ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠠᠷᠠᠳ᠎ᠤᠨ ᠠᠮᠢᠳᠤᠷᠠᠯ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠨᠠᠢ᠍ᠮᠠᠨ ᠠᠵᠢᠯᠯᠠᠭ᠎ᠠ ᠵᠢ ᠪᠠᠢ᠌ᠷᠢᠯᠠᠭᠤᠯᠤᠨ ᠥᠷᠨᠢᠭᠦᠯᠵᠦ ᠬᠦᠴᠢᠷᠳᠡᠯᠲᠡᠢ ᠣᠯᠠᠨ ᠲᠦᠮᠡᠨ᠎ᠤ ᠠᠮᠤᠷ ᠲᠦᠪᠰᠢᠨ ᠡᠪᠤᠯᠵᠢᠬᠦ᠂ ᠪᠠᠶᠠᠷ᠎ᠤᠨ ᠡᠳᠤᠷ᠎ᠢ ᠬᠠᠯᠠᠭᠤᠨ ᠲᠤᠯᠠᠭ᠋ᠠᠨ ᠦᠡᠭᠭᠡᠷᠡᠬᠦᠯᠬᠦ ᠵᠢ ᠪᠠᠳᠤᠯᠠᠵᠤ ᠪᠠᠢ᠌ᠨ᠎ᠠ
ᠨᠡᠶᠢᠲᠡᠯᠡᠭᠰᠡᠨ ᠴᠠᠭ᠄ 2023-12-25

     ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠤᠷᠴᠢᠮ᠎ᠳᠤ  《ᠠᠷᠠᠳ᠎ᠳᠤ ᠠᠰᠢᠭ ᠬᠦᠷᠲᠡᠭᠡᠬᠦ᠂ ᠠᠷᠠᠳ᠎ᠤᠨ ᠵᠣᠪᠠᠭᠤᠷᠢ ᠵᠢ ᠰᠢᠢ᠍ᠳᠪᠦᠷᠢᠯᠡᠬᠦ᠂ ᠠᠷᠠᠳ᠎ᠤᠨ ᠰᠡᠳᠬᠢᠯ᠎ᠢ ᠳᠤᠯᠠᠭ᠋ᠠᠴᠠᠭᠤᠯᠬᠤ》 ᠬᠦᠴᠢᠷᠳᠡᠯᠲᠡᠢ ᠣᠯᠠᠨ ᠲᠦᠮᠡᠨ᠎ᠢ ᠬᠠᠯᠠᠮᠵᠢᠯᠠᠨ ᠲᠡᠳᠬᠦᠬᠦ ᠨᠠᠢ᠍ᠮᠠᠨ ᠠᠵᠢᠯᠯᠠᠭ᠎ᠠ ᠵᠢ ᠪᠠᠢ᠌ᠷᠢᠯᠠᠭᠤᠯᠤᠨ ᠥᠷᠨᠢᠭᠦᠯᠪᠡ᠃ ᠡᠭᠦᠨ᠎ᠤ ᠵᠣᠷᠢᠯᠭ᠎ᠠ᠎ᠨᠢ ᠰᠢ ᠵᠢᠨ ᠫᠢᠩ ᠶᠡᠷᠦᠩᠬᠡᠢ ᠱᠦᠵᠢ ᠵᠢᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠠᠷᠠᠳ᠎ᠤᠨ ᠶᠠᠪᠤᠳᠠᠯ᠎ᠤᠨ ᠶᠠᠮᠤᠨ ᠪᠣᠯᠣᠨ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠠᠵᠢᠯ᠎ᠤᠨ ᠱᠠᠭ᠋ᠠᠷᠳᠠᠯᠭ᠎ᠠ ᠵᠢ ᠬᠢᠨᠠᠮᠠᠭ᠋ᠠᠢ ᠨᠠᠢ᠌ᠳᠠᠪᠤᠷᠢᠵᠢᠭᠤᠯᠤᠨ᠂ ᠬᠦᠢ᠍ᠲᠡᠨ ᠠᠭᠤᠷ ᠠᠮᠢᠰᠬᠤᠯ ᠪᠠ ᠪᠣᠷᠣᠭ᠋ᠠᠨ ᠴᠠᠰᠤ ᠮᠥᠰᠥᠲᠦᠯ᠎ᠤᠨ ᠭᠠᠮᠰᠢᠭ᠎ᠢ ᠴᠢᠷᠮᠠᠢ᠌ᠨ ᠠᠷᠭ᠋ᠠᠴᠠᠭ᠋ᠠᠵᠤ᠂ ᠬᠦᠴᠢᠷᠳᠡᠯᠲᠡᠢ ᠣᠯᠠᠨ ᠲᠦᠮᠡᠨ᠎ᠤ ᠠᠮᠤᠷ ᠲᠦᠪᠰᠢᠨ ᠵᠶ᠋ᠡᠷ ᠡᠪᠦᠯᠵᠢᠬᠦ ᠵᠢ ᠦᠨᠡᠨ ᠬᠦ᠌ ᠪᠠᠲᠤᠯᠠᠵᠤ᠂ ᠦᠨᠳᠦᠰᠦᠨ ᠠᠷᠠᠳ᠎ᠤᠨ ᠠᠮᠢᠳᠤᠷᠠᠯ᠎ᠤᠨ ᠬᠣᠷᠢᠭ᠎ᠠ ᠱᠤᠭᠤᠮ᠎ᠢ ᠦᠨᠡᠨ ᠬᠦ᠌ ᠪᠠᠲᠤ ᠰᠠᠬᠢᠬᠤ ᠵᠢᠨ ᠲᠥᠯᠥᠭᠡ ᠶᠤᠮ᠃
    《ᠬᠦᠴᠢᠷᠳᠡᠯᠲᠡᠢ ᠣᠯᠠᠨ ᠲᠦᠮᠡᠨ᠎ᠤ ᠠᠷᠠᠳ᠎ᠲᠤ ᠠᠰᠢᠭ ᠬᠦᠷᠲᠡᠭᠡᠬᠦ ᠪᠠᠲᠤᠯᠠᠭ᠎ᠠ》 ᠵᠢᠨ ᠠᠵᠢᠯᠯᠠᠭ᠎ᠠ ᠵᠢ  ᠦᠷᠨᠢᠬᠦᠯᠪᠡ᠃ ᠠᠷᠠᠳ᠎ᠤᠨ ᠶᠠᠪᠤᠳᠠᠯ᠎ᠤᠨ ᠡᠯ᠎ᠡ ᠲᠥᠷᠥᠯ᠎ᠤᠨ ᠲᠤᠰᠠᠯᠠᠮᠵᠢ ᠵᠢᠨ ᠪᠡᠯᠡ ᠮᠥᠩᠭᠥ ᠵᠢ ᠴᠠᠭ ᠲᠤᠬᠠᠢ᠎ᠳᠤ᠎ᠨᠢ ᠲᠣᠭ᠎ᠠ ᠶᠣᠰᠣᠭ᠋ᠠᠷ᠎ᠨᠢ ᠬᠥᠮᠥᠨ᠎ᠳᠤ᠎ᠨᠢ ᠠᠳᠬᠤᠭᠤᠯᠬᠤ ᠪᠠ ᠺᠠᠷᠲ᠎ᠲᠤ ᠤᠷᠤᠭᠤᠯᠬᠤ᠎ᠳᠤ᠎ᠪᠠᠨ ᠨᠥᠬᠥᠴᠡᠯ᠎ᠲᠠᠢ ᠭᠠᠵᠠᠷ ᠣᠷᠣᠨ᠎ᠳᠤ ᠤᠷᠢᠳᠴᠢᠯᠠᠨ ᠣᠯᠭᠣᠵᠤ᠂ ᠨᠠᠮ ᠪᠠ ᠵᠠᠰᠠᠭ᠎ᠤᠨ ᠣᠷᠳᠣᠨ᠎ᠤ ᠬᠠᠢ᠌ᠷ᠎ᠠ ᠬᠠᠯᠠᠮᠵᠢ ᠵᠢ ᠬᠦᠴᠢᠷᠳᠡᠯᠲᠡᠢ ᠣᠯᠠᠨ ᠲᠦᠮᠡᠨ᠎ᠤ ᠰᠡᠳᠬᠢᠯ᠎ᠳᠤ ᠬᠦᠷᠬᠡᠪᠡ᠃ ᠦᠨ᠎ᠡ ᠬᠠᠩᠰᠢ ᠵᠢᠨ ᠨᠥᠬᠥᠪᠦᠷᠢ ᠵᠢᠨ ᠬᠠᠮᠲᠤᠷᠠᠨ ᠬᠥᠳᠡᠯᠦᠯᠴᠡᠬᠦ ᠲᠣᠭᠲᠠᠴᠠ ᠵᠢ ᠨᠠᠢ᠌ᠳᠠᠪᠤᠷᠢᠵᠢᠭᠤᠯᠵᠤ᠂ ᠨᠠᠭ᠋ᠠᠲᠤ ᠵᠠᠬ᠎ᠠ ᠵᠢᠨ ᠪᠠᠲᠤᠯᠠᠭ᠎ᠠ ᠬᠦᠷᠳᠡᠭᠴᠢ᠂ ᠣᠨᠴᠠ ᠬᠦᠴᠢᠷᠳᠡᠯᠲᠡᠢ ᠬᠥᠮᠥᠰ ᠵᠡᠷᠭᠡ ᠬᠦᠴᠢᠷᠳᠡᠯᠲᠡᠢ ᠣᠯᠠᠨ ᠲᠦᠮᠡᠨ᠎ᠤ ᠦᠨ᠎ᠡ ᠬᠠᠩᠰᠢ ᠵᠢᠨ ᠲᠦᠷ ᠴᠠᠭ᠎ᠤᠨ ᠨᠥᠬᠥᠪᠦᠷᠢ ᠵᠢ ᠴᠠᠭ ᠲᠤᠬᠠᠢ᠎ᠳᠤ᠎ᠨᠢ ᠤᠯᠭᠤᠪᠠ᠃
    《ᠰᠠᠨᠠᠭ᠋ᠠᠴᠢᠯᠠᠭ᠎ᠠ᠎ᠠᠴᠠ᠎ᠪᠠᠨ ᠢᠯᠡᠷᠡᠭᠦᠯᠵᠦ᠂ ᠲᠡᠷᠬᠡᠳᠡᠬᠢ᠎ᠨᠢ ᠠᠪᠤᠷᠠᠬᠤ》 ᠠᠵᠢᠯᠯᠠᠭ᠎ᠠ ᠵᠢ ᠥᠷᠨᠢᠭᠦᠯᠪᠡ᠃ ᠣᠷᠣᠯᠭ᠎ᠠ ᠪᠠᠭ᠋ᠠᠲᠠᠢ ᠬᠦᠮᠦᠰ᠎ᠤᠨ ᠬᠥᠳᠡᠯᠦᠩᠭᠦᠢ ᠪᠠᠢ᠌ᠳᠠᠯ᠎ᠢ᠎ᠪᠠᠷ ᠬᠢᠨᠠᠨ ᠬᠡᠮᠵᠢᠬᠦ ᠪᠠ ᠪᠠᠢ᠌ᠩᠭᠤ ᠵᠢᠨ ᠴᠢᠨᠠᠷᠲᠠᠢ ᠲᠤᠰᠠᠯᠠᠵᠤ ᠲᠡᠳᠬᠦᠬᠦ ᠲᠣᠭᠲᠠᠴᠠ ᠵᠢ ᠲᠡᠭᠦᠯᠳᠡᠷᠵᠢᠭᠦᠯᠵᠦ᠂ 《ᠲᠣᠮᠣ ᠳ᠋ᠠᠢ᠌ᠲ᠋ᠠ + ᠲᠡᠮᠦᠷ ᠬᠠᠪᠲᠠᠰᠤ》᠎ᠳᠤ ᠲᠦᠰᠢᠭᠯᠡᠨ᠂ ᠠᠢ᠌ᠯ ᠲᠣᠰᠬᠣᠨ᠂ ᠬᠡᠷ ᠡᠷᠤᠬᠡ᠎ᠳᠤ᠎ᠨᠢ ᠬᠦᠷᠴᠦ ᠪᠠᠢ᠌ᠴᠠᠭ᠋ᠠᠨ ᠵᠢᠭᠰᠠᠭ᠋ᠠᠬᠤ ᠠᠵᠢᠯ᠎ᠢ ᠲᠥᠪᠯᠡᠷᠡᠭᠦᠯᠦᠨ ᠥᠷᠨᠢᠭᠦᠯᠵᠦ᠂ ᠡᠷᠲᠡ ᠣᠯᠵᠤ ᠮᠡᠳᠡᠨ ᠡᠷᠲᠡ  ᠤᠷᠤᠯᠴᠠᠵᠤ᠂ ᠡᠷᠲᠡ ᠲᠤᠰᠠᠯᠠᠪᠠ᠃ ᠨᠡᠢ᠌ᠭᠡᠮ᠎ᠤᠨ ᠲᠤᠰᠠᠯᠠᠮᠵᠢ ᠵᠢᠨ ᠬᠢᠨᠠᠨ ᠬᠠᠷᠭᠤᠭᠤᠯᠵᠤ ᠨᠤᠲᠠᠯᠠᠬᠤ ᠲᠠᠰ ᠳᠠᠷᠠᠭ᠋ᠠᠯᠠᠯ᠎ᠢ  ᠲᠦᠬᠦᠮᠴᠢᠯᠡᠵᠤ᠂ ᠨᠡᠢ᠌ᠭᠡᠮ᠎ᠤᠨ ᠲᠤᠰᠠᠯᠠᠮᠵᠢ ᠵᠢᠨ ᠦᠢ᠍ᠯᠡᠴᠢᠯᠡᠭᠡᠨ᠎ᠤ ᠪᠠᠢ᠌ᠡᠭᠭᠤ ᠵᠢᠨ ᠤᠲᠠᠰᠤ ᠵᠢᠨ ᠰᠠᠭ᠋ᠠᠳ ᠦᠭᠡᠢ ᠨᠡᠪᠳᠡᠷᠡᠬᠦᠯᠤᠨ᠂ ᠬᠦᠴᠢᠷᠳᠡᠯᠲᠡᠢ ᠣᠯᠠᠨ ᠲᠦᠮᠡᠨ᠎ᠤ ᠲᠤᠰᠠᠯᠠᠮᠵᠢ ᠵᠢᠨ ᠭᠤᠶᠤᠴᠢᠯᠠᠯ᠎ᠢ ᠴᠠᠭ ᠲᠤᠬᠠᠢ᠎ᠳᠤ᠎ᠨᠢ ᠭᠥᠯᠢᠶᠡᠨ ᠠᠪᠴᠤ ᠰᠢᠢ᠍ᠳᠪᠦᠷᠢᠯᠡᠬᠦ ᠪᠠ ᠬᠠᠷᠢᠭᠤ ᠥᠭᠴᠦ᠂ ᠲᠤᠰᠠᠯᠠᠮᠵᠢ ᠭᠤᠶᠤᠴᠢᠯᠠᠬᠤ ᠭᠠᠵᠠᠷ᠎ᠲᠠᠢ᠂ ᠴᠠᠭ ᠲᠤᠬᠠᠢ᠎ᠳᠤ᠎ᠨᠢ ᠲᠤᠰᠠᠯᠠᠮᠵᠢ ᠬᠦᠷᠳᠡᠬᠡᠬᠦ ᠵᠢ ᠦᠨᠡᠨ ᠬᠦ᠌ ᠪᠠᠳᠤᠯᠠᠪᠠ᠃
   《ᠬᠦᠴᠢᠷᠳᠡᠯᠲᠡᠢ ᠨᠠᠰᠤᠲᠠᠢ᠌ᠴᠤᠳ᠎ᠢ  ᠪᠤᠯᠭᠤᠭ᠋ᠠᠵᠤ ᠬᠠᠯᠠᠮᠵᠢᠯᠠᠬᠤ》 ᠠᠵᠢᠯᠯᠠᠭ᠎ᠠ ᠦᠷᠨᠢᠬᠦᠯᠪᠡ᠃ ᠭᠠᠬ᠍ᠴᠠᠭ᠋ᠠᠷ ᠰᠠᠭᠤᠭ᠎ᠠ᠂ ᠭᠡᠷ᠎ᠲᠤ᠎ᠪᠠᠨ ᠬᠣᠴᠣᠷᠤᠭᠰᠠᠨ᠂ ᠪᠡᠶ᠎ᠡ᠎ᠳᠤ᠎ᠪᠠᠨ ᠵᠦᠪ ᠦᠬᠡᠢ ᠵᠡᠷᠭᠡ ᠤᠨᠴᠠᠭ᠋ᠠᠢ ᠬᠦᠴᠢᠷᠳᠡᠯᠲᠡᠢ ᠨᠠᠰᠤᠲᠠᠢ᠌ᠴᠤᠳ᠎ᠢ ᠪᠤᠯᠭᠤᠭ᠋ᠠᠨ ᠬᠠᠯᠠᠮᠵᠢᠯᠠᠬᠤ ᠠᠵᠢᠯ᠎ᠢ ᠴᠢᠡᠭᠭ᠋ᠠᠳᠬᠠᠪᠠ᠃ ᠲᠣᠰᠬᠣᠨ᠎ᠤ (ᠰᠠᠭᠤᠭ᠋ᠠᠯᠢ ᠠᠷᠠᠳ᠎ᠤᠨ ᠵᠥᠪᠯᠡᠯ)᠎ᠤᠨ ᠵᠥᠪᠯᠡᠯ᠂ ᠠᠳᠠᠯ ᠠᠬᠤᠢ ᠵᠢᠨ ᠠᠵᠤ ᠠᠬᠤᠢ᠌ᠯᠠᠯ᠂ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠪᠠ ᠰᠠᠢ᠌ᠨ  ᠲᠤᠷᠠᠴᠤᠤᠯ᠎ᠢ ᠵᠢᠯᠤᠭᠣᠳᠴᠤ ᠪᠠᠢ᠌ᠭ᠋ᠠᠳ ᠦᠳᠡᠬᠦᠰ᠂  ᠪᠡᠶ᠎ᠡ᠎ᠳᠤ᠎ᠪᠠᠨ ᠵᠦᠪ ᠦᠬᠡᠢ ᠨᠠᠰᠤᠲᠠᠢ᠌ᠴᠤᠳ᠎ᠢ ᠬᠠᠨᠳᠤᠯᠭ᠎ᠠ᠎ᠲᠠᠢ᠎ᠪᠠᠷ ᠰᠤᠷᠪᠤᠯᠵᠢᠯᠠᠨ ᠪᠤᠯᠭᠤᠭ᠋ᠠᠬᠤ᠂ ᠣᠶᠤᠨ ᠰᠠᠨᠠᠭ᠋ᠠᠨ᠎ᠤ ᠲᠠᠢ᠌ᠳᠬᠤᠷᠠᠭᠤᠯᠤᠯ᠂ ᠠᠮᠢᠳᠤᠷᠠᠯ᠎ᠤᠨ ᠬᠠᠷᠠᠭ᠋ᠠᠯᠵᠠᠯ ᠵᠡᠷᠭᠡ ᠦᠢ᠍ᠯᠡᠴᠢᠯᠡᠭᠡᠨ᠎ᠢ ᠦᠷᠨᠢᠬᠦᠯᠵᠡᠢ᠃
    《ᠭᠡᠷ᠎ᠲᠤ᠎ᠪᠠᠨ ᠬᠣᠴᠣᠷᠤᠭᠰᠠᠨ᠂ ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠤᠨ ᠬᠠᠮᠠᠭ᠋ᠠᠯᠠᠨ ᠪᠣᠢ᠌ᠵᠢᠭᠤᠯᠬᠤ》 ᠠᠵᠢᠯᠯᠠᠭ᠎ᠠ ᠦᠷᠨᠢᠬᠦᠯᠪᠡ᠃ ᠭᠡᠷ᠎ᠲᠤ᠎ᠪᠠᠨ ᠬᠣᠴᠣᠷᠤᠭᠰᠠᠨ ᠬᠡᠦᠬᠡᠳ ᠪᠠ ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠤᠨ ᠲᠦᠭᠰᠢᠭᠦᠷᠢ ᠵᠢ ᠦᠨᠡᠯᠡᠨ ᠵᠢᠱ᠌ᠢᠬᠦ ᠠᠵᠢᠯ᠎ᠢ ᠥᠷᠨᠢᠭᠦᠯᠵᠦ᠂ ᠬᠣᠣᠰᠯᠠᠯ ᠪᠠᠢ᠌ᠭᠤᠯᠤᠨ ᠬᠠᠪᠰᠤᠷᠤᠨ ᠲᠡᠳᠬᠦᠬᠦ ᠪᠠ ᠲᠣᠭᠲᠠᠮᠠᠯ ᠬᠤᠭᠤᠴᠠᠭ᠎ᠠ᠎ᠲᠠᠢ᠎ᠪᠠᠷ ᠰᠤᠷᠪᠤᠯᠵᠢᠯᠠᠨ ᠬᠠᠯᠠᠮᠵᠢᠯᠠᠬᠤ ᠵᠢ ᠲᠥᠷᠥᠯ ᠬᠤᠪᠢᠶᠠᠨ ᠨᠠᠢ᠌ᠳᠠᠪᠤᠷᠢᠵᠢᠭᠤᠯᠵᠤ᠂ ᠠᠮᠤᠷ ᠲᠦᠪᠰᠢᠨ᠎ᠤ ᠬᠡᠮ ᠰᠣᠭᠣᠭ᠎ᠢ ᠵᠢᠭᠰᠠᠭ᠋ᠠᠨ ᠪᠠᠢ᠌ᠴᠠᠭ᠋ᠠᠬᠤ ᠠᠵᠢᠯ᠎ᠢ ᠪᠠᠢ᠌ᠩᠭᠤᠵᠢᠭᠤᠯᠤᠨ ᠥᠷᠨᠢᠭᠦᠯᠵᠦ᠂ ᠲᠦᠭᠰᠢᠭᠦᠷᠢ ᠵᠢᠨ ᠬᠡᠮ ᠰᠣᠭᠣᠭ᠎ᠢ ᠴᠠᠭ ᠲᠤᠬᠠᠢ᠎ᠳᠤ᠎ᠨᠢ ᠪᠠᠭᠤᠷᠠᠭᠤᠯᠵᠠᠢ᠃ ᠨᠢᠭᠦᠯᠡᠰᠦᠩᠭᠦᠢ ᠵᠢᠨ ᠡᠬᠢ ᠪᠠᠶᠠᠯᠢᠭ᠎ᠢ ᠢᠳᠡᠪᠬᠢᠲᠡᠢ᠎ᠪᠠᠷ ᠵᠢᠯᠤᠭᠣᠳᠴᠤ ᠪᠠᠢ᠌ᠭ᠋ᠠᠳ ᠠᠮᠢᠳᠤᠷᠠᠯ᠂ ᠰᠤᠷᠭ᠋ᠠᠨ ᠬᠥᠮᠦᠵᠢᠯ᠎ᠤᠨ ᠲᠠᠯ᠎ᠠ᠎ᠪᠠᠷ ᠬᠦᠴᠢᠷᠳᠡᠯ᠎ᠲᠠᠢ ᠬᠡᠦᠬᠡᠳ᠎ᠤᠳ᠎ᠲᠤ ᠦᠵᠡᠭᠦᠯᠬᠦ ᠳᠡᠮᠵᠢᠯᠭᠡ᠎ᠪᠠᠨ ᠴᠢᠩᠭ᠋ᠠᠳᠬᠠᠵᠤ᠂ ᠡᠷᠡᠭᠦᠯ ᠴᠢᠭᠢᠷᠠᠭ ᠠᠮᠢᠳᠤᠷᠠᠵᠤ᠂ ᠰᠠᠨᠠᠭ᠎ᠠ ᠠᠮᠤᠷ ᠰᠤᠷᠭ᠋ᠠᠭᠤᠯᠢ᠎ᠳᠤ ᠣᠷᠣᠬᠤ ᠵᠢ ᠪᠠᠳᠤᠯᠠᠪᠠ᠃
    《ᠲᠡᠨᠦᠭᠦᠴᠢᠯᠡᠨ ᠭᠤᠢ᠌ᠷᠠᠨᠴᠢᠯᠠᠵᠤ ᠪᠠᠢ᠌ᠭ᠎ᠠ ᠬᠥᠮᠥᠰ᠎ᠢ ᠬᠠᠯᠠᠭᠤᠨ ᠲᠤᠯᠠᠭ᠋ᠠᠨ ᠡᠪᠤᠯᠵᠢᠬᠦᠯᠬᠦ》 ᠠᠵᠢᠯᠯᠠᠭ᠎ᠠ ᠥᠷᠨᠢᠭᠦᠯᠪᠡ᠃ ᠰᠠᠨᠠᠭ᠋ᠠᠴᠢᠯᠠᠭ᠎ᠠ᠎ᠠᠴᠠ᠎ᠪᠠᠨ ᠲᠤᠰᠠᠯᠠᠬᠤ ᠠᠵᠢᠯ᠎ᠢ ᠴᠢᠩᠭ᠋ᠠᠳᠬᠠᠵᠤ᠂ ᠵᠡᠭᠡᠯᠢ ᠭᠤᠳᠤᠮᠵᠢ᠎ᠪᠠᠷ ᠲᠣᠭᠣᠷᠢᠨ ᠪᠠᠢ᠌ᠴᠠᠭ᠋ᠠᠬᠤ ᠡᠷᠴᠢᠮ᠎ᠤᠨ ᠳᠠᠪᠲᠠᠮᠵᠢ ᠵᠢ ᠴᠢᠩᠭ᠋ᠠᠷᠠᠭᠤᠯᠤᠨ᠂ ᠠᠮᠢᠳᠤᠷᠠᠬᠤ ᠵᠢᠨ ᠠᠷᠭ᠎ᠠ ᠦᠭᠡᠢ ᠲᠡᠨᠦᠭᠦᠴᠢᠯᠡᠨ ᠭᠤᠢ᠌ᠷᠠᠨᠴᠢᠯᠠᠵᠤ ᠪᠠᠢ᠌ᠭ᠎ᠠ ᠬᠥᠮᠥᠰ᠎ᠢ ᠴᠠᠭ ᠲᠤᠬᠠᠢ᠎ᠳᠤ᠎ᠨᠢ ᠲᠤᠰᠠᠯᠠᠬᠤ ᠵᠢ ᠪᠠᠳᠤᠯᠠᠪᠠ᠃
    《ᠬᠦᠴᠢᠷᠳᠡᠯᠲᠡᠢ ᠵᠡᠮᠳᠡᠭᠴᠦᠳ᠎ᠢ ᠲᠤᠰᠠᠯᠠᠬᠤ》 ᠠᠵᠢᠯᠯᠠᠭ᠎ᠠ ᠥᠷᠨᠢᠭᠦᠯᠪᠡ᠃ ᠵᠡᠮᠳᠡᠭᠴᠦᠳ᠎ᠤᠨ ᠬᠣᠶᠠᠷ ᠨᠥᠬᠥᠪᠦᠷᠢ ᠵᠢᠨ ᠲᠥᠷᠥ ᠵᠢᠨ ᠪᠣᠳᠣᠯᠭ᠎ᠠ ᠵᠢ ᠬᠢᠨᠠᠮᠠᠭ᠋ᠠᠢ ᠨᠠᠢ᠌ᠳᠠᠪᠤᠷᠢᠵᠢᠭᠤᠯᠵᠤ᠂ ᠰᠠᠨᠠᠭ᠋ᠠᠴᠢᠯᠠᠭ᠎ᠠ᠎ᠠᠴᠠ᠎ᠪᠠᠨ ᠦᠢ᠍ᠯᠡᠴᠢᠯᠡᠬᠦ ᠵᠢ ᠴᠢᠩᠭ᠋ᠠᠷᠠᠭᠤᠯᠤᠨ᠂ ᠡᠳ᠋ᠯᠡᠪᠡᠰᠦ ᠵᠣᠬᠢᠬᠤ ᠪᠦᠬᠦᠨ᠎ᠢ ᠡᠳ᠋ᠯᠡᠬᠦᠯᠵᠤ᠂ 《ᠡᠷᠡᠬᠦᠯᠵᠢᠯ᠎ᠳᠤ ᠲᠤᠰᠠᠯᠠᠬᠤ ᠢᠨᠵᠧᠨᠧᠷᠢᠩ》᠎ᠤᠨ ᠲᠥᠷᠥᠯ ᠵᠦᠢ᠍ᠯ᠎ᠤᠨ ᠲᠤᠰᠠᠯᠠᠬᠤ ᠪᠠᠭ᠋ᠠᠵᠢ ᠵᠢᠨ ᠬᠡᠷᠡᠭᠴᠡᠭᠡ ᠱᠠᠭ᠋ᠠᠷᠳᠠᠯᠭ᠎ᠠ ᠵᠢ ᠰᠢᠭᠰᠢᠨ ᠪᠠᠢ᠌ᠴᠠᠭ᠋ᠠᠬᠤ ᠵᠢ ᠬᠢᠨᠠᠮᠠᠭ᠋ᠠᠢ ᠰᠠᠢ᠌ᠲᠤᠷ ᠬᠢᠵᠦ᠂ ᠨᠥᠬᠥᠴᠡᠯ᠎ᠳᠤ ᠨᠡᠢ᠌ᠴᠡᠬᠦ ᠵᠡᠮᠳᠡᠭᠴᠦᠳ ᠨᠢᠬᠡ ᠪᠦᠷᠢ᠎ᠳᠤ ᠨᠠᠮ ᠪᠠ ᠤᠯᠤᠰ᠎ᠤᠨ ᠠᠷᠠᠳ᠎ᠲᠤ ᠠᠰᠢᠭ ᠬᠦᠷᠲᠡᠭᠡᠬᠦ ᠲᠥᠷᠥ ᠵᠢᠨ ᠪᠣᠳᠣᠯᠭ᠎ᠠ ᠬᠦᠷᠳᠡᠬᠡᠪᠡ᠃
    《ᠪᠠᠴᠢᠮ ᠬᠦᠴᠢᠷᠳᠡᠯ᠎ᠲᠠᠢ ᠬᠦᠮᠦᠰ᠎ᠢ ᠲᠤᠰᠠᠯᠠᠵᠤ ᠠᠷᠠᠳ᠎ᠤᠨ ᠬᠦᠴᠢᠷᠳᠡᠯ᠎ᠢ ᠰᠢᠢ᠍ᠳᠪᠦᠷᠢᠯᠡᠬᠦ》 ᠠᠵᠢᠯᠯᠠᠭ᠎ᠠ ᠥᠷᠨᠢᠭᠦᠯᠪᠡ᠃ ᠬᠦᠴᠢᠷᠳᠡᠯᠲᠡᠢ ᠣᠯᠠᠨ ᠲᠦᠮᠡᠨ᠎ᠤ ᠲᠦᠷ ᠴᠠᠭ᠎ᠤᠨ ᠲᠤᠰᠠᠯᠠᠮᠵᠢ ᠵᠢᠨ ᠡᠷᠴᠢᠮ᠎ᠢ ᠦᠷᠭᠦᠯᠵᠢᠯᠡᠨ ᠴᠢᠩᠭ᠋ᠠᠷᠠᠭᠤᠯᠵᠤ᠂ ᠪᠠᠴᠢᠮ ᠪᠠ ᠪᠡᠷᠬᠡ ᠪᠠᠢ᠌ᠳᠠᠯ ᠭᠠᠷᠤᠭᠰᠠᠨ ᠭᠠᠵᠠᠷ᠎ᠲᠤ᠎ᠨᠢ ᠰᠢᠭᠤᠳ ᠲᠦᠷ ᠴᠠᠭ᠎ᠤᠨ ᠲᠤᠰᠠᠯᠠᠮᠵᠢ  ᠦᠵᠡᠬᠦᠯᠬᠦ ᠠᠵᠢᠯ᠎ᠢ ᠪᠥᠬᠥ ᠲᠠᠯ᠎ᠠ᠎ᠪᠠᠷ ᠬᠡᠷᠡᠭᠵᠢᠭᠦᠯᠦᠨ᠂ ᠰᠤᠮᠤ ᠰᠢᠶᠠᠩ ᠪᠠᠯᠭ᠋ᠠᠰᠤ (ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ) ᠵᠢᠨ ᠲᠦᠷ ᠴᠠᠭ ᠲᠤᠰᠠᠯᠠᠮᠵᠢ ᠵᠢᠨ ᠪᠡᠯᠡᠳᠬᠡᠯ ᠮᠥᠩᠭᠥ ᠵᠢ ᠵᠣᠬᠢᠰᠲᠠᠢ ᠳᠡᠭᠡᠭᠰᠢᠯᠡᠭᠦᠯᠵᠦ᠂ 《ᠱᠠᠲᠤ ᠬᠤᠪᠢᠶᠠᠨ ᠬᠢᠨᠠᠨ ᠵᠥᠪᠰᠢᠶᠡᠷᠡᠬᠦ》᠂ 《  ᠤᠷᠢᠳ ᠵᠶ᠋ᠡᠷ ᠲᠤᠰᠠᠯᠠᠬᠤ》 ᠵᠡᠷᠭᠡ ᠲᠥᠷᠥ ᠵᠢᠨ ᠪᠣᠳᠣᠯᠭ᠎ᠠ ᠵᠢ ᠨᠢᠮᠪᠠᠢ ᠨᠠᠢ᠌ᠳᠠᠪᠤᠷᠢᠵᠢᠭᠤᠯᠤᠬᠰᠠᠨ ᠪᠠᠢ᠌ᠨ᠎ᠠ᠃  
 
 





 

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ 2024 ᠣᠨ᠎ᠤ ᠲᠥᠪ᠎ᠤᠨ ᠱᠠᠩᠨᠠᠯᠲᠤ ᠰᠤᠭᠤᠯᠤᠭ᠎ᠠ ᠵᠢᠨ ᠨᠡᠶ᠋ᠢᠲᠡ ᠵᠢᠨ ᠠᠰᠠᠷᠠᠮᠵᠢ ᠵᠢᠨ ᠮᠥᠩᠭᠥ ᠵᠢ ᠲᠥᠪᠯᠡᠷᠡᠭᠦᠯᠦᠨ ᠨᠡᠢ᠌ᠭᠡᠮ᠎ᠤᠨ ᠠᠰᠠᠷᠠᠮᠵᠢ ᠵᠢᠨ ᠦᠢ᠍ᠯᠡᠰ᠎ᠢ ᠳᠡᠮᠵᠢᠬᠦ ᠲᠤᠰᠬᠠᠢ ᠪᠡᠯᠡ ᠮᠥᠩᠭᠥ ᠵᠢ 5065 ᠲᠦᠮᠡᠨ ᠲᠥᠭᠥᠷᠢᠭ ᠤᠷᠢᠳᠴᠢᠯᠠᠨ ᠪᠠᠭᠤᠯᠭ᠋ᠠᠪᠠ
ᠲᠥᠪ᠎ᠤᠨ ᠡᠳ᠋᠎ᠤᠨ ᠵᠠᠰᠠᠭ᠎ᠠᠴᠠ 3.4 ᠳ᠋ᠦᠩᠰᠢᠭᠤᠷ ᠲᠥᠭᠥᠷᠢᠭ᠎ᠢ ᠤᠷᠢᠳᠴᠢᠯᠠᠨ ᠪᠠᠭᠤᠯᠭ᠋ᠠᠵᠤ ᠥᠪᠥᠷ ᠮᠣᠩᠭᠣᠯ᠎ᠤᠨ ᠬᠥᠳᠡᠭᠡ ᠲᠣᠰᠬᠣᠨ᠎ᠤ ᠶᠡᠷᠦᠩᠬᠡᠢ᠌ᠯᠡᠭᠰᠡᠨ ᠥᠭᠡᠷᠡᠴᠢᠯᠡᠯᠲᠡ ᠵᠢ ᠳᠡᠮᠵᠢᠪᠡ
ᠮᠠᠨ᠎ᠤ ᠣᠷᠣᠨ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠤᠷᠢᠯᠡᠬᠦ ᠲᠤᠷᠰᠢᠯᠲᠠ ᠵᠢᠨ ᠴᠡᠭ᠎ᠤᠨ ᠠᠵᠢᠯ᠎ᠢ ᠡᠬᠢᠯᠡᠬᠦᠯᠪᠡ
ᠮᠠᠨ᠎ᠤ ᠤᠷᠤᠨ ᠦᠨᠦᠴᠢᠨ ᠵᠡᠮᠳᠡᠭ ᠬᠡᠤᠬᠡᠳ᠎ᠢ ᠡᠷᠭᠦᠨ ᠲᠡᠵᠢᠭᠡᠬᠦ ᠭᠡᠷ ᠪᠦᠯᠢ ᠵᠢᠨ᠎ᠬᠢᠨ᠎ᠢ ᠳᠡᠮᠵᠢᠬᠦ ᠲᠦᠷᠦ ᠵᠢᠨ ᠪᠤᠳᠤᠯᠭ᠎ᠠ ᠲᠤᠭᠲᠠᠭ᠋ᠠᠪᠠ
ᠮᠠᠨ᠎ᠤ ᠤᠷᠤᠨ᠎ᠤ᠎ᠬᠢᠨ ᠮᠠᠯᠴᠢᠨ ᠲᠠᠷᠢᠶᠠᠴᠢᠨ᠎ᠤ ᠬᠠᠵᠠᠭᠤ ᠬᠠᠪᠢ᠎ᠳᠤ᠎ᠪᠠᠨ ᠠᠵᠢᠯ ᠤᠯᠬᠤ ᠲᠡᠢ᠌ᠰᠢ ᠬᠦᠳᠤᠯᠵᠤ 《ᠵᠠᠭᠤᠨ ᠰᠤᠮᠤ ᠰᠢᠶᠠᠡᠭ ᠪᠠᠯᠭ᠋ᠠᠰᠤ ᠮᠢᠡᠭᠭ᠋ᠠᠨ ᠭᠠᠴᠠᠭ᠎ᠠ ᠲᠤᠰᠬᠤᠨ ᠲᠦᠮᠡᠨ ᠬᠦᠷᠢᠶ᠎ᠡ ᠬᠠᠰᠢᠶ᠎ᠠ》 ᠵᠢᠨ ᠠᠵᠢᠯᠯᠠᠭ᠎ᠠ᠎ᠪᠠᠷ ᠬᠦᠷᠢᠶ᠎ᠡ ᠬᠠᠰᠢᠶ᠎ᠠ ᠵᠢᠨ ᠠᠵᠤ ᠠᠬᠤᠢ ᠵᠢᠨ ᠪᠤᠵᠠᠭ᠋ᠠᠢ᠌ᠷᠠᠭᠤᠯᠵᠤ ᠪᠠᠢ᠌ᠨ᠎ᠠ
 
            