ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠠᠷᠠᠳ᠎ᠤᠨ ᠠᠮᠢᠳᠤᠷᠠᠯ
ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠳᠣᠪᠴᠢᠶ᠎ᠠ ᠵᠢᠨ᠎ᠬᠢᠨ ᠦᠨᠳᠤᠰᠤᠨ ᠱᠠᠲᠤᠨ᠎ᠳᠤ ᠭᠦᠨᠵᠡᠭᠡᠢ᠌ᠷᠡᠨ ᠪᠠᠢ᠌ᠴᠠᠭ᠋ᠠᠨ ᠰᠤᠳᠤᠯᠤᠯᠲᠠ ᠬᠢᠵᠤ ᠪᠠᠢ᠌ᠨ᠎ᠠ
ᠨᠡᠶᠢᠲᠡᠯᠡᠭᠰᠡᠨ ᠴᠠᠭ᠄ 2019-05-17

             

      ᠦᠢ᠍ᠷ᠎ᠠ ᠵᠢᠨ ᠠ᠋ᠳᠤᠷ ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠳᠣᠪᠴᠢᠶ᠎ᠠ ᠵᠢᠨ᠎ᠬᠢᠨ ᠵᠢᠯ᠎ᠤᠨ ᠠ᠋ᠬᠢᠨ᠎ᠤ ᠠᠵᠢᠯ᠎ᠤᠨ ᠳᠣᠬᠢᠷᠠᠭᠤᠯᠭ᠎ᠠ ᠶᠣᠰᠤᠭ᠋ᠠᠷ ᠭᠤᠷᠪᠠᠨ ᠠᠵᠢᠯᠯᠠᠬᠤ ᠳᠤᠭᠤᠢ᠌ᠯᠠᠩ ᠵᠣᠬᠢᠶᠠᠨ ᠪᠠᠢ᠌ᠭᠤᠯᠤᠨ᠂ ᠳᠣᠪᠴᠢᠶᠠᠨ᠎ᠤ ᠤᠳᠤᠷᠢᠳᠤᠯᠭ᠎ᠠ ᠳᠠᠭ᠋ᠠᠭᠤᠯᠤᠨ ᠡᠯ᠎ᠡ ᠬᠤᠰᠢᠭᠤᠨ (ᠲᠣᠭᠣᠷᠢᠭ)᠎ᠳᠤ ᠬᠦᠷᠴᠤ᠂ ᠶᠠᠳᠠᠭᠤ᠎ᠠᠴᠠ ᠠᠩᠬᠢᠵᠢᠷᠠᠭᠤᠯᠬᠤ ᠪᠣᠭᠣᠮᠲᠠ ᠰᠢᠪᠲᠤᠯᠬᠤ ᠠᠵᠢᠯ᠂ ᠠᠶᠤᠯ ᠲᠦᠭᠰᠢᠭᠦᠷᠢ ᠵᠢ ᠰᠡᠷᠭᠡᠢ᠌ᠯᠡᠬᠦ ᠠᠵᠢᠯ᠂ ᠠᠮᠤᠷ ᠲᠦᠪᠰᠢᠨ ᠦᠢ᠍ᠯᠡᠳᠪᠤᠷᠢᠯᠡᠯ ᠬᠢᠬᠦ ᠠᠵᠢᠯ᠂ ᠬᠠᠷ᠎ᠠ ᠪᠦᠯᠣᠭ᠌ᠲᠡᠨ ᠬᠠᠷᠭᠢᠰ ᠬᠦᠴᠤᠨ᠎ᠳᠤ ᠴᠣᠬᠢᠯᠲᠠ ᠦᠭᠬᠦ ᠠᠵᠢᠯ᠂ ᠠᠷᠠᠳ᠎ᠤᠨ ᠠᠮᠢᠳᠤᠷᠠᠯ᠎ᠤᠨ ᠬᠦᠷᠢᠶ᠎ᠡ ᠴᠠᠷᠠᠭ᠋ᠠᠨ᠎ᠤ ᠳᠤᠰᠬᠠᠢ ᠵᠠᠰᠠᠨ ᠴᠡᠭᠴᠡᠯᠡᠯᠲᠡ ᠵᠡᠷᠭᠡ ᠵᠢᠨ ᠠᠵᠢᠯ᠎ᠳᠤ ᠪᠠᠢ᠌ᠴᠠᠭ᠋ᠠᠨ ᠰᠤᠳᠤᠯᠤᠯᠲᠠ ᠬᠢᠭᠰᠡᠨ ᠪᠠᠢ᠌ᠨ᠎ᠠ᠃
      ᠡᠯ᠎ᠡ ᠳᠤᠭᠤᠢ᠌ᠯᠠᠩ᠎ᠨᠢ ᠰᠣᠷᠪᠣᠯᠵᠢᠯᠠᠭ᠎ᠠ ᠬᠢᠬᠦ᠂ ᠰᠠᠭᠤᠳᠠᠯ᠎ᠤᠨ ᠬᠤᠷᠠᠯ ᠬᠢᠬᠦ᠂ ᠬᠠᠷᠢᠭᠤ ᠮᠡᠳᠡᠭᠦᠯᠤᠯᠲᠠ ᠰᠣᠨᠣᠰᠬᠤ᠂ ᠪᠢᠴᠢᠭ ᠮᠠᠲᠸᠷᠢᠶᠠᠯ ᠪᠠᠢ᠌ᠴᠠᠭ᠋ᠠᠨ ᠦᠵᠡᠬᠦ ᠵᠡᠷᠭᠡ ᠵᠢᠨ ᠠᠷᠭ᠎ᠠ ᠠᠪᠴᠠᠯ ᠵᠶ᠋ᠠᠷ ᠡᠯ᠎ᠡ ᠬᠣᠰᠢᠭᠤᠨ᠎ᠤ ᠶᠠᠳᠠᠭᠤ᠎ᠠᠴᠠ ᠠᠩᠬᠢᠵᠢᠷᠠᠭᠤᠯᠬᠤ ᠪᠣᠭᠣᠮᠲᠠ ᠰᠢᠪᠲᠤᠯᠬᠤ᠂ ᠠᠶᠤᠯ ᠲᠦᠭᠰᠢᠭᠦᠷᠢ ᠵᠢ ᠰᠡᠷᠭᠡᠢ᠌ᠯᠡᠬᠦ᠂ ᠠᠮᠤᠷ ᠲᠦᠪᠰᠢᠨ ᠦᠢ᠍ᠯᠡᠳᠪᠤᠷᠢᠯᠡᠯ ᠬᠢᠬᠦ᠂ ᠬᠠᠷ᠎ᠠ ᠪᠦᠯᠣᠭ᠌ᠲᠡᠨ ᠬᠠᠷᠬᠢᠰ ᠬᠦᠴᠤᠨ᠎ᠳᠤ ᠴᠣᠬᠢᠯᠲᠠ ᠦᠭᠬᠦ᠂ ᠠᠷᠠᠳ᠎ᠤᠨ ᠠᠮᠢᠳᠤᠷᠠᠯ᠎ᠤᠨ ᠬᠦᠷᠢᠶ᠎ᠡ ᠴᠠᠷᠠᠭ᠎ᠠ ᠪᠠ ᠣᠷᠣᠰᠢᠭᠤᠯᠭ᠎ᠠ ᠵᠢᠨ ᠬᠦᠷᠢᠶ᠎ᠡ ᠴᠠᠷᠠᠭ᠋ᠠᠨ᠎ᠤ ᠵᠠᠰᠠᠨ ᠴᠡᠭᠴᠡᠯᠡᠯᠲᠡ᠂ 〈〈ᠳᠦᠷᠪᠡᠨ ᠵᠦᠢ᠍ᠯ᠎ᠤᠨ ᠨᠣᠶᠠᠨᠴᠢ ᠰᠤᠷᠲᠠᠯ〉〉᠎ᠤᠨ ᠵᠠᠰᠠᠨ ᠴᠡᠭᠴᠡᠯᠡᠯᠲᠡ᠂ ᠬᠡᠯᠪᠡᠷᠢ ᠵᠢ ᠪᠠᠷᠢᠮᠲᠠᠯᠠᠬᠤ ᠦᠵᠡᠯ ᠨᠣᠶᠠᠨᠴᠢ ᠦᠵᠡᠯ᠎ᠤᠨ ᠵᠠᠰᠠᠨ ᠴᠡᠭᠴᠡᠯᠡᠯᠲᠡ ᠵᠡᠷᠭᠡ ᠭᠣᠣᠯ ᠠᠵᠢᠯ᠎ᠤᠨ ᠦᠷᠨᠢᠭᠦᠯᠣᠭ᠌ᠰᠡᠨ ᠪᠠᠢ᠌ᠳᠠᠯ᠎ᠢ ᠦᠢ᠍ᠯᠠᠭ᠋ᠠᠵᠤ᠂ ᠡᠯ᠎ᠡ ᠬᠤᠰᠢᠭᠤ ᠲᠣᠭᠣᠷᠢᠭ᠎ᠤᠨ ᠠᠵᠢᠯ᠎ᠤᠨ ᠠᠮᠵᠢᠯᠲᠠ ᠪᠦᠲᠤᠮᠵᠢ ᠵᠢ ᠦᠨᠡᠯᠡᠭᠰᠡᠨ ᠵᠶ᠋ᠠᠷ ᠪᠠᠷᠠᠬᠤ ᠦᠭᠡᠢ ᠣᠷᠣᠰᠢᠵᠤ ᠪᠠᠢ᠌ᠭ᠎ᠠ ᠠᠰᠠᠭᠤᠳᠠᠯ᠎ᠳᠤ᠎ᠨᠢ ᠲᠣᠳᠣᠷᠬᠠᠢ ᠵᠠᠰᠠᠨ ᠴᠡᠭᠴᠡᠯᠡᠬᠦ ᠱᠠᠭ᠋ᠠᠷᠳᠠᠯᠭ᠎ᠠ ᠳᠤᠷᠠᠳᠤᠭᠰᠠᠨ ᠪᠠᠢ᠌ᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠣᠷᠳᠤᠰ ᠬᠣᠲᠠ ᠵᠢᠨ ᠣᠨᠴᠠ ᠬᠦᠴᠢᠷᠳᠡᠯ᠎ᠲᠠᠢ ᠬᠦᠮᠤᠰ᠎ᠢ ᠲᠦᠪᠯᠡᠷᠡᠩᠭᠦᠢ ᠠᠰᠠᠷᠠᠨ ᠬᠠᠷᠠᠭ᠋ᠠᠯᠵᠠᠬᠤ ᠬᠡᠷᠡᠭᠴᠡᠭᠡ ᠱᠠᠭ᠋ᠠᠷᠳᠠᠯᠭ᠎ᠠ ᠵᠢ ᠪᠠᠢ᠌ᠴᠠᠭ᠋ᠠᠨ ᠦᠢ᠍ᠯᠠᠭ᠋ᠠᠬᠤ ᠠᠵᠢᠯ ᠳᠠᠭᠤᠰᠪᠠ
ᠦᠪᠡᠷᠳᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠶᠠᠳᠠᠭᠤ᠎ᠠᠴᠠ ᠠᠩᠬᠢᠵᠢᠷᠠᠭᠤᠯᠬᠤ ᠪᠣᠭᠤᠮᠲᠠ ᠰᠢᠪᠳᠤᠯᠬᠤ ᠠᠵᠢᠯ᠎ᠤᠨ ᠤᠳᠤᠷᠢᠳᠬᠤ ᠪᠠᠭ᠎ᠠ ᠳᠤᠭᠤᠢ᠌ᠯᠠᠩ᠎ᠤᠨ ᠬᠤᠷᠠᠯ ᠬᠢᠪᠡ
ᠹᠸᠩ ᠬᠤ᠌ ᠾᠧ ᠤᠯᠠᠭ᠋ᠠᠨᠴᠠᠪ ᠬᠤᠲᠠ᠎ᠳᠤ ᠬᠦᠷᠴᠤ ᠪᠠᠢ᠌ᠴᠠᠭ᠋ᠠᠨ ᠰᠤᠳᠤᠯᠤᠯᠲᠠ ᠬᠢᠪᠡ
ᠠᠷᠠᠳ᠎ᠤᠨ ᠶᠠᠪᠤᠳᠠᠯ᠎ᠤᠨ ᠲᠢᠩᠬᠢᠮ ᠨᠡᠢ᠌ᠬᠡᠮ᠎ᠤᠨ ᠳᠤᠰᠠᠯᠠᠮᠵᠢ ᠵᠢᠨ ᠮᠡᠳᠡᠭᠡ ᠵᠠᠩᠭᠢᠵᠢᠯᠲᠠ ᠵᠢᠨ ᠪᠣᠯᠪᠠᠰᠤᠷᠠᠯ᠎ᠤᠨ ᠠᠩᠬᠢ ᠠ᠋ᠷᠬᠢᠯᠡᠪᠡ
ᠬᠥᠬᠡᠬᠤᠲᠠ ᠵᠢᠨ ᠨᠡᠢ᠌ᠭᠡᠮ᠎ᠤᠨ ᠠᠰᠠᠷᠠᠮᠵᠢ ᠵᠢᠨ ᠬᠦᠷᠢᠶᠡᠯᠡᠩ ᠲᠤᠰᠬᠠᠢ ᠮᠡᠷᠭᠡᠵᠢᠯᠲᠡᠳ᠎ᠤᠨ ᠵᠢᠱ᠌ᠢᠨ ᠦᠨᠡᠯᠡᠬᠦ ᠲᠤᠭᠤᠢ᠌ᠯᠠᠩ᠎ᠤᠨ ᠰᠢᠯᠭ᠋ᠠᠨ ᠠᠪᠬᠤ ᠰᠢᠯᠭ᠋ᠠᠯᠲᠠ᠎ᠳᠤ ᠬᠢᠷᠢ ᠲᠡᠩᠴᠡᠪᠡ
 
            