ᠬᠦᠴᠢᠷᠳᠡᠯ᠎ᠲᠠᠢ ᠵᠡᠮᠳᠡᠭᠴᠦᠳ᠎ᠤᠨ ᠠᠯᠬᠤᠬᠤ ᠬᠦᠰᠡᠯ᠎ᠢ ᠲᠡᠷᠭᠡᠯᠰᠢᠭᠦᠯᠦᠶ᠎ᠡ
ᠨᠣᠮᠢᠨ ᠂ ᠴᠣᠯᠮᠣᠨ ᠮᠡᠳᠡᠭᠡᠯᠡᠪᠡ
ᠬᠠᠪᠤᠷ᠎ᠤᠨ ᠠᠭᠤᠷ ᠣᠷᠣᠭᠰᠠᠨ᠎ᠨᠢ ᠬᠠᠪᠤᠷ᠎ᠤᠨ ᠤᠯᠠᠷᠢᠯ᠎ᠤᠨ ᠭᠥᠰᠢᠭᠡ ᠵᠢ ᠰᠡᠬᠦᠵᠦ᠂ ᠲᠦᠮᠡᠨ ᠪᠣᠳᠠᠰ ᠠᠮᠢᠯᠠᠨ ᠰᠡᠷᠭᠦᠭᠰᠡᠨ ᠬᠠᠪᠤᠷ ᠴᠠᠭ ᠬᠦᠷᠴᠦ ᠢᠷᠡᠭᠰᠡᠨ᠎ᠤ ᠲᠡᠮᠳᠡᠭ ᠪᠣᠯᠣᠨ᠎ᠠ᠃ ᠭᠡᠪᠡᠴᠦ ᠣᠮᠠᠷᠠᠲᠤ ᠣᠷᠣᠨ᠎ᠤ ᠬᠠᠪᠤᠷ᠎ᠨᠢ ᠬᠡᠵᠢᠶᠡᠲᠡ ᠬᠣᠵᠢᠮᠳᠠᠵᠦ ᠢᠷᠡᠳᠡᠭ᠎ᠤᠨ ᠤᠴᠢᠷ ᠠᠭᠤᠷ ᠠᠮᠢᠰᠬᠤᠯ ᠬᠠᠯᠠᠭᠤᠨ᠎ᠲᠠᠢ ᠬᠥᠢ᠍ᠲᠡᠨᠲᠠᠢ᠂ ᠬᠠᠶᠠᠳᠤᠪᠠᠨ ᠪᠠᠰᠠ ᠶᠡᠬᠡ ᠰᠠᠯᠬᠢᠯᠠᠵᠦ ᠡᠯᠡᠰᠦᠨ ᠰᠢᠭᠤᠷᠭ᠎ᠠ ᠪᠣᠰᠳᠠᠭ᠂ ᠭᠡᠪᠡᠴᠦ ᠬᠦᠮᠦᠰ ᠶᠡᠷᠦ ᠬᠠᠪᠤᠷ᠎ᠢ ᠮᠠᠭᠲᠠᠨ ᠳᠠᠭᠤᠯᠠᠬᠤ᠎ᠪᠠᠨ ᠵᠤᠭᠰᠤᠭ᠎ᠠ ᠦᠭᠡᠢ᠃ ᠤᠯᠠᠷᠢᠯ᠎ᠤᠨ ᠲᠥᠷᠥᠭᠦᠦ ᠬᠠᠪᠤᠷ᠎ᠢ ᠬᠦᠮᠦᠰ ᠬᠦᠰᠡᠯ ᠪᠣᠳᠣᠯ ᠪᠡᠶᠡᠯᠡᠯ ᠵᠶ᠋ᠡᠨ ᠣᠯᠳᠠᠭ ᠤᠯᠠᠷᠢᠯ ᠭᠡᠵᠦ ᠬᠡᠯᠴᠡᠳᠡᠭ᠂ ᠡᠨᠡ᠎ᠨᠢ ᠵᠠᠷᠢᠮ ᠬᠦᠮᠦᠰ᠎ᠤᠨ ᠬᠤᠪᠢ᠎ᠳᠤ ᠰᠠᠢ᠌ᠨ ᠰᠠᠢ᠌ᠬᠠᠨ᠎ᠢ ᠪᠡᠯᠭᠡᠳᠡᠭᠰᠡᠨ ᠬᠡᠢ ᠬᠣᠭᠣᠰᠣᠨ ᠦᠭᠡ ᠪᠢᠰᠢ᠂ ᠬᠠᠷᠢᠨ ᠲᠡᠳᠡ ᠨᠠᠷ᠎ᠤᠨ ᠪᠡᠶ᠎ᠡ ᠳᠡᠭᠡᠷ᠎ᠡ ᠡᠭᠦᠰᠦᠭᠰᠡᠨ ᠥᠪ ᠦᠨᠡᠨ ᠬᠦ᠌ ᠤᠴᠢᠷ ᠪᠠᠢ᠌ᠵᠦ ᠲᠠᠭ᠋ᠠᠷᠠᠨ᠎ᠠ᠃
ᠥᠨᠥ ᠵᠢᠯ᠎ᠤᠨ 3 ᠳ᠋ᠤᠭ᠋ᠠᠷ ᠰᠠᠷ᠎ᠠ᠎ᠳᠤ ᠳ᠋ᠤᠸᠠᠨ ᠸᠸᠢ ᠭᠠᠩ ᠮᠦᠨ ᠯᠠ ᠵᠠᠩᠪᠸᠢ ᠰᠢᠶᠠᠨ᠎ᠳᠤ ᠳᠥᠷᠢᠶᠡᠰᠦᠨ ᠮᠠᠰᠢᠨ ᠵᠶ᠋ᠠᠨ ᠪᠠᠷᠢᠵᠦ ᠪᠠᠢ᠌ᠬᠤ᠎ᠳᠤ ᠲᠠᠢ᠌ᠪᠦᠰᠸ ᠬᠤᠰᠢᠭᠤᠨ᠎ᠤ ᠰᠠᠭᠤᠭ᠋ᠠᠯᠢ ᠠᠷᠠᠳ᠎ᠤᠨ ᠵᠥᠪᠯᠡᠯ᠎ᠤᠨ᠎ᠬᠢᠨ ᠤᠲᠠᠰᠦ ᠢᠷᠡᠭᠦᠯᠵᠦ᠂ ᠬᠥᠬᠡᠬᠣᠲᠠ᠎ᠳᠤ ᠬᠦᠷᠴᠦ ᠬᠢᠮᠡᠯ ᠮᠦᠴᠢ ᠲᠠᠭ᠋ᠠᠷᠠᠭᠤᠯᠤᠭ᠋ᠠᠷᠠᠢ ᠭᠡᠵᠦ ᠮᠡᠳᠡᠭᠳᠡᠪᠡ᠃ ᠳ᠋ᠤᠸᠠᠨ ᠸᠸᠢ ᠭᠠᠩ ᠡᠨᠡ ᠬᠦ᠌ ᠴᠢᠮᠡᠭᠡ ᠵᠢ ᠰᠣᠨᠣᠰᠣᠮᠠᠭᠴᠠ ᠳᠣᠣᠷ᠎ᠠ᠎ᠪᠠᠨ ᠲᠣᠯᠣᠭ᠋ᠠᠢ ᠰᠡᠭᠰᠦᠷᠴᠦ᠂ ᠬᠢᠮᠡᠯ ᠮᠥᠴᠢ ᠲᠠᠭ᠋ᠠᠷᠠᠭᠤᠯᠬᠤ ᠮᠥᠩᠬᠦ ᠪᠠᠢ᠌ᠬᠤ ᠦᠭᠡᠢ ᠭᠡᠵᠦ ᠦᠨᠡᠨ ᠵᠶ᠋ᠡᠨ ᠬᠡᠯᠡᠭᠰᠡᠨ᠎ᠳᠤ᠂ ᠡᠨᠡ ᠤᠳᠠᠭ᠎ᠠ ᠪᠣᠯ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠠᠴᠠ ᠬᠦᠴᠢᠷᠳᠡᠯ᠎ᠲᠠᠢ ᠵᠡᠮᠳᠡᠭᠴᠦᠳ᠎ᠲᠤ ᠲᠦᠯᠦᠪᠦᠷᠢ ᠦᠭᠡᠢ᠎ᠪᠠᠷ ᠬᠢᠮᠡᠯ ᠮᠥᠴᠢ ᠲᠠᠭ᠋ᠠᠷᠠᠭᠤᠯᠵᠦ ᠥᠭᠴᠦ ᠪᠤᠢ᠂ ᠵᠠᠮ᠎ᠤᠨ ᠵᠠᠷᠤᠳᠠᠯ ᠪᠣᠯᠣᠨ ᠬᠤᠭᠤᠯᠠᠨ᠎ᠤ ᠵᠠᠷᠤᠳᠠᠯ ᠵᠶ᠋ᠠᠨ ᠭᠠᠷᠭ᠋ᠠᠪᠠᠯ ᠪᠣᠯᠴᠢᠬᠠᠨ᠎ᠠ ᠭᠡᠪᠡ᠃ ᠳ᠋ᠤᠸᠠᠨ ᠸᠸᠢ ᠭᠠᠩ ᠡᠭᠦᠨ᠎ᠢ ᠢᠲᠡᠭᠡᠵᠦ ᠶᠠᠳᠠᠨ ᠬᠥᠬᠡᠬᠣᠲᠠ᠎ᠳᠤ ᠬᠦᠷᠴᠦ ᠢᠷᠡᠯ᠎ᠡ᠃
ᠪᠢᠳᠡ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠲᠤ ᠬᠦᠷᠬᠦ᠎ᠳᠤ᠂ ᠳ᠋ᠤᠸᠠᠨ ᠸᠸᠢ ᠭᠠᠩ ᠶᠠᠭ ᠰᠠᠢ᠌ᠬᠠᠨ ᠠᠰᠠᠷ᠎ᠤᠨ ᠨᠢᠭᠡᠳᠦᠭᠡᠷ ᠳᠠᠪᠬᠤᠷ᠎ᠤᠨ ᠡᠷᠡᠭᠦᠯᠵᠢᠯ᠎ᠤᠨ ᠲᠣᠭᠣᠷᠢᠭ᠎ᠲᠤ ᠬᠢᠮᠡᠯ ᠮᠥᠴᠢ ᠲᠠᠭ᠋ᠠᠷᠠᠭᠤᠯᠤᠨ ᠲᠤᠷᠰᠢᠵᠦ ᠪᠠᠢ᠌ᠯ᠎ᠠ᠃ ᠥᠨᠥ ᠵᠢᠯ 59᠎ᠲᠠᠢ ᠳ᠋ᠤᠸᠠᠨ ᠸᠸᠢ ᠭᠠᠩ ᠪᠣᠯ ᠰᠢᠯᠢ ᠵᠢᠨ ᠭᠣᠣᠯ ᠠᠢ᠌ᠮᠠᠭ᠎ᠤᠨ ᠲᠠᠢ᠌ᠪᠦᠰᠸ ᠬᠤᠰᠢᠭᠤᠨ᠎ᠤ ᠬᠦᠮᠦᠨ ᠪᠣᠯᠣᠨ᠎ᠠ᠂ ᠡᠮᠦᠨ᠎ᠡ᠎ᠨᠢ ᠰᠢᠯᠢ ᠵᠢᠨ ᠭᠣᠣᠯ ᠠᠢ᠌ᠮᠠᠭ ᠪᠣᠯᠣᠨ ᠵᠠᠩᠪᠸᠢ ᠰᠢᠶᠠᠨ᠎ᠤ ᠬᠣᠭᠣᠷᠣᠨᠳᠣ ᠮᠢᠬᠠᠨ᠎ᠤ ᠬᠤᠳᠠᠯᠳᠤᠭ᠎ᠠ ᠬᠢᠵᠦ ᠠᠮᠢᠳᠤᠷᠠᠯ ᠵᠶ᠋ᠠᠨ ᠠᠷᠭ᠋ᠠᠴᠠᠭ᠋ᠠᠳᠠᠭ ᠪᠠᠢ᠌ᠵᠠᠢ ᠃ 2018 ᠣᠨ᠎ᠳᠤ ᠲᠡᠷᠭᠡᠨ᠎ᠤ ᠡᠨᠳᠡᠯ᠎ᠠᠴᠠ ᠪᠣᠯᠵᠤ ᠬᠣᠶᠠᠷ ᠬᠥᠯ ᠪᠣᠯᠣᠨ ᠵᠡᠭᠦᠨ ᠭᠠᠷ᠎ᠨᠢ ᠬᠥᠨᠳᠥ ᠰᠢᠷᠬᠠᠳᠤᠵᠠᠢ᠂ ᠬᠡᠳᠦᠢ᠌ᠪᠡᠷ ᠲᠤᠬᠠᠢ ᠵᠢᠨ ᠦᠶ᠎ᠡ᠎ᠳᠤ ᠳᠠᠷᠤᠢ ᠵᠠᠩ ᠵᠢᠶᠠ ᠺᠸᠦ ᠬᠣᠲᠠ ᠵᠢᠨ ᠡᠮᠨᠡᠯᠭᠡ ᠵᠢᠨ ᠬᠣᠷᠢᠶᠠᠨ᠎ᠳᠤ ᠬᠦᠷᠭᠡᠨ ᠡᠮᠨᠡᠭᠦᠯᠦᠭᠰᠡᠨ ᠪᠣᠯᠪᠠᠴᠦ ᠳ᠋ᠤᠸᠠᠨ ᠸᠸᠢ ᠭᠠᠩ ᠵᠡᠭᠦᠨ ᠬᠥᠯ ᠵᠶ᠋ᠡᠨ ᠳᠠᠭ᠋ᠠᠷᠢᠭᠤᠯᠵᠦ᠂ ᠪᠠᠷᠠᠭᠤᠨ ᠬᠥᠯ ᠪᠣᠯᠣᠨ ᠵᠡᠭᠦᠨ ᠭᠠᠷ᠎ᠨᠢ ᠴᠦ᠍ ᠮᠡᠰᠡ ᠵᠠᠰᠠᠯ ᠬᠢᠭᠡᠳ ᠲ᠋ᠥᠩᠭᠡᠵᠦ ᠠᠮᠢ ᠭᠠᠷᠪᠠ᠃ ᠳ᠋ᠤᠸᠠᠨ ᠸᠸᠢ ᠭᠠᠩ ᠡᠮᠨᠡᠯᠭᠡ ᠵᠢᠨ ᠬᠣᠷᠢᠶᠠᠨ᠎ᠳᠤ ᠪᠦᠬᠦᠯᠢ ᠬᠣᠶᠠᠷ ᠰᠠᠷ᠎ᠠ ᠬᠡᠪᠲᠡᠭᠡᠳ ᠰᠠᠶᠢ ᠭᠡᠷ᠎ᠲᠤ᠎ᠪᠠᠨ ᠬᠠᠷᠢᠵᠦ ᠰᠣᠪᠢᠯᠠᠵᠦ ᠰᠠᠭᠤᠵᠠᠢ᠃ ᠲᠡᠷᠡ ᠬᠡᠰᠡᠭ ᠬᠤᠭᠤᠴᠠᠭ᠎ᠠ᠎ᠨᠢ ᠤᠷᠤᠭ ᠰᠠᠯᠤᠭ᠋ᠠᠳ ᠤᠳᠠᠭ᠋ᠠᠨ ᠵᠢᠯ ᠪᠣᠯᠣᠭᠰᠠᠨ ᠳ᠋ᠤᠸᠠᠨ ᠸᠸᠢ ᠭᠠᠩ᠎ᠤᠨ ᠬᠤᠪᠢ᠎ᠳᠤ ᠮᠠᠰᠢ ᠬᠠᠷᠠᠩᠭᠤᠢ ᠴᠠᠭ ᠦᠶ᠎ᠡ ᠭᠡᠵᠦ ᠬᠡᠯᠡᠵᠦ ᠪᠣᠯᠣᠨ᠎ᠠ᠂ ᠦᠷ᠎ᠡ ᠵᠢᠨ ᠭᠠᠭᠴᠠ ᠬᠦᠦ᠎ᠨᠢ ᠠᠵᠢᠯ ᠠᠮᠢᠳᠤᠷᠠᠯ ᠭᠡᠵᠦ ᠶᠠᠭ᠋ᠠᠷᠠᠭ᠋ᠠᠳ ᠴᠠᠭ ᠮᠥᠴᠡ ᠦᠭᠡᠢ ᠬᠠᠷᠠᠭ᠋ᠠᠯᠵᠠᠵᠦ ᠳᠡᠢ᠌ᠯᠬᠦ ᠦᠭᠡᠢ ᠪᠠᠢ᠌ᠭᠰᠠᠨ ᠪᠣᠯᠬᠣᠷ ᠲᠡᠷᠡ᠎ᠪᠠᠷ ᠠᠷᠭ᠎ᠠ ᠪᠣᠰᠣ ᠬᠦᠮᠦᠨ ᠬᠥᠯᠥᠰᠦᠯᠡᠵᠦ ᠢᠳᠡᠵᠦ ᠤᠤᠭᠤᠵᠦ ᠶᠠᠪᠤᠵᠦ ᠰᠠᠭᠤᠬᠤ ᠠᠰᠠᠭᠤᠳᠠᠯ ᠵᠶ᠋ᠠᠨ ᠰᠢᠢ᠍ᠳᠪᠦᠷᠢᠯᠡᠪᠡ᠃ ᠳ᠋ᠤᠸᠠᠨ ᠸᠸᠢ ᠭᠠᠩ ᠲᠡᠷᠡ ᠦᠶ᠎ᠡ᠎ᠪᠠᠨ ᠡᠷᠭᠢᠴᠡᠭᠦᠯᠬᠦ᠎ᠳᠤ᠎ᠪᠠᠨ ᠄ 《ᠡᠮᠨᠡᠯᠭᠡ ᠵᠢᠨ ᠬᠣᠷᠢᠶᠠᠨ᠎ᠠᠴᠠ ᠭᠡᠷ᠎ᠲᠤ᠎ᠪᠠᠨ ᠬᠠᠷᠢᠭᠰᠠᠨ᠎ᠤ ᠳᠠᠷᠠᠭ᠎ᠠ᠂ ᠠᠮᠢᠨ᠎ᠳᠤ᠎ᠪᠠᠨ ᠵᠥᠪ ᠦᠭᠡᠢ ᠪᠣᠯᠴᠢᠬᠠᠭᠰᠠᠨ ᠭᠡᠵᠦ ᠬᠡᠯᠡᠪᠡᠴᠦ ᠢᠯᠡᠭᠦᠳᠡᠬᠦ ᠦᠭᠡᠢ᠂ ᠶᠠᠭᠤ ᠬᠢᠶ᠎ᠡ ᠭᠡᠵᠦ ᠪᠣᠳᠣᠪᠠᠴᠦ ᠲᠡᠩᠬᠡᠭᠡ ᠬᠦᠷᠬᠦ ᠦᠭᠡᠢ᠂ ᠣᠷᠮ᠎ᠠ ᠬᠤᠭᠤᠷᠠᠵᠦ ᠵᠣᠷᠢᠭ ᠮᠣᠬᠣᠭ᠋ᠠᠳ ᠠᠮᠢᠳᠤᠷᠠᠬᠤ ᠰᠠᠨᠠᠭ᠎ᠠ ᠦᠭᠡᠢ ᠪᠣᠯᠣᠭᠰᠠᠨ᠂ ᠪᠡᠶ᠎ᠡ᠎ᠪᠠᠨ ᠬᠣᠣᠷᠯᠠᠬᠤ ᠪᠣᠳᠣᠯ ᠴᠦ᠍ ᠣᠷᠣᠵᠦ ᠥᠩᠭᠡᠷᠡᠯ᠎ᠡ᠂ ᠲᠡᠷᠡ ᠦᠶ᠎ᠡ᠎ᠳᠤ ᠪᠢ ᠡᠳᠦᠷᠵᠢᠨ ᠣᠷᠣᠨ ᠳᠡᠭᠡᠷ᠎ᠡ᠎ᠪᠠᠨ ᠬᠡᠪᠲᠡᠭᠡᠳ ᠭᠠᠷ ᠤᠲᠠᠰᠤ ᠣᠷᠣᠯᠳᠣᠵᠣ ᠳᠡᠢ᠌ᠯᠬᠦ ᠯᠠ ᠲᠡᠩᠬᠡᠭᠡ᠎ᠲᠠᠢ᠂ ᠮᠥᠩᠬᠦ᠎ᠪᠠᠨ ᠦᠷᠡᠭᠡᠵᠦ ᠲᠣᠭᠯᠠᠭ᠋ᠠᠮ ᠨᠠᠭ᠋ᠠᠳᠤᠨᠠ᠂ ᠰᠢᠭᠤᠳ ᠨᠡᠪᠲᠡᠷᠡᠭᠦᠯᠭᠡ ᠦᠵᠡᠵᠦ 〈ᠪᠡᠯᠡᠭ 〉 ᠬᠦᠷᠭᠡᠨ᠎ᠡ᠂ ᠶᠠᠭᠤ ᠴᠦ᠍ ᠭᠡᠰᠡᠨ ᠡᠳᠦᠷ ᠥᠩᠭᠡᠷᠡᠭᠡᠵᠦ ᠯᠠ ᠪᠠᠢ᠌ᠬᠤ ᠬᠡᠷᠡᠭ᠂ ᠲᠡᠭᠡᠭᠡᠳ ᠪᠠᠩᠬᠢ ᠵᠢᠨ ᠺᠠᠷᠲ ᠲᠣᠳᠣᠷᠠᠬᠢ ᠬᠡᠳᠦᠨ ᠠᠷᠪᠠᠨ ᠲᠦᠮᠡ ᠵᠢᠨ ᠲᠡᠷᠭᠡᠨ ᠡᠨᠳᠡᠯ᠎ᠤᠨ ᠲᠦᠯᠦᠪᠦᠷᠢ ᠮᠦᠩᠬᠦ ᠪᠣᠯᠣᠨ ᠬᠠᠳᠠᠭ᠋ᠠᠯᠠᠵᠦ ᠪᠠᠢ᠌ᠭᠰᠠᠨ ᠳᠣᠯᠣᠭ᠎ᠠ ᠨᠠᠢ᠍ᠮᠠᠨ ᠲᠦᠮᠡᠨ ᠲᠦᠭᠦᠷᠢᠭ ᠵᠶ᠋ᠡᠨ ᠪᠦᠷᠢᠯᠭᠡᠵᠦ ᠪᠠᠷᠠᠭ᠋ᠠᠭᠰᠠᠨ ᠶᠤᠮ᠃ ᠲᠤᠬᠠᠢ ᠵᠢᠨ ᠦᠶ᠎ᠡ᠎ᠳᠤ ᠠᠮᠢᠳᠤᠷᠠᠬᠤ ᠰᠠᠨᠠᠭ᠎ᠠ ᠭᠡᠵᠦ ᠣᠭᠲᠣ ᠪᠠᠢ᠌ᠬᠤ ᠦᠭᠡᠢ ᠶᠤᠮ ᠴᠢᠨᠢ ᠲᠡᠳᠡᠭᠡᠷ ᠮᠥᠩᠬᠦ ᠵᠢ ᠬᠠᠳᠠᠭ᠋ᠠᠯᠠᠭᠰᠠᠨ᠎ᠤ ᠬᠡᠷᠡᠭ ᠠᠯᠠᠭ᠎ᠠ ᠭᠡᠵᠦ ᠪᠣᠳᠣᠵᠦ ᠪᠠᠢ᠌ᠭᠰᠠᠨ》 ᠭᠡᠪᠡ᠃
ᠳ᠋ᠤᠸᠠᠨ ᠸᠸᠢ ᠭᠠᠩ᠎ᠤᠨ ᠶᠠᠷᠢᠬᠤ ᠵᠢ ᠰᠣᠨᠣᠰᠪᠠᠯ ᠲᠡᠭᠦᠨ᠎ᠤ ᠬᠡᠴᠢᠨᠡᠬᠡᠨ ᠣᠯᠠᠨ ᠨᠤᠭᠤᠷᠠᠯ ᠪᠦᠳᠦᠷᠢᠯ᠎ᠢ ᠲᠤᠭᠤᠯᠵᠦ᠂ ᠬᠡᠴᠢᠨᠡᠬᠡᠨ ᠶᠡᠬᠡ ᠰᠡᠳᠬᠢᠯ᠎ᠤᠨ ᠳᠠᠷᠤᠭ᠋ᠠᠰᠤ᠎ᠲᠠᠢ ᠶᠠᠪᠤᠭᠰᠠᠨ᠎ᠢ ᠮᠡᠳᠡᠵᠦ ᠪᠣᠯᠣᠨ᠎ᠠ᠃
《 ᠵᠣᠯᠲᠠᠢ᠎ᠨᠢ ᠬᠡᠰᠡᠭ ᠬᠤᠭᠤᠴᠠᠭ᠎ᠠ ᠰᠣᠪᠢᠯᠠᠭᠰᠠᠨᠤ ᠳᠠᠷᠠᠭ᠎ᠠ᠂ ᠮᠢᠨᠦ ᠵᠡᠭᠦᠨ ᠭᠠᠷ ᠪᠣᠯᠣᠨ ᠪᠠᠷᠠᠭᠤᠨ ᠬᠥᠯ ᠠᠭ᠋ᠠᠵᠢᠮ ᠵᠶ᠋ᠠᠷ ᠢᠯᠡᠷᠢᠰᠢᠵᠤ᠂ ᠲᠠᠶᠠᠭ ᠲᠤᠯᠵᠦ ᠶᠠᠪᠤᠵᠦ ᠳᠡᠢ᠌ᠯᠬᠦ ᠪᠣᠯᠪᠠ᠂ ᠬᠡᠳᠦᠢ᠌ᠪᠡᠷ ᠪᠡᠶ᠎ᠡ ᠰᠡᠳᠬᠢᠯ᠎ᠤᠨ ᠳᠠᠪᠬᠤᠷ ᠵᠣᠪᠠᠯᠠᠩ᠎ᠢ ᠬᠠᠨᠲᠠᠯ᠎ᠠ ᠠᠮᠰᠠᠭᠰᠠᠨ ᠪᠣᠯᠪᠠᠴᠦ ᠨᠠᠢ᠌ᠵᠠ ᠨᠠᠷ᠎ᠤᠨ ᠮᠢᠨᠢ ᠵᠣᠷᠢᠭᠵᠢᠭᠣᠯᠣᠯ ᠪᠠ ᠬᠠᠪᠰᠤᠷᠤᠯᠭ᠎ᠠ᠎ᠨᠢ ᠮᠢᠨᠦ ᠴᠢᠷᠮᠠᠢ᠌ᠨ ᠠᠮᠢᠳᠤᠷᠠᠬᠤ ᠵᠣᠷᠢᠭ᠎ᠢ ᠬᠥᠪᠴᠢᠯᠡᠵᠦ᠂ ᠵᠡᠮᠳᠡᠭ ᠪᠣᠯᠣᠭᠰᠠᠨ ᠪᠣᠳᠠᠳᠣ ᠤᠴᠢᠷ ᠵᠶ᠋ᠠᠨ ᠠᠭ᠋ᠠᠵᠢᠮ ᠵᠶ᠋ᠠᠷ ᠬᠦᠯᠢᠶᠡᠨ ᠠᠪᠤᠭᠰᠠᠨ ᠶᠤᠮ᠃ ᠮᠡᠰᠡ ᠵᠠᠰᠠᠯ ᠬᠢᠭᠰᠡᠨ᠎ᠤ ᠨᠢᠭᠡ ᠵᠢᠯ᠎ᠤᠨ ᠳᠠᠷᠠᠭ᠎ᠠ ᠪᠢ ᠠᠦ᠋ᠲ᠋ᠣ᠋ ᠵᠠᠯᠭ᠋ᠠᠯᠲᠠ ᠪᠦᠬᠦᠢ ᠮᠠᠰᠢᠨ ᠲᠡᠷᠭᠡᠨ᠎ᠤ ᠦᠨᠡᠮᠯᠡᠯ᠎ᠢ ᠰᠢᠯᠭ᠋ᠠᠵᠦ᠂ ᠳᠦᠷᠢᠶᠡᠰᠦᠨ ᠮᠠᠰᠢᠨ ᠲᠠᠭᠤᠬᠤ ᠠᠮᠢᠳᠤᠷᠠᠯ ᠵᠶ᠋ᠠᠨ ᠡᠬᠢᠯᠡᠭᠦᠯᠦᠯ᠎ᠡ᠃》
ᠨᠢᠭᠡᠨᠲᠡ ᠳᠦᠷᠪᠡᠨ ᠵᠢᠯ ᠳᠦᠷᠢᠶᠡᠰᠦᠨ ᠮᠠᠰᠢᠨ ᠵᠢᠯᠤᠭᠤᠳᠤᠭᠰᠠᠨ ᠲᠤᠷᠰᠢᠯᠭ᠎ᠠ᠎ᠲᠠᠢ ᠪᠣᠯᠣᠭᠰᠠᠨ ᠳ᠋ᠤᠸᠠᠨ ᠸᠸᠢ ᠭᠠᠩ ᠶᠠᠪᠤᠬᠤ ᠵᠠᠮ᠎ᠳᠤ᠎ᠪᠠᠨ ᠬᠦᠴᠢᠷᠳᠡᠯ᠎ᠳᠤ ᠲᠤᠯᠭ᠋ᠠᠷᠠᠭᠰᠠᠨ ᠬᠦᠮᠦᠰ᠎ᠲᠠᠢ ᠲᠠᠭ᠋ᠠᠷᠠᠯᠳᠤᠪᠠᠯ ᠦᠷᠭᠦᠯᠵᠢ ᠲᠤᠰᠠᠯᠮᠠᠵᠢ ᠦᠵᠡᠭᠦᠯᠳᠡᠭ ᠪᠠᠢ᠌ᠵᠠᠢ ᠂ ᠲᠡᠷᠡ ᠲᠡᠳᠡᠭᠡᠷ ᠬᠦᠮᠦᠰ᠎ᠠᠴᠠ ᠲᠡᠷᠭᠡᠨ ᠵᠠᠷᠤᠳᠠᠯ ᠳᠤᠲᠠᠭᠤ ᠠᠪᠬᠤ ᠪᠣᠶᠣ ᠠᠪᠬᠤ ᠦᠭᠡᠢ ᠪᠠᠢ᠌ᠳᠠᠯ ᠣᠯᠠᠨ ᠤᠳᠠᠭ᠎ᠠ ᠭᠠᠷᠤᠭᠰᠠᠨ ᠪᠠᠢ᠌ᠨ᠎ᠠ᠂ ᠢᠩᠬᠢᠭᠡᠳ ᠳᠦᠷᠪᠡᠨ ᠵᠢᠯ ᠢᠯᠡᠭᠦᠦ ᠵᠢᠨ ᠬᠤᠭᠤᠴᠠᠭ᠋ᠠᠨ᠎ᠳᠤ ᠳ᠋ᠤᠸᠠᠨ ᠸᠸᠢ ᠭᠠᠩ ᠤᠯᠠᠨ ᠵᠣᠴᠢᠳ᠎ᠲᠠᠢ ᠪᠣᠯᠵᠦ᠂ ᠰᠤᠷᠭ᠋ᠠᠭᠤᠯᠢ᠎ᠠᠴᠠ᠎ᠪᠠᠨ ᠭᠡᠷ᠎ᠲᠤ᠎ᠪᠠᠨ ᠬᠠᠷᠢᠬᠤ ᠰᠤᠷᠤᠭᠴᠢᠳ ᠲᠤᠰᠬᠠᠢ᠌ᠯᠠᠨ ᠳ᠋ᠤᠸᠠᠨ ᠸᠸᠢ ᠭᠠᠩ᠎ᠤᠨ ᠮᠠᠰᠢᠨ᠎ᠢ ᠬᠦᠯᠢᠶᠡᠨ ᠰᠠᠭᠤᠳᠠᠭ ᠪᠠᠢ᠌ᠯ᠎ᠠ᠃ ᠳᠦᠷᠢᠶᠡᠰᠦᠨ ᠮᠠᠰᠢᠨ ᠵᠢᠯᠤᠭᠤᠳᠬᠤ᠎ᠠᠴᠠ ᠭᠠᠳᠠᠨ᠎ᠠ᠂ ᠳ᠋ᠤᠸᠠᠨ ᠸᠸᠢ ᠭᠠᠩ ᠪᠠᠰᠠ ᠳᠥᠴᠢᠭᠡᠳ ᠢᠯᠡᠭᠦᠦ ᠦᠵᠡᠮᠦᠷᠢ ᠵᠢᠨ ᠳᠠᠭᠲᠠᠭᠠ ᠲᠡᠵᠢᠭᠡᠵᠦ᠂ ᠰᠤᠯᠠ ᠰᠡᠯᠡᠭᠦᠦ ᠴᠠᠭ ᠵᠶ᠋ᠠᠷ ᠵᠶ᠋ᠠᠨ ᠰᠦᠯᠵᠢᠶᠡᠨ ᠳᠡᠭᠡᠷ᠎ᠡ ᠡᠳᠦᠷ ᠳᠣᠲᠣᠮ᠎ᠤᠨ ᠠᠮᠢᠳᠤᠷᠠᠯ᠎ᠤᠨ ᠵᠶ᠋ᠠᠨ ᠲᠤᠬᠠᠢ ᠰᠢᠭᠤᠳ ᠨᠡᠪᠲᠡᠷᠡᠭᠦᠯᠭᠡ ᠬᠢᠵᠦ ᠣᠷᠣᠯᠭ᠎ᠠ᠎ᠪᠠᠨ ᠨᠡᠮᠡᠭᠳᠡᠭᠦᠯᠳᠡᠭ ᠪᠠᠢ᠌ᠨ᠎ᠠ᠃
《ᠠᠮᠢᠳᠤᠷᠠᠯ ᠬᠡᠳᠦᠢ᠌ᠪᠡᠷ ᠬᠦᠮᠦᠨ᠎ᠤ ᠰᠠᠨᠠᠭ᠎ᠠ᠎ᠪᠠᠷ ᠪᠣᠯᠳᠠᠭ ᠦᠭᠡᠢ ᠬᠣᠢ᠌ᠨ᠎ᠠ ᠪᠢᠳᠡ ᠴᠢᠷᠮᠠᠢ᠌ᠵᠦ ᠠᠮᠢᠳᠤᠷᠠᠬᠤ ᠯᠠ ᠬᠡᠷᠡᠭᠲᠡᠢ᠂ ᠪᠢ ᠬᠡᠵᠢᠶᠡᠲᠡ ᠰᠦᠯᠵᠢᠶᠡᠨ ᠳᠡᠭᠡᠷ᠎ᠡ ᠦᠪᠡᠷ᠎ᠢ᠎ᠪᠠᠨ ᠵᠡᠮᠳᠡᠭ ᠬᠦᠮᠦᠨ ᠭᠡᠵᠦ ᠬᠡᠯᠡᠭᠡᠳ ᠪᠣᠰᠣᠳ ᠵᠶ᠋ᠠᠷ ᠥᠷᠥ ᠡᠪᠡᠳᠦᠭᠦᠯᠳᠡᠭ ᠦᠭᠡᠢ᠃ ᠪᠢ ᠰᠠᠷ᠎ᠠ ᠪᠦᠷᠢ 500 ᠲᠦᠭᠦᠷᠢᠭ᠎ᠤᠨ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠪᠦᠷᠢ ᠪᠣᠯᠣᠨ 200 ᠲᠦᠭᠦᠷᠢᠭ᠎ᠤᠨ ᠵᠡᠮᠳᠡᠭᠴᠦᠳ᠎ᠤᠨ ᠨᠦᠬᠦᠪᠦᠷᠢ ᠬᠦᠷᠲᠡᠵᠦ ᠪᠣᠢ᠂ ᠣᠳᠣ ᠪᠠᠰᠠ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠨᠠᠳᠠ᠎ᠳᠤ ᠲᠦᠯᠦᠪᠦᠷᠢ ᠦᠭᠡᠢ᠎ᠪᠠᠷ ᠬᠢᠮᠡᠯ ᠮᠥᠴᠢ ᠲᠠᠭ᠋ᠠᠷᠠᠭᠤᠯᠵᠦ ᠥᠭᠭᠦᠭᠰᠡᠨ᠂ ᠡᠨᠳᠡᠬᠢ ᠠᠵᠢᠯᠲᠠᠳ᠎ᠨᠢ ᠮᠠᠰᠢ ᠬᠠᠷᠢᠭᠤᠴᠠᠯᠭ᠎ᠠ᠎ᠲᠠᠢ᠂ ᠡᠨᠳᠡ ᠢᠷᠡᠭᠡᠳ ᠪᠢ ᠨᠠᠮ ᠪᠠ ᠵᠠᠰᠠᠭ᠎ᠤᠨ ᠣᠷᠳᠣᠨ᠎ᠤ ᠬᠦᠴᠢᠷᠳᠡᠯ᠎ᠲᠠᠢ ᠵᠡᠮᠳᠡᠭᠴᠦᠳ᠎ᠲᠤ ᠦᠵᠡᠭᠦᠯᠦᠭᠰᠡᠨ ᠬᠠᠢ᠌ᠷ᠎ᠠ ᠬᠠᠯᠠᠮᠵᠢ ᠵᠢ ᠰᠡᠳᠬᠢᠯ ᠵᠶ᠋ᠡᠷ ᠵᠶ᠋ᠡᠨ ᠮᠡᠳᠡᠷᠡᠭᠰᠡᠨ ᠪᠢᠯᠡ᠃ ᠨᠠᠳᠠ᠎ᠳᠤ ᠡᠨᠡ ᠬᠦ᠌ ᠰᠠᠢ᠌ᠨ ᠲᠣᠬᠢᠶᠠᠯ ᠲᠠᠭ᠋ᠠᠷᠠᠭᠰᠠᠨ ᠶᠤᠮ ᠴᠢᠨᠢ ᠪᠢ ᠶᠠᠷᠢᠶᠠᠨ ᠦᠭᠡᠢ ᠨᠡᠩ ᠴᠢᠷᠮᠠᠢ᠌ᠨ ᠠᠵᠢᠯᠯᠠᠵᠦ᠂ ᠨᠡᠢ᠌ᠭᠡᠮ ᠳᠠᠶᠠᠭ᠋ᠠᠷ᠎ᠲᠤ ᠳᠠᠷᠤᠭ᠋ᠠᠰᠤ ᠪᠣᠯᠬᠣ ᠦᠭᠡᠢ》 ᠭᠡᠵᠦ ᠳ᠋ᠤᠸᠠᠨ ᠸᠸᠢ ᠭᠠᠩ ᠶᠠᠷᠢᠵᠦ ᠪᠠᠢ᠌ᠯ᠎ᠠ᠃
ᠬᠡᠳᠦᠨ ᠵᠢᠯ᠎ᠤᠨ ᠲᠤᠷᠰᠢ᠂ ᠳ᠋ᠤᠸᠠᠨ ᠸᠸᠢ ᠭᠠᠩ ᠭᠠᠭᠴᠠ ᠬᠥᠯ᠂ ᠬᠣᠣᠰ ᠲᠠᠶᠠᠭ᠂ ᠴᠦᠬᠦᠷᠡᠰᠢ ᠦᠭᠡᠢ ᠵᠣᠷᠢᠭ ᠰᠠᠨᠠᠭ᠎ᠠ ᠪᠣᠯᠣᠨ ᠪᠠᠶᠠᠰᠤᠩᠭᠤᠢ ᠵᠠᠩ ᠵᠶ᠋ᠠᠷ ᠵᠶ᠋ᠠᠨ ᠥᠪᠡᠷ᠎ᠤᠨ ᠠᠮᠢᠳᠤᠷᠠᠯ ᠵᠶ᠋ᠠᠨ ᠲᠤᠯᠵᠦ ᠶᠠᠪᠤᠭᠰᠠᠨ ᠶᠤᠮ᠃ ᠦᠬᠦᠵᠦ ᠰᠡᠭᠡᠬᠦ ᠵᠢᠨ ᠭᠠᠢ ᠵᠣᠪᠠᠯᠠᠩ᠎ᠢ ᠲᠤᠭᠤᠯᠵᠦ᠂ ᠬᠢᠵᠢᠭ ᠡᠪᠡᠳᠴᠢᠨ᠎ᠤ ᠰᠢᠯᠭ᠋ᠠᠯᠲᠠ ᠵᠢ ᠥᠩᠭᠡᠷᠡᠭᠡᠭᠰᠡᠨ ᠳ᠋ᠤᠸᠠᠨ ᠸᠸᠢ ᠭᠠᠩ᠎ᠤᠨ ᠠᠮᠢᠳᠤᠷᠠᠯ᠎ᠨᠢ ᠢᠳᠡᠭ ᠢᠳᠡᠭ ᠵᠶ᠋ᠡᠷ ᠵᠠᠮ᠎ᠳᠤ᠎ᠪᠠᠨ ᠣᠷᠣᠯ᠎ᠠ᠂ ᠣᠳᠣ ᠪᠠᠰᠠ ᠬᠢᠮᠡᠯ ᠮᠥᠴᠢ ᠲᠠᠭ᠋ᠠᠷᠠᠭᠤᠯᠤᠭ᠋ᠠᠳ ᠶᠠᠪᠤᠵᠦ ᠰᠠᠭᠤᠬᠤ᠎ᠳᠤ᠎ᠨᠢ ᠨᠡᠩ ᠡᠪᠲᠠᠢ ᠪᠣᠯᠪᠠ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠲᠠᠨ᠎ᠤ ᠬᠡᠯᠡᠬᠦ᠎ᠪᠠᠷ᠂ ᠳ᠋ᠤᠸᠠᠨ ᠸᠸᠢ ᠭᠠᠩ᠎ᠤᠨ ᠣᠳᠣᠬᠢ ᠪᠠᠢ᠌ᠳᠠᠯ᠎ᠠᠴᠠ ᠦᠵᠡᠪᠡᠯ ᠠᠳᠠᠭ᠎ᠲᠤ᠎ᠪᠠᠨ ᠬᠣᠶᠠᠷ ᠭᠠᠷᠠᠭ᠎ᠤᠨ ᠴᠠᠭ ᠵᠠᠷᠤᠴᠠᠭᠤᠯᠵᠦ ᠠᠯᠬᠤᠵᠤ ᠪᠣᠯᠪᠠᠰᠤᠷᠠᠬᠤ ᠴᠢᠬᠤᠯᠠᠲᠠᠢ᠂ ᠬᠢᠮᠡᠯ ᠮᠥᠴᠢ᠎ᠪᠠᠷ ᠵᠶ᠋ᠡᠨ ᠠᠯᠬᠤᠭ᠋ᠠᠳ ᠳᠠᠰᠴᠢᠬᠠᠪᠠᠯ ᠲᠠᠶᠠᠭ ᠵᠶ᠋ᠠᠨ ᠬᠠᠶᠠᠵᠦ ᠡᠪ᠎ᠤᠨ ᠪᠠᠢ᠌ᠳᠠᠯ᠎ᠳᠤ ᠣᠷᠣᠵᠦ ᠳᠡᠢ᠌ᠯᠬᠦ ᠠᠵᠢ᠃