《ᠬᠦᠴᠢᠷᠳᠡᠯ᠎ᠲᠠᠢ ᠵᠡᠮᠳᠡᠭ ᠬᠦᠮᠤᠰ᠎ᠤᠨ ᠠᠮᠢᠳᠤᠷᠠᠯ᠎ᠤᠨ ᠨᠦᠬᠦᠪᠤᠷᠢ ᠪᠠ ᠬᠦᠨᠳᠤ ᠭᠡᠴᠡᠬᠦᠤ ᠵᠡᠮᠳᠡᠭ ᠬᠦᠮᠤᠰ᠎ᠢ ᠠᠰᠠᠷᠠᠨ ᠰᠤᠪᠢᠯᠠᠬᠤ ᠨᠦᠬᠦᠪᠤᠷᠢ ᠵᠢᠨ ᠳᠦᠷᠢᠮ᠎ᠢ ᠪᠦᠬᠦ ᠳᠠᠯ᠎ᠠ᠎ᠪᠠᠷ ᠨᠠᠢ᠌ᠲᠠᠪᠤᠷᠢᠵᠢᠭᠤᠯᠬᠤ ᠳᠤᠬᠠᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠰᠠᠨᠠᠯ》᠎ᠢ ᠳᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠵᠡᠮᠲᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢ ᠦᠭᠴᠤ ᠨᠡᠢ᠌ᠳᠡᠪᠤᠷᠢᠵᠢᠭᠤᠯᠤᠭᠰᠠᠨ ᠮᠡᠳᠡᠭᠡ ᠵᠠᠩᠬᠢ ᠵᠢᠨ ᠬᠠᠮᠢᠶᠠᠷᠤᠯᠳᠠ ᠵᠢᠨ ᠳᠦᠪᠰᠢᠨ᠎ᠢ ᠳᠡᠭᠡᠭᠰᠢᠯᠡᠬᠦᠯᠦᠨ᠂ ᠨᠦᠬᠦᠪᠤᠷᠢ ᠵᠢᠨ ᠮᠡᠳᠡᠭᠡ ᠵᠠᠩᠬᠢ ᠵᠢ ᠴᠠᠭ ᠳᠤᠬᠠᠢ᠎ᠳᠤᠨᠢ ᠬᠢᠨᠠᠨ ᠰᠢᠯᠭ᠋ᠠᠬᠤ᠂ ᠬᠠᠷᠢᠴᠠᠭᠤᠯᠬᠤ᠂ ᠬᠤᠷᠢᠶᠠᠩᠭᠤᠢ᠌ᠯᠠᠨ ᠵᠠᠳᠠᠯᠠᠬᠤ ᠪᠠ ᠬᠠᠮᠢᠶᠠᠷᠬᠤ ᠵᠢ ᠴᠢᠩᠭ᠋ᠠᠳᠬᠠᠬᠤ ᠵᠢᠨ ᠳᠤᠯᠠᠳᠠ᠂ ᠠᠷᠠᠳ᠎ᠤᠨ ᠶᠠᠪᠤᠳᠠᠯ᠎ᠤᠨ ᠶᠠᠮᠤᠨ ᠪᠤᠯᠤᠨ ᠳᠤᠮᠳᠠᠳᠤ ᠤᠯᠤᠰ᠎ᠤᠨ ᠵᠡᠮᠳᠡᠭᠴᠤᠳ᠎ᠤᠨ ᠬᠤᠯᠪᠤᠭ᠎ᠠ ᠬᠠᠮᠳᠤᠷᠠᠨ ᠪᠦᠬᠦ ᠤᠯᠤᠰ᠎ᠤᠨ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠰᠢᠰᠲᠸᠮ᠎ᠢ ᠰᠤᠳᠤᠯᠤᠨ ᠠᠰᠢᠭᠯᠠᠭᠰᠠᠨ ᠪᠦᠭᠡᠳ ᠮᠠᠨ᠎ᠤ ᠤᠷᠤᠨ᠎ᠢ ᠪᠦᠬᠦ ᠤᠯᠤᠰ᠎ᠤᠨ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠮᠡᠳᠡᠭᠡ ᠵᠠᠩᠬᠢ ᠵᠢᠨ ᠰᠢᠰᠲᠸᠮ᠎ᠢ ᠠᠰᠢᠭᠯᠠᠬᠤ ᠠᠩᠬᠠᠳᠠᠭᠴᠢ ᠮᠤᠵᠢ ᠤᠷᠤᠨ᠎ᠳᠤ ᠤᠷᠤᠭᠤᠯᠤᠨ᠂ ᠨᠢᠭᠡ ᠰᠠᠷ᠎ᠠ ᠵᠢᠨ ᠳᠤᠳᠤᠷ᠎ᠠ ᠳᠤᠰ ᠰᠠᠷ᠎ᠠ ᠵᠢᠨ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠳ᠋ᠠᠢ᠌ᠲ᠋ᠠ ᠵᠢ ᠮᠡᠳᠡᠭᠡ ᠵᠠᠩᠬᠢ ᠵᠢᠨ ᠰᠢᠰᠲᠸᠮ᠎ᠳᠤ ᠰᠢᠩᠭᠡᠭᠡᠨ ᠤᠷᠤᠭᠤᠯᠵᠤ᠂ ᠭᠤᠷᠪᠠᠨ ᠰᠠᠷ᠎ᠠ ᠵᠢᠨ ᠳᠤᠳᠤᠷ᠎ᠠ 2016 ᠤᠨ᠎ᠤ 1 ᠳ᠋ᠤᠭᠡᠷ ᠰᠠᠷ᠎ᠠ᠎ᠠᠴᠠ ᠨᠡᠭ᠋ᠠᠰᠢᠬᠢ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠳ᠋ᠠᠢ᠌ᠲ᠋ᠠ ᠵᠢ ᠮᠡᠳᠡᠭᠡ ᠵᠠᠩᠬᠢ ᠵᠢᠨ ᠰᠢᠰᠲᠸᠮ᠎ᠳᠤ ᠰᠢᠩᠭᠡᠭᠡᠨ ᠤᠷᠤᠭᠤᠯᠬᠤ ᠵᠢ ᠱᠠᠭ᠋ᠠᠷᠳᠠᠵᠠᠢ᠃
ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠳ᠋ᠠᠢ᠌ᠲ᠋ᠠ ᠵᠢ ᠮᠡᠳᠡᠭᠡ ᠵᠠᠩᠬᠢ ᠵᠢᠨ ᠰᠢᠰᠲᠸᠮ᠎ᠳᠤ ᠰᠢᠩᠭᠡᠭᠡᠨ ᠤᠷᠤᠭᠤᠯᠵᠤ᠂ ᠬᠢᠨᠠᠨ ᠬᠠᠷᠭᠤᠭᠤᠯᠬᠤ᠂ ᠬᠢᠨᠠᠨ ᠵᠦᠪᠰᠢᠶᠡᠷᠡᠬᠦ᠂ ᠳᠡᠭᠡᠭᠰᠢ ᠮᠡᠳᠡᠬᠦᠯᠬᠦ ᠠᠵᠢᠯ᠎ᠢ ᠳᠣᠭᠲᠠᠭᠰᠠᠨ ᠬᠤᠭᠤᠴᠭ᠋ᠠᠠᠨᠳᠤᠪᠠᠨ ᠪᠡᠶᠡᠯᠡᠬᠦᠯᠵᠤ᠂ ᠪᠦᠬᠦ ᠤᠷᠤᠨ᠎ᠤ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠳ᠋ᠠᠢ᠌ᠲ᠋ᠠ ᠵᠢᠨ ᠦᠨᠡᠨ ᠪᠤᠳᠠᠳᠤ ᠴᠢᠨᠠᠷ᠂ ᠵᠦᠪ ᠤᠨᠤᠪᠴᠢᠳᠤ ᠴᠢᠨᠠᠷ᠎ᠢ ᠪᠠᠳᠤᠯᠠᠬᠤ ᠵᠢᠨ ᠳᠦᠯᠦᠭᠡ᠂ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠳᠢᠩᠬᠢᠮ ᠪᠤᠯᠤᠨ ᠦᠪᠡᠷᠳᠡᠭᠡᠨ ᠵᠠᠰᠠᠬᠤ ᠤᠷᠤᠨ᠎ᠤ ᠵᠡᠮᠳᠡᠭᠴᠤᠳ᠎ᠤᠨ ᠬᠤᠯᠪᠤᠭ᠎ᠠ ᠬᠠᠮᠳᠤᠷᠠᠨ ᠬᠦᠬᠡᠬᠤᠳᠠᠨ᠎ᠠ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠮᠡᠳᠡᠭᠡ ᠵᠠᠩᠬᠢ ᠵᠢᠨ ᠰᠢᠰᠲᠸᠮ᠎ᠢ ᠬᠡᠷᠬᠢᠨ ᠠᠰᠢᠭᠯᠠᠵᠤ ᠬᠡᠷᠡᠭᠯᠡᠬᠦ ᠪᠤᠯᠪᠠᠰᠤᠷᠠᠯ᠎ᠤᠨ ᠠᠩᠬᠢ ᠠ᠋ᠷᠬᠢᠯᠡᠨ᠂ ᠪᠦᠬᠦ ᠤᠷᠤᠨ᠎ᠤ ᠡᠯ᠎ᠡ ᠠᠢ᠌ᠮᠠᠭ ᠬᠤᠳᠠ᠂ ᠬᠤᠰᠢᠭᠤ ᠰᠢᠶᠠᠨ ᠬᠤᠳᠠ ᠳᠤᠭᠤᠷᠢᠭ᠎ᠤᠨ ᠠᠷᠠᠳ᠎ᠤᠨ ᠶᠠᠪᠤᠳᠠᠯ᠎ᠤᠨ ᠳᠤᠪᠴᠢᠶ᠎ᠠ ᠪᠤᠯᠤᠨ ᠵᠡᠮᠳᠡᠭᠴᠤᠳ᠎ᠤᠨ ᠬᠤᠯᠪᠤᠭ᠎ᠠ ᠵᠢᠨ ᠬᠤᠯᠪᠤᠭᠳᠠᠯ ᠪᠦᠬᠦᠢ ᠬᠠᠷᠢᠭᠤᠴᠠᠯᠭ᠋ᠠᠳᠠᠨ᠂ ᠪᠤᠳᠠᠳᠠᠢ ᠬᠦᠢ᠍ᠴᠡᠳᠭᠡᠬᠦ ᠠᠵᠢᠯᠳᠠᠨ᠎ᠢ ᠪᠤᠯᠪᠠᠰᠤᠷᠠᠭᠤᠯᠵᠠᠢ᠃ ᠪᠤᠯᠪᠠᠰᠤᠷᠠᠯ᠎ᠤᠨ ᠠᠩᠬᠢ ᠵᠢ ᠬᠤᠶᠠᠷ ᠬᠤᠭᠤᠴᠠᠭ᠎ᠠ ᠬᠤᠪᠢᠶᠠᠨ ᠠ᠋ᠷᠬᠢᠯᠡᠬᠦ᠎ᠪᠠᠷ ᠳᠤᠭᠳᠠᠵᠤ᠂ 12 ᠳ᠋ᠤᠭ᠋ᠠᠷ ᠰᠠᠷ᠎ᠠ ᠵᠢᠨ 25᠎ᠤ ᠠ᠋ᠳᠤᠷ᠎ᠠᠴᠠ 27᠎ᠤ ᠠ᠋ᠳᠤᠷ ᠪᠤᠯᠳᠠᠯ᠎ᠠ ᠨᠢᠭᠡᠳᠦᠭᠡᠷ ᠬᠤᠭᠤᠴᠠᠭ᠋ᠠᠨ᠎ᠤ ᠪᠤᠯᠪᠠᠰᠤᠷᠠᠯ᠎ᠤᠨ ᠠᠩᠬᠢ ᠵᠢ ᠬᠦᠬᠡᠬᠤᠳᠠ᠎ᠳᠤ ᠠ᠋ᠷᠬᠢᠯᠡᠨ᠂ ᠬᠦᠬᠡᠬᠤᠳᠠ᠂ ᠪᠤᠭᠤᠳᠤ ᠬᠤᠳᠠ᠂ ᠤᠯᠠᠭ᠋ᠠᠨᠴᠠᠪ ᠬᠤᠳᠠ᠂ ᠤᠷᠳᠤᠰ ᠬᠤᠳᠠ᠂ ᠪᠠᠶᠠᠨᠨᠠᠭᠤᠷ ᠬᠤᠳᠠ᠂ ᠦᠬᠠᠢ ᠬᠤᠳᠠ᠂ ᠠᠯᠠᠱ᠌ᠠ ᠠᠢ᠌ᠮᠠᠭ ᠵᠡᠷᠭᠡ 7 ᠠᠢ᠌ᠮᠠᠭ ᠬᠤᠳᠠ ᠵᠢᠨ 140 ᠭᠠᠷᠤᠢ ᠬᠦᠮᠦᠨ᠎ᠢ ᠪᠤᠯᠪᠠᠰᠤᠷᠠᠭᠤᠯᠵᠠᠢ᠃
ᠠ᠋ᠨᠡ ᠤᠳᠠᠭ᠋ᠠᠨ᠎ᠤ ᠪᠤᠯᠪᠠᠰᠤᠷᠠᠯ᠎ᠤᠨ ᠬᠤᠭᠤᠴᠠᠭ᠋ᠠᠨ᠎ᠳᠤ ᠠᠷᠠᠳ᠎ᠤᠨ ᠶᠠᠪᠤᠳᠠᠯ᠎ᠤᠨ ᠶᠠᠮᠤᠨ᠎ᠤ ᠮᠡᠳᠡᠭᠡ ᠵᠠᠩᠬᠢ ᠵᠢᠨ ᠳᠦᠪ᠎ᠤᠨ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠵᠢᠨ ᠬᠤᠪᠢᠶᠠᠷᠢ ᠳᠦᠪ᠎ᠤᠨ ᠳᠡᠳ᠋ ᠠ᠋ᠷᠬᠢᠯᠡᠭᠴᠢ ᠳ᠋ᠠᠢ ᠴᠤᠤ ᠶᠦᠨ᠂ ᠦᠪᠡᠷᠳᠡᠭᠡᠨ ᠵᠠᠰᠠᠬᠤ ᠤᠷᠤᠨ᠎ᠤ ᠵᠡᠮᠳᠡᠭᠴᠤᠳ᠎ᠤᠨ ᠬᠤᠯᠪᠤᠭ᠎ᠠ ᠵᠢᠨ ᠢ ᠸᠸᠢ ᠵᠢᠶᠦᠢ᠍ᠨ᠂ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠳᠢᠩᠬᠢᠮ᠎ᠤᠨ ᠠᠰᠠᠷᠠᠮᠵᠢ ᠵᠢᠨ ᠭᠠᠵᠠᠷ᠎ᠤᠨ ᠳᠡᠳ᠋ ᠳᠠᠷᠤᠭ᠎ᠠ ᠵᠠᠩ ᠴᠦᠨ ᠯᠸᠢ ᠳᠤᠰ ᠳᠤᠰ ᠶᠠᠷᠢᠶ᠎ᠠ ᠳᠠᠯᠪᠢᠨ ᠳᠠᠢ᠌ᠯᠤᠮᠵᠢ ᠬᠢᠬᠦ ᠵᠢᠨ ᠬᠠᠮᠳᠤ ᠳᠠᠷᠠᠭ᠋ᠠᠴᠢ ᠵᠢᠨ ᠠᠵᠢᠯ ᠵᠶ᠋ᠠᠨ ᠪᠠᠢ᠌ᠷᠢᠯᠠᠭᠤᠯᠪᠠ᠃ ᠪᠡᠭᠡᠵᠢᠩ᠎ᠤᠨ ᠳ᠋ᠢᠶᠠᠨ ᠲᠦ᠋ ᠵᠦᠭᠡᠯᠡᠨ ᠳᠤᠨᠤᠭ᠎ᠤᠨ ᠬᠢᠵᠠᠭ᠋ᠠᠷᠳᠤ ᠺᠣᠮᠫᠠᠨᠢ ᠵᠢᠨ ᠢᠨᠵᠸᠨ᠋ᠸᠷᠢᠩ ᠹᠠᠩ ᠶᠦᠨ ᠪᠦᠸᠸ ᠮᠡᠳᠡᠭᠡ ᠵᠠᠩᠬᠢ ᠵᠢᠨ ᠰᠢᠰᠲᠸᠮ᠎ᠢ ᠭᠡᠷᠬᠢᠨ ᠠᠰᠢᠭᠯᠠᠵᠤ ᠬᠡᠷᠡᠭᠯᠡᠬᠦ ᠳᠤᠬᠠᠢ ᠨᠠᠷᠢᠨ ᠳᠠᠢ᠌ᠯᠦᠮᠵᠢ ᠬᠢᠵᠡᠢ᠃
ᠪᠤᠯᠪᠠᠰᠤᠷᠠᠯ ᠵᠶ᠋ᠡᠷ ᠳᠠᠮᠵᠢᠭ᠋ᠠᠳ᠂ ᠡᠯ᠎ᠡ ᠱᠠᠳᠤᠨ᠎ᠤ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ᠎ᠤᠨ ᠰᠢᠰᠲᠸᠮ᠎ᠤᠨ ᠬᠠᠮᠢᠶᠠᠷᠤᠯᠳᠠ ᠵᠢᠨ ᠠᠵᠢᠯᠳᠠᠨ᠎ᠳᠤ ᠰᠢᠰᠲᠸᠮ᠎ᠢ ᠠᠰᠢᠭᠯᠠᠨ ᠭᠤᠶᠤᠴᠢᠯᠠᠨ ᠮᠡᠳᠡᠬᠦᠯᠬᠦ᠂ ᠬᠢᠨᠠᠨ ᠬᠠᠷᠭᠤᠭᠤᠯᠬᠤ᠂ ᠬᠢᠨᠠᠨ ᠵᠦᠪᠰᠢᠶᠡᠷᠡᠬᠦ᠂ ᠪᠠᠭᠤᠯᠭ᠋ᠠᠨ ᠦᠭᠬᠦ᠂ ᠪᠦᠷᠢᠳᠭᠡᠬᠦ᠂ ᠬᠢᠨᠠᠨ ᠬᠠᠮᠢᠶᠠᠷᠬᠤ ᠵᠡᠷᠭᠡ ᠠᠷᠭ᠎ᠠ ᠮᠡᠷᠭᠡᠵᠢᠯ᠎ᠢ ᠠᠩᠬ᠎ᠠ ᠠᠯᠬᠤᠮ ᠡᠵᠡᠮᠰᠢᠬᠦᠯᠵᠤ᠂ ᠳᠠᠷᠠᠭ᠋ᠠᠴᠢ ᠵᠢᠨ ᠬᠤᠭᠤᠴᠠᠭ᠋ᠠᠨ᠎ᠤ ᠪᠦᠬᠦ ᠤᠯᠤᠰ᠎ᠤᠨ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠮᠡᠳᠡᠭᠡ ᠵᠠᠩᠬᠢ ᠵᠢᠨ ᠰᠢᠰᠲᠸᠮ᠎ᠢ ᠪᠦᠬᠦ ᠳᠠᠯ᠎ᠠ᠎ᠪᠠᠷ ᠠᠰᠢᠭᠯᠠᠨ ᠬᠡᠷᠡᠭᠯᠡᠵᠤ᠂ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢ ᠤᠨᠤᠪᠴᠢᠳᠠᠢ ᠦᠭᠬᠦ ᠪᠡ ᠬᠠᠮᠢᠶᠠᠷᠤᠯᠳᠠ ᠵᠢ ᠴᠢᠩᠭ᠋ᠠᠳᠬᠠᠬᠤ᠎ᠳᠤ ᠰᠠᠭᠤᠷᠢ ᠳᠠᠯᠪᠢᠵᠠᠢ᠃



