ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠬᠢᠯᠢ ᠵᠢᠨ ᠮᠠᠯᠴᠢᠳ᠎ᠤᠨ ᠬᠦᠰᠡᠯ ᠬᠦᠭᠡᠭᠡᠴᠡᠯᠳᠦᠯ ᠪᠤᠶᠤ ᠤᠳᠤᠬᠢᠴᠢᠯᠠᠭᠰᠠᠨ ᠮᠠᠯ ᠠᠵᠤ ᠠᠬᠤᠢ ᠵᠢᠨ ᠬᠦᠭᠵᠢᠯᠳᠡ
ᠨᠡᠶᠢᠲᠡᠯᠡᠭᠰᠡᠨ ᠴᠠᠭ᠄ 2023-11-22

ᠬᠢᠯᠢ ᠵᠢᠨ ᠮᠠᠯᠴᠢᠳ᠎ᠤᠨ ᠬᠦᠰᠡᠯ ᠬᠦᠭᠡᠭᠡᠴᠡᠯᠳᠦᠯ ᠪᠤᠶᠤ ᠤᠳᠤᠬᠢᠴᠢᠯᠠᠭᠰᠠᠨ ᠮᠠᠯ ᠠᠵᠤ ᠠᠬᠤᠢ ᠵᠢᠨ ᠬᠦᠭᠵᠢᠯᠳᠡ
             —  ᠠᠪᠠᠭ᠎ᠠ ᠬᠤᠰᠢᠭᠤᠨ᠎ᠤ ᠬᠢᠯᠢ ᠨᠤᠲᠤᠭ᠎ᠤᠨ ᠭᠤᠷᠪᠠᠨ ᠮᠠᠯᠴᠢᠨ ᠠᠢ᠌ᠯ ᠎ᠤᠨ ᠲᠤᠬᠠᠢ  ᠰᠣᠷᠪᠤᠯᠵᠢᠯᠠᠭ᠎ᠠ
        ᠴ᠊  · ᠱ᠌ᠢᠷᠦᠨᠴᠢᠮᠡᠭ  ᠵᠤᠬᠢᠶᠠᠪᠠ
    ᠠᠪᠠᠭ᠎ᠠ ᠬᠤᠰᠢᠭᠤ ᠪᠤᠯ ᠮᠠᠨ᠎ᠤ ᠤᠷᠤᠨ᠎ᠤ ᠮᠠᠯᠵᠢᠬᠤ ᠤᠷᠤᠨ᠎ᠤ ᠤᠳᠤᠬᠢᠴᠢᠯᠠᠯᠳᠠ ᠵᠢᠨ ᠳᠤᠷᠰᠢᠯᠳᠡ ᠵᠢᠨ ᠴᠡᠭ ᠎ᠤᠨ ᠨᠢᠭᠡ ᠶᠤᠮ᠃ 2019 ᠤᠨ᠎ᠲᠤ ᠤᠷᠤᠨ᠎ᠤ ᠮᠠᠯᠵᠢᠬᠤ ᠤᠷᠤᠨ᠎ᠤ ᠤᠳᠤᠬᠢᠴᠢᠯᠠᠯᠳᠠ ᠵᠢᠨ ᠳᠤᠷᠰᠢᠯᠳᠡ ᠵᠢᠨ ᠴᠡᠭ ᠵᠶ᠋ᠠᠷ ᠳᠤᠭᠳᠠᠭ᠋ᠠᠭᠳᠠᠭᠰᠠᠨ᠎ᠠᠴᠠ ᠬᠤᠢ᠌ᠰᠢ  ᠠᠪᠠᠭ᠎ᠠ ᠬᠤᠰᠢᠭᠤᠨ᠎ᠤ᠎ᠬᠢᠨ ᠤᠷᠤᠨ ᠨᠤᠲᠤᠭ᠎ᠤᠨ ᠤᠨᠴᠠᠯᠢᠭᠳᠤ ᠠᠵᠤ ᠦᠢ᠍ᠯᠡᠰ᠎ᠤᠨ ᠬᠦᠭᠵᠢᠬᠦᠯᠤᠯᠳᠡ ᠵᠢᠨ ᠰᠠᠭᠤᠷᠢ᠎ᠪᠠᠨ ᠪᠠᠳᠤᠵᠢᠭᠤᠯᠬᠤ ᠵᠢ ᠠᠡᠭᠬᠠᠷᠴᠤ᠂ ᠠᠵᠤ ᠦᠢ᠍ᠯᠡᠰᠵᠢᠯᠳᠡ ᠵᠢᠨ ᠰᠢᠰᠲᠸᠮ ᠵᠶ᠋ᠠᠨ ᠤᠯᠠᠮ ᠲᠡᠬᠦᠯᠳᠡᠷᠵᠢᠬᠦᠯᠦᠭᠰᠡᠨ ᠪᠢᠯᠡ᠃ ᠤᠷᠢᠶᠠᠡᠭᠬᠠᠢ ᠬᠤᠨᠢ ᠪᠤᠯᠤᠨ ᠠᠪᠠᠭ᠎ᠠ ᠬᠠᠷ᠎ᠠ ᠠᠳᠤᠭᠤ ᠪᠤᠯ ᠠᠪᠠᠭ᠎ᠠ ᠬᠤᠰᠢᠭᠤᠨ᠎ᠤ᠎ᠬᠢᠨ᠎ᠤ ᠤᠳᠠᠭ᠋ᠠᠨ ᠵᠢᠯ ᠪᠤᠢ᠌ᠵᠢᠭᠤᠯᠤᠬᠰᠠᠭ᠋ᠠᠷ ᠢᠷᠡᠭᠰᠡᠨ ᠨᠤᠲᠤᠭ᠎ᠤᠨ ᠰᠢᠯᠢᠳᠡᠭ ᠡᠬᠦᠯᠳᠡᠷ ᠪᠤᠯᠤᠨ᠎ᠠ᠃ ᠤᠷᠢᠶᠠᠡᠭᠬᠠᠢ ᠬᠤᠨᠢᠨ᠎ᠤ ᠮᠢᠬ᠎ᠠ ᠪᠤᠯᠤᠨ ᠠᠪᠠᠭ᠎ᠠ ᠬᠠᠷ᠎ᠠ ᠠᠳᠤᠭᠤᠨ᠎ᠤ ᠴᠡᠭᠡ᠎ᠨᠢ ᠪᠦᠬᠦ ᠤᠯᠤᠰ᠎ᠤᠨ ᠡᠬᠡ ᠭᠠᠷᠤᠯᠳᠠ ᠵᠢᠨ ᠤᠷᠤᠨ᠎ᠤ ᠪᠦᠳᠦᠭᠡᠭᠳᠡᠬᠦᠨ᠎ᠤ ᠬᠢᠨᠠᠨ ᠳᠤᠭᠳᠠᠭ᠋ᠠᠯᠳᠠ᠎ᠳᠤ ᠬᠢᠷᠢ ᠳᠡᠡᠭᠴᠡᠭᠰᠡᠨ ᠦᠨᠡᠮᠯᠡᠯ ᠤᠯᠤᠭᠰᠠᠨ ᠶᠤᠮ᠃ ᠡᠨᠡ ᠪᠤᠯ ᠨᠤᠲᠤᠭ᠎ᠤᠨ ᠰᠢᠯᠢᠳᠡᠭ ᠡᠬᠦᠯᠳᠡᠷ ᠪᠤᠯᠤᠭᠰᠠᠨ ᠤᠷᠢᠶᠠᠡᠭᠬᠠᠢ ᠬᠤᠨᠢ ᠪᠤᠯᠤᠨ ᠠᠪᠠᠭ᠎ᠠ ᠬᠠᠷ᠎ᠠ ᠠᠳᠤᠭᠤᠨ᠎ᠤ ᠠᠰᠢᠭ ᠰᠢᠮ᠎ᠡ ᠵᠢᠨ ᠪᠦᠳᠦᠭᠡᠭᠳᠡᠬᠦᠨ ᠤᠯᠤᠰ᠎ᠤᠨ ᠪᠠᠷᠢᠮᠵᠢᠶᠠᠨ᠎ᠳᠤ ᠬᠦᠷᠦᠭᠰᠡᠨ᠎ᠤ ᠬᠡᠷᠡᠴᠢ ᠪᠤᠯᠬᠤ᠎ᠨᠢ ᠳᠠᠮᠵᠢᠭ ᠦᠭᠡᠢ᠃
    2022 ᠤᠨ᠎ᠳᠤ ᠠᠪᠠᠭ᠎ᠠ ᠬᠤᠰᠢᠭᠤᠨ᠎ᠤ ᠮᠠᠯ᠎ᠤᠨ ᠵᠤᠬᠰᠤᠭ᠎ᠠ ᠲᠤᠭ᠎ᠠ 168 ᠳᠦᠮᠡ 8577᠎ᠳᠤ ᠬᠦᠷᠦᠭᠰᠡᠨ᠎ᠤ ᠲᠤᠳᠤᠷ᠎ᠠ ᠪᠤᠳᠠ ᠮᠠᠯ 27 ᠲᠦᠮᠡ 9232᠂ ᠪᠤᠭ ᠮᠠᠯ 140 ᠳᠦᠮᠡ 9345  ᠪᠠᠢ᠌ᠭ᠎ᠠ ᠶᠤᠮ ᠪᠠᠢ᠌ᠨ᠎ᠠ᠃ ᠠᠪᠠᠭ᠎ᠠ ᠬᠤᠰᠢᠭᠤᠨ᠎ᠤ ᠵᠠᠰᠠᠭ᠎ᠤᠨ ᠤᠷᠳᠤᠨ᠎ᠤ᠎ᠬᠢᠨ ᠤᠷᠴᠢᠮ᠎ᠤᠨ ᠵᠢᠯ ᠤᠳᠤᠬᠢᠴᠢᠯᠠᠭᠰᠠᠨ ᠮᠠᠯ ᠠᠵᠤ ᠠᠬᠤᠢ᠎ᠲᠠᠢ ᠬᠤᠯᠪᠤᠭᠳᠠᠬᠤ 56 ᠳᠦᠷᠦᠯ ᠵᠦᠢ᠍ᠯ᠎ᠢ ᠡᠬᠢᠯᠡᠬᠦᠯᠤᠬᠡᠳ 3.25 ᠳ᠋ᠦᠡᠭᠰᠢᠭᠤᠷ ᠳᠦᠬᠦᠷᠢᠭ᠎ᠤᠨ ᠪᠡᠯᠡ ᠤᠷᠤᠭᠤᠯᠤᠭᠰᠠᠨ ᠪᠠᠢ᠌ᠨ᠎ᠠ᠃ 《ᠪᠠᠶᠠᠨ ᠳᠠᠡᠭᠰᠤᠭ》 ᠰᠢᠯᠢᠳᠡᠭ ᠡᠬᠦᠯᠳᠡᠷ᠎ᠤᠨ ᠠᠯᠠᠰᠢᠨ ᠦᠭᠡᠷ ᠲᠡᠵᠢᠬᠡᠬᠦ ᠰᠠᠭᠤᠷᠢᠨ᠂ ᠮᠠᠯ ᠡᠮᠨᠡᠯᠭᠡ ᠮᠠᠯ᠎ᠤᠨ ᠡᠮ᠎ᠤᠨ ᠨᠡᠢ᠌ᠭᠡᠮᠴᠢᠯᠡᠭᠰᠡᠨ ᠦᠢ᠍ᠯᠡᠴᠢᠯᠡᠭᠡᠨ᠎ᠤ ᠳᠦᠪ᠂ ᠭᠠᠮᠰᠢᠭ᠎ᠠᠴᠠ ᠰᠡᠷᠭᠡᠢ᠌ᠯᠡᠵᠦ ᠭᠠᠮᠰᠢᠭ᠎ᠤᠨ ᠬᠤᠬᠢᠷᠠᠯ᠎ᠢ ᠪᠠᠭ᠋ᠠᠰᠬᠠᠬᠤ᠎ᠳᠤ ᠵᠤᠷᠢᠭᠤᠯᠤᠭᠰᠠᠨ ᠡᠪᠡᠰᠦ ᠪᠤᠷᠳᠤᠭ᠎ᠠ ᠬᠠᠳᠠᠭ᠋ᠠᠯᠠᠬᠤ ᠰᠠᠭᠤᠷᠢᠨ᠂ ᠤᠯᠠᠮᠵᠢᠯᠠᠯᠳᠤ ᠴᠠᠭ᠋ᠠᠨ ᠢᠳᠡᠭᠡᠨ᠎ᠤ ᠬᠢᠨᠠᠨ ᠪᠠᠢ᠌ᠴᠠᠭ᠋ᠠᠯᠳᠠ ᠵᠢᠨ ᠳᠦᠪ᠂ ᠮᠠᠯ ᠠᠵᠤ ᠠᠬᠤᠢ ᠵᠢᠨ ᠮᠠᠰᠢᠨ ᠪᠠᠭ᠋ᠠᠵᠢ ᠵᠢᠨ ᠬᠤᠳᠠᠯᠳᠤᠭ᠋ᠠᠨ᠎ᠤ ᠳᠦᠪ᠂ ᠮᠠᠯᠴᠢᠳ᠎ᠲᠤ ᠮᠠᠯ ᠠᠵᠤ ᠠᠬᠤᠢ ᠵᠢᠨ ᠪᠤᠯᠪᠠᠰᠤᠷᠠᠯ ᠬᠦᠷᠳᠡᠬᠡᠬᠦ ᠲᠦᠪ ᠵᠡᠷᠭᠡ ᠴᠢᠬᠤᠯᠠ ᠴᠢᠬᠤᠯᠠ ᠪᠦᠳᠦᠬᠡᠨ ᠪᠠᠢ᠌ᠭᠤᠯᠤᠯᠳᠠ᠎ᠨᠢ ᠤᠳᠤᠬᠢᠴᠢᠯᠠᠭᠰᠠᠨ ᠮᠠᠯ ᠠᠵᠤ ᠠᠬᠤᠢ ᠵᠢ ᠬᠦᠭᠵᠢᠬᠦᠯᠬᠦ ᠨᠦᠬᠦᠴᠡᠯ ᠬᠠᠡᠭᠭ᠋ᠠᠪᠠ᠃ ᠠᠪᠠᠭ᠎ᠠ ᠬᠤᠰᠢᠭᠤᠨ᠎ᠤ᠎ᠬᠢᠨ ᠪᠠᠰᠠ ᠪᠦᠬᠦ ᠤᠷᠤᠨ᠂ ᠪᠦᠬᠦ ᠠᠢ᠌ᠮᠠᠭ᠎ᠤᠨ ᠮᠠᠯᠵᠢᠬᠤ ᠤᠷᠤᠨ᠎ᠤ ᠤᠳᠤᠬᠢᠴᠢᠯᠠᠭᠰᠠᠨ ᠮᠠᠯ ᠠᠵᠤ ᠠᠬᠤᠢ ᠵᠢᠨ ᠪᠦᠳᠦᠭᠡᠨ ᠪᠠᠢ᠌ᠭᠤᠯᠤᠯᠳᠠ ᠵᠢ ᠤᠢ᠌ᠯᠠᠭ᠋ᠠᠭᠤᠯᠬᠤ ᠠᠬᠤᠢ ᠳᠠᠯᠠᠪᠠᠢ ᠵᠢᠨ ᠬᠤᠷᠠᠯ᠎ᠢ ᠠᠮᠵᠢᠯᠳᠠ᠎ᠲᠠᠢ ᠡᠷᠬᠢᠯᠡᠭᠰᠡᠨ ᠪᠠᠢ᠌ᠨ᠎ᠠ᠃ ᠠᠪᠠᠭ᠎ᠠ ᠬᠠᠷ᠎ᠠ ᠠᠳᠤᠭᠤ ᠪᠤᠯ ᠠᠪᠠᠭ᠎ᠠ ᠨᠤᠲᠤᠭ᠎ᠤᠨ ᠡᠷᠳᠡᠨᠢ᠂ ᠡᠨᠡ ᠨᠤᠲᠤᠭ᠎ᠤᠨ᠎ᠬᠢᠨ ᠠᠪᠠᠭ᠎ᠠ ᠬᠠᠷ᠎ᠠ ᠠᠳᠤᠭᠤᠨ᠎ᠤ᠎ᠪᠠᠨ ᠴᠡᠭᠡ ᠵᠢ ᠵᠠᠬ᠎ᠠ᠎ᠳᠤ ᠭᠠᠷᠭ᠋ᠠᠨ ᠠᠵᠤ ᠦᠢ᠍ᠯᠡᠰᠵᠢᠬᠦᠯᠵᠦ ᠴᠠᠭ ᠦᠶ᠎ᠡ ᠵᠢᠨ ᠵᠶ᠋ᠠᠨ ᠬᠡᠷᠡᠭᠴᠡᠭᠡ ᠱᠠᠭ᠋ᠠᠷᠳᠠᠯᠭ᠎ᠠ᠎ᠪᠠᠷ ᠬᠦᠭᠵᠢᠬᠦᠯᠵᠦ ᠪᠠᠢ᠌ᠭᠰᠠᠨ ᠪᠤᠯ ᠦᠨᠤ ᠵᠢᠯ᠎ᠤᠨ 7 ᠳ᠋ᠤᠭ᠋ᠠᠷ ᠰᠠᠷ᠎ᠠ ᠵᠢᠨ 4᠂ 5᠎ᠤ ᠡᠳᠦᠷ ᠳᠤᠮᠳᠠᠳᠤ ᠤᠯᠤᠰ᠎ᠤᠨ ᠦᠨᠳᠦᠰᠦᠳᠡᠨ᠎ᠤ ᠠᠷᠠᠯᠵᠢᠶ᠎ᠠ ᠬᠤᠳᠠᠯᠳᠤᠭ᠎ᠠ ᠵᠢ ᠬᠦᠭᠵᠢᠬᠦᠯᠬᠦ ᠵᠦᠪᠯᠡᠯ᠂ ᠳᠤᠮᠳᠠᠳᠤ ᠤᠯᠤᠰ ᠎ᠤᠨ ᠤᠨᠴᠠᠯᠢᠭᠳᠤ ᠠᠵᠤ ᠦᠢ᠍ᠯᠡᠰ᠎ᠤᠨ ᠤᠷᠤᠨ᠎ᠢ ᠬᠢᠨᠠᠨ ᠳᠤᠭᠳᠠᠭ᠋ᠠᠬᠤ ᠵᠦᠪᠯᠡᠯ᠎ᠤᠨ᠎ᠬᠢᠨ ᠠᠪᠠᠭ᠎ᠠ ᠬᠤᠰᠢᠭᠤᠨ᠎ᠤ ᠳᠤᠮᠳᠠᠳᠤ ᠤᠯᠤᠰ᠎ᠤᠨ ᠴᠡᠬᠡ ᠵᠢᠨ ᠨᠤᠲᠤᠭ ᠵᠶ᠋ᠠᠷ ᠡᠷᠡᠮᠡᠯᠵᠡᠯᠡᠭᠰᠡᠨ ᠪᠠᠢ᠌ᠳᠠᠯ᠎ᠢ ᠠᠬᠤᠢ ᠳᠠᠯᠠᠪᠠᠢ᠎ᠳᠤ ᠬᠢᠨᠠᠨ ᠰᠢᠯᠭ᠋ᠠᠵᠦ᠂ ᠪᠠᠷᠢᠮᠵᠢᠶᠠᠨ᠎ᠳᠤ ᠨᠡᠢ᠌ᠴᠡᠭᠰᠡᠨ ᠪᠤᠯᠬᠤᠷ 《ᠳᠤᠮᠳᠠᠳᠤ ᠤᠯᠤᠰ᠎ᠤᠨ ᠴᠡᠬᠡ ᠵᠢᠨ ᠨᠤᠲᠤᠭ》 ᠬᠡᠰᠡᠨ ᠡᠷᠬᠢᠮ ᠴᠤᠯᠨ ᠵᠢ ᠤᠯᠭᠤᠭᠰᠠᠨ ᠪᠠᠢ᠌ᠨ᠎ᠠ᠃ ᠲᠠᠯ᠎ᠠ ᠲᠠᠯ᠎ᠠ ᠵᠢᠨ ᠰᠠᠢ᠌ᠬᠠᠨ ᠨᠦᠬᠦᠴᠡᠯ ᠪᠦᠷᠢᠯᠳᠦᠭᠰᠡᠨ ᠡᠢ᠌ᠮᠤᠬᠦᠤ ᠪᠠᠢ᠌ᠳᠠᠯ᠎ᠳᠤ ᠡᠮᠦᠨ᠎ᠡ ᠹᠷᠤᠨᠲ᠎ᠳᠤ ᠭᠠᠪᠰᠢᠭ᠋ᠠᠢ᠌ᠯᠠᠨ ᠪᠤᠢ ᠮᠠᠯᠴᠢᠳ ᠮᠠᠨᠢ ᠶᠠᠭ᠋ᠠᠬᠢᠵᠦ ᠠᠵᠢᠯᠯᠠᠭ᠎ᠠ ᠪᠤᠯ?  ᠬᠡᠳᠡᠭ᠎ᠢ ᠠᠪᠠᠭ᠎ᠠ ᠬᠤᠰᠢᠭᠤᠨ᠎ᠤ ᠬᠢᠯᠢ ᠵᠢᠨ ᠰᠤᠮᠤ ᠪᠤᠯᠬᠤ ᠶᠡᠬᠡᠭᠤᠤᠯ᠂ ᠪᠠᠶᠠᠨᠳᠤᠭ᠂ ᠵᠢᠷᠭ᠋ᠠᠯᠠᠡᠭᠳᠦ ᠵᠢᠨ ᠭᠤᠷᠪᠠᠨ ᠮᠠᠯᠴᠢᠨ ᠠᠢ᠌ᠯ ᠲᠠ ᠨᠠᠷ᠎ᠲᠤ ᠲᠠᠨᠢᠭᠤᠯᠬᠤ ᠪᠤᠯᠤᠨ᠎ᠠ᠃

     ᠰᠡᠡᠭᠰᠡᠨ ᠪᠤᠯᠠᠭ ᠵᠢᠡᠷ ᠤᠮᠳᠠᠯᠠᠭᠰᠠᠨ ᠠᠳᠤᠭᠤᠳ ᠰᠡᠷᠬᠦᠯᠡᠡᠭ ᠵᠤᠯᠪᠤᠭ᠋ᠠᠳᠠᠢ


d76bc87797b8b58ee094c0eb6a06e79_new.jpg



  ᠠᠪᠠᠭ᠎ᠠ ᠬᠠᠷ᠎ᠠ ᠠᠳᠤᠭᠤ ᠵᠢ ᠡᠨᠡ ᠨᠤᠲᠤᠭ᠎ᠤᠨ᠎ᠬᠢᠨ ᠳᠡᠳᠦᠢ ᠦᠭᠡᠢ᠂ ᠬᠠᠷᠢ ᠭᠠᠳᠠᠨ᠎ᠠ ᠵᠢᠨ᠎ᠬᠢᠨ ᠴᠤ᠌ ᠡᠰᠡ ᠮᠡᠳᠡᠬᠦ᠎ᠨᠢ ᠴᠦᠭᠡᠨ᠃ ᠠᠪᠠᠭ᠎ᠠ ᠨᠤᠲᠤᠭ᠎ᠤᠨ ᠮᠠᠯᠴᠢᠳ ᠠᠪᠠᠭ᠎ᠠ ᠬᠠᠷ᠎ᠠ ᠠᠳᠤᠭᠤᠨ᠎ᠤ᠎ᠪᠠᠨ ᠬᠡᠢ᠌ᠮᠦᠷᠢ ᠵᠢ ᠳᠠᠭ᠋ᠠᠵᠦ ᠠᠮᠢᠳᠤᠷᠠᠯ ᠵᠶ᠋ᠠᠨ ᠠᠵᠠ ᠵᠢᠷᠭ᠋ᠠᠯ᠎ᠲᠠᠢ᠂ ᠠᠵᠢᠯ ᠦᠢ᠍ᠯᠡᠰ ᠵᠶ᠋ᠠᠨ ᠦᠭᠡᠳᠡ ᠡᠰᠡᠷᠡᠭ ᠠᠪᠴᠤ ᠶᠠᠪᠤᠳᠠᠭ᠎ᠨᠢ ᠤᠴᠢᠷᠳᠠᠢ᠃ ᠡᠪᠡᠰᠦᠨ᠎ᠤ ᠰᠤᠷᠭᠤᠭ ᠤᠰᠤᠨ᠎ᠤ ᠳᠤᠡᠭᠭ᠋ᠠᠯᠠᠭ᠎ᠢ ᠳᠠᠭ᠋ᠠᠵᠦ ᠢᠳᠡᠰᠢᠯᠡᠳᠡᠭ ᠠᠳᠤᠭᠤ ᠬᠡᠮᠡᠬᠦ ᠰᠡᠷᠬᠦᠯᠡᠡᠭ ᠠᠮᠢᠳᠠᠨ ᠮᠤᠡᠭᠭᠤᠯ ᠬᠦᠮᠦᠨ ᠬᠤᠶᠠᠷ᠎ᠤᠨ ᠬᠤᠭᠤᠷᠤᠨᠳᠤ ᠠᠭᠤᠰᠤᠯᠴᠠᠨ ᠨᠢᠭᠡᠳᠦᠭᠰᠡᠨ ᠰᠠᠢ᠌ᠬᠠᠨ ᠳᠠᠯ᠎ᠠ ᠶᠡᠬᠡ ᠪᠠᠢ᠌ᠳᠠᠭ᠃ ᠬᠦᠮᠦᠨ ᠠᠮᠢᠳᠠᠨ ᠪᠠᠢ᠌ᠭ᠋ᠠᠯᠢ ᠭᠤᠷᠪᠠ ᠵᠢᠨ ᠡᠶ᠎ᠡ ᠵᠤᠬᠢᠴᠠᠯᠳᠤ ᠤᠷᠤᠰᠢᠯ᠎ᠤᠨ ᠳᠤᠬᠠᠢ ᠳᠡᠤᠬᠡ ᠬᠠᠮᠢᠭ᠎ᠠ ᠰᠠᠢ ᠦᠭᠡᠢ ᠪᠢᠴᠢᠭᠳᠡᠳᠡᠭ ᠪᠤᠯ ᠠᠬᠢ ᠳᠠᠭ᠋ᠠᠨ᠎ᠠ᠎ᠲᠠᠢ ᠡᠨᠡ ᠰᠠᠢ᠌ᠬᠠᠨ ᠨᠤᠲᠤᠭ᠎ᠲᠤ ᠰᠡᠡᠭᠰᠡᠨ ᠬᠠᠷ᠎ᠠ ᠠᠳᠤᠭᠤ ᠪᠤᠯᠤᠨ ᠮᠤᠡᠭᠭᠤᠯ ᠬᠦᠮᠦᠨ᠎ᠤ ᠦᠯᠢᠭᠡᠷ ᠪᠢᠴᠢᠭᠳᠡᠨ ᠪᠢᠴᠢᠭᠳᠡᠭᠰᠡᠭᠡᠷ ᠦᠨᠦ ᠬᠦᠷᠴᠡᠢ᠃
    ᠠᠪᠠᠭ᠎ᠠ ᠬᠤᠰᠢᠭᠤᠨ᠎ᠤ ᠪᠠᠶᠠᠨᠳᠤᠭ ᠰᠤᠮᠤᠨ᠎ᠤ ᠴᠡᠨᠭᠭᠡᠯᠪᠤᠯᠠᠭ ᠭᠠᠴᠠᠭ᠋ᠠᠨ᠎ᠤ ᠰᠦᠵᠢ ᠨᠤᠲᠤᠭ ᠠᠬᠢ ᠰᠠᠢ᠌ᠳᠠᠢ ᠭᠠᠵᠠᠷ᠃ ᠵᠢᠷᠤᠭ᠎ᠤᠨ ᠪᠠᠢ᠌ᠭ᠋ᠠᠯᠢ᠎ᠳᠤ ᠠᠳᠤᠭᠤᠨ᠎ᠤ ᠬᠡᠢ᠌ᠮᠦᠷᠢ ᠳᠦᠰᠢᠵᠦ ᠠᠮᠢᠳᠤᠷᠠᠨ᠎ᠠ ᠭᠡᠳᠡᠭ ᠵᠢᠷᠭ᠋ᠠᠯ ᠠᠵᠢ᠃  ᠡᠨᠡ ᠨᠤᠲᠤᠭ᠎ᠤᠨ ᠤᠤᠭ᠋ᠠᠯ ᠬᠦᠭᠵᠢᠯᠳᠦ ᠬᠠᠷ᠎ᠠ ᠪᠠᠭ᠎ᠠ᠎ᠠᠴᠠ᠎ᠪᠠᠨ ᠠᠳᠤᠭᠤᠨ᠎ᠳᠤ ᠪᠠᠬᠠᠳᠠᠢ᠂ ᠨᠤᠲᠤᠭ ᠤᠰᠤ᠎ᠨᠢ ᠴᠤ᠌ ᠦᠭᠬᠦᠭᠡᠵᠢ ᠪᠤᠶᠠᠨ ᠵᠶ᠋ᠠᠨ ᠢᠪᠡᠭᠡᠵᠦ ᠠᠳᠤᠭᠤ ᠮᠠᠯᠵᠢᠬᠤ᠎ᠳᠤ ᠶᠡᠬᠡ ᠳᠤᠬᠢᠷᠠᠮᠵᠢᠳᠠᠢ ᠪᠠᠢ᠌ᠳᠠᠭ ᠠᠵᠢ᠃ ᠬᠥᠭᠵᠢᠯᠳᠦ 1996 ᠤᠨ᠎ᠳᠤ ᠠᠢ᠌ᠯ ᠭᠡᠷ ᠪᠤᠯᠵᠦ ᠳᠦᠪᠬᠢᠨᠡᠬᠦ᠎ᠳᠤ 40 ᠭᠠᠷᠤᠢ ᠠᠳᠤᠭᠤ᠎ᠲᠠᠢ ᠪᠠᠢ᠌ᠭᠰᠠᠨ ᠪᠤᠯ ᠤᠳᠤ ᠪᠡᠯᠴᠢᠭᠡᠷ᠎ᠤᠨ ᠳᠠᠭ᠋ᠠᠭ᠋ᠠᠴᠠ᠎ᠳᠤ᠎ᠪᠠᠨ ᠳᠤᠬᠢᠷᠠᠭᠤᠯᠤᠨ 100 ᠭᠠᠷᠤᠢ ᠠᠳᠤᠭᠤ ᠮᠠᠯᠵᠢᠵᠦ ᠪᠠᠢ᠌ᠭ᠎ᠠ ᠶᠤᠮ ᠪᠠᠢ᠌ᠨ᠎ᠠ᠃ ᠳᠡᠳᠡᠨ᠎ᠤ ᠦᠨᠤ ᠵᠢᠯ 40 ᠭᠠᠷᠤᠢ ᠭᠡᠭᠦᠦ ᠤᠨᠠᠭ᠋ᠠᠯᠠᠵᠠᠢ᠃ 2022 ᠤᠨ᠎ᠳᠤ ᠬᠥᠭᠵᠢᠯᠳᠤ 《ᠰᠡᠡᠭᠰᠡᠨ ᠬᠤᠷᠳᠤ》 ᠭᠠᠯ  ᠤᠶᠠᠭ᠋ᠠᠨ᠎ᠤ ᠨᠡᠢ᠌ᠭᠡᠮᠯᠢᠭ᠎ᠢ ᠡᠭᠦᠰᠭᠡᠨ ᠪᠠᠢ᠌ᠭᠤᠯᠤᠭ᠋ᠠᠳ 55 ᠭᠡᠰᠢᠭᠦᠨ᠎ᠲᠠᠢ ᠪᠤᠯᠵᠦ᠂ ᠵᠢᠯ  ᠪᠤᠯᠭ᠋ᠠᠨ᠎ᠤ ᠪᠢᠯᠢᠭ᠎ᠤᠨ ᠤᠯᠠᠷᠢᠯ᠎ᠤᠨ 4  ᠳ᠋ᠦ᠍ᠭᠡᠷ ᠰᠠᠷ᠎ᠠ ᠵᠢᠨ 29᠎ᠤ ᠡᠳᠦᠷ ᠤᠷᠤᠯᠳᠤᠭ᠋ᠠᠨ ᠡᠷᠬᠢᠯᠡᠬᠦ᠎ᠪᠠᠷ ᠳᠤᠭᠳᠠᠭᠰᠠᠨ ᠶᠤᠮ ᠪᠠᠢ᠌ᠨ᠎ᠠ᠃  ᠨᠢᠳᠤᠨᠤᠨ ᠪᠠ ᠦᠨᠤ ᠵᠢᠯ ᠨᠡᠢ᠌ᠭᠡᠮᠯᠢᠭ᠎ᠤᠨ᠎ᠬᠢᠨ ᠰᠡᠡᠭᠰᠡᠨ ᠬᠠᠷ᠎ᠠ ᠠᠳᠤᠭᠤᠨ᠎ᠤ ᠤᠷᠤᠯᠳᠤᠭ᠋ᠠᠨ ᠵᠶ᠋ᠠᠨ ᠠᠮᠵᠢᠯᠳᠠᠳᠠᠢ  ᠰᠠᠢ᠌ᠬᠠᠨ ᠶᠠᠪᠤᠭᠳᠠᠭᠤᠯᠤᠭᠰᠠᠨ ᠵᠶ᠋ᠠᠷ ᠨᠤᠲᠤᠭ᠎ᠤᠨ ᠰᠢᠯᠢᠳᠡᠭ ᠡᠬᠦᠯᠳᠡᠷ ᠪᠤᠯᠬᠤ ᠠᠪᠠᠭ᠎ᠠ ᠬᠠᠷ᠎ᠠ ᠠᠳᠤᠭᠤᠨ᠎ᠤ ᠠᠵᠤ ᠦᠢ᠍ᠯᠡᠰ᠎ᠤᠨ ᠬᠦᠭᠵᠢᠬᠦᠯᠤᠯᠳᠡ᠎ᠳᠤ ᠨᠢᠭᠡ ᠬᠤᠪᠢ ᠵᠢᠨ ᠬᠦᠴᠦ᠎ᠪᠠᠨ ᠡᠷᠬᠦᠭᠰᠡᠨ ᠠᠵᠢ᠃
   ᠬᠥᠭᠵᠢᠯᠳᠦ ᠵᠢᠨ ᠡᠳᠡᠭᠡᠷ ᠵᠢᠯ᠎ᠳᠤ ᠤᠯᠤᠭᠰᠠᠨ ᠠᠮᠵᠢᠯᠳᠠ ᠵᠢᠨ ᠠᠷᠤ᠎ᠳᠤ ᠲᠦᠰᠢᠭ ᠪᠤᠯᠤᠭᠰᠠᠨ ᠠᠴᠢᠳᠠᠢ ᠪᠤᠭᠤᠷᠤᠯ ᠠᠪᠤ ᠵᠢ᠎ᠨᠢ ᠳᠤᠷᠠᠳᠬᠤ ᠶᠤᠰᠤᠳᠠᠢ᠃ ᠬᠠᠳᠠ᠎ᠲᠠᠢ ᠰᠢᠷᠡᠭᠡᠨ᠎ᠳᠤ᠎ᠪᠠᠨ ᠬᠠᠷ᠎ᠠ ᠠᠳᠤᠭᠤ᠎ᠪᠠᠨ ᠮᠠᠯᠵᠢᠭᠰᠠᠭ᠋ᠠᠷ ᠢᠷᠡᠭᠰᠡᠨ ᠬᠠᠰᠢᠷ ᠠᠳᠤᠭᠤᠴᠢᠨ ᠬᠠᠳᠠᠴᠢᠯᠠᠭᠤ ᠭᠤᠸᠠᠢ᠄ 《ᠪᠢ ᠵᠢᠷᠠᠭ᠋ᠠᠳ ᠤᠨ᠎ᠠᠴᠠ ᠡᠬᠢᠯᠡᠵᠦ ᠪᠠᠷᠢᠭ᠋ᠠᠳᠠ ᠵᠢᠨ ᠠᠳᠤᠭᠤ ᠵᠢ ᠬᠠᠷᠢᠭᠤᠯᠵᠠᠢ᠂ ᠥᠪᠡᠷ᠎ᠤᠨ ᠡᠭᠦᠷᠭᠡᠯᠡᠵᠦ ᠠᠪᠤᠭᠰᠠᠨ ᠠᠵᠢᠯ ᠵᠢᠡᠨ ᠰᠠᠢ᠌ᠨ ᠪᠡᠶᠡᠯᠡᠭᠦᠯᠬᠦ ᠵᠢ ᠬᠢᠴᠢᠶᠡᠵᠦ ᠤᠯᠠᠨ ᠵᠢᠯ ᠶᠠᠪᠤᠭᠰᠠᠨ᠎ᠤ᠎ᠪᠠᠨ ᠬᠠᠷᠢᠭᠤ᠎ᠳᠤ 10 ᠳᠠᠭ᠎ᠠ᠎ᠪᠠᠷ ᠱᠠᠨᠭ᠌ᠨᠠᠭᠤᠯᠵᠦ ᠪᠠᠢ᠌ᠭᠰᠠᠨ ᠰᠠᠢ᠌ᠬᠠᠨ ᠳᠤᠷᠠᠰᠤᠮᠵᠢ᠎ᠲᠠᠢ᠃ ᠤᠤᠯ ᠎ᠤᠨ ᠴᠡᠨᠭᠭᠡᠯᠪᠤᠯᠠᠭ ᠰᠤᠮᠤᠨ᠎ᠳᠤ᠎ᠪᠠᠨ ᠠᠷᠤᠪᠤᠯᠠᠭ᠎ᠤᠨ ᠠᠳᠤᠭᠤᠴᠢᠨ ᠴᠢᠯᠠᠭᠤ ᠵᠢᠨ᠎ᠬᠢ ᠪᠤᠯᠤᠨ ᠴᠡᠨᠭᠭᠡᠯᠪᠤᠯᠠᠭ᠎ᠠᠴᠠ  ᠮᠠᠨ᠎ᠤ᠎ᠬᠢ ᠬᠠᠷ᠎ᠠ ᠠᠳᠤᠭᠤᠨ᠎ᠤ᠎ᠪᠠᠨ ᠤᠳᠤᠮ ᠤᠭᠰᠢᠯ᠎ᠢ ᠳᠠᠰᠤᠯᠳᠠᠯ ᠦᠭᠡᠢ ᠮᠠᠯᠵᠢᠵᠦ ᠢᠷᠡᠭᠰᠡᠨ ᠶᠤᠮ》 ᠭᠡᠵᠦ ᠤᠷᠮᠠᠳᠠᠢ᠍ᠬᠠᠨ ᠶᠠᠷᠢᠪᠠ᠃
ᠠᠪᠠᠭ᠎ᠠ ᠬᠠᠷ᠎ᠠ ᠠᠳᠤᠭᠤ ᠵᠢ ᠨᠤᠲᠤᠭ᠎ᠤᠨ ᠬᠦᠮᠦᠰ ᠰᠡᠨᠭᠰᠡᠨ ᠬᠠᠷ᠎ᠠ ᠠᠳᠤᠭᠤ ᠭᠡᠳᠡᠭ᠃ ᠠᠪᠠᠭ᠎ᠠ ᠬᠠᠷ᠎ᠠ ᠠᠳᠤᠭᠤ ᠵᠢ ᠭᠤᠤᠯᠳᠠᠭᠤ ᠠᠪᠠᠭ᠎ᠠ ᠬᠤᠰᠢᠭᠤᠨ᠎ᠤ ᠬᠤᠢ᠌ᠳᠦ ᠪᠠᠶ᠎ᠠ ᠵᠢᠨ ᠮᠠᠯᠴᠢᠳ ᠮᠠᠯᠵᠢᠵᠦ᠂ ᠤᠤᠯ᠎ᠤᠨ ᠴᠡᠨᠭᠭᠡᠯᠪᠤᠯᠠᠭ ᠰᠤᠮᠤᠨ᠎ᠤ ᠨᠤᠲᠤᠭ ᠵᠢᠡᠷ ᠲᠥᠪᠯᠡᠷᠡᠵᠦ ᠪᠠᠢ᠌ᠳᠠᠭ᠃ ᠴᠡᠡᠭᠭᠡᠯᠪᠤᠯᠠᠭ ᠰᠤᠮᠤᠨ᠎ᠤ ᠳᠦᠪ᠎ᠤᠨ ᠪᠠᠷᠠᠭᠤᠨᠳᠠᠢ ᠠᠭᠤᠯᠠ ᠵᠢᠨ ᠬᠤᠷᠮᠤᠢ᠎ᠳᠤ ᠬᠤᠯᠠ ᠤᠢ᠌ᠷ᠎ᠠ᠎ᠳᠤ᠎ᠪᠠᠨ ᠠᠯᠳᠠᠷᠳᠠᠢ᠂ ᠲᠤᠡᠭᠭ᠋ᠠᠯᠠᠭ ᠰᠠᠢ᠌ᠬᠠᠨ ᠰᠡᠨᠭᠰᠡᠨ ᠪᠤᠯᠠᠭ᠎ᠲᠠᠢ ᠪᠦᠭᠡᠳ ᠬᠠᠷ᠎ᠠ ᠠᠳᠤᠭᠤ᠎ᠨᠢ ᠳᠡᠨᠳᠡ ᠬᠦᠷᠴᠤ ᠪᠤᠯᠠᠭ᠎ᠤᠨ ᠤᠰᠤ᠎ᠪᠠᠷ ᠤᠮᠳᠠᠯᠠᠳᠠᠭ ᠠᠵᠢ᠃ ᠡᠢ᠌ᠨ ᠬᠦ᠌ 《ᠰᠡᠨᠭᠰᠡᠨ ᠬᠠᠷ᠎ᠠ ᠠᠳᠤᠭᠤ》 ᠭᠡᠳᠡᠭ ᠰᠠᠢ᠌ᠬᠠᠨ ᠠᠯᠳᠠᠷ᠎ᠨᠢ ᠤᠨᠳᠤᠷᠤᠮᠠᠯ ᠲᠤᠡᠭᠭ᠋ᠠᠯᠠᠭ ᠰᠡᠡᠭᠰᠡᠨ ᠪᠤᠯᠠᠭ᠎ᠤᠨ ᠨᠡᠷ᠎ᠡ᠎ᠠᠴᠠ ᠢᠷᠡᠯ᠎ᠲᠠᠢ ᠭᠡᠵᠦ ᠶᠠᠷᠢᠭᠳᠠᠳᠠᠭ᠃ ᠨᠤᠲᠤᠭ᠎ᠤᠨ ᠬᠦᠮᠦᠰ᠎ᠤᠨ ᠳᠤᠮᠳᠠ ᠦᠨᠢ ᠤᠳᠠᠭ᠋ᠠᠨ ᠤᠯᠠᠮᠵᠢᠯᠠᠭᠳᠠᠭᠰᠠᠨ ᠬᠠᠭᠤᠴᠢ ᠶᠡᠷᠢᠶ᠎ᠡ᠎ᠪᠠᠷ ᠪᠤᠯ ᠬᠢᠯᠢ ᠳᠠᠭ᠋ᠠᠤ  ᠪᠠᠢ᠌ᠷᠢᠯᠠᠭᠰᠠᠨ ᠴᠡᠨᠭᠭᠡᠯᠪᠤᠯᠠᠭ ᠰᠤᠮᠤ᠎ᠪᠠᠷ ᠨᠤᠲᠤᠭ᠎ᠲᠠᠢ ᠠᠪᠠᠭ᠎ᠠ ᠬᠠᠷ᠎ᠠ ᠠᠳᠤᠭᠤ᠎ᠨᠢ ᠬᠡᠷᠤᠯᠦᠨ ᠭᠤᠤᠯ᠎ᠤᠨ ᠬᠠᠷ᠎ᠠ ᠠᠳᠤᠭᠤ᠎ᠲᠠᠢ ᠤᠳᠤᠮ᠎ᠤᠨ ᠢᠵᠢᠯᠢᠰᠢᠯ᠎ᠲᠠᠢ ᠭᠡᠳᠡᠭ᠃ ᠬᠠᠷ᠎ᠠ  ᠠᠳᠤᠭᠤᠨ᠎ᠤ ᠪᠡᠶ᠎ᠡ ᠪᠢᠯᠳᠡᠷ ᠬᠦᠳᠡᠷ ᠪᠦᠲᠦᠭᠦᠨ᠂ ᠳᠦᠷᠪᠡᠨ ᠮᠦᠴᠢ ᠲᠤᠷᠪᠢ ᠬᠦᠴᠦᠲᠠᠢ᠂ ᠨᠢᠷᠤᠭᠤ ᠬᠤᠨᠳᠤᠯᠠᠢ ᠤᠷᠳᠤ᠂ ᠰᠢᠷᠦᠭᠦᠨ ᠳᠠᠪᠬᠢᠭ᠎ᠠ᠎ᠲᠠᠢ᠂ ᠳᠠᠭ᠋ᠠᠭ᠋ᠠᠴᠠ  ᠰᠠᠢ᠌ᠳᠠᠢ᠂ ᠬᠦᠢ᠍ᠳᠡᠨ᠎ᠳᠤ ᠥᠯᠴᠢᠷ᠂ ᠠᠭ᠋ᠠᠬᠢᠮ᠎ᠠ ᠬᠠᠯᠠᠭᠤᠨ᠂ ᠭᠠᠡᠭ ᠬᠠᠭᠰᠠᠷᠠᠭ᠋ᠠᠨ ᠰᠠᠯᠬᠢ ᠰᠢᠭᠤᠷᠭ᠋ᠠᠨ᠎ᠢ ᠠᠵᠢᠭ ᠦᠭᠡᠢ ᠳᠤᠭᠤᠯᠳᠠᠭ ᠰᠢᠯᠢᠳᠡᠭ ᠡᠬᠦᠯᠳᠡᠷ ᠪᠤᠯᠬᠤ ᠶᠤᠮ᠃
    ᠠᠪᠠᠭ᠎ᠠ ᠬᠤᠰᠢᠭᠤᠨ᠎ᠤ ᠪᠠᠶᠠᠨᠳᠤᠭ ᠰᠤᠮᠤᠨ᠎ᠤ ᠴᠡᠨᠭᠭᠡᠯᠪᠤᠯᠠᠭ ᠭᠠᠴᠠᠭ᠋ᠠᠨ᠎ᠤ ᠴᠡᠭᠡ᠎ᠨᠢ ᠤᠤᠭᠤᠬᠤ᠎ᠳᠤ ᠰᠠᠢ᠌ᠬᠠᠨ ᠪᠠᠢ᠌ᠳᠠᠭ ᠵᠢᠡᠷ ᠵᠢᠡᠨ ᠠᠯᠳᠠᠷᠲᠠᠢ ᠪᠠᠢ᠌ᠳᠠᠭ᠎ᠨᠢ ᠰᠡᠨᠭᠰᠠᠨ ᠪᠤᠯᠠᠭ ᠵᠢᠡᠷ ᠤᠮᠳᠠᠯᠠᠳᠠᠭ᠎ᠤᠨ᠎ᠬᠢ᠎ᠨᠢ ᠴᠤ᠌ ᠶᠤᠮ ᠤᠤ᠂ ᠶᠠᠭᠤ ᠴᠤ᠌ ᠬᠡᠰᠡᠨ ᠴᠡᠨᠭᠭᠡᠯᠪᠤᠯᠠᠭ᠎ᠤᠨ ᠴᠡᠭᠡ ᠨᠡᠷᠡᠳᠠᠢ ᠭᠡᠳᠡᠭ᠎ᠨᠢ ᠠᠷᠭ᠎ᠠ ᠦᠭᠡᠢ! ᠡᠬᠦᠨ᠎ᠢ ᠤᠰᠤ ᠨᠤᠲᠤᠭ᠎ᠤᠨ᠎ᠬᠢᠨ᠎ᠨᠢ ᠯᠨ ᠶᠠᠷᠢᠳᠠᠭ ᠪᠢᠰᠢ᠂ ᠤᠤᠭᠤᠭᠰᠠᠨ ᠪᠦᠬᠦᠨ ᠬᠡᠯᠡᠳᠡᠭ᠎ᠨᠢ ᠦᠨᠡᠨᠳᠡᠢ᠃ ᠰᠦᠵᠢ ᠵᠢᠨ ᠰᠠᠢ᠌ᠬᠠᠨ ᠨᠤᠲᠤᠭ᠎ᠲᠤ᠎ᠪᠠᠨ ᠰᠡᠨᠭᠰᠡᠨ ᠬᠠᠷ᠎ᠠ ᠠᠳᠤᠭᠤ᠎ᠪᠠᠨ ᠦᠶ᠎ᠡ ᠵᠢᠨ ᠦᠶ᠎ᠡ ᠰᠦᠰᠦᠭᠯᠡᠨ ᠮᠠᠯᠵᠢᠵᠦ ᠢᠷᠡᠭᠰᠡᠨ ᠠᠳᠤᠭᠤᠴᠢᠨ ᠬᠥᠭᠵᠢᠯᠳᠤ ᠵᠢᠨ᠎ᠬᠢᠨ ᠢᠰᠭᠡᠭᠰᠡᠨ ᠴᠡᠭᠡ᠎ᠪᠠᠨ 2000 ᠤᠨ᠎ᠤ ᠡᠬᠢ᠎ᠪᠠᠷ ᠨᠤᠲᠤᠭ ᠤᠰᠤᠨ᠎ᠤ᠎ᠪᠠᠨ ᠤᠪᠤᠭ᠋ᠠᠨ᠎ᠤ ᠳᠠᠬᠢᠯᠭ᠎ᠠ᠂ ᠨᠠᠢ᠌ᠷ ᠨᠠᠭ᠋ᠠᠳᠤᠮ ᠵᠢᠡᠷ ᠠᠶᠠᠭ᠎ᠠ ᠪᠦᠷᠢ ᠵᠢ ᠳᠠᠪᠤᠨ ᠳᠦᠬᠦᠷᠢᠭ ᠵᠢᠡᠷ ᠬᠤᠳᠠᠯᠳᠤᠳᠠᠭ  ᠪᠠᠢ᠌ᠪᠠ᠃ ᠢᠡᠭᠬᠢᠵᠦ ᠪᠤᠳᠤᠪᠠᠯ ᠬᠦᠭᠵᠢᠯᠳᠦ ᠵᠢᠨ᠎ᠬᠢ ᠴᠡᠭᠡ ᠪᠤᠷᠤᠯᠠᠭᠤᠯᠤᠭ᠋ᠠᠳ ᠬᠤᠷᠢᠨ ᠵᠢᠯ ᠪᠤᠯᠵᠦ ᠪᠠᠢ᠌ᠭ᠎ᠠ ᠶᠤᠮ  ᠪᠠᠢ᠌ᠨ᠎ᠠ᠃ ᠶᠡᠬᠡ ᠡᠷᠳᠡ᠎ᠠᠴᠠ ᠠᠳᠤᠭᠤᠨ᠎ᠤ᠎ᠪᠠᠨ ᠠᠰᠢᠭ ᠰᠢᠮ᠎ᠡ ᠵᠢ ᠵᠠᠬ᠎ᠠ ᠳᠡᠯᠭᠡᠬᠦᠷᠴᠢᠯᠡᠬᠦ ᠳᠤᠬᠠᠢ ᠪᠤᠳᠤᠭᠰᠠᠨ ᠵᠶ᠋ᠠᠷ ᠵᠶ᠋ᠠᠨ ᠬᠤᠯᠨ ᠵᠢ ᠬᠠᠷᠠᠬᠰᠠᠨ ᠮᠠᠯᠴᠢᠨ ᠬᠡᠵᠦ ᠦᠨᠡᠯᠡᠬᠦ᠎ᠳᠤ ᠪᠤᠯᠤᠨ᠎ᠠ᠃ ᠬᠥᠭᠵᠢᠯᠳᠤ ᠴᠡᠭᠡ ᠬᠤᠳᠠᠯᠳᠤᠭᠰᠠᠨ ᠤᠷᠤᠯᠭ᠎ᠠ᠎ᠠᠴᠠ᠎ᠪᠠᠨ ᠰᠡᠨᠭᠭᠡᠷᠡᠯ ᠤᠯᠵᠦ᠂ 2005 ᠤᠨ᠎ᠳᠤ ᠠᠪᠠᠭ᠎ᠠ ᠬᠤᠰᠢᠭᠤᠨ᠎ᠤ ᠪᠡᠯᠭᠦᠳᠠᠢ ᠪᠠᠯᠭ᠋ᠠᠰᠤᠨ᠎ᠤ ᠡᠨᠭᠭᠡᠷ ᠬᠤᠷᠢᠶᠠᠯᠠᠯ᠎ᠤᠨ ᠬᠠᠵᠠᠭᠤ᠎ᠳᠤ ᠴᠡᠭᠡᠨ᠎ᠤ ᠪᠠᠭ᠋ᠠᠷ ᠡᠷᠬᠢᠯᠡᠭᠰᠡᠨ ᠪᠢᠯᠡ᠃ ᠤᠳᠤ ᠬᠥᠭᠵᠢᠯᠳᠦ ᠵᠢᠨ᠎ᠬᠢ ᠵᠢᠯ ᠪᠦᠷᠢ ᠪᠠᠷᠤᠭ ᠭᠤᠴᠢᠭ᠋ᠠᠳ ᠭᠡᠭᠦᠦ ᠰᠠᠭ᠋ᠠᠵᠦ᠂ ᠴᠡᠭᠡᠨ᠎ᠤ ᠪᠠᠭ᠋ᠠᠷ᠎ᠲᠤ᠎ᠪᠠᠨ ᠪᠤᠷᠤᠯᠠᠭᠤᠯᠵᠦ ᠪᠠᠢ᠌ᠨ᠎ᠠ᠃ ᠬᠥᠭᠵᠢᠯᠳᠦ ᠵᠢᠨ ᠠᠶᠠᠭ᠎ᠠ᠎ᠪᠠᠷ ᠴᠡᠬᠡ ᠬᠤᠳᠠᠯᠳᠤᠵᠦ ᠪᠠᠢ᠌ᠭᠰᠠᠨ᠎ᠠᠴᠠ᠎ᠪᠠᠨ ᠠᠷᠠᠯᠵᠢᠶᠠᠨ᠎ᠤ ᠶᠡᠬᠡ ᠵᠡᠭᠡᠯᠢ᠎ᠳᠤ ᠤᠷᠤᠭᠰᠠᠨ ᠦᠯᠢᠭᠡᠷ ᠤᠴᠢᠷ ᠡᠢ᠌ᠮᠦ ᠪᠤᠯᠠᠢ᠃ ᠤᠳᠤ ᠬᠦᠭᠵᠢᠯᠳᠦ ᠵᠢᠨ ᠴᠡᠭᠡᠨ᠎ᠤ ᠤᠷᠤᠯᠭ᠎ᠠ ᠰᠠᠢ᠌ᠨ ᠮᠦᠷᠳᠡᠭᠡᠨ ᠬᠠᠷ᠎ᠠ ᠮᠤᠷᠢ᠎ᠪᠠᠷ ᠵᠢᠡᠨ ᠨᠠᠢ᠌ᠷ᠎ᠤᠨ ᠵᠢᠠᠠᠰᠠᠭ᠋ᠠᠯ᠎ᠳᠤ ᠤᠷᠤᠬᠤ ᠪᠤᠶᠤ ᠪᠤᠰᠤᠳ᠎ᠲᠤ ᠳᠦᠷᠢᠶᠡᠰᠦᠯᠡᠬᠦᠯᠦᠨ ᠤᠨᠤᠭᠤᠯᠵᠦ ᠪᠠᠭ᠎ᠠ ᠦᠭᠡᠢ ᠤᠷᠤᠯᠭ᠎ᠠ ᠤᠯᠳᠠᠭ᠃
    ᠬᠥᠭᠵᠢᠯᠳᠦ ᠠᠳᠤᠭᠤᠴᠢᠨ ᠠᠪᠤ᠎ᠪᠠᠨ ᠲᠤᠰᠤᠨ ᠬᠦᠶᠦᠵᠦ ᠡᠮᠡᠭᠡᠯ᠎ᠤᠨ ᠪᠦᠬᠦᠷᠭᠡ ᠵᠢ᠎ᠨᠢ ᠳᠡᠪᠡᠷᠢᠵᠦ ᠥᠰᠥᠭᠰᠡᠨ ᠪᠤᠯᠬᠤᠷ ᠨᠢ᠋ᠮᠠᠳᠠᠢ᠎ᠠᠴᠠ᠎ᠪᠠᠨ ᠳᠠᠯ᠎ᠲᠠᠢ ᠰᠢᠪᠠᠭᠤᠨ ᠳᠡᠭᠡᠷ᠎ᠡ ᠮᠤᠷᠳᠠᠵᠦ ᠠᠭᠳᠠ ᠵᠢᠨ ᠳᠤᠭᠤᠰᠤᠨ᠎ᠠᠴᠠ ᠰᠤᠭᠤᠷᠠᠵᠦ᠂ ᠠᠳᠤᠭᠤᠨ᠎ᠤ ᠬᠤᠷᠳᠤᠨ ᠵᠢᠡᠷ ᠵᠢᠡᠨ ᠪᠠᠬᠠᠷᠬᠠᠵᠦ ᠶᠠᠪᠤᠭᠰᠠᠨ ᠶᠤᠮ᠃ ᠠᠪᠤ ᠵᠢᠨ᠎ᠬᠢ᠎ᠨᠢ ᠤᠶᠠᠭᠰᠠᠨ ᠤᠯᠠᠨ ᠰᠠᠢ᠌ᠬᠠᠨ ᠮᠤᠷᠢᠳ ᠤᠰᠤ ᠨᠤᠲᠤᠭ᠎ᠤᠨ ᠵᠶ᠋ᠠᠨ ᠤᠷᠤᠯᠳᠤᠭ᠋ᠠᠨ ᠵᠶ᠋ᠠᠷ ᠤᠳᠤ᠎ᠲᠠᠢ ᠳᠠᠪᠬᠢᠵᠦ ᠪᠠᠢ᠌ᠭᠰᠠᠨ ᠵᠶ᠋ᠠᠷ ᠳᠡᠷᠡ ᠤᠷᠤᠯᠳᠤᠭ᠋ᠠᠨ ᠮᠤᠷᠢ ᠤᠶᠠᠬᠤ ᠳᠤᠬᠠᠢ ᠪᠠᠭ᠎ᠠ᠎ᠠᠴᠠ᠎ᠪᠠᠨ ᠤᠢ᠌ᠯᠠᠭ᠋ᠠᠵᠦ ᠮᠡᠳᠡᠭᠰᠡᠨ ᠶᠤᠮ  ᠪᠠᠢ᠌ᠨ᠎ᠠ᠃
    ᠬᠥᠭᠵᠢᠯᠳᠦ᠄ 《ᠮᠢᠨᠦ ᠮᠤᠷᠢ ᠤᠶᠠᠬᠤ ᠡᠷᠳᠡᠮ ᠭᠡᠵᠦ ᠶᠠᠭᠤ ᠯᠡ ᠪᠠᠢ᠌ᠬᠤᠪ ᠳ᠋ᠠ! ᠤᠶᠠᠭ᠎ᠠ ᠰᠤᠢ᠌ᠯᠭ᠎ᠠ ᠵᠢ᠎ᠨᠢ  ᠰᠠᠢ᠌ᠬᠠᠨ ᠳᠡᠡᠭᠴᠡᠬᠦᠯᠬᠦ ᠴᠢᠬᠤᠯᠠ᠂ ᠭᠤᠤᠯ᠎ᠨᠢ ᠮᠤᠷᠢ ᠵᠢ ᠪᠠᠭ᠎ᠠ᠎ᠠᠴᠠ᠎ᠨᠢ ᠤᠨᠤᠵᠦ ᠴᠠᠭ᠋ᠠᠷᠠᠭᠤᠯᠬᠤ᠎ᠳᠤ ᠪᠠᠢ᠌ᠨ᠎ᠠ᠃ ᠪᠢ ᠮᠤᠷᠢ ᠰᠤᠷᠭ᠋ᠠᠵᠦ ᠤᠨᠤᠬᠤ᠎ᠳᠤ᠎ᠪᠠᠨ ᠪᠠᠭ᠎ᠠ᠎ᠠᠴᠠ᠎ᠨᠢ ᠬᠤᠯᠠ ᠶᠠᠪᠤᠭᠤᠯᠳᠠᠭ᠃ ᠬᠤᠯᠠ ᠵᠠᠮ ᠶᠠᠪᠤᠭ᠋ᠠᠳ ᠢᠷᠡᠬᠦ᠎ᠳᠤ ᠰᠠᠢ᠌ᠨ ᠮᠤᠷᠢ ᠪᠤᠯᠬᠤ ᠦᠷᠢᠶ᠎ᠡ ᠳᠠᠭ᠎ᠠ ᠴᠢᠨᠢ ᠴᠠᠭ᠋ᠠᠷᠠᠭ᠋ᠠᠳ ᠢᠷᠡᠴᠢᠬᠡᠨ᠎ᠡ᠃ ᠮᠠᠭᠤ ᠨᠢᠭᠡ᠎ᠨᠢ ᠲᠡᠨᠳᠡ᠎ᠪᠠᠨ ᠪᠠᠯᠠᠷᠠᠵᠦ ᠵᠤᠭᠰᠤᠨ᠎ᠠ᠃ ᠪᠢ ᠨᠢ᠋ᠮᠠᠨ ᠨᠠᠰᠤᠳᠠᠢ᠎ᠠᠴᠠ᠎ᠪᠠᠨ ᠡᠬᠢᠯᠡᠵᠦ ᠵᠢᠷᠭᠤᠭ᠋ᠠᠨ ᠰᠠᠷ᠎ᠠ ᠵᠢᠨ ᠨᠢᠭᠡᠨ᠎ᠤ ᠪᠠᠭ᠋ᠠᠴᠤᠳ ᠬᠡᠤᠬᠡᠳ᠎ᠤᠨ ᠪᠠᠶᠠᠷ ᠵᠶ᠋ᠠᠷ ᠮᠤᠷᠢ ᠤᠨᠤᠵᠦ 60 ᠭᠠᠵᠠᠷ᠎ᠤᠨ ᠠᠯᠤᠰ᠎ᠤᠨ ᠮᠤᠷᠢᠨ᠎ᠤ ᠤᠷᠤᠯᠳᠤᠭ᠋ᠠᠨ᠎ᠳᠤ ᠳᠠᠪᠬᠢᠭᠤᠯᠳᠠᠭ᠃ ᠦᠷ ᠴᠦᠷ ᠵᠶ᠋ᠠᠷ ᠪᠤᠰᠴᠤ ᠬᠤᠶᠠᠷ ᠭᠤᠷᠪᠠᠨ ᠴᠠᠭ ᠵᠶ᠋ᠠᠷ ᠮᠤᠷᠢ ᠤᠨᠤᠳᠠᠭ᠂ ᠲᠡᠷᠡ ᠦᠶ᠎ᠡ᠎ᠳᠤ ᠠᠪᠤ ᠵᠢᠨ ᠰᠢᠷᠭ᠎ᠠ ᠮᠤᠷᠢ᠂ ᠡᠷᠢᠶᠡᠨ ᠲᠠᠰᠢᠶ᠎ᠠ᠂ ᠪᠦᠭᠳᠦᠷ ᠬᠠᠷ᠎ᠠ ᠭᠡᠳ ᠬᠡᠳᠦᠨ ᠰᠠᠢ᠌ᠬᠠᠨ ᠮᠤᠷᠢ ᠬᠤᠷᠳᠤᠯᠠᠵᠦ ᠪᠠᠢ᠌ᠭᠰᠠᠨ ᠳ᠋ᠠ》 ᠭᠡᠪᠡ᠃
ᠬᠥᠭᠵᠢᠯᠳᠦ ᠵᠢᠨ ᠬᠤᠯᠤᠭ᠋ᠠᠷ ᠬᠠᠷ᠎ᠠ᠂ ᠰᠢᠷᠭ᠎ᠠ᠂ ᠪᠠᠭ᠎ᠠ ᠬᠠᠷ᠎ᠠ᠎ᠨᠢ ᠤᠳᠤ᠎ᠲᠠᠢ ᠬᠤᠷᠳᠤᠯᠠᠵᠦ ᠪᠠᠢ᠌ᠭᠰᠠᠨ ᠪᠤᠯ ᠳᠡᠬᠦᠨ᠎ᠤ ᠳᠤᠮᠳᠠ ᠤᠷᠠᠨ ᠬᠠᠷ᠎ᠠ ᠭᠡᠳᠡᠭ ᠰᠠᠢ᠌ᠬᠠᠨ ᠬᠦᠯᠦᠭ᠎ᠢ᠎ᠨᠢ ᠳᠤᠷᠠᠰᠤᠯᠳᠠᠢ᠃ ᠤᠷᠠᠨ ᠬᠠᠷ᠎ᠠ ᠪᠤᠯ ᠬᠦᠭᠵᠢᠯᠳᠦ ᠵᠢᠨ ᠬᠠᠢ᠌ᠷᠠᠳᠠᠢ ᠬᠤᠷᠳᠤᠨ ᠪᠤᠶᠠᠨ᠎ᠤ ᠨᠢᠭᠡ᠃ 《ᠮᠢᠨᠦ ᠤᠷᠠᠨ ᠬᠠᠷ᠎ᠠ ᠵᠢᠨ ᠨᠢᠭᠡᠨ ᠰᠠᠢ᠌ᠬᠠᠨ ᠳᠠᠭᠤᠤ  ᠪᠠᠢ᠌ᠳᠠᠭ ᠶᠤᠮ》 ᠭᠡᠳ ᠬᠦᠭᠵᠢᠯᠳᠦ ᠰᠠᠢ᠌ᠬᠠᠨ ᠵᠤᠭᠤᠭ ᠳᠡᠯᠭᠡᠯ᠎ᠡ᠃
    《ᠰᠠᠯᠬᠢ ᠰᠠᠯᠬᠢᠨ᠎ᠤ ᠠᠮᠢᠰᠬᠤᠭ᠋ᠠᠨ᠎ᠳᠤ
    ᠵᠠᠯᠡᠨ᠎ᠤ ᠭᠤᠭᠴᠤᠭ᠎ᠠ ᠳᠠᠰᠤᠷᠠᠨ᠎ᠠ
    ᠁
    ᠰᠠᠯᠬᠢ ᠳᠠᠪᠠᠮ᠎ᠠ ᠬᠦᠶᠦᠳᠡᠯ᠎ᠲᠠᠢ
    ᠵᠡᠬᠦᠳᠦᠨ ᠳᠤᠮᠤᠭ᠎ᠲᠠᠢ ᠠᠵᠢᠨᠠᠢ ᠡ

    ᠤᠮᠤᠭ ᠵᠠᠳᠠᠭ᠋ᠠᠢ᠌ᠯᠠᠨ ᠶᠠᠪᠤᠬᠤ᠎ᠳᠤ
    ᠳᠤᠭᠤᠰᠤ᠎ᠨᠢ ᠦᠭᠡᠢ ᠳᠠᠰᠤᠷᠠᠨ᠎ᠠ
    ᠁
    ᠨᠢᠳᠦ ᠠᠯᠳᠠᠮ᠎ᠠ ᠬᠦᠶᠦᠳᠡᠯ᠎ᠲᠠᠢ
   ᠬᠡᠢ᠌ᠮᠦᠷᠢ ᠰᠡᠷᠭᠦᠭᠡᠬᠦ ᠠᠵᠢᠨᠠᠢ ᠡ》 ᠬᠡᠮᠡᠨ ᠳᠠᠭᠤᠯᠠᠭᠳᠠᠳᠠᠭ ᠡᠨᠡ ᠳᠠᠭᠤᠤ ᠪᠤᠯ ᠬᠦᠭᠵᠢᠯᠳᠦ ᠵᠢᠨ ᠤᠷᠠᠨ ᠬᠠᠷ᠎ᠠ᠎ᠪᠠᠨ ᠳᠤᠷᠠᠰᠴᠦ ᠵᠤᠬᠢᠶᠠᠯᠭ᠋ᠠᠭᠰᠠᠨ ᠳᠠᠭᠤᠤ ᠠᠵᠢ᠃ ᠪᠦᠰᠡᠬᠦᠢ ᠵᠢᠨ᠎ᠬᠢ᠎ᠨᠢ ᠢᠨᠵᠢᠨ᠎ᠳᠤ ᠢᠷᠡᠭᠰᠡᠨ ᠬᠠᠷ᠎ᠠ ᠳᠠᠭ᠎ᠠ ᠵᠢ ᠬᠦᠭᠵᠢᠯᠳᠦ ᠬᠤᠷᠳᠤᠨ ᠬᠦᠯᠦᠭ ᠪᠤᠯᠤᠨ᠎ᠠ ᠬᠡᠮᠡᠨ ᠳᠠᠨᠢᠵᠦ᠂ ᠰᠡᠳᠬᠢᠯ ᠵᠢᠳᠬᠦᠯ ᠭᠠᠷᠭ᠋ᠠᠵᠦ ᠤᠶᠠᠵᠦ ᠰᠤᠢ᠌ᠭᠰᠠᠨ ᠪᠤᠯᠬᠤᠷ ᠤᠯᠠᠨ ᠨᠠᠢ᠌ᠷ᠎ᠲᠤ ᠤᠳᠤᠯᠠᠵᠦ ᠬᠤᠷᠳᠤᠯᠠᠭᠰᠠᠨ ᠶᠤᠮ᠃ ᠬᠦᠭᠵᠢᠯᠳᠦ ᠵᠢᠨ ᠪᠦᠰᠡᠬᠦᠢ᠎ᠨᠢ ᠤᠷᠠᠨᠴᠡᠴᠡᠭ ᠭᠡᠳᠡᠭ ᠪᠤᠯᠬᠤᠷ ᠳᠡᠷᠡ ᠡᠨᠡ ᠬᠤᠷᠳᠤᠨ ᠪᠤᠶᠠᠨ ᠵᠢᠡᠨ ᠤᠷᠠᠨ ᠬᠠᠷ᠎ᠠ ᠬᠡᠮᠡᠨ ᠨᠠᠷᠡᠯᠡᠭᠰᠡᠨ ᠪᠠᠢ᠌ᠪᠠ᠃ ᠤᠷᠠᠨ ᠬᠠᠷ᠎ᠠ ᠴᠡᠨᠭᠭᠡᠯᠪᠤᠯᠠᠭ ᠰᠤᠮᠤ᠂ ᠪᠠᠶᠠᠨᠳᠤᠭ ᠰᠤᠮᠤ᠂ ᠪᠡᠯᠭᠦᠳᠠᠢ ᠪᠠᠯᠭ᠋ᠠᠰᠤ᠂ ᠶᠡᠬᠡᠭᠤᠤᠯ ᠰᠤᠮᠤ᠂ ᠡᠷᠢᠶᠡᠨ ᠬᠤᠳᠠ ᠵᠢᠨ ᠬᠡᠷᠡᠯᠳᠦᠡᠤᠳᠤ ᠰᠤᠮᠤ᠂ ᠪᠤᠭᠳᠠᠡᠡᠭᠤᠯᠠ ᠰᠤᠮᠤ ᠵᠡᠷᠭᠡ ᠭᠠᠵᠠᠷ᠎ᠤᠨ ᠤᠯᠠᠨ ᠰᠠᠢ᠌ᠬᠠᠨ  ᠨᠠᠢ᠌ᠷ ᠨᠠᠭ᠋ᠠᠳᠤᠮ ᠵᠶ᠋ᠠᠷ ᠤᠯᠠᠨᠳᠠ ᠳᠡᠷᠢᠬᠦᠯᠡᠵᠦ᠂ ᠤᠯᠠᠨᠳᠠ ᠠᠢ᠌ᠷᠠᠭᠳᠠᠵᠦ ᠪᠠᠢ᠌ᠭᠰᠠᠨ᠎ᠢ᠎ᠨᠢ  ᠡᠨᠡ ᠨᠤᠲᠤᠭ᠎ᠤᠨ᠎ᠬᠢᠨ ᠠᠨᠳᠠᠬᠤ ᠦᠭᠡᠢ ᠮᠡᠳᠡᠳᠡᠭ᠃ ᠤᠷᠠᠨ ᠬᠠᠷ᠎ᠠ ᠤᠴᠠᠷᠠᠯ ᠢᠷᠦᠭᠡᠯ᠎ᠤᠨ ᠰᠠᠢ᠌ᠨ ᠰᠠᠢ᠌ᠬᠠᠨ᠎ᠤ ᠳᠡᠮᠳᠡᠭ ᠪᠤᠯᠵᠦ  ᠡᠨᠡ ᠠᠢ᠌ᠯ᠎ᠳᠤ ᠦᠯᠢᠭᠡᠷ᠎ᠲᠠᠢ ᠳᠠᠭᠤᠤ᠎ᠲᠠᠢ ᠠᠷᠪᠠᠨ ᠳᠠᠪᠤᠨ ᠵᠢᠯ ᠪᠤᠯᠵᠠᠢ᠃ ᠬᠦᠮᠦᠨ ᠬᠦᠯᠦᠭ ᠬᠤᠶᠠᠷ᠎ᠤᠨ ᠬᠤᠪᠢ ᠪᠠᠷᠢᠯᠳᠤᠯᠭ᠎ᠠ ᠡ ᠭᠡᠵᠢ᠂ ᠬᠡᠵᠢᠶ᠎ᠡ ᠳᠤᠷᠠᠰᠤᠭᠰᠠᠨ ᠴᠤ᠌ ᠰᠢᠨ᠎ᠡ᠎ᠪᠠᠷ ᠵᠶ᠋ᠠᠨ ᠦᠯᠡᠳᠡᠭᠰᠡᠨ ᠳᠤᠡᠭᠭ᠋ᠠᠯᠠᠭᠬᠠᠨ ᠳᠤᠷᠠᠰᠤᠮᠵᠢ ᠪᠠᠢ᠌ᠳᠠᠭ᠎ᠢ ᠠᠳᠤᠭᠤᠴᠢᠨ ᠬᠦᠮᠦᠨ᠎ᠤ ᠶᠠᠷᠢᠶᠠᠨ᠎ᠠᠴᠠ ᠤᠢ᠌ᠯᠠᠭ᠋ᠠᠬᠤ ᠰᠠᠢ᠌ᠬᠠᠨ ᠪᠠᠢ᠌ᠯ᠎ᠠ᠃
   
    ᠠᠬ᠎ᠠ ᠳᠡᠬᠦᠦ ᠬᠤᠶᠠᠷ ᠮᠠᠯᠴᠢᠨ ᠬᠢᠯᠢ ᠨᠤᠲᠤᠭ᠎ᠲᠤ


f4764f23431b6aa47db01a9565d7789b_.jpg



   ᠠᠪᠠᠭ᠎ᠠ ᠬᠤᠰᠢᠭᠤᠨ᠎ᠤ ᠵᠢᠷᠭ᠋ᠠᠯᠠᠡᠭᠳᠤ ᠰᠤᠮᠤᠨ᠎ᠤ ᠪᠠᠶᠠᠨᠵᠢᠷᠭ᠋ᠠᠯᠠᠡᠭᠳᠦ ᠭᠠᠴᠠᠭ᠋ᠠᠨ᠎ᠤ ᠵᠠᠯᠠᠭᠤ ᠮᠠᠯᠴᠢᠨ ᠰᠢᠯᠢᠨᠵᠤᠷᠢᠭ᠂ ᠰᠢᠯᠢᠡᠡᠷᠳᠡᠨᠢ ᠬᠤᠶᠠᠷ 《ᠬᠤᠨᠢ ᠵᠢ ᠳᠤᠭᠳᠠᠪᠤᠷᠢᠵᠢᠭᠤᠯᠵᠦ ᠦᠭᠡᠷ᠎ᠢ ᠨᠡᠮᠡᠭᠳᠡᠬᠦᠯᠬᠦ》 ᠪᠤᠳᠤᠯᠭ᠎ᠠ ᠵᠢᠨ ᠳᠠᠭ᠋ᠠᠤ ᠤᠯᠠᠨ ᠵᠢᠯ᠎ᠤᠨ ᠳᠤᠷᠰᠢ ᠦᠭᠡᠷ᠎ᠤᠨ ᠡᠬᠦᠯᠳᠡᠷ ᠵᠢᠡᠨ ᠰᠠᠢ᠌ᠵᠢᠷᠠᠭᠤᠯᠬᠤ ᠵᠢᠨ ᠳᠦᠯᠦᠭᠡ ᠠᠵᠢᠯᠯᠠᠵᠦ ᠶᠠᠪᠤᠭ᠎ᠠ ᠠᠵᠢ᠃ ᠬᠤᠰᠢᠭᠤ ᠰᠤᠮᠤᠨ᠎ᠤ᠎ᠬᠢ᠎ᠨᠢ ᠬᠠᠮᠢᠶ᠎ᠠ ᠪᠦᠬᠦᠢ ᠬᠠᠷᠢᠭᠤᠴᠠᠯᠭ᠋ᠠᠳᠠᠨ ᠡᠳᠡᠨ᠎ᠤ᠎ᠬᠢ ᠵᠢ ᠦᠭᠡᠷ᠎ᠤᠨ ᠡᠬᠦᠯᠳᠡᠷ ᠵᠶ᠋ᠠᠨ ᠰᠠᠢ᠌ᠵᠢᠷᠠᠭᠤᠯᠤᠭ᠋ᠠᠳ ᠬᠤᠰᠢᠭᠤ ᠨᠤᠲᠤᠭ ᠳᠡᠳᠦᠢ ᠦᠭᠡᠢ ᠠᠢ᠌ᠮᠠᠭ᠎ᠲᠤ ᠴᠤ᠌  ᠰᠢᠯᠢᠳᠡᠭ᠎ᠲᠤ ᠲᠤᠭ᠋ᠠᠴᠢᠭᠳᠠᠬᠤ ᠪᠤᠯᠤᠭᠰᠠᠨ᠎ᠢ ᠶᠠᠷᠢᠬᠤ ᠦᠶ᠎ᠡ᠎ᠳᠤ ᠠᠬᠠᠮᠠᠳ ᠮᠠᠯᠴᠢᠨ ᠪᠠᠢ᠌ᠬ᠎ᠠ ᠭᠡᠵᠦ ᠳᠦᠰᠦᠭᠡᠯᠡᠭᠰᠡᠨ ᠮᠠᠨᠢ ᠪᠤᠷᠤᠭᠤᠳᠠᠵᠦ ᠴᠡᠯ ᠵᠠᠯᠠᠭᠤ ᠠᠬ᠎ᠠ ᠳᠡᠬᠦᠦ ᠬᠤᠶᠠᠷ᠎ᠲᠠᠢ ᠠᠭᠤᠯᠵᠠᠵᠢ ᠪᠢᠯᠡ᠃
     ᠭᠤᠷᠪᠠ ᠤᠳᠠᠭ᠋ᠠᠨ᠎ᠤ ᠳᠤᠬᠢᠷᠠᠭᠤᠯᠤᠯᠳᠠ ᠪᠤᠯ ᠳᠡᠳᠡᠨ᠎ᠤ ᠵᠠᠮᠨᠠᠯ᠃ ᠬᠢᠯᠢ ᠵᠢᠨ ᠨᠤᠳᠤᠭ ᠵᠢᠷᠭ᠋ᠠᠯᠠᠡᠭᠳᠦ ᠪᠡᠯᠴᠢᠬᠡᠷ ᠡᠪᠡᠰᠦ ᠦᠡᠭ ᠰᠢᠮᠡᠯᠢᠭ ᠰᠠᠢ᠌ᠬᠠᠨ ᠭᠠᠵᠠᠷ᠃ ᠰᠢᠯᠢᠨᠵᠤᠷᠢᠭ ᠰᠢᠯᠢᠡᠡᠷᠳᠡᠨᠢ ᠠᠬ᠎ᠠ ᠲᠡᠬᠦᠦ ᠬᠤᠶᠠᠷ᠎ᠤᠨ᠎ᠬᠢᠨ ᠠᠨᠭ᠌ᠭ᠋ᠠᠯᠳᠤ ᠠᠭᠤᠯᠠ᠎ᠪᠠᠨ ᠪᠠᠷᠠᠳᠠᠨ᠂ ᠴᠠᠭ᠋ᠠᠨ ᠲᠡᠯ ᠠᠭᠤᠯᠠ ᠵᠢᠨ ᠵᠶ᠋ᠠᠨ ᠵᠡᠬᠦᠬᠡᠨ ᠡᠡᠭᠭᠡᠷ᠎ᠲᠤ ᠴᠢᠬᠢ ᠵᠢᠨ ᠬᠦᠨᠳᠡᠢ  ᠭᠡᠳᠡᠭ ᠨᠤᠳᠤᠭ ᠲᠡᠭᠡᠷ᠎ᠡ ᠠᠵᠦ ᠲᠦᠷᠦᠨ ᠠᠮᠢᠳᠤᠷᠠᠨ ᠰᠠᠭᠤᠷᠢᠰᠢᠭ᠎ᠠ ᠪᠢᠯᠡ᠃ ᠳᠡᠳᠡᠨ᠎ᠤ᠎ᠬᠢ ᠬᠤᠰᠢᠭᠤᠨ᠎ᠤ ᠲᠦᠪ᠎ᠠᠴᠠ᠎ᠪᠠᠨ 160  ᠺᠢᠯᠤᠮᠸᠲᠷ ᠵᠠᠢ᠌ᠳᠠᠢ ᠪᠠᠢ᠌ᠵᠦ᠂ ᠬᠠᠷᠢᠨ ᠬᠢᠯᠢ ᠵᠢᠨ ᠱᠤᠭᠤᠮ᠎ᠠᠴᠠ ᠬᠤᠷᠢᠬᠠᠨ ᠭᠠᠵᠠᠷ ᠯᠡ  ᠵᠠᠢ᠌ᠳᠠᠢ ᠪᠠᠢ᠌ᠳᠠᠭ ᠪᠤᠯᠬᠤᠷ ᠵᠢᠪ ᠵᠢᠡᠭᠬᠢᠨᠢ ᠤᠮᠠᠷᠠᠳᠦ ᠬᠢᠯᠢ᠎ᠪᠠᠨ ᠰᠠᠬᠢᠭᠰᠠᠨ ᠮᠠᠯᠴᠢᠨ ᠠᠢ᠌ᠯ᠎ᠤᠨ ᠨᠢᠭᠡ ᠶᠤᠮ ᠃ ᠳᠡᠳᠡᠨ᠎ᠤ᠎ᠬᠢᠨ᠎ᠳᠤ ᠡᠪᠦᠯ᠎ᠳᠤ᠎ᠪᠠᠨ ᠠᠪᠠᠭ᠎ᠠ ᠬᠤᠰᠢᠭᠤᠨ᠎ᠤ᠎ᠪᠠᠨ ᠳᠦᠪ᠎ᠲᠠᠢ ᠬᠠᠷᠢᠴᠠᠭᠤᠯᠬᠤ᠎ᠳᠤ ᠴᠤ᠌ ᠲᠠᠪᠤ ᠵᠢᠷᠭᠤᠭ᠋ᠠᠨ ᠭ᠋ᠷᠡᠳᠦ᠋ᠰ ᠬᠦᠢ᠍ᠳᠡᠨ ᠪᠠᠢ᠌ᠳᠠᠭ᠃ ᠰᠢᠮᠸᠨ᠋ᠲ᠋ᠡᠷ ᠦᠭᠡᠷ ᠮᠠᠯᠵᠢᠬᠤ᠎ᠳᠤ ᠠᠷᠠᠴᠢᠯᠠᠭ᠎ᠠ ᠳᠤᠳᠤᠮᠳᠠᠯᠭ᠎ᠠ ᠶᠡᠬᠡ ᠤᠷᠤᠳᠠᠭ᠃  ᠤᠨᠴᠠᠭ᠋ᠠᠢ᠌ᠯᠠᠨ ᠬᠦᠢ᠍ᠳᠡᠨ ᠭᠠᠵᠠᠷ ᠮᠠᠯᠵᠢᠬᠤ᠎ᠳᠤ ᠢᠯᠡᠬᠦᠦ ᠳᠤᠳᠤᠮᠳᠠᠬᠤ ᠭᠡᠷᠡᠭᠳᠡᠢ᠃ ᠭᠡᠬᠦ᠎ᠳᠤ᠎ᠪᠠᠨ ᠰᠢᠯᠢᠠᠵᠤᠷᠢᠭ ᠰᠢᠯᠢᠡᠡᠷᠳᠡᠨᠢ ᠠᠬ᠎ᠠ ᠳᠡᠬᠦᠦ ᠬᠤᠶᠠᠷ ᠪᠦᠬᠦ ᠳᠠᠯ᠎ᠠ᠎ᠪᠠᠷ ᠵᠤᠬᠢᠴᠠᠭᠤᠯᠤᠨ᠂ ᠪᠠᠢ᠌ᠭ᠋ᠠᠯᠢ ᠵᠢᠨ ᠨᠦᠬᠦᠴᠡᠯ ᠬᠡᠳᠦᠢ ᠬᠠᠬᠢᠷ ᠬᠦᠢ᠍ᠳᠡᠨ ᠪᠠᠢ᠌ᠭᠰᠠᠨ ᠴᠤ᠌ ᠦᠭᠡᠷ ᠵᠶ᠋ᠠᠨ ᠦᠨᠢᠷ ᠦᠰᠭᠡᠨ᠂ ᠵᠢᠯ᠎ᠠᠴᠠ ᠵᠢᠯ ᠡᠬᠦᠯᠳᠡᠷ᠎ᠢ᠎ᠨᠢ ᠰᠠᠢ᠌ᠵᠢᠷᠠᠭᠤᠯᠵᠦ ᠶᠠᠪᠤᠭ᠎ᠠ᠎ᠨᠢ ᠮᠠᠭᠳᠠᠭᠤᠰᠢᠳᠠᠢ᠃
    ᠰᠢᠯᠢᠨᠵᠤᠷᠢᠭ᠂ ᠰᠢᠯᠢᠡᠡᠷᠳᠡᠨᠢ ᠠᠬ᠎ᠠ ᠲᠡᠬᠦᠦ ᠬᠤᠶᠠᠷ ᠰᠤᠷᠭ᠋ᠠᠭᠤᠯᠢ᠎ᠪᠠᠨ ᠳᠡᠬᠦᠰᠦᠭᠡᠳ ᠬᠠᠷᠢᠭᠰᠠᠨ᠎ᠤ ᠰᠡᠬᠦᠯᠡᠷ ᠭᠤᠷᠪᠠ ᠤᠳᠠᠭ᠋ᠠᠨ᠎ᠤ ᠮᠠᠯ ᠠᠵᠦ ᠠᠬᠤᠢ ᠵᠢᠨ ᠪᠦᠳᠦᠴᠡ ᠵᠢᠨ ᠲᠤᠬᠢᠷᠠᠭᠤᠯᠤᠯᠳᠠ᠎ᠪᠠᠷ ᠲᠠᠮᠵᠢᠨ᠂ ᠠᠢ᠌ᠠᠮᠭ᠎ᠤᠨ ᠲᠡᠰ᠎ᠤᠨ  ᠬᠤᠸᠠᠰᠢ ᠦᠬᠡᠷ ᠲᠡᠵᠢᠬᠡᠨ ᠦᠷᠡᠵᠢᠬᠦᠯᠵᠦ ᠦᠷ᠎ᠡ ᠵᠢᠨ ᠮᠠᠯ ᠰᠤᠨᠭ᠌ᠭᠤᠨ ᠪᠤᠢ᠌ᠵᠢᠭᠤᠯᠬᠤ ᠰᠠᠭᠤᠷᠢᠨ ᠭᠠᠵᠠᠷ ᠵᠶ᠋ᠠᠷ ᠳᠤᠭᠳᠠᠭ᠋ᠠᠭᠳᠠᠵᠦ᠂ ᠤᠢ᠌ᠷ᠎ᠠ ᠬᠠᠪᠢ ᠵᠢᠨ ᠮᠠᠯᠴᠢᠨ ᠲᠦᠮᠡᠨ᠎ᠤ᠎ᠪᠠᠨ ᠠᠡᠭᠬᠠᠷᠤᠯ ᠳᠠᠭ᠋ᠠᠰᠢᠶᠠᠯ᠎ᠳᠤ ᠬᠦᠷᠦᠭᠰᠡᠨ ᠮᠦᠷᠳᠡᠭᠡᠨ ᠨᠠᠮ ᠵᠠᠰᠠᠭ᠎ᠤᠨ ᠦᠨᠳᠦᠷ ᠦᠨᠡᠯᠡᠯᠳᠡ ᠵᠢ ᠤᠯᠪᠠ᠃ ᠤᠳᠤ ᠳᠡᠳᠡᠨ᠎ᠤ᠎ᠬᠢ᠎ᠠᠴᠠ ᠰᠢᠯᠢᠳᠡᠭ ᠡᠬᠦᠯᠳᠡᠷ᠎ᠤᠨ ᠦᠭᠡᠷ ᠠᠪᠬᠤ᠎ᠪᠠᠷ ᠢᠷᠡᠬᠦ ᠬᠦᠮᠦᠨ ᠤᠯᠠᠰᠢᠷᠠᠵᠦ ᠪᠠᠢ᠌ᠬᠤ ᠪᠦᠭᠡᠳ ᠭᠡᠭᠡᠯᠳᠦᠬᠦᠯᠭᠡ ᠵᠢᠨ ᠮᠡᠷᠭᠡᠵᠢᠯ ᠰᠤᠷᠬᠤ ᠬᠦᠮᠦᠨ ᠴᠤ᠌ ᠪᠠᠢ᠌ᠡᠭᠭᠤ ᠢᠷᠡᠬᠦ ᠪᠤᠯᠪᠠ᠃
    ᠰᠢᠯᠢᠨᠵᠤᠷᠢᠭ᠂ ᠰᠢᠯᠢᠠᠡᠷᠳᠡᠨᠢ ᠠᠬ᠎ᠠ ᠲᠡᠬᠦᠦ ᠬᠤᠶᠠᠷ ᠠᠨᠭ᠌ᠬ᠎ᠠ ᠡᠬᠢᠯᠡᠬᠡᠳ 300 ᠭᠠᠷᠤᠢ ᠤᠷᠢᠶᠠᠨᠭ᠌ᠬᠠᠢ ᠬᠤᠨᠢ ᠮᠠᠯᠵᠢᠵᠤ ᠪᠠᠢ᠌ᠭᠰᠠᠨ ᠶᠤᠮ᠃ ᠳᠡᠳᠡᠨ᠎ᠤ ᠨᠤᠲᠤᠭ᠎ᠲᠤ ᠬᠤᠨᠢ ᠮᠠᠯᠵᠢᠬᠤ᠎ᠨᠢ ᠳᠤᠬᠢᠷᠠᠮᠵᠢ ᠦᠭᠡᠢ ᠵᠢ ᠮᠡᠳᠡᠭᠰᠡᠨ ᠪᠤᠯᠬᠤᠷ ᠬᠤᠨᠢ᠎ᠪᠠᠨ ᠬᠤᠳᠠ᠎ᠪᠠᠷ᠎ᠨᠢ ᠪᠤᠷᠤᠯᠠᠭᠤᠯᠬᠤ ᠠᠡᠭᠬᠠᠨ᠎ᠤ ᠠᠯᠬᠤᠮ ᠵᠶ᠋ᠠᠨ ᠠᠯᠬᠤᠪᠠ᠃ ᠮᠠᠯ᠎ᠤᠨ ᠪᠦᠳᠦᠴᠡ᠎ᠳᠤ᠎ᠪᠠᠨ ᠢᠡᠭᠭᠢᠵᠤ ᠠᠡᠭᠬ᠎ᠠ ᠳᠤᠬᠢᠷᠠᠭᠤᠯᠤᠯᠳᠠ ᠬᠢᠪᠡ᠃ ᠪᠤᠳᠤᠯ ᠳᠤᠭᠳᠠᠭᠰᠠᠨ ᠪᠠᠢ᠌ᠳᠠᠯ ᠳᠤᠤᠷ᠎ᠠ ᠵᠤᠷᠢᠭᠳᠠᠢ ᠦᠭᠡᠷᠡᠴᠢᠯᠡᠯᠳᠡ ᠬᠢᠬᠦ ᠪᠤᠯ ᠵᠠᠯᠠᠭᠤ ᠬᠦᠮᠦᠨ᠎ᠤ ᠠᠪᠳᠠᠯ ᠪᠢᠯᠡ᠃ ᠳᠡᠳᠡᠨ᠎ᠤ ᠰᠤᠡᠭᠭᠤᠯᠳᠠ᠎ᠨᠢ ᠶᠠᠭ᠋ᠠᠬᠢᠯᠳᠠ ᠴᠤ᠌ ᠦᠭᠡᠢ ᠦᠭᠡᠷ ᠪᠠᠢ᠌ᠭᠰᠠᠨ ᠶᠤᠮ᠃ 2005 ᠤᠨ᠎ᠠᠴᠠ ᠳᠡᠳᠡ ᠨᠤᠳᠤᠭ᠎ᠤᠨ ᠦᠬᠡᠷ ᠮᠠᠯᠵᠢᠵᠤ ᠡᠬᠢᠯᠡᠪᠡ᠃ ᠦᠬᠡᠷ ᠮᠠᠯᠵᠢᠬᠤ᠎ᠨᠢ ᠦᠷ᠎ᠡ ᠠᠰᠢᠭ ᠵᠶ᠋ᠠᠷ ᠦᠨᠳᠦᠷ᠂ ᠡᠪᠡᠰᠦ ᠪᠡᠯᠴᠢᠬᠡᠷ᠎ᠲᠤ ᠭᠠᠮᠳᠠᠢ ᠪᠠᠢ᠌ᠳᠠᠭ᠎ᠢ ᠭᠤᠴᠢ ᠬᠦᠷᠦᠭᠡ ᠦᠭᠡᠢ ᠨᠠᠰᠤᠨ᠎ᠳᠤ᠎ᠪᠠᠨ ᠠᠬ᠎ᠠ ᠳᠡᠬᠦᠦ ᠬᠤᠶᠠᠷ ᠰᠤᠪᠢᠵᠦ ᠪᠤᠳᠤᠵᠦ ᠶᠠᠪᠤᠭᠰᠠᠨ ᠠᠵᠢ᠃ ᠰᠤᠷᠭ᠋ᠠᠭᠤᠯᠢ ᠳᠡᠬᠦᠰᠦᠭᠡᠳ ᠰᠢᠭᠤᠳ ᠮᠠᠯ ᠠᠵᠤ ᠠᠬᠤᠢ ᠵᠢᠨ ᠹᠷᠤᠨᠲ᠎ᠲᠤ ᠭᠠᠷᠤᠭᠰᠠᠨ ᠠᠬ᠎ᠠ ᠳᠡᠬᠦᠦ ᠬᠤᠶᠠᠷ᠎ᠲᠤ  ᠳᠤᠷᠰᠢᠯᠭ᠎ᠠ ᠰᠤᠷᠭ᠋ᠠᠮᠵᠢ ᠮᠡᠬᠦᠰ ᠪᠠᠢ᠌ᠭᠰᠠᠨ ᠴᠤ᠌ ᠬᠢᠴᠢᠶᠡᠵᠦ ᠰᠤᠷᠬᠤ ᠢᠳᠡᠭᠡᠯ ᠴᠢᠷᠮᠠᠢ᠌ᠯᠭ᠎ᠠ ᠪᠤᠯᠤᠨ ᠬᠢᠵᠦ ᠪᠦᠳᠦᠭᠡᠬᠦ ᠵᠤᠷᠢᠭ ᠳᠤᠳᠠᠭ᠎ᠠ ᠦᠭᠡᠢ᠃ ᠨᠤᠲᠤᠭ᠎ᠤᠨ ᠦᠭᠡᠷ ᠮᠠᠯᠵᠢᠭ᠋ᠠᠳ ᠬᠢᠷᠢ᠎ᠳᠤ᠎ᠪᠠᠨ ᠠᠮᠵᠢᠯᠳᠠ᠎ᠲᠠᠢ ᠪᠠᠢ᠌ᠭᠰᠠᠨ ᠴᠤ᠌ ᠴᠠᠭ ᠦᠶ᠎ᠡ ᠵᠢᠨ ᠬᠦᠭᠵᠢᠯᠳᠡ᠂ ᠵᠠᠬ᠎ᠠ ᠳᠡᠯᠭᠡᠬᠦᠷ᠎ᠤᠨ ᠱᠠᠭ᠋ᠠᠷᠳᠠᠯᠭ᠎ᠠ ᠵᠢ ᠳᠠᠭ᠋ᠠᠭ᠋ᠠᠳ ᠬᠤᠶᠡᠳᠡᠬᠢ ᠪᠦᠳᠦᠴᠡ ᠵᠢᠨ ᠳᠤᠬᠢᠷᠠᠭᠤᠯᠤᠯᠳᠠ ᠬᠢᠬᠦ ᠱᠠᠭ᠋ᠠᠷᠳᠠᠯᠭ᠎ᠠ᠎ᠲᠠᠢ ᠪᠤᠯᠪᠠ᠃ ᠠᠵᠢᠭᠴᠢ ᠤᠬᠠᠭ᠋ᠠᠯᠢᠭ ᠠᠬ᠎ᠠ ᠲᠡᠬᠦᠦ ᠬᠤᠶᠠᠷ ᠮᠠᠨᠢ 2018 ᠤᠨ᠎ᠳᠤ ᠨᠤᠲᠤᠭ᠎ᠤᠨ  ᠦᠭᠡᠷ ᠵᠢᠡᠨ ᠪᠤᠷᠤᠯᠠᠭᠤᠯᠵᠤ᠂  ᠮᠦᠨ ᠵᠢᠯ ᠎ᠳᠤ᠎ᠪᠠᠨ ᠲᠦᠨᠭᠯᠢᠶᠤᠤ ᠬᠤᠳᠠ᠎ᠠᠴᠠ 52 ᠰᠢᠯᠢᠳᠡᠭ ᠡᠬᠦᠯᠳᠡᠷ᠎ᠤᠨ ᠰᠢᠮᠸᠨ᠋ᠲ᠋ᠡᠷ ᠦᠬᠡᠷ ᠠᠪᠴᠢᠷᠠᠵᠤ᠂ ᠤᠳᠤ ᠪᠤᠯᠬᠤ᠎ᠳᠤ ᠠᠢ᠌ᠮᠠᠭ᠎ᠤᠨ ᠳᠡᠰ᠎ᠤᠨ ᠬᠤᠸᠠᠰᠢ ᠦᠭᠡᠷ᠎ᠤᠨ ᠰᠠᠭᠤᠷᠢᠨ ᠪᠤᠯᠤᠭᠰᠠᠨ ᠪᠠᠢ᠌ᠨ᠎ᠠ᠃ ᠡᠨᠡ ᠪᠤᠯ ᠲᠡᠳᠡᠨ᠎ᠤ ᠮᠠᠯ᠎ᠤᠨ ᠪᠦᠳᠦᠴᠡ᠎ᠳᠤ᠎ᠪᠠᠨ ᠭᠤᠷᠪᠠᠨᠳᠡᠬᠢ ᠤᠳᠠᠭ᠎ᠠ ᠳᠤᠬᠢᠷᠠᠭᠤᠯᠤᠯᠳᠠ ᠬᠢᠭᠰᠡᠨ ᠶᠠᠪᠤᠳᠠᠯ ᠪᠤᠯᠤᠨ᠎ᠠ᠃
    ᠮᠡᠷᠭᠡᠵᠢᠯ ᠡᠵᠡᠮᠰᠢᠬᠦ ᠪᠤᠯ ᠳᠡᠳᠡᠨ᠎ᠤ ᠬᠦᠰᠡᠯ ᠬᠦᠭᠡᠭᠡᠴᠡᠯᠳᠦᠯ᠃ ᠵᠠᠯᠠᠭᠤᠴᠤᠳ ᠬᠦᠴᠦᠳᠡᠢ ᠪᠤᠯ ᠬᠦᠳᠡᠭᠡ ᠨᠤᠲᠤᠭ ᠎ᠤᠨ ᠬᠦᠭᠵᠢᠯ ᠤᠯᠠᠮ  ᠪᠠᠳᠠᠷᠠᠭᠤᠨ ᠪᠤᠯᠬᠤ᠎ᠨᠢ ᠳᠠᠮᠵᠢᠭ ᠦᠭᠡᠢ᠃ ᠰᠢᠯᠢᠨᠵᠤᠷᠢᠭ᠂ ᠰᠢᠯᠢᠡᠡᠷᠳᠡᠨᠢ ᠠᠬ᠎ᠠ ᠳᠡᠬᠦᠦ ᠬᠤᠶᠠᠷ ᠪᠤᠯ ᠤᠷᠤᠨ ᠨᠤᠲᠤᠭ᠎ᠲᠤ᠎ᠪᠠᠨ ᠮᠡᠷᠭᠡᠵᠢᠯᠳᠡᠨ ᠬᠡᠮᠡᠭᠳᠡᠭᠰᠡᠨ ᠵᠠᠯᠠᠭᠤᠴᠤᠳ ᠶᠤᠮ᠃ ᠳᠡᠳᠡ 2018 ᠤᠨ᠎ᠠᠴᠠ ᠡᠬᠢᠯᠡᠵᠦ ᠲᠤᠤᠷ ᠰᠦᠯᠵᠢᠶ᠎ᠡ ᠵᠢ ᠠᠰᠢᠭᠯᠠᠨ ᠭᠠᠷ ᠭᠡᠭᠡᠯᠳᠦᠬᠦᠯᠬᠡ ᠬᠢᠬᠦ ᠮᠡᠷᠭᠡᠵᠢᠯ᠂  ᠦᠨᠢᠶᠡᠨ᠎ᠤ ᠤᠷᠤᠭ᠎ᠠ ᠵᠢ ᠬᠡᠷᠬᠢᠨ ᠲᠤᠷᠰᠢᠬᠤ᠂ ᠪᠠᠭ᠋ᠠᠵᠢ ᠬᠡᠷᠡᠭᠰᠡᠯ ᠵᠶ᠋ᠠᠨ ᠠᠷᠢᠭᠤᠳᠬᠠᠨ ᠴᠡᠪᠡᠷᠯᠡᠬᠦ ᠵᠡᠷᠭᠡ ᠤᠯᠠᠨ ᠮᠡᠷᠭᠡᠵᠢᠯ᠎ᠢ  ᠰᠢᠰᠲᠸᠮ᠎ᠲᠠᠢ ᠡᠵᠡᠮᠰᠢᠵᠦ᠂ ᠤᠷᠤᠨ ᠨᠤᠲᠤᠭ᠎ᠤᠨ ᠵᠶ᠋ᠠᠨ ᠠᠭᠤᠷ ᠠᠮᠢᠰᠬᠤᠯ᠎ᠳᠤ ᠲᠤᠬᠢᠷᠠᠬᠤ ᠠᠯᠠᠰᠢᠨ᠎ᠤ ᠦᠬᠡᠷ᠎ᠤᠨ ᠢᠴᠡᠬᠡᠯ ᠦᠷ᠎ᠡ ᠵᠢ ᠰᠤᠨᠭ᠌ᠭᠤᠵᠤ᠂ ᠦᠪᠡᠷ᠎ᠤᠨ ᠨᠤᠳᠤᠭ᠎ᠤᠨ ᠦᠨᠢᠶᠡᠨ᠎ᠳᠤ᠎ᠪᠠᠨ ᠢᠴᠡᠬᠡᠯ ᠦᠷ᠎ᠡ ᠵᠢᠨ ᠭᠠᠷ ᠬᠡᠬᠡᠯᠳᠦᠬᠦᠯᠬᠡ ᠬᠢᠭᠰᠡᠨ ᠪᠦᠭᠡᠳ ᠭᠠᠳᠠᠨ᠎ᠠ᠎ᠠᠴᠠ ᠨᠢᠭᠡ ᠪᠦᠯᠦᠭ ᠰᠢᠯᠢᠳᠡᠭ ᠡᠬᠦᠯᠳᠡᠷ᠎ᠤᠨ ᠦᠭᠡᠷ ᠠᠪᠤᠭᠰᠠᠨ ᠵᠶ᠋ᠠᠷ ᠤᠳᠤ ᠪᠤᠯᠬᠤ᠎ᠳᠤ ᠭᠤᠷᠪᠠᠳᠤᠭ᠋ᠠᠷ ᠦᠶ᠎ᠡ ᠵᠢᠨ ᠬᠤᠸᠠᠰᠢ ᠡᠬᠦᠯᠳᠡᠷ᠎ᠤᠨ ᠦᠬᠡᠷ᠎ᠢ  ᠪᠤᠢ᠌ᠵᠢᠭᠤᠯᠵᠠᠢ᠃ ᠤᠳᠤ ᠡᠳᠡᠨ ᠎ᠤ᠎ᠬᠢ᠎ᠠᠴᠠ ᠰᠢᠯᠢᠳᠡᠭ ᠡᠬᠦᠯᠳᠡᠷ᠎ᠤᠨ ᠳᠤᠭᠤᠯ ᠠᠪᠤᠪᠠᠯ ᠠᠪᠤᠭᠰᠠᠨ ᠠᠢ᠌ᠯ᠎ᠳᠤ᠎ᠨᠢ 3000 ᠳᠦᠬᠦᠷᠢᠭ᠎ᠤᠨ ᠨᠦᠬᠦᠪᠦᠷᠢ᠎ᠲᠠᠢ ᠪᠤᠯᠤᠭᠰᠠᠨ ᠪᠤᠯᠬᠤᠷ ᠠᠬ᠎ᠠ ᠳᠡᠬᠦᠦ ᠬᠤᠶᠠᠷ᠎ᠤᠨ ᠦᠭᠡᠷ᠎ᠤᠨ ᠪᠤᠷᠤᠯᠠᠭᠤᠯᠭ᠎ᠠ᠎ᠳᠤ ᠠᠰᠢᠭᠳᠠᠢ ᠪᠤᠯᠤᠭᠰᠠᠨ ᠪᠦᠭᠡᠳ ᠬᠤᠳᠠᠯᠳᠤᠵᠦ ᠠᠪᠤᠭᠰᠠᠨ ᠠᠢ᠌ᠯ᠎ᠳᠤ ᠴᠤ᠌ ᠠᠰᠢᠭᠳᠠᠢ ᠪᠤᠯᠤᠭᠰᠠᠨ ᠶᠤᠮ ᠪᠠᠢ᠌ᠨ᠎ᠠ᠃ 2019 ᠤᠨ᠎ᠳᠤ ᠬᠤᠰᠢᠭᠤ ᠱᠠᠳᠤᠨ᠎ᠤ᠎ᠪᠠᠨ ᠰᠢᠮᠸᠨ᠋ᠲ᠋ᠡᠷ ᠦᠭᠡᠷ ᠮᠠᠯᠵᠢᠬᠤ ᠭᠤᠤᠯᠳᠠᠯᠭ᠋ᠠᠳᠤ ᠰᠦᠷᠦᠭ᠎ᠤᠨ ᠡᠷᠦᠭᠡ᠎ᠪᠠᠷ ᠦᠨᠡᠯᠡᠭᠳᠡᠭᠰᠡᠨ ᠡᠳᠡᠨ᠎ᠤ᠎ᠬᠢᠨ᠎ᠳᠤ ᠬᠤᠰᠢᠭᠤᠨ᠎ᠤ ᠡᠬᠦᠯᠳᠡᠷ ᠰᠠᠢ᠌ᠵᠢᠷᠠᠭᠤᠯᠬᠤ ᠦᠷᠳᠡᠭᠡᠨ᠎ᠠᠴᠠ ᠵᠢᠯ ᠪᠦᠷᠢ ᠰᠢᠯᠢᠳᠡᠭ ᠴᠢᠨᠠᠷ᠎ᠤᠨ ᠦᠷ᠎ᠡ ᠵᠢ ᠦᠨ᠎ᠡ ᠳᠦᠯᠦᠪᠦᠷᠢ ᠦᠭᠡᠢ ᠬᠠᠡᠭᠭ᠋ᠠᠵᠦ ᠦᠭᠳᠡᠭ ᠪᠦᠭᠡᠳ ᠪᠤᠰᠤᠳ ᠡᠯ᠎ᠡ ᠳᠠᠯ᠎ᠠ ᠵᠢᠨ ᠳᠡᠮᠵᠢᠯᠭᠡ ᠦᠵᠡᠬᠦᠯᠳᠡᠭ᠃ ᠮᠡᠷᠭᠡᠵᠢᠯ ᠡᠵᠡᠮᠰᠢᠬᠦ ᠳᠤᠬᠠᠢ ᠶᠠᠷᠢᠬᠤ᠎ᠳᠤ ᠠᠬ᠎ᠠ ᠳᠡᠬᠦᠦ ᠬᠤᠶᠠᠭᠤᠯᠠ 2007 ᠤᠨ᠎ᠳᠤ ᠰᠤᠮᠤᠨ᠎ᠤ᠎ᠪᠠᠨ ᠡᠷᠬᠢᠯᠡᠭᠰᠡᠨ ᠭᠡᠭᠡᠯᠳᠦᠬᠦᠯᠭᠡ ᠵᠢᠨ ᠮᠡᠷᠭᠡᠵᠢᠯ᠎ᠤᠨ ᠪᠤᠯᠪᠠᠰᠤᠷᠠᠯ᠎ᠳᠤ ᠤᠷᠤᠯᠴᠠᠵᠦ ᠪᠠᠢ᠌ᠭᠰᠠᠨ ᠪᠦᠭᠡᠳ 2018 ᠤᠨ᠎ᠠᠴᠠ ᠬᠤᠶᠠᠷ ᠤᠳᠠᠭ᠎ᠠ ᠳᠤᠰᠬᠠᠢ ᠪᠤᠯᠪᠠᠰᠤᠷᠠᠯ᠎ᠳᠤ ᠤᠷᠤᠯᠴᠠᠭᠰᠠᠨ  ᠪᠠᠢ᠌ᠪᠠ᠃ ᠳᠡᠳᠡ ᠰᠤᠮᠤ ᠭᠠᠴᠠᠭ᠋ᠠᠨ᠎ᠠᠴᠠ᠎ᠪᠠᠨ ᠵᠤᠬᠢᠶᠠᠨ ᠪᠠᠢ᠌ᠭᠤᠯᠤᠭᠰᠠᠨ ᠮᠡᠷᠭᠡᠵᠢᠯ᠎ᠤᠨ ᠪᠤᠯᠪᠠᠰᠤᠷᠠᠯ᠎ᠳᠤ ᠤᠷᠤᠯᠴᠠᠳᠠᠭ ᠪᠦᠭᠡᠳ ᠦᠪᠡᠷᠰᠡᠳ ᠵᠶ᠋ᠠᠨ ᠳᠤᠤᠷ ᠰᠦᠯᠵᠢᠶᠡᠨ᠎ᠠᠴᠠ ᠮᠡᠳᠡᠯᠭᠡ ᠮᠡᠷᠭᠡᠵᠢᠯ ᠬᠠᠢ᠌ᠨ ᠰᠤᠷᠤᠯᠴᠠᠳᠠᠭ᠃ ᠡᠨᠡ᠎ᠨᠢ ᠴᠠᠭ ᠦᠶ᠎ᠡ ᠵᠢᠨ ᠨᠦᠬᠦᠴᠡᠯ ᠪᠤᠯᠤᠮᠵᠢ᠎ᠪᠠᠨ ᠴᠢᠳᠠᠮᠠᠭ᠋ᠠᠢ ᠠᠰᠢᠭᠯᠠᠵᠦ ᠴᠢᠳᠠᠵᠦ ᠪᠠᠢ᠌ᠭ᠎ᠠ ᠵᠠᠯᠠᠭᠤ ᠬᠦᠮᠦᠰ᠎ᠤᠨ ᠳᠠᠪᠠᠭᠤᠯᠢᠭ ᠳᠠᠯ᠎ᠠ ᠶᠤᠮ᠃
    ᠰᠢᠯᠢᠨᠵᠤᠷᠢᠭ᠂ ᠰᠢᠯᠢᠡᠡᠷᠳᠡᠨᠢ ᠠᠬ᠎ᠠ ᠲᠡᠬᠦᠦ ᠬᠤᠶᠠᠭᠤᠯᠠ 2022 ᠤᠨ᠎ᠳᠤ ᠠᠢ᠌ᠮᠠᠭ᠎ᠤᠨ ᠳᠠᠷᠢᠶᠠᠯᠠᠡᠭ ᠮᠠᠯ ᠠᠵᠤ ᠠᠬᠤᠢ ᠵᠢᠨ ᠳᠤᠪᠴᠢᠶᠠᠨ᠎ᠠᠴᠠ ᠤᠯᠭᠤᠭᠰᠠᠨ ᠠᠢ᠌ᠮᠠᠭ᠎ᠤᠨ ᠲᠡᠰ᠎ᠤᠨ ᠬᠤᠸᠠᠰᠢ ᠦᠬᠡᠷ ᠲᠡᠵᠢᠬᠡᠨ ᠦᠷᠡᠵᠢᠬᠦᠯᠵᠦ ᠦᠷ᠎ᠡ ᠵᠢᠨ ᠮᠠᠯ ᠰᠤᠨᠭ᠌ᠭᠤᠨ ᠪᠤᠢ᠌ᠵᠢᠭᠤᠯᠬᠤ ᠰᠠᠭᠤᠷᠢᠨ ᠭᠠᠵᠠᠷ᠎ᠤᠨ ᠵᠦᠪᠰᠢᠶᠡᠷᠡᠯ᠎ᠤᠨ ᠦᠨᠡᠮᠯᠡᠯ᠎ᠢ ᠭᠠᠷᠳᠠᠵᠠᠢ᠃ ᠡᠨᠡ ᠪᠤᠯ ᠳᠡᠳᠡ ᠬᠤᠶᠠᠭᠤᠯᠠ ᠵᠢᠨ  ᠬᠡᠴᠢᠨᠡᠬᠡᠨ ᠵᠢᠯ᠎ᠤᠨ ᠴᠢᠷᠮᠠᠢ᠌ᠯᠭ᠎ᠠ ᠵᠢᠨ ᠦᠷ᠎ᠡ ᠳ᠋ᠦᠡᠭ ᠶᠤᠮ᠃ ᠳᠡᠬᠦᠨ᠎ᠠᠴᠠ ᠡᠮᠦᠨ᠎ᠡ ᠰᠢᠯᠢᠡᠡᠷᠳᠡᠨᠢ 2019 ᠤᠨ ᠎ᠳᠤ ᠪᠦᠬᠦ ᠤᠷᠤᠨ᠎ᠤ ᠵᠠᠯᠠᠭᠤᠴᠤᠳ᠎ᠤᠨ ᠠᠵᠢᠯ ᠤᠯᠬᠤ ᠤᠷ᠎ᠠ ᠮᠡᠷᠭᠡᠵᠢᠯ᠎ᠢ ᠳᠡᠭᠡᠭᠰᠢᠯᠡᠬᠦᠯᠬᠦ ᠪᠤᠯᠪᠠᠰᠤᠷᠠᠯ᠎ᠤᠨ ᠠᠡᠭᠬᠢ ᠎ᠳᠤ ᠤᠷᠤᠯᠴᠠᠭ᠋ᠠᠳ ᠠᠮᠵᠢᠯᠳᠠ᠎ᠲᠠᠢ ᠰᠤᠷᠤᠯᠭ᠎ᠠ ᠳᠡᠬᠦᠰᠦᠭᠰᠡᠨ ᠪᠤᠯ 2020 ᠤᠨ᠎ᠤ 9 ᠰᠠᠷ᠎ᠠ᠎ᠳᠤ ᠵᠢᠷᠭ᠋ᠠᠯᠠᠡᠭᠳᠦ ᠰᠤᠮᠤᠨ᠎ᠤ᠎ᠪᠠᠨ ᠰᠢᠯᠢᠳᠡᠭ ᠵᠠᠯᠠᠭᠤ ᠭᠡᠬᠦ ᠱᠠᠡᠭᠨᠠᠯ᠎ᠢ ᠳᠤᠰᠤᠭᠰᠠᠨ ᠪᠠᠢ᠍ᠨ᠎ᠠ᠃ ᠰᠢᠯᠢᠨᠵᠤᠷᠢᠭ 2022 ᠤᠨ᠎ᠳᠤ ᠵᠢᠷᠭ᠋ᠠᠯᠠᠡᠭᠳᠦ ᠰᠤᠮᠤᠨ᠎ᠤ᠎ᠪᠠᠨ ᠬᠦᠳᠡᠯᠮᠦᠷᠢ ᠵᠢᠨ ᠵᠢᠱ᠌ᠢᠶᠡᠴᠢ᠎ᠪᠠᠷ ᠬᠦᠬᠢᠬᠦᠯᠦᠭᠳᠡᠵᠦ᠂ 2021  ᠤᠨ᠎ᠳᠤ ᠳᠡᠳᠡᠨ᠎ᠤ᠎ᠬᠢ ᠪᠠᠰᠠ ᠰᠤᠮᠤᠨ᠎ᠤ᠎ᠪᠠᠨ ᠳᠠᠡᠭᠰᠠ ᠪᠤᠳᠤᠵᠦ ᠮᠠᠯ ᠮᠠᠯᠵᠢᠭᠰᠠᠨ ᠵᠢᠱ᠌ᠢᠶᠡᠴᠢ ᠡᠷᠦᠭᠡ᠎ᠪᠠᠷ ᠬᠦᠬᠢᠬᠦᠯᠦᠭᠳᠡᠭᠰᠡᠨ ᠪᠠᠢ᠌ᠨ᠎ᠠ᠃
    ᠡᠶ᠎ᠡ ᠡᠪᠳᠡᠢ ᠪᠠᠢ᠌ᠬᠤ ᠪᠤᠯ ᠳᠡᠳᠡᠨ᠎ᠤ ᠪᠠᠷᠢᠮᠳᠠᠯᠠᠯ᠃ 《ᠨᠢᠭᠡ ᠬᠦᠮᠦᠨ᠎ᠤ ᠤᠬᠠᠭ᠋ᠠᠨ ᠬᠦᠷᠬᠦ ᠦᠭᠡᠢ᠂ ᠬᠤᠶᠠᠷ ᠬᠦᠮᠦᠨ᠎ᠤ ᠤᠬᠠᠭ᠋ᠠᠨ ᠪᠠᠷᠠᠬᠤ ᠦᠭᠡᠢ》 ᠭᠡᠳᠡᠭ ᠦᠭᠡ ᠪᠤᠢ᠃ ᠶᠠᠮᠠᠷ ᠨᠢᠭᠡᠨ ᠠᠵᠢᠯ ᠳᠦᠷᠦᠯ᠎ᠢ ᠰᠠᠨᠠᠭ᠎ᠠ ᠤᠨᠤᠭ᠎ᠠ ᠨᠡᠢ᠌ᠯᠡᠳᠡᠭ ᠬᠦᠮᠦᠨ᠎ᠲᠠᠢ᠎ᠪᠠᠨ ᠬᠢᠪᠡᠯ ᠬᠤᠯᠠ ᠵᠢᠨ ᠠᠶᠠᠨ᠎ᠳᠤ ᠬᠦᠳᠦᠯᠦᠭᠡ ᠮᠤᠷᠢ᠎ᠲᠠᠢ ᠶᠠᠪᠤᠵᠦ  ᠪᠠᠢ᠌ᠭ᠎ᠠ᠎ᠲᠠᠢ ᠠᠳᠠᠯᠢ ᠪᠢᠯᠡ᠃ ᠠᠬ᠎ᠠ ᠲᠡᠭᠦᠣ ᠬᠤᠶᠠᠭᠤᠯᠠ᠎ᠪᠠᠨ ᠮᠠᠯᠵᠢᠬᠤ ᠠᠮᠢᠳᠣᠷᠠᠯ᠎ᠳᠤ᠎ᠪᠠᠨ ᠰᠠᠨᠠᠭ᠎ᠠ ᠵᠠᠶᠠᠭ᠎ᠠ  ᠨᠡᠢ᠌ᠯᠡᠵᠦ᠂ ᠡᠷᠳᠡᠯᠡᠵᠣ ᠤᠷᠤᠢ᠌ᠯᠠᠨ ᠴᠢᠷᠮᠠᠢ᠌ᠨ ᠠᠵᠢᠯᠯᠠᠵᠣ᠂ ᠭᠡᠷ ᠵᠠᠭᠤᠷ᠎ᠠ ᠵᠢᠨ ᠠᠷᠰᠠᠷ ᠠᠵᠢᠯ᠎ᠠᠴᠠ ᠡᠭᠢᠯᠡᠭᠡᠳ᠂ ᠮᠠᠯ ᠰᠦᠷᠦᠭ ᠲᠣᠳᠣᠮᠳᠠᠬᠤ ᠵᠡᠷᠭᠡ ᠭᠠᠳᠠᠨ᠎ᠠ ᠲᠣᠳᠣᠨ᠎ᠠ ᠵᠢᠨ ᠠᠯᠢᠪᠠ ᠠᠵᠢᠯ᠎ᠳᠤ ᠶᠡᠷᠦ᠎ᠠᠴᠠ ᠬᠤᠢ᠌ᠰᠢ ᠰᠠᠭᠤᠳᠠᠭ ᠦᠭᠡᠢ᠃ ᠠᠵᠢᠯ᠎ᠠᠴᠠ ᠵᠠᠢ᠌ᠯᠠᠵᠦ ᠠᠮᠠᠷ ᠵᠶ᠋ᠠᠨ ᠪᠤᠳᠤᠳᠠᠭ ᠵᠠᠩ ᠡᠳᠠ ᠬᠤᠶᠠᠭᠤᠯᠠ᠎ᠳᠤ ᠪᠠᠢ᠌ᠳᠠᠭ ᠦᠭᠡᠢ ᠮᠦᠷᠳᠡᠭᠡᠠ ᠲᠣᠣᠭ᠋ᠠᠷᠪᠠᠯ ᠲᠠᠭᠤ ᠨᠢᠭᠡᠳᠠᠢ᠂ ᠳᠤᠭᠳᠤᠷᠪᠠᠯ ᠭᠦᠴᠣ ᠨᠢᠭᠡᠳᠡᠢ ᠪᠠᠢ᠌ᠵᠦ ᠴᠢᠳᠠᠳᠠᠭ᠎ᠢ ᠳᠡᠳᠡᠨ᠎ᠤ ᠶᠠᠷᠢᠶᠠᠨ᠎ᠠᠴᠠ ᠤᠢ᠌ᠯᠠᠭ᠋ᠠᠯ᠎ᠠ᠃ 《ᠤᠨᠴᠠᠭ᠋ᠠᠢ ᠶᠠᠷᠢᠮᠠᠷ ᠶᠠᠭᠤᠮ᠎ᠠ ᠶᠠᠭᠤ ᠪᠠᠢ᠌ᠬᠤ ᠪᠤᠢ》 ᠭᠡᠵᠦ ᠬᠡᠳᠦᠨᠳᠡ ᠶᠠᠷᠢᠭᠰᠠᠨ ᠳᠠᠷᠤᠤᠬᠠᠨ ᠳᠡᠳᠡ ᠬᠤᠶᠠᠷ ᠠᠵᠢᠯ᠎ᠳᠤ ᠬᠠᠷᠢᠨ ᠬᠤᠢ᠌ᠰᠢ ᠦᠭᠡᠢ ᠪᠠᠢ᠌ᠳᠠᠭ᠃ ᠪᠦᠳᠦᠭᠡᠨ ᠪᠠᠢ᠌ᠭᠤᠯᠤᠯᠳᠠ ᠬᠢᠬᠦ᠂ ᠦᠭᠡᠷ ᠮᠠᠯ ᠪᠤᠷᠤᠯᠠᠭᠤᠯᠬᠤ᠂ ᠳᠡᠵᠢᠭᠡᠯ ᠡᠪᠡᠰᠦ ᠠᠪᠬᠤ ᠠᠯᠢᠪᠠ ᠠᠵᠢᠯ᠎ᠢ ᠬᠠᠷᠢᠯᠴᠠᠨ ᠵᠦᠪᠳᠡᠯᠴᠡᠵᠦ ᠬᠢᠳᠡᠭ ᠪᠤᠯᠬᠤᠷ ᠤᠯᠠᠡᠭᠬᠢ ᠪᠠᠢ᠌ᠳᠠᠯ᠎ᠳᠤ ᠵᠦᠪ ᠰᠤᠡᠭᠭᠤᠯᠳᠠ ᠬᠢᠭᠰᠡᠨ ᠪᠠᠢ᠌ᠳᠠᠭ᠃ 《  ᠮᠠᠨ᠎ᠤ ᠬᠤᠶᠠᠷ ᠭᠠᠳᠠᠭᠰᠢ ᠭᠠᠷᠬᠤ ᠣᠴᠢᠷ᠎ᠲᠠᠢ ᠪᠤᠯᠪᠠᠯ ᠡᠭᠡᠯᠵᠢᠯᠠᠠ ᠭᠠᠷᠳᠠᠭ᠃ ᠵᠢᠯ᠎ᠤᠨ ᠣᠷᠣᠯᠭ᠎ᠠ ᠵᠠᠷᠣᠯᠭ᠎ᠠ ᠪᠣᠶᠣ ᠪᠣᠰᠣᠳ ᠵᠣᠭᠤᠰ  ᠮᠦᠡᠭᠬᠦᠨ᠎ᠤ ᠲᠠᠯ᠎ᠠ ᠵᠢᠨ ᠠᠮᠢᠳᠣᠷᠠᠯ ᠎ᠤᠨ ᠵᠢᠵᠢᠭ ᠰᠠᠵᠢᠭ ᠤᠴᠢᠷ᠎ᠠᠴᠠ ᠠᠮᠢᠳᠣᠷᠠᠯ᠎ᠤᠨ ᠶᠡᠬᠡ ᠳᠠᠡᠭᠰᠠ᠎ᠳᠤ ᠭᠦᠷᠳᠡᠯ᠎ᠠ ᠶᠠᠮᠠᠷ ᠴᠦ᠍ ᠵᠦᠷᠢᠴᠡᠯ ᠮᠠᠷᠭᠤᠯᠳᠣᠭ᠋ᠠᠠ ᠭᠡᠵᠤ  ᠪᠠᠢ᠌ᠳᠠᠭ ᠦᠭᠡᠢ᠂ ᠴᠢ ᠲᠣᠳᠠᠭᠤ ᠠᠵᠢᠯᠯᠠᠭᠰᠠᠨ᠂ ᠪᠢ ᠢᠯᠡᠭᠦᠣ ᠠᠵᠢᠯᠯᠠᠭᠰᠠᠨ ᠭᠡᠭᠦ ᠪᠣᠳᠣᠯ ᠶᠡᠷᠣ  ᠪᠠᠢ᠌ᠳᠠᠭ ᠦᠭᠡᠢ᠂ ᠨᠡᠩ ᠴᠦ᠍ ᠡᠯᠳᠡᠪ ᠵᠦᠢ᠍ᠯ᠎ᠤᠨ ᠲᠤᠭᠯᠠᠭ᠋ᠠᠮ ᠨᠠᠭ᠋ᠠᠳᠣᠮ᠂ ᠠᠷᠢᠭᠢ ᠲᠠᠷᠠᠰᠣ᠂  ᠲᠠᠮᠠᠬᠢᠨ᠎ᠳᠤ ᠰᠢᠨᠤᠯ ᠦᠭᠡᠢ  ᠪᠠᠢ᠌ᠳᠠᠭ ᠪᠤᠯᠬᠤᠷ ᠪᠢᠳᠡᠨ᠎ᠳᠤ ᠳᠡᠢ᠌ᠮᠦ ᠶᠡᠭᠡ ᠵᠣᠭᠤᠰ ᠮᠦᠡᠭᠬᠦᠨ᠎ᠤ ᠱᠠᠭ᠋ᠠᠷᠳᠠᠯᠭ᠎ᠠ ᠪᠠᠢ᠌ᠬᠤ ᠦᠭᠡᠢ᠃ ᠪᠢᠳᠡ ᠤᠯᠠᠡᠭᠬᠢ᠎ᠳᠤ᠎ᠪᠠᠨ ᠮᠠᠯ ᠤᠨᠤᠭ᠋ᠠᠨ᠎ᠳᠤ᠎ᠪᠠᠨ ᠯᠨ ᠶᠠᠭ᠋ᠠᠷᠠᠳᠠᠭ᠂ ᠡᠨᠡᠬᠦᠷ ᠳᠡᠨᠡᠬᠦᠷ ᠶᠠᠪᠤᠭ᠋ᠠᠳ ᠪᠠᠢ᠌ᠬᠤ ᠤᠴᠢᠷ ᠴᠦᠭᠡᠨ》 ᠭᠡᠵᠦ ᠠᠬ᠎ᠠ ᠲᠡᠬᠦᠦ ᠬᠤᠶᠠᠷ ᠶᠠᠷᠢᠨ᠎ᠠ᠃
    ᠪᠦᠳᠦᠭᠡᠨ ᠪᠠᠢ᠍ᠭᠤᠯᠤᠯᠳᠠ᠎ᠪᠠᠨ ᠰᠠᠢ᠌ᠨ ᠬᠢᠬᠦ ᠪᠤᠯ ᠳᠡᠳᠡᠨ᠎ᠤ ᠪᠠᠳᠤᠯᠠᠭ᠎ᠠ᠃ 2016  ᠤᠨ᠎ᠳᠤ ᠠᠬ᠎ᠠ ᠲᠡᠬᠦᠦ ᠬᠤᠶᠠᠭᠤᠯᠠ ᠦᠪᠡᠷ᠎ᠤᠨ ᠬᠦᠴᠦ ᠴᠢᠷᠮᠠᠢ᠌ᠯᠭ᠎ᠠ᠎ᠪᠠᠷ ᠵᠶ᠋ᠠᠨ 280 ᠬᠠᠪᠳᠠᠭ᠋ᠠᠢ ᠲᠦᠷᠪᠡᠯᠵᠢᠨ ᠮᠸᠲᠷ᠎ᠤᠨ ᠲᠤᠯᠠᠭ᠋ᠠᠨ ᠫᠸᠡᠭ ᠪᠠᠷᠢᠭᠰᠠᠨ ᠪᠠᠢ᠌ᠨ᠎ᠠ᠃ ᠡᠨᠡ ᠪᠤᠯ ᠳᠡᠳᠡᠨ᠎ᠤ ᠠᠡᠭᠬ᠎ᠠ ᠦᠪᠡᠷᠰᠡᠳ ᠵᠶ᠋ᠠᠨ ᠪᠠᠢ᠌ᠭᠤᠯᠤᠭᠰᠠᠨ ᠪᠦᠳᠦᠭᠡᠨ ᠪᠠᠢ᠍ᠭᠤᠯᠤᠯᠳᠠ ᠪᠤᠯᠤᠨ᠎ᠠ᠃ ᠰᠢᠯᠢᠳᠡᠭ ᠡᠬᠦᠯᠳᠡᠷ᠎ᠤᠨ ᠦᠭᠡᠷ ᠮᠠᠯᠵᠢᠬᠤ ᠵᠢᠨ ᠳᠦᠯᠦᠭᠡ ᠡᠢ᠌ᠮᠦᠷᠬᠦᠦ ᠪᠡᠯᠡᠳᠭᠡᠯ ᠵᠶ᠋ᠠᠨ ᠵᠠᠪᠠᠯ ᠰᠠᠢ᠌ᠨ ᠬᠢᠭᠰᠡᠨ ᠪᠠᠢ᠌ᠬᠤ ᠭᠡᠷᠡᠭᠳᠡᠢ ᠠᠵᠢ᠃ ᠬᠢᠯᠢ ᠨᠤᠲᠤᠭ᠎ᠤᠨ ᠬᠦᠢ᠍ᠳᠡᠨ᠎ᠳᠤ ᠠᠷᠠᠴᠢᠯᠠᠭ᠎ᠠ ᠳᠤᠳᠤᠮᠳᠠᠯᠭ᠎ᠠ ᠶᠡᠬᠡ ᠤᠷᠤᠳᠠᠭ ᠰᠢᠮᠸᠨ᠋ᠲ᠋ᠡᠷ ᠦᠭᠡᠷ ᠮᠠᠯᠵᠢᠬᠤ ᠎ᠳᠤ ᠰᠠᠭᠤᠷᠢ ᠪᠦᠳᠦᠭᠡᠨ ᠪᠠᠢ᠌ᠭᠤᠯᠤᠯᠳᠠ ᠦᠨᠳᠦᠰᠦ ᠪᠤᠯᠤᠨ᠎ᠠ᠃ ᠰᠢᠯᠢᠨᠵᠤᠷᠢᠭ᠂ ᠰᠢᠯᠢᠡᠡᠷᠳᠡᠨᠢ ᠠᠬ᠎ᠠ ᠳᠡᠬᠦᠦ ᠬᠤᠶᠠᠷ ᠪᠦᠳᠦᠭᠡᠨ ᠪᠠᠢ᠌ᠭᠤᠯᠤᠯᠳᠠ᠎ᠪᠠᠨ ᠰᠠᠢ᠌ᠨ ᠬᠢᠭᠰᠡᠨ ᠪᠤᠯᠬᠤᠷ ᠦᠭᠡᠷ ᠵᠶ᠋ᠠᠨ ᠦᠨᠢᠷ ᠦᠰᠭᠡᠵᠦ᠂ ᠬᠤᠬᠢᠷᠠᠯ ᠰᠦᠢ᠍ᠳᠦᠯ ᠦᠭᠡᠢ ᠶᠠᠪᠤᠭ᠎ᠠ ᠠᠵᠢ᠃
    ᠡᠳᠡᠨ᠎ᠤ ᠪᠦᠳᠦᠭᠡᠨ ᠪᠠᠢ᠌ᠭᠤᠯᠤᠯᠳᠠ ᠵᠢ ᠳᠤᠷᠠᠳᠪᠠᠯ  ᠲᠠᠷᠢᠶᠠᠯᠠᠡᠭ᠎ᠤᠨ ᠮᠠᠰᠢᠨ᠎ᠤ ᠬᠦᠮᠦᠷᠬᠡ 144 ᠬᠠᠪᠳᠠᠭ᠋ᠠᠢ ᠲᠦᠷᠪᠡᠯᠵᠢᠨ ᠮᠸᠲᠷ ᠂ ᠬᠡᠬᠡᠯᠳᠦᠬᠦᠯᠬᠡ ᠵᠢᠨ ᠦᠷᠦᠬᠡ 20 ᠬᠠᠪᠳᠠᠭ᠋ᠠᠢ ᠲᠦᠷᠪᠡᠯᠵᠢᠨ ᠮᠸᠲᠷ ᠪᠠᠢ᠌ᠭ᠎ᠠ ᠶᠤᠮ  ᠪᠠᠢ᠌ᠨ᠎ᠠ᠃ ᠦᠨᠢᠶᠡᠨ᠎ᠤ ᠫᠸᠡᠭ 200 ᠬᠠᠪᠳᠠᠭ᠋ᠠᠢ ᠲᠦᠷᠪᠡᠯᠵᠢᠨ ᠮᠸᠲᠷ᠂ ᠰᠠᠷᠠᠪᠴᠢ 140 ᠬᠠᠪᠳᠠᠭ᠋ᠠᠢ ᠲᠦᠷᠪᠡᠯᠵᠢᠨ ᠮᠸᠲᠷ᠎ᠢ ᠦᠨᠦ ᠵᠢᠯ ᠰᠢᠨ᠎ᠡ᠎ᠪᠠᠷ ᠪᠠᠷᠢᠭᠤᠯᠤᠭᠰᠠᠨ ᠶᠤᠮ᠃ ᠲᠤᠭᠤᠯ᠎ᠤᠨ ᠲᠤᠯᠠᠭ᠋ᠠᠨ ᠫᠸᠡᠭ᠎ᠨᠢ 280 ᠬᠠᠪᠳᠠᠭ᠋ᠠᠢ ᠲᠦᠷᠪᠡᠯᠵᠢᠨ ᠮᠸᠲᠷ ᠪᠠᠢ᠌ᠵᠦ᠂ ᠤᠷᠢᠳᠦ ᠲᠤᠤᠷ᠎ᠠ᠎ᠨᠢ 2019  ᠤᠨ᠎ᠳᠤ  ᠪᠠᠢ᠌ᠭᠤᠯᠤᠭᠰᠠᠨ 500 ᠬᠠᠪᠳᠠᠭ᠋ᠠᠢ ᠲᠦᠷᠪᠡᠯᠵᠢᠨ ᠮᠸᠲᠷ᠎ᠤᠨ ᠦᠬᠡᠷ ᠪᠤᠷᠳᠤᠵᠤ ᠲᠡᠵᠢᠬᠡᠬᠦ ᠫᠸᠡᠭ᠂ 500 ᠬᠠᠪᠳᠠᠭ᠋ᠠᠢ ᠲᠦᠷᠪᠡᠯᠵᠢᠨ  ᠮᠸᠲᠷ᠎ᠤᠨ ᠦᠬᠡᠷ᠎ᠤᠨ ᠰᠠᠷᠠᠪᠴᠢ ᠪᠠᠢ᠌ᠭ᠎ᠠ ᠶᠤᠮ ᠪᠠᠢ᠌ᠨ᠎ᠠ᠃ ᠬᠡᠷ᠎ᠤᠨ ᠵᠶ᠋ᠠᠨ ᠠᠷᠤ᠎ᠪᠠᠷ ᠵᠡᠬᠦᠨᠰᠢ ᠪᠠᠷᠠᠭᠤᠨᠰᠢ᠎ᠪᠠᠨ ᠴᠠᠰᠦ ᠰᠢᠭᠤᠷᠭ᠎ᠠ ᠬᠠᠯᠬᠠᠯᠠᠬᠤ ᠵᠠᠭᠤ ᠭᠠᠷᠤᠢ ᠮᠸᠲᠷ᠎ᠤᠨ ᠤᠷᠳᠤ ᠴᠠᠷᠠᠭ᠋ᠠᠨ ᠴᠢᠯᠠᠭᠤᠨ ᠬᠡᠷᠡᠮ ᠪᠠᠢ᠌ᠭᠤᠯᠤᠭᠰᠠᠨ ᠪᠦᠬᠡᠳ ᠨᠤᠳᠤᠭ ᠵᠢᠡᠨ ᠪᠦᠬᠦᠨ᠎ᠢ ᠲᠤᠤᠷᠯᠠᠨ ᠬᠦᠷᠢᠶᠡᠯᠡᠵᠦ᠂ ᠲᠤᠭᠤᠯ ᠵᠶ᠋ᠠᠨ ᠬᠢᠬᠦ ᠪᠠᠭ᠎ᠠ ᠲᠤᠤᠷ᠎ᠠᠴᠠ ᠭᠠᠳᠠᠨ᠎ᠠ ᠶᠡᠬᠡ ᠲᠤᠤᠷ ᠵᠶ᠋ᠠᠨ ᠭᠤᠷᠪᠠᠨ ᠬᠡᠰᠡᠭ ᠬᠤᠪᠢᠶᠠᠵᠤ᠂ ᠰᠡᠯᠬᠦᠨ ᠮᠠᠯᠵᠢᠬᠤ ᠪᠦᠳᠦᠬᠡᠨ ᠪᠠᠢ᠌ᠭᠤᠯᠤᠯᠳᠠ ᠬᠢᠭᠰᠡᠨ ᠪᠠᠢ᠌ᠨ᠎ᠠ᠃ ᠮᠠᠰᠢᠨ ᠪᠠᠭ᠋ᠠᠵᠢ᠂ ᠬᠤᠳᠳᠤᠭ ᠤᠰᠤᠨ᠎ᠤ ᠬᠤᠪᠢ ᠎ᠳᠤ ᠢᠵᠢ ᠪᠦᠷᠢᠳᠦᠬᠦᠯᠵᠦ ᠦᠭᠡᠷ ᠮᠠᠯᠵᠢᠬᠤ ᠪᠦᠷᠢᠨ ᠪᠡᠯᠡᠳᠭᠡᠯ ᠬᠢᠭᠰᠡᠨ ᠳᠡᠳᠡᠨ᠎ᠳᠤ ᠤᠳᠤ ᠳᠤᠳᠠᠬᠤ ᠶᠠᠭᠤᠮ᠎ᠠ ᠦᠭᠡᠢ ᠰᠠᠨᠠᠭᠳᠠᠨ᠎ᠠ᠃
    ᠰᠢᠯᠢᠨᠵᠤᠷᠢᠭ᠄ 《ᠦᠨᠦ ᠵᠢᠯ ᠪᠦᠳᠦᠬᠡᠨ  ᠪᠠᠢ᠌ᠭᠤᠯᠤᠯᠳᠠ᠎ᠪᠠᠨ ᠰᠠᠢ᠌ᠨ ᠬᠢᠭᠡᠳ ᠠᠪᠴᠢᠬᠠᠪᠠᠯ ᠦᠬᠡᠷ ᠎ᠤᠨ ᠡᠬᠦᠯᠳᠡᠷ ᠵᠶ᠋ᠡᠨ ᠤᠯᠠᠮ ᠰᠠᠢ᠌ᠵᠢᠷᠠᠭᠤᠯᠬᠤ ᠵᠢ  ᠯᠡ ᠪᠤᠳᠤᠵᠤ ᠪᠠᠢ᠍ᠨ᠎ᠠ》 ᠭᠡᠯ᠎ᠡ᠃ ᠳᠡᠳᠡ ᠬᠤᠶᠠᠭᠤᠯᠠ᠎ᠪᠠᠨ ᠪᠠᠰᠠ ᠬᠦᠳᠡᠬᠡ ᠪᠡᠯᠴᠢᠬᠡᠷ᠂ ᠫᠸᠡᠭ ᠬᠤᠷᠤᠭ᠋ᠠᠨ᠎ᠳᠤ᠎ᠪᠠᠨ ᠬᠡᠳᠦ ᠬᠡᠳᠦᠨ ᠲᠤᠷᠠᠨ ᠤᠭᠰᠠᠷᠠᠴᠢᠬᠠᠭᠰᠠᠨ ᠪᠠᠢ᠌ᠯ᠎ᠠ᠃ ᠵᠠᠯᠠᠭᠤ ᠬᠦᠮᠦᠨ ᠪᠤᠯᠬᠤᠷ ᠵᠠᠬ᠎ᠠ ᠳᠡᠭᠡᠷ᠎ᠡ ᠶᠠᠮᠠᠷ ᠬᠡᠷᠡᠭᠳᠡᠢ ᠵᠦᠢ᠍ᠯᠡᠰ ᠭᠠᠷᠴᠤ ᠯᠡ  ᠪᠠᠢ᠌ᠪᠠᠯ ᠮᠠᠯᠵᠢᠬᠤ ᠦᠢ᠍ᠯᠡᠳᠪᠤᠷᠢᠯᠡᠯ᠎ᠳᠤ᠎ᠨᠢ ᠳᠤᠬᠢᠷᠠᠬᠤ ᠵᠢ ᠳᠤᠤᠷ᠎ᠠ᠎ᠨᠢ ᠠᠪᠴᠤ ᠬᠡᠷᠡᠭᠯᠡᠳᠡᠭ ᠶᠤᠮ ᠪᠠᠢ᠌ᠨ᠎ᠠ᠃ ᠰᠢᠨᠵᠢᠯᠡᠬᠦ ᠤᠬᠠᠭ᠋ᠠᠨᠴᠢ ᠠᠷᠭ᠎ᠠ ᠪᠠᠷᠢᠯ ᠵᠶ᠋ᠠᠷ ᠮᠠᠯ ᠰᠦᠷᠦᠭ ᠵᠶ᠋ᠠᠨ ᠠᠷᠠᠴᠢᠯᠠᠨ ᠮᠠᠯᠵᠢᠵᠤ ᠪᠠᠢ᠌ᠭ᠎ᠠ᠎ᠨᠢ ᠰᠢᠨ᠎ᠡ ᠴᠠᠭ ᠦᠶ᠎ᠡ ᠵᠢᠨ ᠰᠢᠯᠢᠳᠡᠭ ᠮᠠᠯᠴᠢᠨ᠎ᠤ ᠲᠠᠭᠤᠷᠢᠶᠠᠯ ᠪᠤᠯᠵᠤ ᠤᠨᠴᠠᠯᠢᠭᠳᠠᠨ᠎ᠠ᠃


  ᠮᠢᠡᠭᠭ᠋ᠠᠨ ᠢᠮᠠᠭ᠋ᠠᠨ᠎ᠤ ᠦᠯᠢᠭᠡᠷ ᠪᠤᠶᠤ ᠽᠠᠨᠳᠠᠨ ᠱᠠᠳᠤ ᠮᠢᠯᠢᠶᠠᠬᠤ ᠨᠠᠢ᠌ᠷ᠎ᠤᠨ ᠰᠠᠢ᠌ᠬᠠᠨ ᠰᠤᠨᠤᠰᠬᠤᠯᠠᠡᠭ

243b55a655d1309ceb4bbb2998060d21_.jpg



    《ᠠᠶ᠎ᠠ! ᠴᠢᠯᠠᠭᠤ ᠴᠢ ᠶᠢᠷᠳᠢᠨᠴᠦ ᠵᠢᠨ ᠬᠦᠷᠦᠰᠦᠨ᠎ᠳᠤ ᠤᠷᠭᠤᠭᠰᠠᠨ ᠬᠠᠳᠠᠭᠤ ᠴᠡᠴᠡᠭ ᠶᠤᠮ ᠪᠢᠯᠡ》 ᠭᠡᠳᠡᠭ  ᠰᠠᠢ᠌ᠬᠠᠨ ᠳᠦᠷᠰᠦᠯᠡᠯ ᠡᠷᠭᠡ ᠦᠭᠡᠢ ᠪᠤᠳᠤᠭᠳᠠᠭᠰᠠᠨ ᠵᠠᠮ ᠵᠶ᠋ᠠᠷ ᠠᠶᠠᠯᠠᠨ ᠠᠪᠠᠭ᠎ᠠ ᠬᠤᠰᠢᠭᠤᠨ᠎ᠤ ᠶᠡᠬᠡᠭᠤᠤᠯ ᠰᠤᠮᠤᠨ᠎ᠤ ᠶᠡᠬᠡᠡᠤᠰᠤ ᠨᠤᠲᠤᠭ᠎ᠲᠤ ᠬᠦᠷᠦᠯ᠎ᠡ᠃ ᠳᠡᠷᠭᠡᠨ᠎ᠤ ᠮᠠᠨᠢ ᠬᠦᠷᠳᠦ ᠬᠠᠭ᠋ᠠᠷᠠᠴᠢᠬᠠᠪᠠ ᠪᠤᠢ ᠳ᠋ᠸ ᠭᠡᠳᠡᠭ ᠰᠠᠨᠠᠭ᠋ᠠᠰᠢᠷᠠᠯ ᠵᠶ᠋ᠠᠨ 《ᠴᠡᠴᠡᠭ ᠵᠶ᠋ᠠᠨ ᠳᠡᠪᠢᠰᠦᠨ ᠪᠠᠢ᠌ᠵᠦ ᠤᠭᠳᠤᠭᠰᠠᠨ ᠨᠤᠲᠤᠭ ᠶᠤᠮ ᠳ᠋ᠠ》 ᠭᠡᠵᠦ ᠵᠦᠭᠡᠯᠡᠷᠡᠬᠦᠯᠦᠨ ᠪᠤᠳᠤᠬᠤ ᠰᠠᠢ᠌ᠬᠠᠨ ᠪᠠᠢ᠌ᠪᠠ᠃ ᠦᠨᠡᠨᠴᠢ᠂ ᠦᠨᠢᠷᠴᠡᠴᠡᠭ  ᠪᠤᠯ ᠳᠠᠪᠢᠨ ᠢᠮᠠᠭ᠎ᠠ᠎ᠲᠠᠢ ᠪᠠᠢ᠌ᠭᠰᠠᠨ᠎ᠠᠴᠠ᠎ᠪᠠᠨ ᠮᠢᠡᠭᠭ᠋ᠠᠨ ᠢᠮᠠᠭ᠎ᠠ᠎ᠲᠠᠢ ᠪᠤᠯᠵᠦ ᠪᠤᠢ ᠬᠤᠶᠠᠷ ᠶᠤᠮ᠃ 《ᠮᠠᠯᠴᠢᠨ ᠬᠦᠮᠦᠨ ᠮᠠᠯ᠎ᠳᠤ᠎ᠪᠠᠨ ᠬᠠᠢ᠌ᠷᠠᠳᠠᠢ᠂ ᠶᠡᠷᠦ᠎ᠠᠴᠠ᠎ᠪᠠᠨ ᠮᠠᠭᠤ ᠮᠠᠯ ᠭᠡᠵᠦ ᠪᠠᠢ᠌ᠳᠠᠭ ᠦᠭᠡᠢ ᠰᠢᠳᠡ᠂ ᠦᠭᠬᠦᠭᠡᠵᠢ ᠪᠤᠶᠠᠨ᠎ᠢ᠎ᠨᠢ ᠡᠳᠦᠢ ᠤᠯᠠᠨ ᠵᠢᠯ ᠡᠳ᠋ᠯᠡᠵᠦ ᠶᠠᠪᠤᠭᠰᠠᠨ᠎ᠤ᠎ᠪᠠᠨ ᠬᠤᠪᠢ᠎ᠳᠤ ᠮᠠᠯ᠎ᠳᠤ᠎ᠪᠠᠨ ᠳᠠᠯᠠᠷᠬᠠᠬᠤ ᠯᠡ ᠶᠤᠰᠤᠳᠠᠢ᠃ ᠮᠠᠨ᠎ᠤ᠎ᠬᠢ ᠢᠮᠠᠭ᠋ᠠᠨ᠎ᠳᠤ᠎ᠪᠠᠨ ᠳᠤᠷᠠᠳᠠᠢ ᠪᠤᠯᠬᠤᠷ ᠦᠰᠬᠡᠭᠰᠡᠨ ᠶᠤᠮ》 ᠭᠡᠵᠦ ᠶᠠᠷᠢᠭᠰᠠᠨ ᠦᠨᠢᠷᠴᠡᠴᠡᠭ ᠨᠢᠬᠡ ᠯᠨᠨ ᠰᠡᠳᠭᠢᠯ ᠵᠢᠡᠷ ᠢᠮᠠᠭ᠎ᠠ᠎ᠪᠠᠨ ᠦᠰᠭᠡᠬᠦ᠎ᠪᠠᠷ ᠵᠣᠷᠢᠭ ᠰᠢᠢ᠍ᠳᠦᠭᠰᠡᠨ᠎ᠨᠢ ᠠᠯᠢ ᠳᠡᠭᠡᠷ᠎ᠡ ᠵᠠᠭᠤᠨ᠎ᠤ ᠶᠡᠷᠡᠭᠡᠳ ᠤᠨ᠎ᠤ ᠡᠬᠢᠨ ᠦᠶ᠎ᠡ ᠵᠢᠨ ᠤᠴᠢᠷ ᠶᠤᠮ᠃ 1991  ᠤᠨ᠎ᠳᠤ ᠲᠠᠪᠢᠭ᠋ᠠᠳ ᠢᠮᠠᠭ᠎ᠠ᠎ᠲᠠᠢ  ᠪᠠᠢ᠌ᠬᠤ᠎ᠳᠤ᠎ᠪᠠᠨ ᠢᠮᠠᠭ᠎ᠠ᠎ᠪᠠᠨ ᠵᠠᠭᠤ ᠬᠦᠷᠭᠡᠬᠦ ᠵᠢ ᠵᠣᠷᠢᠵᠣ ᠪᠠᠢ᠌ᠭᠰᠠᠨ ᠪᠤᠯ 2000 ᠤᠨ᠎ᠳᠤ ᠬᠦᠰᠡᠯ᠎ᠨᠢ ᠪᠡᠶᠡᠯᠡᠭᠳᠡᠵᠦ ᠵᠠᠭᠤᠠ ᠢᠮᠠᠭ᠎ᠠ᠎ᠲᠠᠢ ᠪᠣᠯᠪᠠ᠃ ᠡᠨᠠ ᠰᠠᠭᠤᠷᠢᠠ ᠲᠡᠭᠡᠷ᠎ᠠ᠎ᠪᠠᠨ ᠢᠮᠠᠭ᠋ᠠᠨ᠎ᠤ᠎ᠪᠠᠨ ᠡᠬᠦᠯᠳᠡᠷ ᠎ᠢ ᠰᠠᠢ᠌ᠵᠢᠷᠠᠭᠤᠯᠵᠦ᠂ ᠵᠢᠯ ᠪᠦᠷᠢ ᠢᠮᠠᠭ᠋ᠠᠠ᠎ᠤ ᠰᠦᠷᠦᠭ᠎ᠠᠴᠠ᠎ᠪᠠᠨ ᠪᠡᠶ᠎ᠠ ᠭᠠᠯᠪᠢᠷ ᠰᠠᠢ᠌ᠳᠠᠢ ᠦᠭᠢᠠ ᠢᠰᠢᠭᠡ ᠵᠢ ᠦᠯᠡᠳᠡᠭᠡᠵᠣ᠂ ᠡᠭᠡ ᠮᠠᠯ᠎ᠤᠨ ᠲᠤᠭ᠎ᠠ᠎ᠪᠠᠨ ᠨᠡᠮᠡᠭᠳᠡᠬᠦᠯᠦᠭᠰᠡᠭᠡᠷ ᠪᠠᠢ᠌ᠵᠦ ᠵᠠᠭᠤ᠎ᠠᠴᠠ᠎ᠪᠠᠨ ᠬᠤᠶᠠᠷ ᠵᠠᠭᠤ ᠬᠦᠷᠭᠡᠭᠰᠡᠨ ᠠᠵᠢ᠃ ᠳᠡᠳᠡᠨ᠎ᠤ᠎ᠬᠢ ᠬᠢᠯᠢ ᠳᠠᠭ᠋ᠠᠤ ᠨᠤᠲᠤᠭ᠎ᠲᠤ ᠠᠮᠢᠳᠤᠷᠠᠳᠠᠭ ᠪᠤᠯᠬᠤᠷ ᠬᠦᠢ᠍ᠳᠡᠨ᠎ᠳᠤ ᠳᠠᠭ᠋ᠠᠭ᠋ᠠᠴᠠ᠎ᠲᠠᠢ ᠨᠤᠲᠤᠭ ᠢᠮᠠᠭ᠎ᠠ ᠮᠠᠯᠵᠢᠬᠤ ᠵᠢ ᠪᠠᠷᠢᠮᠳᠠᠯᠠᠭᠰᠠᠭ᠋ᠠᠷ ᠢᠷᠡᠵᠡᠢ᠃  ᠳᠤᠬᠠᠢ ᠵᠢᠨ ᠦᠶ᠎ᠡ᠎ᠳᠤ ᠨᠦᠭᠦᠴᠡᠯ ᠠᠨᠠᠢ ᠪᠠᠢ᠌ᠭᠰᠠᠨ ᠪᠣᠯᠬᠤᠷ ᠢᠳᠡᠭ ᠢᠳᠡᠭ ᠵᠢᠡᠷ ᠦᠰᠭᠡᠵᠦ᠂ ᠢᠮᠠᠭ᠋ᠠᠠ ᠰᠦᠷᠦᠭ᠎ᠨᠢ ᠲᠠᠪᠣᠠ ᠵᠠᠭᠤ ᠬᠦᠷᠦᠭᠡᠳ ᠲᠦᠷᠪᠡ ᠳᠠᠪᠤᠨ ᠵᠢᠯ  ᠪᠤᠯᠤᠭᠰᠠᠨ ᠪᠠᠢ᠌ᠪᠠ᠃ ᠲᠡᠳᠡᠨ᠎ᠤ᠎ᠬᠢ ᠨᠢᠳᠤᠨᠣᠠ 900 ᠢᠮᠠᠭ᠎ᠠ᠎ᠲᠠᠢ ᠪᠤᠯᠵᠦ᠂ ᠦᠨᠤ ᠵᠢᠯ 1100 ᠢᠮᠠᠭ᠎ᠠ᠎ᠲᠠᠢ ᠪᠤᠯᠤᠭᠰᠠᠨ ᠵᠶ᠋ᠠᠷ ᠽᠠᠨᠳᠠᠨ ᠱᠠᠳᠤ ᠪᠡᠯᠡᠳᠭᠡᠵᠦ ᠨᠠᠢ᠌ᠷ ᠬᠢᠭᠰᠡᠨ ᠶᠤᠮ ᠪᠠᠢ᠌ᠨ᠎ᠠ᠃
    ᠦᠨᠡᠨᠴᠢ ᠵᠢᠨ᠎ᠬᠢ ᠡᠪᠦᠯ ᠣᠠᠳᠣᠷᠤᠭᠤᠯᠬᠤ ᠢᠮᠠᠭ᠎ᠠ ᠭᠡᠵᠤ 500 ᠭᠠᠷᠣᠢ ᠡᠭᠡ ᠮᠠᠯ ᠦᠯᠡᠳᠡᠭᠡᠳᠡᠭ ᠪᠠᠢ᠌ᠵᠦ᠂ ᠨᠠᠮᠣᠷ ᠣᠬᠤᠨ᠎ᠠ ᠳᠠᠯᠪᠢᠬᠤ ᠎ᠳᠤ᠎ᠪᠠᠨ ᠰᠢᠳᠦᠯᠠᠡᠭ ᠵᠢᠡᠨ ᠢᠯᠭ᠋ᠠᠵᠣ᠂ ᠨᠠᠰᠣ ᠬᠦᠢ᠍ᠴᠡᠭᠰᠡᠨ ᠢᠮᠠᠭ᠋ᠠᠳ᠎ᠲᠤ᠎ᠪᠠᠨ ᠣᠬᠤᠨ᠎ᠠ ᠲᠠᠯᠪᠢᠳᠠᠭ᠃ ᠰᠢᠳᠦᠯᠡᠡᠭ ᠵᠢᠡᠨ ᠢᠯᠭ᠋ᠠᠵᠦ ᠳᠠᠯᠪᠢᠳᠠᠭ᠎ᠤᠨ ᠰᠢᠯᠳᠠᠭ᠋ᠠᠨ᠎ᠨᠢ ᠰᠢᠳᠦᠯᠡᠬᠦ ᠢᠰᠢᠭᠡᠯᠡᠪᠡᠯ ᠪᠡᠶ᠎ᠠ᠎ᠨᠢ ᠦᠰᠭᠦ ᠦᠭᠡᠢ ᠵᠢᠵᠢᠭᠷᠡᠭᠡᠳ ᠪᠠᠢ᠌ᠳᠠᠭ᠎ᠠᠴᠠ ᠪᠤᠯᠤᠭᠰᠠᠨ ᠠᠵᠢ᠃ ᠢᠮᠠᠭ᠎ᠠ᠎ᠪᠠᠨ ᠵᠢᠵᠢᠭᠷᠡᠬᠦᠯᠬᠦ ᠦᠭᠡᠢ ᠵᠢᠨ ᠳᠦᠯᠦᠭᠡ ᠣᠬᠤᠨ᠎ᠠ ᠲᠠᠯᠪᠢᠬᠤ ᠦᠶ᠎ᠠ ᠎ᠳᠤ ᠰᠢᠳᠦᠯᠡᠬᠦ᠎ᠪᠠᠨ ᠠᠰ᠎ᠲᠤ᠎ᠨᠢ ᠬᠠᠷᠢᠭᠤᠯᠳᠠᠭ᠎ᠨᠢ ᠳᠡᠳᠡᠨ᠎ᠤ ᠮᠠᠯᠵᠢᠯ᠎ᠤᠨ ᠠᠷᠭ᠎ᠠ ᠠᠵᠢ᠃ ᠬᠠᠪᠣᠷ ᠪᠦᠳᠦᠭᠦᠠ ᠢᠮᠠᠭ᠋ᠠᠳ ᠵᠶ᠋ᠠᠷ ᠭᠤᠣᠯᠳᠠᠵᠣ ᠲᠦᠯ ᠲᠣᠰᠪᠠᠯ ᠴᠠᠳᠬᠤᠯᠳᠠ ᠰᠠᠢ᠌ᠳᠠᠢ ᠮᠦᠷᠳᠡᠭᠡᠠ ᠢᠰᠢᠭᠡ ᠲᠣᠷᠨᠢᠵᠣ ᠪᠤᠢ᠌ᠵᠢᠬᠤ᠎ᠨᠢ ᠴᠦ᠍ ᠲᠦᠷᠭᠡᠠ ᠪᠠᠢ᠌ᠵᠦ᠂ ᠬᠦᠳᠡᠯᠮᠦᠷᠢ ᠬᠦᠴᠦ᠎ᠠᠴᠠ ᠡᠬᠢᠯᠡᠭᠡᠳ ᠪᠦᠬᠦ ᠳᠠᠯ᠎ᠠ᠎ᠳᠤ ᠠᠰᠢᠭᠳᠠᠢ  ᠪᠠᠢ᠌ᠳᠠᠭ ᠶᠤᠮ ᠪᠠᠢ᠌ᠨ᠎ᠠ᠃ ᠲᠦᠯᠯᠡᠬᠦ ᠢᠮᠠᠭ᠋ᠠᠨ᠎ᠤ ᠲᠤᠭ᠎ᠠ ᠣᠯᠠᠠ ᠪᠣᠯᠬᠤᠷ ᠲᠦᠯ ᠳᠤᠰᠬᠤ᠎ᠳᠤ ᠵᠤᠷᠢᠭᠤᠯᠤᠭᠰᠠᠨ ᠵᠢᠵᠢᠭ ᠬᠠᠰᠢᠶ᠎ᠠ ᠵᠠᠭᠤ ᠭᠠᠷᠣᠢ ᠵᠢ ᠪᠡᠯᠡᠳᠭᠡᠭᠰᠡᠨ ᠪᠠᠢ᠌ᠯ᠎ᠠ᠃ ᠢᠰᠢᠭᠡᠯᠡᠭᠰᠡᠨ ᠢᠮᠠᠭ᠋ᠠᠳ ᠵᠢᠡᠨ ᠳᠤᠰᠬᠠᠢ ᠬᠠᠰᠢᠶᠠᠨ᠎ᠳᠤ ᠭᠢᠵᠣ ᠠᠰ ᠠᠰ᠎ᠲᠤ᠎ᠨᠢ ᠲᠡᠵᠢᠭᠡᠭᠡᠳ ᠲᠠᠪᠤ ᠲᠣᠯᠤᠭ᠎ᠠ ᠬᠤᠨᠣᠪᠠᠯ ᠪᠡᠯᠴᠢᠭᠡᠷ᠎ᠲᠤ ᠭᠠᠷᠭ᠋ᠠᠳᠠᠭ᠃ ᠢᠩᠭᠢᠵᠣ ᠨᠢᠭᠡ ᠬᠠᠪᠣᠷ ᠵᠢᠵᠢᠭ ᠬᠠᠰᠢᠶᠠᠨ᠎ᠳᠤ ᠡᠭᠡᠯᠵᠢᠯᠡᠨ ᠬᠠᠰᠢᠵᠦ ᠪᠠᠢ᠌ᠵᠦ᠂ ᠢᠮᠠᠭ᠋ᠠᠠ᠎ᠤ ᠲᠦᠯ ᠵᠶ᠋ᠠᠨ ᠪᠦᠬᠦᠨ᠎ᠢ ᠮᠠᠠᠳᠣ ᠲᠣᠰᠴᠣ ᠠᠪᠬᠤ᠎ᠨᠢ ᠳᠡᠳᠡᠨ᠎ᠤ ᠬᠠᠰᠢᠷ ᠳᠤᠷᠰᠢᠯᠭ᠎ᠠ ᠪᠤᠯᠤᠭᠰᠠᠨ ᠶᠤᠮ᠃ ᠳᠡᠳᠡᠨ ᠎ᠤ ᠮᠠᠯᠵᠢᠯ᠎ᠤᠨ ᠪᠠᠰᠠ ᠨᠢᠭᠡᠨ ᠪᠠᠷᠢᠮᠳᠠᠯᠠᠯ ᠭᠡᠪᠡᠯ ᠲᠦᠯ ᠳᠤᠰᠬᠤ ᠦᠶ᠎ᠠ᠎ᠳᠤ ᠬᠦᠯᠦᠰᠦᠨ ᠠᠵᠢᠯᠴᠢᠨ ᠬᠦᠯᠦᠰᠦᠯᠡᠳᠡᠭ ᠦᠭᠡᠢ᠂ ᠴᠦᠮ ᠦᠪᠡᠷ ᠵᠢᠡᠨ ᠲᠣᠳᠣᠮᠳᠠᠵᠣ᠂ ᠮᠠᠯ᠎ᠤᠨ ᠵᠶ᠋ᠠᠨ ᠦᠨᠢᠷ ᠦᠰᠦᠯᠳᠡ ᠵᠢ ᠪᠠᠳᠣᠯᠠᠳᠠᠭ᠃ 《ᠢᠮᠠᠭ᠎ᠠ  ᠭᠠᠭᠴᠠ ᠦᠡᠭᠭᠡ᠎ᠪᠠᠷ ᠦᠰᠳᠡᠭ ᠦᠭᠡᠢ ᠭᠡᠵᠤ ᠨᠠᠰᠤᠳᠠᠳ ᠶᠠᠷᠢᠳᠠᠭ᠎ᠨᠢ ᠶᠡᠭᠡᠭᠡᠠ ᠤᠷᠤ᠎ᠲᠠᠢ ᠦᠭᠡ᠃ ᠭᠠᠭᠴᠠ ᠴᠠᠭ᠋ᠠᠠ ᠢᠮᠠᠭ᠎ᠠ ᠦᠰᠭᠦ ᠪᠢᠰᠢ᠂ ᠬᠠᠷᠢᠠ ᠬᠠᠷ᠎ᠠ᠂ ᠣᠯᠠᠭ᠋ᠠᠠ᠂  ᠰᠢᠷ᠎ᠠ᠂ ᠪᠣᠷᠣ᠂ ᠭᠦᠭᠡ ᠁ ᠭᠡᠵᠤ ᠣᠯᠠᠠ ᠦᠡᠭᠭᠡ᠎ᠪᠠᠷ ᠠᠯᠠᠭᠯᠠᠵᠦ ᠭᠠᠷᠪᠠᠯ ᠢᠮᠠᠭ᠎ᠠ ᠦᠰᠬᠦ ᠵᠢᠨ ᠪᠡᠯᠭᠡ ᠲᠡᠮᠳᠡᠭ ᠭᠡᠳᠡᠭ᠃ ᠡᠨᠠ ᠵᠢᠯ ᠮᠠᠨ᠎ᠤ᠎ᠳᠤ ᠲᠣᠯᠣᠭ᠋ᠠᠠ ᠦᠡᠭᠭᠡ ᠵᠢᠨ ᠢᠰᠢᠭᠡ ᠭᠠᠷᠤᠭᠰᠠᠨ ᠶᠤᠮ᠃ ᠣᠣᠯ᠎ᠨᠢ ᠮᠠᠨ᠎ᠤ ᠨᠢᠭᠡ ᠢᠮᠠᠭ᠎ᠠ ᠭᠤᠷᠪᠠᠨ ᠦᠬᠢᠨ ᠢᠰᠢᠭᠡ ᠭᠠᠷᠭ᠋ᠠᠭᠰᠠᠨ ᠶᠤᠮ᠃ ᠲᠡᠷᠠ ᠭᠤᠷᠪᠠᠠ ᠢᠮᠠᠭ᠋ᠠᠨ᠎ᠤ  ᠤᠳᠤᠮ᠎ᠠᠴᠠ ᠮᠠᠨ᠎ᠤ ᠢᠮᠠᠭ᠎ᠠ ᠦᠨᠢᠷ ᠦᠰᠴᠠᠢ᠃ ᠡᠨᠠ ᠬᠠᠪᠣᠷ ᠪᠠᠰᠠ ᠭᠤᠷᠪᠠᠠ ᠪᠣᠷᠣ ᠢᠰᠢᠭᠡ  ᠭᠠᠷᠤᠭᠰᠠᠨ ᠶᠤᠮ᠃ ᠭᠤᠷᠪᠠᠭᠤᠯᠠ᠎ᠪᠠᠨ ᠪᠠᠰᠠ ᠦᠭᠢᠠ ᠢᠰᠢᠭᠡ᠂ ᠪᠢ ᠶᠡᠬᠡ ᠪᠡᠯᠭᠡᠰᠢᠶᠡᠵᠦ ᠪᠤᠳᠤᠯ᠎ᠠ》 ᠭᠡᠵᠦ ᠦᠨᠢᠷᠴᠡᠴᠡᠭ ᠳᠤᠭᠳᠤᠯᠤᠨ ᠶᠠᠷᠢᠨ᠎ᠠ᠃
    ᠡᠳᠡᠨ᠎ᠤ᠎ᠬᠢ ᠡᠪᠦᠯ᠎ᠤᠨ ᠣᠯᠠᠷᠢᠯ᠎ᠳᠤ ᠢᠮᠠᠭ᠋ᠠᠠ ᠰᠦᠷᠦᠭ᠎ᠤᠨ ᠵᠶ᠋ᠠᠨ ᠲᠡᠵᠢᠭᠡᠯ᠎ᠢ ᠣᠠᠴᠠ ᠠᠩᠬᠠᠷᠴᠣ᠂ ᠢᠮᠠᠭ᠋ᠠᠨ᠎ᠤ᠎ᠪᠠᠨ ᠡᠪᠡᠰᠣ ᠪᠣᠷᠳᠤᠭ᠎ᠠ ᠵᠢ ᠰᠠᠢ᠌ᠳᠦᠷ ᠳᠤᠬᠢᠷᠠᠭᠤᠯᠳᠠᠭ᠃ 11 ᠰᠠᠷ᠎ᠠ᠎ᠠᠴᠠ ᠡᠭᠢᠯᠡᠨ ᠪᠣᠷᠳᠤᠭ᠎ᠠ ᠦᠭᠴᠦ᠂  ᠢᠮᠠᠭ᠋ᠠᠨ᠎ᠤ᠎ᠪᠠᠨ ᠲᠠᠷᠭᠤ ᠬᠦᠴᠦ ᠵᠢ ᠪᠠᠳᠣᠯᠠᠵᠣ᠂ ᠨᠢᠭᠡ ᠡᠪᠦᠯ ᠪᠠᠷᠤᠭ 25 — 30 ᠲᠣᠠ ᠰᠢᠷ᠎ᠠ ᠪᠣᠷᠴᠠᠭ ᠨᠦᠭᠡᠴᠡᠯᠡᠨ ᠪᠡᠯᠡᠳᠭᠡᠳᠡᠭ᠃ ᠢᠮᠠᠭ᠋ᠠᠨ᠎ᠤ᠎ᠪᠠᠨ ᠡᠭᠦᠯᠳᠡᠷ᠎ᠢ ᠰᠠᠢ᠌ᠵᠢᠷᠠᠭᠤᠯᠬᠤ ᠵᠢ ᠪᠣᠳᠣᠯᠭᠢᠯᠠᠵᠣ᠂ ᠤᠷᠴᠢᠮ᠎ᠤᠨ ᠵᠢᠯ ᠭᠠᠳᠠᠨ᠎ᠠ᠎ᠠᠴᠠ ᠤᠬᠤᠨ᠎ᠠ ᠰᠣᠩᠭᠤᠵᠣ ᠲᠠᠯᠪᠢᠳᠠᠭ ᠪᠤᠯᠵᠦ ᠨᠢᠳᠤᠨᠣᠠ ᠵᠡᠭᠦᠠ ᠦᠵᠦᠮᠦᠴᠢᠨ ᠬᠤᠰᠢᠭᠤᠨ᠎ᠠᠴᠠ 4 ᠮᠣᠬᠤᠷ ᠣᠬᠤᠨ᠎ᠠ ᠠᠪᠴᠢᠷᠠᠭᠰᠠᠨ ᠪᠠᠢ᠌ᠪᠠ᠃ ᠡᠬᠦᠨ᠎ᠠᠴᠠ ᠭᠠᠳᠠᠨ᠎ᠠ ᠵᠢᠯ᠎ᠳᠤ ᠬᠤᠶᠠᠷ ᠣᠳᠠᠭ᠎ᠠ ᠢᠮᠠᠭ᠎ᠠ᠎ᠪᠠᠨ ᠣᠭᠢᠶᠠᠵᠣ᠂ ᠢᠮᠠᠭ᠋ᠠᠠ ᠰᠦᠷᠦᠭ᠎ᠤᠨ ᠵᠢᠡᠨ ᠭᠢᠵᠢᠭ ᠰᠡᠷᠭᠡᠢ᠌ᠯᠡᠯᠳᠡ ᠪᠣᠶᠣ ᠣᠭᠢᠶᠠᠯᠳᠠ ᠴᠢᠳᠬᠤᠯᠳᠠ ᠵᠢ ᠴᠠᠭ ᠳᠠᠷᠤᠢ᠎ᠳᠤ᠎ᠨᠢ ᠪᠡᠶᠡᠯᠡᠭᠦᠯᠳᠡᠭ ᠪᠣᠯᠬᠤᠷ ᠢᠮᠠᠭ᠋ᠠᠳ᠎ᠨᠢ ᠭᠢᠵᠢᠭ ᠭᠡᠮ᠎ᠳᠤ  ᠨᠡᠷᠪᠡᠭᠳᠡᠳᠡᠭ ᠦᠭᠡᠢ ᠃
    ᠲᠦᠷᠪᠡᠨ ᠤᠯᠠᠷᠢᠯ ᠵᠶ᠋ᠠᠷ ᠨᠡᠬᠦᠬᠦ᠎ᠨᠢ ᠡᠳᠡᠨ᠎ᠤ ᠮᠠᠯᠵᠢᠯ᠎ᠤᠨ ᠠᠷᠭ᠎ᠠ᠃ ᠠᠵᠠ ᠵᠢᠨ ᠭᠤᠪᠢ ᠵᠢᠨ ᠵᠤᠰᠠᠯᠠᠡᠭ᠎ᠳᠤ ᠮᠢᠨᠭ᠌ᠭ᠋ᠠᠨ ᠴᠠᠭ᠋ᠠᠨ ᠨᠤᠳᠤᠭ ᠢᠮᠠᠭ᠎ᠠ ᠨᠤᠭᠤᠭ᠋ᠠᠨ ᠲᠠᠯ᠎ᠠ᠎ᠳᠤ ᠮᠦᠨᠭᠬᠦᠨ ᠱᠠᠭ᠎ᠠ ᠠᠰᠬᠠᠭᠰᠠᠨ ᠰᠢᠭ᠋ ᠢᠷᠡᠢ᠌ᠨ ᠲᠤᠭᠳᠠᠨ᠎ᠠ᠃ ᠤᠯᠠᠮᠵᠢᠯᠠᠯ ᠶᠤᠰᠤᠭ᠋ᠠᠷ ᠳᠦᠷᠪᠡᠨ ᠤᠯᠠᠷᠢᠯ ᠵᠶ᠋ᠠᠷ ᠵᠶ᠋ᠠᠨ ᠨᠡᠬᠦᠳᠡᠯᠯᠡᠳᠡᠭ᠎ᠨᠢ ᠦᠨᠡᠨᠴᠢ᠂ ᠦᠨᠢᠷᠴᠡᠴᠡᠭ ᠬᠤᠶᠠᠷ᠎ᠤᠨ ᠪᠠᠷᠢᠮᠳᠠᠯᠠᠯ ᠪᠠᠢ᠌ᠯ᠎ᠠ᠃ ᠲᠠᠪᠤᠨ ᠲᠤᠯᠤᠭ᠋ᠠᠢ ᠵᠢᠨ ᠰᠢᠯᠢ ᠵᠢᠨ ᠡᠪᠦᠯᠵᠢᠶ᠎ᠡ᠎ᠠᠴᠠ ᠨᠡᠬᠦᠳᠡᠯ᠎ᠤᠨ ᠠᠴᠢᠶ᠎ᠠ ᠲᠠᠪᠤᠨ ᠰᠠᠷ᠎ᠠ ᠵᠢᠨ ᠨᠢᠬᠡᠨ᠎ᠠᠴᠠ ᠬᠦᠳᠡᠯᠵᠦ᠂ ᠴᠢᠯᠠᠭᠤᠳᠤ ᠬᠤᠨᠭ᠌ᠬᠤᠷ᠎ᠢ ᠲᠠᠮᠵᠢᠨ᠂ ᠪᠤᠭᠤᠭ᠎ᠤᠨ ᠰᠢᠷᠡᠭᠡ ᠵᠢ ᠲᠠᠭ᠋ᠠᠷᠢᠵᠤ᠂ ᠬᠤᠶᠠᠷ ᠬᠤᠨᠤᠭ᠎ᠤᠨ ᠨᠡᠬᠦᠳᠡᠯ ᠳᠠᠭ᠋ᠠᠨ᠎ᠠ᠃ ᠭᠤᠭᠤᠳ᠂ ᠬᠢᠶᠠᠭ᠂ ᠪᠤᠳᠠᠷᠭ᠋ᠠᠨ᠎ᠠ᠂ ᠠᠬᠢ᠎ᠲᠠᠢ ᠠᠵᠠ ᠵᠢᠨ ᠭᠤᠪᠢ ᠵᠢᠨ ᠵᠤᠰᠠᠯᠠᠡᠭ᠎ᠳᠤᠨᠢ ᠪᠤᠷᠤᠭ᠋ᠠᠨ ᠬᠤᠷ᠎ᠠ ᠡᠯᠪᠡᠭᠰᠢᠭᠰᠡᠨ ᠵᠶ᠋ᠠᠷ ᠬᠦᠮᠦᠨ᠎ᠤ ᠰᠡᠳᠬᠢᠯ ᠰᠡᠷᠬᠦᠵᠦ ᠮᠠᠯ᠎ᠤᠨ ᠵᠤ ᠳᠡᠨᠢᠢ᠍ᠭᠰᠡᠨ ᠪᠠᠢ᠌ᠯ᠎ᠠ᠃ 《ᠤᠳᠤ ᠨᠡᠬᠦᠳᠡᠯ᠎ᠤᠨ ᠳᠤᠬᠠᠢ ᠶᠠᠷᠢᠬᠤ᠎ᠳᠤ ᠪᠠᠭ᠎ᠠ ᠵᠢᠨ ᠦᠶ᠎ᠡ ᠵᠢᠨ ᠨᠡᠬᠦᠳᠡᠯ ᠦᠪᠡᠷ᠎ᠤᠨ ᠡᠷᠬᠡ ᠦᠬᠡᠢ ᠰᠠᠨᠠᠭᠳᠠᠬᠤ᠎ᠨᠢ ᠲᠠᠨᠭ᠌ᠴᠤ ᠭᠤᠶᠤ᠃ ᠤᠳᠤ ᠵᠢᠨ ᠴᠠᠭ᠎ᠲᠤ ᠠᠢ᠌ᠯ ᠪᠦᠬᠦᠳᠡ ᠲᠡᠷᠭᠡ ᠤᠨᠤᠭ᠎ᠠ᠎ᠲᠠᠢ ᠪᠤᠯᠤᠭᠰᠠᠨ ᠪᠤᠯᠬᠤᠷ ᠲᠡᠭᠡᠭᠡᠭᠡᠳ ᠯᠡ ᠶᠠᠪᠤᠴᠢᠬᠠᠨ᠎ᠠ᠃ ᠨᠢᠬᠡ ᠨᠤᠳᠤᠭ ᠲᠡᠭᠡᠷ᠎ᠡ᠎ᠪᠠᠨ ᠬᠤᠶᠠᠷ ᠰᠠᠭᠤᠬᠤ ᠦᠬᠡᠢ ᠨᠡᠬᠦᠨ᠎ᠡ᠃ ᠨᠢᠬᠡ ᠵᠢᠯ᠎ᠳᠤ ᠲᠤᠯᠤᠭ᠋ᠠᠨ ᠨᠡᠬᠦᠳᠡᠯ ᠪᠠᠭᠤᠬᠤ ᠠᠢ᠌ᠯ ᠴᠤ᠌ ᠪᠠᠢ᠌ᠨ᠎ᠠ ᠰᠢᠦ᠃ ᠢᠨᠭᠬᠢᠵᠦ ᠨᠡᠬᠦᠵᠦ ᠪᠠᠭᠤᠭ᠋ᠠᠳ ᠢᠷᠡᠬᠦ᠎ᠳᠤ ᠨᠤᠲᠤᠭ᠎ᠤᠨ ᠬᠦᠷᠦᠰᠦᠨ᠎ᠤ ᠡᠪᠳᠡᠭᠳᠡᠬᠦ ᠵᠢ ᠰᠡᠷᠭᠡᠢ᠌ᠯᠡᠵᠦ᠂ ᠡᠪᠡᠰᠦ ᠪᠡᠯᠴᠢᠬᠡᠷ ᠬᠤᠷᠳᠤᠨ ᠤᠷᠭᠤᠵᠤ᠂ ᠨᠤᠳᠤᠭ ᠪᠡᠯᠴᠢᠬᠡᠷ᠎ᠤᠨ ᠳᠠᠭ᠋ᠠᠭ᠋ᠠᠴᠠ᠎ᠳᠤ ᠲᠤᠡᠭ ᠠᠰᠢᠭᠳᠠᠢ》 ᠭᠡᠵᠦ ᠦᠨᠡᠨᠴᠢ ᠭᠤᠸᠠᠢ ᠶᠠᠷᠢᠵᠢ ᠪᠢᠯᠡ᠃ ᠨᠤᠲᠤᠭ ᠤᠰᠤ᠎ᠪᠠᠨ ᠨᠢᠳᠦᠨ᠎ᠤ ᠴᠡᠴᠡᠭᠡᠢ᠎ᠪᠠᠨ ᠰᠢᠭ ᠬᠠᠢ᠌ᠷᠠᠯᠠᠳᠠᠭ ᠬᠦᠮᠦᠰ ᠮᠠᠯ ᠮᠠᠯᠵᠢᠯ᠎ᠤᠨ ᠵᠶ᠋ᠠᠨ ᠳᠤᠮᠳᠠ ᠮᠠᠯ ᠪᠡᠯᠴᠢᠭᠡᠷ᠎ᠤᠨ ᠵᠤᠬᠢᠴᠠᠯ᠎ᠢ ᠤᠨᠴᠠ ᠠᠡᠭᠬᠠᠷᠳᠠᠭ᠎ᠨᠢ ᠡᠬᠦᠨ᠎ᠠᠴᠠ ᠮᠡᠳᠡᠭᠳᠡᠨ᠎ᠡ᠃
     ᠪᠤᠭᠤᠭ᠎ᠤᠨ ᠰᠢᠷᠡᠭᠡ᠎ᠳᠤ ᠡᠪᠦᠯ ᠴᠠᠰᠦ ᠶᠡᠬᠡ ᠪᠠᠭᠤᠵᠤ᠂ ᠵᠠᠮ ᠨᠡᠪᠳᠡᠷᠡᠯᠭᠡ ᠵᠢ ᠬᠠᠭ᠋ᠠᠵᠤ ᠪᠤᠭᠤᠳᠠᠭ᠎ᠠᠴᠠ ᠲᠡᠭᠡᠵᠦ ᠨᠡᠷᠡᠯᠡᠭᠰᠡᠨ ᠭᠡᠳᠡᠭ᠃ ᠤᠯᠠᠭ᠋ᠠᠨ ᠰᠤᠨᠭ᠌ᠬᠢᠨ᠎ᠠ᠂ ᠠᠬᠢ ᠳᠠᠭ᠋ᠠᠨ᠎ᠠ ᠤᠷᠭᠤᠳᠠᠭ ᠵᠶ᠋ᠠᠷ ᠵᠶ᠋ᠠᠨ ᠰᠢᠮ᠎ᠡ ᠰᠠᠢ᠌ᠳᠠᠢ᠃ ᠭᠠᠴᠠᠭ᠋ᠠᠨ᠎ᠠᠴᠠ ᠠᠢ᠌ᠯ ᠪᠤᠯᠭ᠋ᠠᠨ᠎ᠳᠤ ᠬᠠᠮᠳᠤ ᠵᠢᠨ ᠨᠤᠳᠤᠭ᠎ᠠᠴᠠ ᠬᠤᠶᠠᠷ ᠮᠢᠨᠭ᠌ᠭ᠋ᠠᠨ ᠮᠤ᠌ ᠵᠢ ᠭᠤᠷᠪᠠᠨ ᠲᠦᠭᠦᠷᠢᠭ ᠵᠶ᠋ᠠᠷ ᠲᠦᠷᠢᠶᠡᠰᠦᠯᠡᠵᠦ ᠦᠭᠳᠡᠭ᠎ᠨᠢ ᠳᠡᠳᠡᠨ᠎ᠤ᠎ᠳᠤ ᠮᠠᠰᠢ ᠳᠤᠰᠠ ᠪᠤᠯᠳᠠᠭ ᠶᠤᠮ ᠪᠠᠢ᠌ᠨ᠎ᠠ᠃ ᠤᠷᠢᠶᠠᠡᠭᠬᠠᠢ᠌ᠴᠤᠳ᠎ᠤᠨ ᠤᠷᠤᠯᠳᠤᠭ᠋ᠠᠨ ᠨᠡᠬᠦᠳᠡᠯ  ᠭᠡᠳᠡᠭ᠎ᠨᠢ ᠠᠯᠢ ᠨᠢᠭᠡ ᠠᠢ᠌ᠯ᠎ᠨᠢ ᠨᠡᠬᠦᠵᠦ ᠡᠬᠢᠯᠡᠪᠡᠯ ᠬᠤᠶᠠᠷᠬᠠᠨ ᠡᠳᠦᠷ᠎ᠲᠤ ᠪᠦᠷ ᠵᠤᠰᠠᠯᠠᠡᠭ᠎ᠳᠤ᠎ᠪᠠᠨ ᠨᠡᠬᠦᠵᠦ ᠪᠠᠭᠤᠳᠠᠭ ᠵᠶ᠋ᠠᠷ ᠵᠶ᠋ᠠᠨ ᠳᠡᠭᠡᠵᠦ ᠶᠠᠷᠢᠭᠳᠠᠳᠠᠭ ᠶᠤᠮ ᠭᠡᠨ᠎ᠡ᠃ ᠡᠳᠡᠨ᠎ᠤ᠎ᠬᠢ ᠢᠡᠭᠬᠢᠵᠦ ᠳᠦᠷᠪᠡᠨ ᠤᠯᠠᠷᠢᠯ ᠵᠶ᠋ᠠᠷ ᠨᠡᠬᠦᠵᠦ ᠪᠠᠭᠤᠬᠤ᠎ᠪᠠᠨ ᠪᠠᠷᠢᠮᠳᠠᠯᠠᠭᠰᠠᠭ᠋ᠠᠷ ᠠᠵᠢ᠃
     ᠦᠨᠢᠷᠴᠡᠴᠡᠭ ᠢᠮᠠᠭ᠋ᠠᠨ᠎ᠤ ᠰᠦ᠎ᠪᠠᠷ ᠵᠢᠡᠨ ᠤᠷᠤᠯᠭ᠎ᠠ ᠤᠯᠵᠦ ᠪᠠᠢ᠌ᠭ᠎ᠠ ᠶᠤᠮ᠃ ᠳᠡᠷᠡ᠄ 《ᠶᠠᠭᠤᠮ᠎ᠠ ᠰᠤᠷᠬᠤ᠎ᠳᠤ ᠨᠠᠰᠤᠨ᠎ᠳᠤ ᠬᠢᠵᠠᠭ᠋ᠠᠷᠯᠠᠭᠳᠠᠬᠤ ᠦᠬᠡᠢ᠂ ᠵᠠᠪᠳᠤᠨ  ᠰᠢᠮᠳᠠᠪᠠᠯ ᠪᠦᠷ ᠠᠮᠵᠢᠯᠳᠠ᠎ᠳᠤ ᠬᠦᠷᠴᠦ ᠪᠤᠯᠬᠤ ᠶᠤᠮ ᠪᠠᠢ᠌ᠨ᠎ᠠ》 ᠭᠡᠵᠦ ᠶᠠᠷᠢᠯ᠎ᠠ᠃ ᠮᠠᠯᠴᠢᠨ ᠦᠷᠨᠢᠴᠡᠴᠡᠭ ᠴᠢᠮᠡᠭᠡ ᠵᠠᠨᠭ᠌ᠬᠢ ᠲᠤᠤᠷ ᠰᠦᠯᠵᠢᠶ᠎ᠡ ᠵᠢ ᠠᠰᠢᠭᠯᠠᠨ᠂ ᠸᠢᠴᠠᠲ ᠵᠶ᠋ᠠᠷ ᠬᠤᠯᠪᠤᠭ᠎ᠠ ᠪᠠᠷᠢᠵᠤ ᠰᠤᠷᠤᠯᠴᠠᠭᠰᠠᠨ᠎ᠨᠢ ᠳᠡᠬᠦᠨ᠎ᠤ ᠤᠷᠴᠢᠮ᠎ᠤᠨ ᠵᠢᠯ ᠎ᠤᠨ ᠰᠢᠨ᠎ᠡ ᠠᠮᠵᠢᠯᠳᠠ ᠪᠠᠢ᠌ᠯ᠎ᠠ᠃ ᠠᠯᠠᠱ᠌ᠠ ᠠᠢ᠌ᠮᠠᠭ᠂ ᠬᠦᠯᠦᠨ ᠪᠤᠢ᠌ᠷ ᠬᠤᠳᠠ ᠵᠡᠷᠭᠡ ᠭᠠᠵᠠᠷ᠎ᠤᠨ ᠢᠮᠠᠭ᠎ᠠ ᠠᠷᠪᠢᠨ ᠮᠠᠯᠵᠢᠳᠠᠭ ᠲᠤᠷᠰᠢᠯᠭ᠎ᠠ ᠰᠠᠢ᠌ᠳᠠᠢ ᠮᠠᠯᠴᠢᠳ ᠵᠶ᠋ᠠᠷ ᠪᠠᠭᠰᠢ ᠪᠠᠷᠢᠨ᠂ ᠢᠮᠠᠭ᠋ᠠᠨ᠎ᠤ ᠰᠦ ᠵᠢ ᠬᠡᠷᠬᠢᠨ ᠡᠳ᠋ᠰᠢᠬᠦᠯᠬᠦ᠂  ᠢᠮᠠᠭ᠋ᠠᠨ᠎ᠤ ᠲᠦᠯᠯᠡᠬᠦ᠎ᠠᠴᠠ ᠡᠮᠦᠨᠡᠬᠢ ᠠᠷᠠᠴᠢᠯᠠᠭ᠎ᠠ ᠪᠤᠯᠤᠨ ᠲᠦᠯ᠎ᠤᠨ  ᠪᠤᠢ᠌ᠵᠢᠯᠳᠠ ᠵᠢ ᠪᠠᠳᠤᠯᠠᠬᠤ ᠵᠡᠷᠭᠡ ᠤᠯᠠᠨ ᠲᠠᠯ᠎ᠠ᠎ᠪᠠᠷ ᠦᠪᠡᠷ ᠦᠪᠡᠷ᠎ᠤᠨ ᠲᠤᠷᠰᠢᠯᠭ᠎ᠠ᠎ᠪᠠᠨ ᠰᠤᠯᠢᠯᠴᠠᠬᠤ ᠵᠢᠨ ᠲᠠᠭ᠋ᠠᠤ ᠪᠤᠰᠤᠳ᠎ᠤᠨ ᠲᠠᠪᠠᠭᠤᠯᠢᠭ ᠵᠶ᠋ᠠᠷ ᠦᠪᠡᠷ᠎ᠤᠨ ᠲᠤᠳᠠᠭᠳᠠᠯ ᠵᠶ᠋ᠠᠨ ᠨᠦᠬᠦᠪᠦᠷᠢᠯᠡᠭᠰᠡᠭᠡᠷ ᠢᠷᠡᠵᠡᠢ᠃
    ᠦᠨᠢᠷᠴᠡᠴᠡᠭ ᠢᠮᠠᠭ᠋ᠠᠨ ᠎ᠤ ᠰᠦ᠎ᠪᠠᠷ ᠢᠰᠭᠡᠵᠦ ᠭᠠᠷᠭ᠋ᠠᠭᠰᠠᠨ ᠠᠷᠢᠬᠢ᠂ ᠢᠮᠠᠭ᠋ᠠᠨ᠎ᠤ ᠰᠦᠨ ᠎ᠤ ᠪᠢᠰᠢᠯᠠᠭ᠂ ᠰᠢᠷ᠎ᠠ ᠤᠰᠤᠨ᠎ᠤ ᠰᠢᠬᠢᠷ᠂ ᠰᠦᠨ᠎ᠤ ᠰᠢᠬᠢᠷ᠂ ᠵᠦᠭᠡᠭᠡᠢ ᠵᠢᠨ ᠰᠢᠬᠢᠷ᠂ ᠵᠦᠭᠡᠭᠡᠢ ᠰᠢᠷ᠎ᠠ ᠳᠤᠰᠤ ᠪᠤᠯᠤᠨ ᠰᠦᠨ ᠳᠠᠯᠬ᠎ᠠ᠎ᠪᠠᠷ ᠬᠢᠭᠰᠡᠨ ᠬᠦᠪᠦᠡᠭ ᠰᠢᠬᠢᠷ ᠵᠡᠷᠭᠡ ᠬᠡᠳᠦᠨ ᠳᠦᠷᠦᠯ᠎ᠤᠨ ᠪᠦᠳᠦᠭᠡᠭᠳᠡᠬᠦᠨ ᠬᠢᠳᠡᠭ᠃ ᠦᠨᠢᠷᠴᠡᠴᠡᠭ ᠢᠮᠠᠭ᠋ᠠᠨ᠎ᠤ ᠰᠦᠨ᠎ᠤ ᠪᠦᠳᠦᠭᠡᠭᠳᠡᠬᠦᠨ᠎ᠳᠤ᠎ᠪᠠᠨ 《ᠪᠤᠳᠠᠷᠭ᠋ᠠᠨ᠎ᠠ》 ᠬᠡᠮᠡᠬᠦ ᠳᠠᠸᠠᠷ᠎ᠤᠨ ᠳᠡᠮᠳᠡᠭ ᠳᠠᠡᠭᠰᠠᠯᠠᠭᠤᠯᠤᠭᠰᠠᠨ  ᠪᠠᠢ᠌ᠯ᠎ᠠ᠃ ᠢᠮᠠᠭ᠋ᠠᠨ᠎ᠤ ᠰᠦᠨ᠎ᠤ ᠠᠷᠢᠬᠢ᠎ᠪᠠᠨ ᠵᠢᠡᠭ ᠪᠦᠷᠢ ᠵᠢ 70 ᠲᠦᠭᠦᠷᠢᠭ ᠵᠶ᠋ᠠᠷ᠂ ᠢᠮᠠᠭ᠋ᠠᠨ᠎ᠤ ᠰᠦᠨ᠎ᠤ ᠪᠢᠰᠢᠯᠠᠭ᠂ ᠰᠢᠷ᠎ᠡ ᠤᠰᠤᠨ᠎ᠤ ᠰᠢᠬᠢᠷ ᠵᠶ᠋ᠠᠨ ᠵᠢᠡᠭ ᠪᠦᠷᠢ ᠵᠢ᠎ᠨᠢ 45 ᠲᠦᠭᠦᠷᠢᠭ ᠵᠶ᠋ᠠᠷ᠂ ᠰᠦᠨ᠎ᠤ ᠰᠢᠬᠢᠷ᠂ ᠵᠦᠭᠡᠭᠡᠢ ᠵᠢᠨ ᠰᠢᠬᠢᠷ ᠵᠶ᠋ᠠᠨ 50 ᠲᠦᠭᠦᠷᠢᠭ ᠵᠶ᠋ᠠᠷ᠂ ᠵᠦᠬᠡᠬᠡᠢ᠂ ᠰᠢᠷ᠎ᠡ ᠲᠤᠰᠤ᠂ ᠰᠦᠨ ᠲᠠᠯᠬ᠎ᠠ᠎ᠪᠠᠷ ᠬᠢᠭᠰᠡᠨ ᠬᠦᠪᠦᠡᠭ ᠰᠢᠬᠢᠷ ᠵᠶ᠋ᠠᠨ 30 ᠲᠦᠭᠦᠷᠢᠭ ᠵᠶ᠋ᠠᠷ ᠬᠤᠳᠠᠯᠳᠤᠳᠠᠭ᠃ ᠭᠤᠤᠯᠳᠠᠭᠤ ᠬᠦᠬᠡᠠᠠᠤᠳᠠ ᠪᠤᠯᠤᠨ ᠪᠤᠰᠤᠳ ᠠᠢ᠌ᠮᠠᠭ ᠬᠤᠳᠠ᠎ᠪᠠᠷ ᠪᠤᠷᠤᠯᠠᠭᠤᠯᠤᠨ ᠠᠰᠢᠭ ᠤᠷᠤᠯᠭ᠎ᠠ ᠬᠠᠡᠭᠬᠢ ᠪᠠᠢ᠌ᠵᠦ᠂ ᠬᠠᠨᠭ᠌ᠭ᠋ᠠᠯᠭ᠎ᠠ᠎ᠨᠢ ᠬᠡᠷᠡᠭᠴᠡᠭᠡᠨ ᠎ᠳᠤ᠎ᠪᠠᠨ ᠬᠦᠷᠬᠦ ᠦᠬᠡᠢ  ᠪᠠᠢ᠌ᠳᠠᠯ ᠪᠠᠢ᠌ᠡᠭᠭᠤ ᠭᠠᠷᠳᠠᠭ᠃ ᠢᠮᠠᠭ᠋ᠠᠨ᠎ᠤ ᠰᠦᠨ᠎ᠤ ᠠᠷᠢᠬᠢ ᠢᠰᠭᠡᠬᠦ᠎ᠳᠤ᠎ᠪᠠᠨ 10 ᠵᠢᠡᠭ ᠰᠢᠷ᠎ᠡ  ᠤᠰᠤᠨ᠎ᠳᠤ 2 ᠵᠢᠡᠭ ᠤᠯᠠᠭ᠋ᠠᠨ ᠴᠢᠪᠠᠭ᠎ᠠ᠂ 2 ᠵᠢᠡᠭ ᠦᠵᠦᠮ ᠬᠢᠬᠡᠳ ᠨᠢᠬᠡ ᠰᠠᠷ᠎ᠠ ᠢᠰᠭᠡᠬᠦ᠎ᠳᠤ  6  ᠵᠢᠡᠭ ᠤᠷᠴᠢᠮ ᠠᠷᠢᠬᠢ ᠭᠠᠷᠳᠠᠭ  ᠠᠵᠢ᠃ ᠢᠮᠠᠭ᠋ᠠᠨ᠎ᠤ ᠰᠦᠨ᠎ᠤ ᠠᠷᠢᠬᠢ᠎ᠨᠢ ᠪᠡᠶ᠎ᠡ ᠵᠢ ᠰᠢᠮᠡᠵᠢᠬᠦᠯᠬᠦ᠂ ᠰᠢᠷ᠎ᠡ ᠵᠢ ᠲᠠᠷᠤᠵᠤ᠂ ᠬᠤᠳᠤᠭᠤᠳᠤ ᠵᠢ ᠲᠦᠯᠵᠢᠬᠦᠯᠤᠨᠨ ᠰᠠᠭᠤᠯᠭ᠋ᠠᠬᠤ ᠵᠢ ᠵᠤᠭᠰᠤᠭ᠋ᠠᠬᠤ᠂ ᠴᠢᠰᠦ ᠵᠢ ᠨᠦᠬᠦᠬᠦ ᠦᠢ᠍ᠯᠡᠳᠦᠯ᠎ᠲᠠᠢ ᠪᠠᠢ᠌ᠵᠦ᠂ ᠠᠭᠤᠰᠬᠢᠨ᠎ᠤ ᠬᠠᠯᠠᠭᠤᠨ᠎ᠢ ᠠᠷᠢᠯᠭ᠋ᠠᠵᠤ᠂ ᠬᠠᠨᠢᠶᠠᠳᠤ ᠵᠢ ᠵᠤᠭᠰᠤᠭ᠋ᠠᠨ ᠠᠮᠢᠰᠬᠤᠭ᠋ᠠᠳᠠᠬᠤ ᠵᠢ ᠵᠦᠬᠡᠯᠡᠷᠡᠬᠦᠯᠳᠡᠭ᠃
    ᠢᠮᠠᠭ᠋ᠠᠨ᠎ᠤ ᠰᠦᠨ᠎ᠤ ᠠᠷᠢᠬᠢᠨ᠎ᠤ ᠬᠦᠷᠦᠨᠭᠭᠡ᠎ᠨᠢ ᠰᠠᠢ᠌ᠨ ᠪᠤᠯ ᠢᠰᠦᠯᠳᠡ᠎ᠨᠢ ᠴᠦ᠍ ᠰᠠᠢ᠌ᠨ ᠪᠤᠯᠳᠠᠭ᠃ ᠢᠰᠭᠡᠬᠦ᠎ᠳᠤ᠎ᠨᠢ ᠤᠷᠴᠢᠨ ᠳᠤᠭᠤᠷᠢᠨ᠎ᠤ ᠠᠷᠢᠭᠤᠨ ᠴᠡᠪᠡᠷ᠎ᠢ ᠠᠨᠭ᠌ᠬᠠᠷᠬᠤ᠂ ᠴᠢᠮᠡᠭᠡ ᠱᠤᠤᠬᠢᠶᠠᠨ᠂ ᠲᠠᠮᠠᠬᠢᠨ ᠎ᠤ ᠤᠳᠤᠭ᠎ᠠ ᠬᠦᠷᠬᠡᠬᠦ ᠦᠬᠡᠢ᠂ ᠰᠠᠢ᠌ᠨ ᠤᠯᠠᠭ᠋ᠠᠨ ᠴᠢᠪᠠᠭ᠎ᠠ᠂ ᠦᠵᠦᠮ᠎ᠢ ᠬᠡᠷᠡᠭᠯᠡᠪᠡᠯ ᠢᠰᠦᠯᠳᠠ᠎ᠨᠢ ᠤᠯᠠᠮ ᠴᠢᠨᠭᠭ᠎ᠠ ᠪᠤᠯᠵᠤ᠂ 32 ᠭ᠋ᠷᠠᠳᠦ᠋ᠰ᠎ᠤᠨ ᠰᠠᠢ᠌ᠨ ᠠᠷᠢᠬᠢ ᠭᠠᠷᠬᠤ ᠮᠦᠷᠳᠡᠬᠡᠨ ᠰᠡᠷᠢᠬᠦᠨ ᠭᠠᠵᠠᠷ ᠤᠳᠠᠭ᠋ᠠᠨ ᠬᠠᠳᠠᠭ᠋ᠠᠯᠠᠬᠤ᠎ᠳᠤ ᠡᠪᠳᠡᠷᠡᠬᠦ ᠦᠬᠡᠢ᠂ ᠦᠨᠦᠷ ᠠᠮᠳᠠ᠎ᠨᠢ ᠰᠠᠢ᠌ᠬᠠᠨ ᠪᠠᠢ᠌ᠳᠠᠭ᠃ ᠮᠠᠯᠴᠢᠨ ᠦᠨᠡᠨᠴᠢ ᠦᠨᠢᠷᠴᠡᠴᠡᠭ ᠬᠤᠶᠠᠷ ᠢᠮᠠᠭ᠎ᠠ᠎ᠪᠠᠨ ᠵᠢᠯ᠎ᠳᠤ᠎ᠪᠠᠨ ᠬᠤᠷᠢᠭ᠋ᠠᠳ ᠬᠤᠨᠤᠭ ᠰᠠᠭ᠋ᠠᠳᠠᠭ᠃ 8 ᠬᠤᠨᠤᠭ ᠲᠠᠷᠠᠭ᠋ᠠᠯᠠᠨ 100 ᠢᠮᠠᠭ᠎ᠠ ᠰᠠᠭ᠋ᠠᠵᠤ ᠪᠠᠢ᠌ᠭᠰᠠᠨ᠂ ᠬᠠᠮᠤᠭ ᠠᠷᠪᠢᠨ ᠬᠤᠨᠤᠭ᠎ᠲᠤ 200 ᠢᠮᠠᠭ᠎ᠠ ᠰᠠᠭ᠋ᠠᠵᠤ ᠪᠠᠢ᠌ᠭᠰᠠᠨ ᠰᠠᠢ᠌ᠬᠠᠨ ᠲᠤᠷᠠᠰᠤᠮᠵᠢ᠎ᠪᠠᠨ  ᠬᠤᠪᠢᠶᠠᠯᠴᠠᠯ᠎ᠠ᠃
    ᠮᠤᠨᠭ᠌ᠭᠤᠯᠴᠤᠳ ᠮᠠᠯ ᠰᠦᠷᠦᠭ᠎ᠤᠨ ᠵᠶ᠋ᠠᠨ ᠦᠨᠢᠷ ᠦᠰᠦᠯᠳᠡ ᠵᠢ ᠵᠦᠨᠭᠨᠡᠨ ᠪᠡᠯᠬᠡᠰᠢᠶᠡᠵᠦ᠂ ᠮᠠᠯ ᠎ᠤᠨ ᠬᠡᠰᠢᠭ  ᠬᠤᠷᠤᠢ᠌ᠯᠠᠭᠰᠠᠨ ᠨᠠᠢ᠌ᠷ ᠨᠠᠭ᠋ᠠᠳᠤᠮ ᠬᠢᠬᠦ ᠤᠯᠠᠮᠵᠢᠯᠠᠯᠳᠤ ᠰᠠᠢ᠌ᠬᠠᠨ ᠵᠠᠡᠭ ᠵᠠᠨᠭ᠌ᠰᠢᠯ᠎ᠲᠠᠢ ᠪᠠᠢ᠌ᠳᠠᠭ᠃ ᠮᠠᠯᠴᠢᠨ  ᠦᠨᠢᠷᠴᠡᠴᠡᠭ᠎ᠤᠨ 《ᠢᠮᠠᠭ᠎ᠠ ᠪᠤᠯ ᠪᠤᠶᠠᠨ᠎ᠤ ᠴᠢᠭᠳᠠᠭ᠎ᠠ᠂ ᠢᠮᠠᠭ᠎ᠠ ᠪᠤᠯ ᠪᠤᠶᠠᠨ᠎ᠤ ᠠᠷᠭ᠋ᠠᠮᠵᠢᠶ᠎ᠠ》 ᠭᠡᠵᠦ ᠬᠡᠯᠡᠭᠰᠡᠨ ᠦᠬᠡ᠎ᠪᠠᠷ ᠮᠢᠡᠭᠭ᠋ᠠᠨ ᠢᠮᠠᠭ᠎ᠠ᠎ᠲᠠᠢ ᠪᠤᠯᠬᠤ ᠬᠦᠰᠡᠯ ᠮᠦᠷᠦᠬᠡᠳᠦᠯ᠎ᠨᠢ ᠪᠡᠶᠡᠯᠡᠭᠳᠡᠭᠰᠡᠨ ᠠᠵᠢ᠃ ᠡᠳᠡᠨ᠎ᠤ᠎ᠬᠢ ᠮᠢᠡᠭᠭ᠋ᠠᠨ ᠢᠮᠠᠭ᠋ᠠᠨ᠎ᠤ ᠮᠢᠯᠢᠶᠠᠯᠭ᠎ᠠ ᠵᠢᠨ  ᠨᠠᠢ᠌ᠷ᠎ᠤᠨ ᠵᠶ᠋ᠠᠨ ᠵᠠᠷᠢᠮ ᠠᠭᠤᠯᠭ᠎ᠠ ᠵᠢ ᠬᠠᠪᠤᠷ ᠶᠠᠪᠤᠭᠳᠠᠭᠤᠯᠤᠭᠰᠠᠨ ᠪᠠᠢ᠌ᠯ᠎ᠠ᠃  ᠤᠢ᠌ᠷ᠎ᠠ ᠬᠠᠪᠢ ᠵᠢᠨ ᠲᠠᠯᠠ ᠭᠠᠷᠤᠢ ᠡᠷᠡᠭᠳᠡᠢ ᠡᠮᠡᠭᠳᠡᠢ ᠮᠠᠯᠴᠢᠨ ᠵᠠᠯᠠᠭᠤᠴᠤᠳ᠎ᠢ ᠬᠡᠳᠦᠨ  ᠳᠤᠭᠤᠢ᠌ᠯᠠᠡᠭ ᠬᠤᠪᠢᠶᠠᠨ ᠢᠮᠠᠭ᠎ᠠ ᠰᠠᠮᠨᠠᠬᠤ ᠤᠷᠤᠯᠳᠤᠭ᠋ᠠᠨ ᠡᠷᠬᠢᠯᠡᠭᠰᠡᠨ᠎ᠨᠢ ᠽᠠᠨᠳᠠᠨ ᠱᠠᠳᠤ ᠮᠢᠯᠢᠶᠠᠬᠤ ᠨᠠᠢ᠌ᠷ᠎ᠤᠨ ᠨᠢᠭᠡᠨ ᠠᠭᠤᠯᠭ᠎ᠠ ᠪᠠᠢ᠌ᠪᠠ᠃ ᠤᠷᠤᠯᠳᠤᠭ᠋ᠠᠨ᠎ᠳᠤ ᠳᠡᠷᠢᠬᠦᠯᠡᠭᠰᠡᠨ ᠵᠠᠯᠠᠭᠤᠰ ᠵᠶ᠋ᠠᠨ ᠨᠠᠢ᠌ᠷ ᠎ᠤᠨ ᠵᠶ᠋ᠠᠨ ᠬᠤᠭᠤᠴᠠᠭ᠋ᠠᠨ᠎ᠳᠤ ᠱᠠᠡᠭᠨᠠᠵᠦ ᠵᠤᠷᠢᠭᠵᠢᠭᠤᠯᠤᠭᠰᠠᠨ ᠶᠤᠮ᠃ ᠠᠵᠠ ᠵᠢᠨ ᠭᠤᠪᠢ ᠬᠡᠮᠡᠬᠦ ᠵᠤᠰᠠᠯᠠᠡᠭ᠎ᠤᠨ  ᠰᠠᠢ᠌ᠬᠠᠨ ᠨᠤᠲᠤᠭ᠎ᠲᠤ ᠦᠨᠤ ᠵᠢᠯ᠎ᠤᠨ 7 ᠳ᠋ᠤᠭ᠋ᠠᠷ ᠰᠠᠷ᠎ᠠ ᠵᠢᠨ 31 ᠎ᠤ ᠡᠳᠦᠷ ᠮᠢᠡᠭᠭ᠋ᠠᠨ ᠢᠮᠠᠭ᠋ᠠᠨ᠎ᠤ ᠮᠢᠯᠢᠶᠠᠯᠭ᠎ᠠ ᠵᠢᠨ ᠨᠠᠢ᠌ᠷ ᠪᠤᠶᠤ ᠽᠠᠨᠳᠠᠨ ᠱᠠᠳᠤ ᠮᠢᠯᠢᠶᠠᠬᠤ ᠨᠠᠢ᠌ᠷ ᠶᠠᠪᠤᠭᠳᠠᠭᠰᠠᠨ᠎ᠨᠢ ᠬᠤᠯᠠ ᠤᠢ᠌ᠷ᠎ᠠ ᠵᠢᠨ᠎ᠬᠢᠨ᠎ᠤ  ᠰᠠᠢ᠌ᠬᠠᠨ ᠰᠤᠨᠤᠰᠬᠠᠯ ᠪᠤᠯᠤᠭᠰᠠᠨ ᠶᠤᠮ᠃ ᠨᠠᠢ᠌ᠷ᠎ᠲᠤ᠎ᠪᠠᠨ ᠡᠷ᠎ᠡ ᠵᠢᠨ ᠭᠤᠷᠪᠠᠨ ᠨᠠᠭ᠋ᠠᠳᠤᠮ᠎ᠠᠴᠠ ᠭᠠᠳᠠᠨ᠎ᠠ ᠢᠮᠠᠭ᠎ᠠ ᠰᠠᠭ᠋ᠠᠬᠤ ᠤᠷᠤᠯᠳᠤᠭ᠋ᠠᠨ᠂  ᠴᠡᠴᠡᠷᠯᠢᠭ᠎ᠤᠨ ᠬᠡᠤᠬᠡᠳ᠎ᠤᠨ ᠪᠤᠷᠭ᠋ᠠᠰᠤᠨ ᠮᠤᠷᠢ ᠤᠨᠤᠬᠤ ᠤᠷᠤᠯᠳᠤᠭ᠋ᠠᠨ᠂ 60 ᠨᠠᠰᠤᠨ᠎ᠠᠴᠠ ᠲᠡᠭᠡᠭᠰᠢᠬᠢ ᠨᠠᠰᠤᠳᠠᠢ᠌ᠴᠦᠳ᠎ᠤᠨ ᠲᠦᠷᠪᠡᠨ ᠪᠡᠷᠭᠡ ᠤᠷᠬᠢᠬᠤ ᠤᠷᠤᠯᠳᠤᠭ᠋ᠠᠨ᠎ᠢ ᠶᠠᠪᠤᠭᠳᠠᠭᠤᠯᠤᠭᠰᠠᠨ ᠪᠠᠢ᠌ᠯ᠎ᠠ᠃ ᠳᠡᠳᠡ ᠪᠠᠰᠠ ᠮᠢᠨᠭ᠌ᠭ᠋ᠠᠨ ᠢᠮᠠᠭ᠋ᠠᠨ᠎ᠤ᠎ᠪᠠᠨ ᠦᠨᠢᠷ ᠦᠰᠦᠯᠳᠡ ᠵᠢ ᠵᠦᠡᠭᠨᠡᠨ ᠪᠡᠯᠭᠡᠰᠢᠶᠡᠵᠦ᠂ ᠬᠠᠢ᠌ᠷᠠᠳᠠᠢ ᠬᠠᠷ᠎ᠠ ᠢᠮᠠᠭ᠎ᠠ᠎ᠪᠠᠨ  ᠰᠡᠳᠡᠷᠯᠡᠵᠡᠢ᠃ ᠮᠠᠯ ᠰᠡᠳᠡᠷᠯᠡᠬᠦ ᠪᠤᠯ ᠮᠤᠡᠭᠭᠤᠯᠴᠤᠳ᠎ᠤᠨ ᠮᠠᠯ ᠰᠦᠷᠦᠭ ᠵᠶ᠋ᠠᠨ ᠬᠠᠢ᠌ᠷᠠᠯᠠᠵᠦ ᠪᠠᠢ᠌ᠭ᠎ᠠ ᠡᠷᠬᠢᠮ ᠲᠡᠭᠡᠳᠦ ᠶᠤᠰᠤᠨ᠎ᠤ ᠨᠢᠬᠡᠨ ᠪᠢᠯᠡ᠃  ᠽᠠᠨᠳᠠᠨ ᠱᠠᠳᠤ ᠵᠢᠨ ᠲᠤᠬᠠᠢ ᠴᠤᠬᠤᠰ ᠲᠤᠷᠠᠳᠪᠠᠯ ᠰᠠᠢ᠌ᠨ ᠨᠠᠢ᠌ᠵᠠ ᠨᠠᠶᠠᠷ᠎ᠨᠢ ᠰᠡᠳᠦᠵᠦ ᠲᠦᠯᠦᠪᠯᠡᠭᠰᠡᠨ᠂ ᠮᠤᠳᠤ᠎ᠪᠠᠷ ᠤᠷᠠᠯᠠᠵᠤ ᠬᠢᠭᠰᠡᠨ᠂ ᠨᠢ᠋ᠮᠠᠨ ᠲᠠᠯ᠎ᠠ᠎ᠲᠠᠢ᠂ ᠲᠠᠪᠤᠨ ᠲᠠᠪᠬᠤᠷ ᠱᠠᠳᠤ᠎ᠲᠠᠢ᠂ 1.5 ᠮᠸᠲᠷ ᠦᠨᠳᠦᠷ᠂ ᠤᠷᠤᠢ ᠲᠡᠭᠡᠷ᠎ᠡ᠎ᠪᠠᠨ ᠬᠡᠢ᠌ᠮᠦᠷᠢ ᠵᠢᠨ ᠰᠦᠯᠳᠡ᠎ᠲᠠᠢ ᠱᠠᠳᠤ ᠶᠤᠮ ᠪᠠᠢ᠌ᠨ᠎ᠠ᠃ 《ᠢᠮᠠᠭ᠎ᠠ ᠮᠢᠨᠢ ᠡᠷᠭᠡᠯᠡᠵᠦ ᠲᠤᠭᠯᠠᠨ ᠦᠰᠦᠨ ᠦᠷᠡᠵᠢᠬᠦ ᠪᠡᠯᠭᠡ ᠲᠡᠮᠪᠡᠷᠢᠯ ᠎ᠤᠨ ᠰᠠᠢ᠌ᠬᠠᠨ ᠱᠠᠳᠤ ᠶᠤᠮ ᠡ》 ᠬᠡᠮᠡᠨ ᠦᠨᠢᠷᠴᠡᠴᠡᠭ ᠤᠴᠢᠷᠯᠠᠨ ᠶᠠᠷᠢᠵᠤ ᠪᠠᠢ᠌ᠯ᠎ᠠ᠃
    《ᠬᠦᠭᠰᠢᠳ ᠨᠠᠰᠤᠳᠠᠢ᠌ᠴᠦᠳ ᠪᠠᠶᠠᠷᠯᠠᠬᠤ᠎ᠪᠠᠷ ᠬᠦᠬᠡ ᠲᠡᠭᠷᠢ ᠪᠠᠶᠠᠰᠴᠤ᠂ ᠬᠡᠦᠬᠡᠳ ᠪᠠᠭ᠋ᠠᠴᠤᠳ ᠬᠦᠭᠰᠡᠬᠦ᠎ᠪᠠᠷ ᠬᠦᠷᠦᠰᠦᠳᠦ ᠲᠡᠯᠡᠬᠡᠢ ᠪᠠᠶᠠᠰᠳᠠᠭ》 ᠎ᠤᠨ ᠵᠢᠮ᠎ᠡ᠎ᠪᠠᠷ ᠮᠢᠨᠭ᠌ᠭ᠋ᠠᠨ ᠢᠮᠠᠭ᠋ᠠᠨ᠎ᠤ ᠮᠢᠯᠢᠶᠠᠯᠭ᠎ᠠ ᠵᠢᠨ ᠨᠠᠢ᠌ᠷ᠎ᠲᠤ᠎ᠪᠠᠨ 60 ᠨᠠᠰᠤᠨ᠎ᠠᠴᠠ ᠲᠡᠭᠡᠭᠰᠢᠬᠢ ᠨᠠᠰᠤᠳᠠᠢ᠌ᠴᠤᠳ᠎ᠤᠨ ᠲᠦᠷᠪᠡᠨ ᠪᠡᠷᠭᠡ ᠤᠷᠬᠢᠬᠤ ᠤᠷᠤᠯᠳᠤᠭ᠋ᠠᠨ᠂ ᠴᠡᠴᠡᠷᠯᠢᠭ᠎ᠤᠨ ᠬᠡᠤᠬᠡᠳ᠎ᠤᠨ ᠪᠤᠷᠭ᠋ᠠᠰᠤᠨ ᠮᠤᠷᠢ ᠤᠨᠤᠬᠤ ᠤᠷᠤᠯᠳᠤᠭ᠋ᠠᠨ᠎ᠢ ᠶᠠᠪᠤᠭᠳᠠᠭᠤᠯᠤᠭᠰᠠᠨ᠎ᠨᠢ ᠬᠡᠦᠬᠡᠳ ᠨᠠᠰᠤᠳᠠᠢ᠌ᠴᠦᠳ ᠵᠶ᠋ᠠᠨ ᠪᠠᠶᠠᠷᠯᠠᠭᠤᠯᠵᠤ᠂ ᠮᠠᠯ᠎ᠤᠨ ᠬᠡᠰᠢᠭ᠎ᠢ ᠲᠠᠯᠠᠯᠤᠭᠰᠠᠨ ᠰᠠᠢ᠌ᠬᠠᠨ ᠨᠠᠢ᠌ᠷ ᠪᠤᠯᠤᠭᠰᠠᠨ ᠵᠶ᠋ᠠᠷ ᠪᠠᠷᠠᠬᠤ ᠦᠭᠡᠢ᠂ ᠭᠡᠭᠡᠭᠳᠡᠵᠦ ᠪᠠᠢ᠌ᠭ᠎ᠠ ᠤᠯᠠᠮᠵᠢᠯᠠᠯᠳᠤ ᠵᠠᠡᠭ ᠦᠢ᠍ᠯᠡ ᠪᠤᠯᠬᠤ ᠢᠮᠠᠭ᠎ᠠ ᠰᠠᠮᠨᠠᠬᠤ᠂ ᠢᠮᠠᠭ᠎ᠠ ᠵᠢ ᠬᠤᠯᠪᠤᠵᠤ ᠰᠠᠭ᠋ᠠᠬᠤ᠂ ᠢᠮᠠᠭ᠎ᠠ ᠰᠡᠳᠡᠷᠯᠡᠬᠦ᠂ ᠮᠢᠨᠭ᠌ᠭ᠋ᠠᠨ ᠢᠮᠠᠭ᠋ᠠᠨ᠎ᠤ ᠽᠠᠨᠳᠠᠨ ᠱᠠᠳᠤ ᠵᠢᠨ ᠮᠢᠯᠢᠶᠠᠯᠭ᠎ᠠ ᠵᠢᠨ ᠶᠤᠰᠤ ᠵᠠᠨᠭ᠌ᠰᠢᠯ᠂ ᠦᠯᠢᠬᠡᠷ ᠤᠴᠢᠷᠯᠠᠯ᠎ᠢ ᠨᠡᠢ᠌ᠭᠡᠮ ᠨᠡᠢ᠌ᠳᠡ᠎ᠳᠤ ᠮᠡᠳᠡᠷᠡᠬᠦᠯᠵᠦ᠂ ᠬᠡᠦᠬᠡᠳ ᠪᠠᠭ᠋ᠠᠴᠤᠳ᠎ᠲᠤ  ᠤᠢ᠌ᠯᠠᠭ᠋ᠠᠭᠤᠯᠬᠤ ᠠᠵᠢᠯᠯᠠᠭ᠎ᠠ ᠪᠤᠯᠤᠭᠰᠠᠨ᠎ᠨᠢ ᠵᠠᠢ᠌ᠯᠠᠰᠢ ᠦᠬᠡᠢ᠃ ᠠᠳᠤᠭᠤ ᠮᠢᠡᠭᠭ᠎ᠠ ᠬᠦᠷᠪᠡᠯ ᠮᠢᠨᠳᠠᠰᠤᠨ ᠬᠤᠢ᠌ᠪᠢ ᠳᠤᠮᠤᠵᠦ᠂ ᠦᠭᠡᠷ ᠮᠢᠡᠭᠭ᠎ᠠ ᠬᠦᠷᠪᠡᠯ ᠭᠠᠡᠭ ᠳᠤᠯᠭ᠎ᠠ ᠳᠤᠯᠵᠦ᠂ ᠳᠡᠮᠡᠭᠡ ᠮᠢᠡᠭᠭ᠎ᠠ ᠬᠦᠷᠪᠡᠯ ᠮᠦᠡᠭᠬᠦᠨ ᠪᠤᠢ᠌ᠯᠠ ᠬᠢᠵᠦ᠂ ᠬᠤᠨᠢ ᠮᠢᠡᠭᠭ᠎ᠠ ᠬᠦᠷᠪᠡᠯ ᠠᠯᠳᠠᠨ ᠳᠡᠪᠰᠢ ᠬᠢᠵᠦ᠂ ᠢᠮᠠᠭ᠎ᠠ ᠮᠢᠡᠭᠭ᠎ᠠ ᠬᠦᠷᠪᠡᠯ ᠽᠠᠨᠳᠠᠨ ᠱᠠᠳᠤ ᠪᠤᠰᠬᠠᠳᠠᠭ ᠤᠯᠠᠮᠵᠢᠯᠠᠯ ᠎ᠢ ᠠᠪᠠᠭ᠎ᠠ ᠨᠤᠲᠤᠭ᠎ᠤᠨ ᠬᠢᠯᠢ ᠵᠢᠨ ᠮᠠᠯᠴᠢᠨ ᠠᠢ᠌ᠯ ᠡᠢ᠌ᠨ ᠬᠦ᠌ ᠰᠠᠢ᠌ᠬᠠᠨ ᠪᠡᠶᠡᠯᠡᠬᠦᠯᠦᠭᠰᠡᠨ ᠪᠢᠯᠡ ᠃ 
ᠪᠠᠶᠠᠨᠳᠤᠭ᠂ ᠵᠢᠷᠭ᠋ᠠᠯᠠᠡᠭᠳᠦ᠂ ᠶᠡᠬᠡᠭᠤᠤᠯ ᠵᠡᠷᠭᠡ ᠰᠤᠮᠤ᠎ᠨᠢ ᠠᠪᠠᠭ᠎ᠠ ᠬᠤᠰᠢᠭᠤᠨ᠎ᠤ ᠬᠢᠯᠢ ᠵᠢᠨ ᠰᠤᠮᠤ ᠶᠤᠮ᠃ ᠬᠢᠯᠢ ᠨᠤᠲᠤᠭ᠎ᠤᠨ ᠭᠤᠷᠪᠠᠨ
ᠮᠠᠯᠴᠢᠨ ᠠᠢ᠌ᠯ᠎ᠤᠨ  ᠠᠮᠢᠳᠤᠷᠠᠯ᠎ᠤᠨ ᠰᠠᠢ᠌ᠨ ᠰᠠᠢ᠌ᠬᠠᠨ ᠤᠮᠠᠷᠠᠳᠤ ᠵᠢᠨ ᠬᠢᠯᠢ ᠵᠢᠨ ᠵᠢᠷᠤᠭ ᠪᠤᠯᠵᠦ ᠤᠯᠠᠮ᠎ᠠᠴᠠ ᠤᠯᠠᠮ ᠦᠡᠭᠭᠡᠵᠢᠨ ᠳᠤᠳᠤᠷᠠᠬᠤ᠎ᠨᠢ ᠳᠠᠮᠵᠢᠭ ᠦᠭᠡᠢ᠃


  ᠵᠤᠬᠢᠶᠠᠭᠴᠢ ᠵᠢᠨ ᠬᠠᠶᠢᠭ᠄ 《ᠰᠢᠯᠢ ᠵᠢᠨ ᠭᠤᠤᠯ᠎ᠤᠨ ᠡᠳᠤᠷ᠎ᠤᠨ ᠰᠤᠨᠢᠨ》᠎ᠤ ᠬᠤᠷᠢᠶ᠎ᠠ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
《ᠲᠡᠮᠦᠷ ᠡᠷ᠎ᠡ》 ᠪᠤᠤ ᠳ᠋ᠠ ᠰᠢ ᠵᠢᠨ 《ᠲᠡᠨᠡᠭ》 ᠵᠢᠳᠬᠦᠯ
ᠦᠷᠭᠡᠨ ᠭᠣᠪᠢ ᠎ᠳᠤ ᠳᠡᠯᠭᠡᠷᠡᠭᠰᠡᠨ ᠦᠵᠡᠰᠬᠦᠯᠡᠩᠲᠦ 《ᠵᠠᠭ᠎ᠤᠨ ᠴᠡᠴᠡᠭ》 — ᠠᠯᠲᠠᠨᠲᠠᠨ᠎ᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠤᠳᠬᠠᠬᠤ ᠪᠤᠯᠪᠠᠰᠤᠷᠠᠯ ᠡᠷᠬᠢᠯᠡᠪᠡ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠶᠢᠰᠦ᠄ ᠡᠬᠡ ᠎ᠪᠠᠨ ᠳᠡᠭᠡᠳᠦᠯᠡᠨ ᠬᠦᠦ᠎ᠪᠠᠨ ᠪᠤᠯᠠᠰᠢᠯᠠᠬᠤ ᠭᠡᠮᠡᠪᠡᠢ
 
            