ᠎ᠨᠢ ᠨᠢᠭᠡ ᠠᠭᠣᠯᠠᠨ᠎ᠳᠤ ᠨᠢᠭᠤᠭᠳᠠᠨ᠂ ᠡᠮᠡᠭᠲᠡᠢ᠎ᠨᠢ ᠨᠥᠭᠦᠭᠡ ᠠᠭᠣᠯᠠᠨ᠎ᠳᠤ ᠨᠢᠭᠤᠭᠳᠠᠵᠤ ᠠᠮᠢ ᠭᠠᠷᠤᠭᠰᠠᠨ ᠭᠡᠳᠡᠭ᠃ ᠡᠭᠦᠨ᠎ᠠᠴᠠ ᠪᠣᠯᠵᠤ ᠡᠨᠡ ᠬᠣᠶᠠᠷ ᠠᠭᠣᠯᠠ ᠵᠢ ᠠᠪᠤ ᠠᠭᠣᠯᠠ ᠪᠠ ᠡᠵᠢ (  ᠡᠶᠢ ᠠᠭᠣᠯᠠ   ᠭᠡᠵᠦ ᠨᠣᠲᠣᠭ᠎ᠤᠨ ᠬᠦᠮᠦᠰ ᠨᠡᠷᠡᠯᠡᠳᠡᠭ) ᠠᠭᠣᠯᠠ ᠭᠡᠵᠦ ᠨᠡᠷᠡᠢ᠌ᠳᠬᠦ ᠪᠣᠯᠣᠭᠰᠠᠨ ᠭᠡᠳᠡᠭ  ᠃
   
                ᠳᠣᠮᠣᠭ  (ᠬᠣᠶᠠᠷ)

      ᠠᠪᠤ ᠠᠭᠣᠯᠠ ᠵᠢᠨ ᠣᠷᠭᠢᠯ᠎ᠤᠨ ᠪᠠᠷᠠᠭᠣᠨ ᠲᠠᠯ᠎ᠠ ᠵᠢᠨ   ᠳᠠᠪᠠᠭ᠋ᠠᠨ ᠳᠡᠭᠡᠷ᠎ᠡ ᠨᠢᠭᠡ ᠵᠣᠷᠪᠣᠰ ᠨᠤᠲᠤᠭ᠎ᠤᠨ ᠰᠢᠷ᠎ᠠ ᠵᠠᠮ ᠪᠠᠢ᠌ᠳᠠᠭ᠃ ᠡᠨᠡ   ᠬᠦ᠌ ᠳᠠᠪᠠᠭ᠋ᠠᠨ᠎ᠤ ᠬᠡᠰᠡᠭ᠎ᠨᠢ   ᠡᠷᠭᠦᠭᠳᠡᠴᠡ᠎ᠪᠠᠷ ᠬᠠᠷᠢᠴᠠᠩᠭᠣᠢ ᠳᠤᠤᠷ᠎ᠠ   ᠰᠢᠭ᠋   ᠪᠣᠯᠪᠠᠴᠤ ᠮᠠᠰᠢᠨ ᠲᠸᠭᠨᠢᠭ ᠦᠭᠡᠢ ᠪᠠᠢ᠌ᠭᠰᠠᠨ ᠦᠶ᠎ᠡ᠎ᠳᠤ   ᠮᠣᠷᠢᠨ ᠲᠡᠷᠭᠡ ᠪᠠ ᠦᠬᠡᠷ ᠲᠡᠷᠭᠡ᠎ᠪᠠᠷ ᠬᠣᠨᠣᠵᠤ   ᠥᠨᠵᠢᠨ ᠠᠮᠠᠷᠠᠨ ᠪᠠᠢ᠌ᠵᠤ   ᠳᠠᠪᠠᠳᠠᠭ   ᠪᠠᠢ᠌ᠪᠠ᠃   ᠡᠢ᠌ᠮᠦ᠎ᠠᠴᠠ ᠲᠤᠬᠠᠢ ᠵᠢᠨ ᠭᠠᠵᠠᠷ ᠣᠷᠣᠨ᠎ᠤ ᠮᠣᠩᠭᠣᠯᠴᠣᠳ ᠡᠨᠡ ᠳᠠᠪᠠᠭ᠎ᠠ᠎ᠪᠠᠨ ᠳᠡᠭᠷᠢ ᠳᠠᠪᠠᠭ᠎ᠠ (滕格日大坝) ᠭᠡᠵᠦ ᠨᠡᠷᠡᠯᠡᠳᠡᠭ᠃ ᠳᠠᠪᠠᠭ᠋ᠠᠨ᠎ᠤ ᠣᠷᠣᠢ ᠳᠡᠭᠡᠷ᠎ᠡ᠎ᠨᠢ ᠬᠠᠭᠣᠴᠢᠨ ᠴᠠᠭ᠎ᠠᠴᠠ ᠪᠣᠰᠬᠠᠵᠤ ᠣᠳᠣ ᠬᠦᠷᠲᠡᠯ᠎ᠡ ᠭᠠᠷᠬᠤ ᠪᠠᠭᠤᠬᠤ ᠵᠢᠨ ᠳᠠᠯᠢᠮ ᠎ᠳᠤ᠎ᠪᠠᠨ ᠭᠤᠷᠪᠠᠨ ᠴᠢᠯᠠᠭᠤ᠎ᠪᠠᠨ ᠨᠡᠮᠡᠵᠦ ᠦᠨᠳᠦᠷᠯᠡᠭᠦᠯᠦᠭᠰᠡᠨ ᠲᠡᠭᠷᠢ ᠳᠠᠪᠠᠭ᠋ᠠᠨ ᠎ᠤ ᠣᠪᠣᠭ᠎ᠠ ᠪᠠᠢ᠌ᠳᠠᠭ᠃ ᠲᠣᠰ ᠨᠡᠷᠡᠢ᠌ᠳᠦᠯ᠎ᠳᠤ ᠲᠡᠭᠷᠢ ᠲᠣᠯᠣᠭᠰᠠᠨ ᠦᠨᠳᠦᠷ ᠳᠠᠪᠠᠭ᠎ᠠ ᠭᠡᠰᠡᠨ ᠤᠳᠬ᠎ᠠ᠎ᠲᠠᠢ ᠮᠥᠷᠲᠡᠭᠡᠨ ᠲᠡᠭᠷᠢ ᠰᠢᠭ ᠲᠦᠰᠢᠭ᠎ᠲᠠᠢ ᠳᠠᠪᠠᠭ᠎ᠠ ᠭᠡᠰᠡᠨ ᠰᠠᠨᠠᠭ᠎ᠠ ᠠᠭᠣᠯᠠᠭᠳᠠᠳᠠᠭ᠃
      ᠲᠡᠭᠷᠢ ᠳᠠᠪᠠᠭ᠋ᠠᠨ᠎ᠤ ᠲᠤᠬᠠᠢ ᠲᠤᠬᠠᠢ ᠵᠢᠨ ᠭᠠᠵᠠᠷ᠎ᠤᠨ ᠬᠦᠮᠦᠰ᠎ᠤᠨ ᠳᠤᠮᠳᠠ ᠶᠠᠷᠢᠭᠳᠠᠳᠠᠭ ᠪᠠᠰᠠ ᠨᠢᠭᠡ ᠦᠯᠢᠭᠡᠷ ᠪᠠᠢ᠌ᠳᠠᠭ᠄  《ᠬᠤᠭᠤᠷ᠎ᠤᠨ ᠦᠯᠢᠭᠡᠷ  〈  ᠰᠦᠢ ᠲᠠᠩ᠎ᠤᠨ ᠦᠯᠢᠭᠡᠷ  〉᠎ᠲᠤ ᠲᠡᠷᠡ᠎ᠨᠢ ᠲᠠᠩ ᠣᠯᠣᠰ᠎ᠤᠨ ᠦᠶ᠎ᠡ ᠵᠢᠨ ᠶᠡᠬᠡ ᠵᠠᠩᠵᠣᠨ ᠰᠢᠦᠸᠠᠢ ᠷᠸᠨ ᠭᠦᠢ ᠤᠮᠠᠷᠠᠲᠦ ᠵᠢᠨ ᠨᠡᠭᠦᠳᠡᠯᠴᠢᠨ ᠠᠢ᠌ᠮᠠᠭ᠎ᠲᠠᠢ ᠲᠣᠰ   ᠠᠭᠣᠯᠠᠨ᠎ᠳᠤ ᠶᠡᠬᠡ ᠲᠤᠯᠤᠯᠳᠤᠭ᠋ᠠᠨ ᠬᠢᠭᠰᠡᠨ ᠭᠡᠳᠡᠭ᠃ ᠲᠤᠬᠠᠢ ᠵᠢᠨ ᠦᠶ᠎ᠡ᠎ᠳᠤ ᠬᠦᠮᠦᠰ ᠲᠣᠰ ᠳᠠᠪᠠᠭ᠎ᠠ ᠵᠢ ᠲᠡᠭᠷᠢ ᠳᠠᠪᠠᠭ᠎ᠠ   ᠭᠡᠵᠦ ᠳᠠᠭᠤᠳᠠᠵᠤ᠂ ᠬᠢᠲᠠᠳ ᠬᠡᠯᠡᠨ᠎ᠳᠤ摩天岭 ᠭᠡᠳᠡᠭ ᠪᠠᠢ᠌ᠵᠤ ᠭᠡᠨ᠎ᠡ》᠃ ᠵᠡᠭᠦᠨ ᠣᠷᠣᠨ᠎ᠤ   ᠮᠣᠩᠭᠣᠯᠴᠣᠳ᠎ᠤᠨ ᠳᠤᠮᠳᠠ ᠥᠷᠭᠡᠨ ᠵᠶ᠋ᠡᠷ ᠤᠯᠠᠮᠵᠢᠯᠠᠭᠳᠠᠵᠤ ᠲᠦᠮᠡᠨ ᠣᠯᠠᠨ᠎ᠤ ᠬᠦᠷᠢᠶᠡᠯᠡᠯ᠎ᠢ   ᠣᠯᠣᠭᠰᠠᠨ ᠬᠤᠭᠤᠷ᠎ᠤᠨ ᠦᠯᠢᠭᠡᠷ ᠪᠣᠯ   ᠶᠣᠰᠣᠲᠠᠢ ᠬᠢᠲᠠᠳ ᠮᠣᠩᠭᠣᠯ ᠠᠷᠠᠳ ᠲᠦᠮᠡᠨ᠎ᠤ ᠰᠣᠶᠣᠯ᠎ᠤᠨ ᠬᠠᠷᠢᠯᠴᠠᠭ᠋ᠠᠨ᠎ᠤ ᠲᠥᠷᠦᠳᠡᠰᠦ ᠪᠠᠢ᠌ᠵᠤ᠂ ᠬᠠᠷᠢᠯᠴᠠᠨ ᠬᠠᠷᠢᠯᠴᠠᠵᠤ᠂ ᠬᠠᠷᠢᠯᠴᠠᠨ ᠰᠣᠯᠢᠯᠴᠠᠨ᠂ ᠬᠠᠷᠢᠯᠴᠠᠨ   ᠠᠭᠤᠰᠤᠯᠴᠠᠬᠤ ᠶᠠᠪᠤᠴᠠ᠎ᠳᠤ ᠪᠣᠢ ᠪᠣᠯᠣᠭᠰᠠᠨ ᠠᠷᠠᠳ᠎ᠤᠨ ᠤᠷᠠᠯᠢᠭ ᠪᠣᠯᠬᠤ ᠶᠣᠮᠰᠠᠨ᠃  《ᠲᠤᠬᠠᠢ ᠵᠢᠨ ᠭᠠᠵᠠᠷ᠎ᠤᠨ ᠬᠦᠮᠦᠰ᠎ᠤᠨ ᠬᠡᠯᠡᠬᠦ ᠎ᠪᠠᠷ ᠳᠡᠭᠡᠷ᠎ᠡ ᠵᠠᠭᠣᠨ᠎ᠤ ᠲᠠᠪᠢᠭ᠋ᠠᠳ ᠣᠨ᠎ᠤ ᠦᠶ᠎ᠡ᠎ᠳᠤ ᠠᠪᠤ ᠠᠭᠣᠯᠠ ᠵᠢᠨ   ᠵᠡᠭᠦᠨ ᠡᠮᠦᠨ᠎ᠡ ᠬᠢᠷ᠎ᠠ ᠳᠡᠭᠡᠷ᠎ᠡ᠎ᠠᠴᠠ ᠮᠠᠰᠢ ᠣᠯᠠᠨ ᠬᠦᠮᠦᠨ᠎ᠤ ᠬᠡᠭᠦᠷ ᠶᠠᠰᠤ ᠵᠢ ᠢᠯᠡᠷᠡᠭᠦᠯᠦᠭᠰᠡᠨ ᠭᠡᠳᠡᠭ  》᠃

              ᠠᠷᠠᠳ᠎ᠤᠨ ᠳᠠᠭᠤᠤ (ᠭᠤᠷᠪᠠ)

      ᠵᠡᠭᠦᠨ ᠣᠷᠣᠨ᠎ᠤ ᠠᠷᠠᠳ᠎ᠤᠨ ᠳᠠᠭᠤᠤ 《ᠸᠸᠨ ᠵᠠᠩ ᠰᠦᠢ ᠯᠢᠩ》᠎ᠳᠤ ᠠᠪᠤ ᠠᠭᠣᠯᠠ ᠵᠢᠨ ᠲᠤᠬᠠᠢ ᠪᠠᠰᠠ ᠨᠢᠭᠡ ᠥᠭᠦᠯᠡᠮᠵᠢ ᠵᠢ ᠲᠡᠮᠳᠡᠭᠯᠡᠨ ᠣᠷᠣᠭᠣᠯᠣᠭᠰᠠᠨ ᠪᠠᠢ᠌ᠳᠠᠭ᠃ ᠲᠣᠰ ᠠᠷᠠᠳ᠎ᠤᠨ   ᠳᠠᠭᠤᠤ᠎ᠳᠤ ᠰᠦᠢ ᠯᠢᠩ ᠭᠡᠳᠡᠭ ᠬᠦᠮᠦᠨ ᠨᠠᠢ᠍ᠮᠠᠨ ᠵᠠᠭᠣᠨ ᠵᠢᠯ᠎ᠤᠨ ᠲᠡᠦᠬᠡ ᠵᠢ ᠲᠣᠭᠣᠷᠪᠢᠵᠦ ᠪᠠᠢ᠌ᠬᠤ᠎ᠪᠠᠷ ᠬᠦᠦᠷᠨᠢᠭᠰᠡᠨ ᠪᠠᠢ᠌ᠳᠠᠭ᠃ ᠲᠣᠰ ᠳᠠᠭᠤᠤ᠎ᠨᠢ ᠭᠤᠷᠪᠠᠳᠤᠭ᠋ᠠᠷ ᠪᠡᠶ᠎ᠡ ᠵᠢᠨ ᠬᠠᠷᠠᠭ᠋ᠠᠨ᠎ᠠᠴᠠ ᠰᠦᠢ ᠯᠢᠩ᠎ᠤᠨ ᠵᠣᠬᠢᠶᠠᠭᠰᠠᠨ ᠣᠯᠠᠨ ᠪᠦᠯᠦᠭᠲᠦ ᠦᠯᠢᠭᠡᠷ ᠲᠡᠦᠬᠡ ᠪᠢᠴᠢᠭᠰᠡᠨ ᠶᠠᠪᠤᠳᠠᠯ᠎ᠢ ᠬᠦᠦᠷᠨᠢᠨ ᠳᠠᠭᠤᠯᠠᠳᠠᠭ ᠪᠦᠭᠡᠳ ᠪᠦᠯᠦᠭ ᠪᠦᠷᠢ᠎ᠳᠤ ᠲᠡᠮᠳᠡᠭᠯᠡᠭᠰᠡᠨ ᠦᠯᠢᠭᠡᠷ ᠲᠡᠦᠬᠡ ᠵᠢᠨ ᠭᠣᠣᠯ ᠣᠴᠢᠷ ᠶᠠᠪᠤᠳᠠᠯ᠎ᠢ᠎ᠨᠢ ᠲᠤᠭ᠋ᠠᠴᠢᠭᠰᠠᠨ ᠪᠠᠢ᠌ᠳᠠᠭ᠃ ᠲᠣᠰ   ᠳᠠᠭᠤᠤ ᠵᠢᠨ ᠨᠠᠢ᠍ᠮᠠᠳᠤᠭ᠋ᠠᠷ ᠪᠦᠯᠦᠭ᠎ᠲᠤ ᠪᠢᠴᠢᠭᠰᠡᠨ ᠦᠯᠢᠭᠡᠷ᠎ᠲᠤ ᠮᠥᠸᠸ ᠲᠢᠶᠠᠨ ᠯᠢᠩ᠎ᠳᠤ ᠲᠠᠩ᠎ᠤᠨ ᠵᠠᠩᠵᠣᠨ ᠰᠢᠦᠸᠠᠢ ᠷᠸᠨ ᠭᠦᠢ ᠪᠠᠢ᠌ᠯᠳᠤᠭ᠋ᠠᠨ ᠬᠢᠵᠦ ᠪᠠᠢ᠌ᠭᠰᠠᠨ᠎ᠢ ᠲᠡᠮᠳᠡᠭᠯᠡᠵᠡᠢ ᠭᠡᠵᠦ ᠭᠠᠷᠳᠠᠭ ᠪᠠᠢ᠌ᠨ᠎ᠠ᠃

     
      ᠵᠣᠬᠢᠶᠠᠭᠴᠢ ᠵᠢᠨ ᠬᠠᠶᠢᠭ᠄
      ᠥᠪᠦᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠣᠯᠢ ᠵᠢᠨ ᠮᠣᠩᠭᠣᠯ ᠰᠤᠳᠤᠯᠤᠯ᠎ᠤᠨ ᠳᠡᠭᠡᠳᠦ ᠰᠤᠷᠭ᠋ᠠᠭᠣᠯᠢ
             

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠬᠣᠣᠯᠢᠨ ᠭᠣᠣᠯ
《ᠭᠠᠵᠠᠷ᠎ᠤᠨ ᠨᠡᠷ᠎ᠡ ᠵᠢᠨ ᠬᠠᠮᠢᠶᠠᠷᠤᠯᠳᠠ ᠵᠢᠨ ᠲᠦᠷᠢᠮ》᠎ᠢ ᠨᠡᠢ᠌ᠳᠡᠯᠡᠪᠡ
ᠮᠠᠨ᠎ᠤ ᠤᠷᠤᠨ 《ᠳᠤᠮᠳᠠᠳᠤ ᠤᠯᠤᠰ᠎ᠤᠨ ᠤᠯᠤᠰ᠎ᠤᠨ ᠭᠠᠵᠠᠷ᠎ᠤᠨ ᠨᠡᠷ᠎ᠡ ᠵᠢᠨ ᠮᠡᠳᠡᠭᠡ ᠵᠠᠩᠭᠢ ᠵᠢᠨ ᠬᠥᠮᠥᠷᠭᠡ ᠵᠢᠨ ᠲᠣᠭ᠎ᠠ ᠪᠠᠷᠢᠮᠲᠠ ᠵᠢᠨ ᠶᠠᠰᠤ ᠴᠢᠨᠠᠷ᠎ᠤᠨ ᠠᠵᠢᠯᠯᠠᠭ᠎ᠠ》 ᠵᠢᠨ ᠬᠣᠶᠠᠳᠤᠭ᠋ᠠᠷ ᠱᠠᠳᠤᠨ᠎ᠤ ᠠᠵᠢᠯ᠎ᠢ ᠮᠠᠨ᠎ᠤ ᠤᠷᠤᠨ᠎ᠤ ᠠᠮᠵᠢᠯᠳᠠ᠎ᠲᠠᠢ ᠶᠠᠪᠤᠬᠳᠠᠭᠤᠯᠵᠤ ᠪᠠᠢ᠌ᠨ᠎ᠠ
ᠬᠦᠬᠡᠬᠤᠳᠠ ᠵᠢᠨ ᠬᠡᠳᠤᠨ ᠭᠠᠵᠠᠷ᠎ᠤᠨ ᠨᠡᠷ᠎ᠡ (ᠨᠢᠬᠡ)
ᠭᠠᠵᠠᠷ᠎ᠤᠨ ᠨᠡᠷ᠎ᠡ ᠵᠢᠨ ᠤᠷᠴᠢᠭᠤᠯᠭ᠎ᠠ᠄ ᠰᠢᠪᠠᠷᠳᠤ ᠪᠠᠯᠭ᠋ᠠᠰᠤ
 
            