ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠳᠤᠷᠠᠰᠣᠮᠵᠢ ᠵᠢᠨ ᠳᠤᠯᠠᠭ᠋ᠠᠬᠠᠨ
ᠨᠡᠶᠢᠲᠡᠯᠡᠭᠰᠡᠨ ᠴᠠᠭ᠄ 2021-10-11

 
                                    ᠴᠤᠯᠮᠤᠨ ᠵᠤᠬᠢᠶᠠᠪᠠ
    ᠤᠯᠠᠨ ᠬᠦᠬᠡᠷᠦᠬᠦᠨ ᠳᠤᠷᠠᠰᠤᠮᠵᠢ ᠪᠢᠳᠡᠨ᠎ᠤ ᠠᠮᠢᠳᠤᠷᠠᠯ᠎ᠢ ᠲᠦᠬᠦᠷᠭᠡᠵᠦ ᠤᠨ ᠵᠢᠯ᠎ᠢ ᠳᠤᠭᠤᠯᠬᠤ ᠳᠤᠳᠤᠮ ᠡᠭᠡᠯᠢ ᠳᠤᠯᠠᠭ᠋ᠠᠬᠠᠨ᠎ᠤ ᠳᠤᠬᠠᠢ ᠬᠦᠦᠷᠨᠢᠳᠡᠭ ᠪᠢᠯᠡ᠃ ᠳᠡᠷᠡ ᠳᠤᠰᠣᠮ ᠵᠶ᠋ᠠᠨ ᠪᠠᠭ᠎ᠠ ᠨᠠᠰᠣᠨ᠎ᠳᠤ ᠳᠤᠬᠢᠶᠠᠯᠳᠤᠭᠰᠠᠨ ᠳᠤᠬᠢᠶᠠᠯᠳᠤᠯ᠂ ᠦᠢ᠍ᠯᠡ ᠬᠡᠷᠡᠭ᠂ ᠠᠮᠢᠳᠠᠨ ᠭᠤᠤᠯᠳᠠᠨ ᠁  ᠤᠢ ᠳᠤᠷᠠᠰᠣᠮᠵᠢ᠎ᠳᠤ ᠳᠤᠳᠤ᠎ᠠᠴᠠ ᠳᠤᠳᠤ ᠬᠠᠳᠠᠭ᠋ᠠᠯᠠᠭᠳᠠᠨ ᠦᠯᠡᠳᠡᠵᠦ ᠰᠡᠳᠬᠢᠯ᠎ᠢ ᠡᠪᠡᠳᠬᠡᠨ ᠦᠷᠦ ᠵᠢ ᠡᠮᠵᠡᠭᠯᠡᠬᠦᠯᠳᠡᠭ᠎ᠨᠢ ᠴᠦ᠍ ᠪᠤᠢ᠃ ᠳᠡᠷᠳᠡᠭᠡ᠎ᠳᠤ ᠤᠯᠠᠷᠢᠭᠰᠠᠨ ᠡᠲᠦᠷ ᠬᠤᠨᠤᠭ᠎ᠤᠳ᠎ᠢ ᠡᠷᠬᠢᠬᠦᠯᠦᠨ ᠳᠤᠷᠠᠰᠬᠤᠶ᠎ᠠ ᠳᠡᠰᠭᠡᠯ ᠦᠭᠡᠢ ᠨᠢᠯᠪᠤᠰᠣ ᠤᠨᠠᠵᠦ᠂ ᠪᠠᠰᠠ ᠴᠢᠮᠡᠬᠡ ᠦᠭᠡᠢ ᠢᠨᠢᠶᠡᠮᠰᠦᠭᠯᠡᠬᠦ ᠵᠢᠨ ᠤᠴᠢᠷ ᠴᠦ᠍ ᠡᠬᠦᠨ᠎ᠳᠤ ᠪᠤᠢ ᠠᠵᠢᠶᠠᠮᠤ᠃
     ᠮᠠᠨ᠎ᠤ᠎ᠬᠢ ᠴᠦᠬᠡᠨ ᠦᠬᠡᠷ᠎ᠲᠠᠢ ᠠᠢ᠌ᠯ ᠪᠠᠢ᠌ᠭᠰᠠᠨ᠂ ᠵᠢᠯ ᠵᠢᠯ ᠬᠠᠪᠤᠷ ᠪᠤᠯᠬᠤ᠎ᠪᠠᠷ ᠬᠡᠳᠤᠨ ᠳᠤᠭᠤᠯ ᠭᠠᠷᠴᠦ ᠳᠡᠬᠦᠦ ᠪᠢᠳᠡ ᠬᠤᠶᠠᠷ᠎ᠢ ᠪᠠᠶᠠᠷᠯᠠᠭᠤᠯᠳᠠᠭ᠃ ᠳᠤᠬᠠᠢ ᠵᠢᠨ ᠦᠶ᠎ᠡ᠎ᠳᠤ ᠨᠤᠳᠤᠭ᠎ᠤᠨ᠎ᠬᠢᠨ ᠮᠠᠨᠢ ᠬᠠᠪᠤᠷ ᠯᠡ ᠲᠦᠯ ᠳᠤᠰᠳᠠᠭ᠎ᠠᠴᠠ ᠤᠳᠤ ᠵᠢᠨ᠎ᠬᠢ ᠰᠢᠭ ᠨᠠᠮᠤᠷ ᠡᠪᠦᠯ ᠦᠭᠡᠢ ᠢᠰᠢᠭᠡ ᠳᠤᠭᠤᠯ ᠬᠠᠷᠠᠭᠳᠠᠳᠠᠭ ᠦᠭᠡᠢ ᠪᠠᠢ᠌ᠭᠰᠠᠨ ᠰᠠᠨ᠃ ᠦᠨᠢᠶ᠎ᠡ ᠳᠤᠭᠤᠯᠯᠠᠬᠤ ᠤᠢ᠌ᠷᠠᠳᠪᠠᠯ ᠪᠢᠳᠡᠨ᠎ᠤ ᠵᠤᠭᠤᠭ ᠵᠤᠭ᠎ᠠ ᠴᠦ᠍ ᠤᠯᠠᠰᠢᠷᠠᠵᠦ ᠶᠠᠮᠠᠷ ᠳᠤᠭᠤᠯ ᠭᠠᠷᠬᠤ ᠳᠤᠬᠠᠢ ᠮᠡᠳᠭᠡᠯᠴᠡᠨ᠎ᠠ᠃ ᠦᠬᠡᠷ᠎ᠤᠨ ᠳᠤᠭ᠎ᠠ ᠨᠡᠮᠡᠭᠳᠡᠬᠦ ᠪᠠᠶᠠᠷ ᠪᠤᠢ ᠭᠡᠬᠦ᠎ᠳᠤ ᠤᠭᠤᠷᠠᠭ᠂ ᠰᠦ ᠰᠠᠭ᠋ᠠᠯᠢ ᠤᠯᠵᠦ ᠢᠳᠡᠬᠦ ᠭᠤᠷᠢᠳᠠᠯ ᠴᠦ᠍ ᠳᠠᠭ᠋ᠠᠤ᠎ᠳᠤ᠎ᠨᠢ ᠤᠪᠤᠯᠵᠠᠵᠦ ᠪᠠᠢ᠌ᠳᠠᠭ᠎ᠢ ᠨᠢᠭᠤᠬᠤ ᠶᠠᠭᠤᠨ᠃ ᠬᠦᠳᠡᠭᠡ ᠵᠢᠨ ᠬᠡᠦᠬᠡᠳ᠎ᠤᠨ ᠪᠠᠶᠠᠷ ᠶᠡᠷᠦ᠎ᠨᠢ ᠳᠡᠢ᠌ᠮᠦ ᠴᠤᠯᠭᠤᠢ ᠴᠠᠭ᠋ᠠᠬᠠᠨ ᠶᠤᠮ ᠳ᠋ᠠ᠃
    《ᠡᠨᠡ ᠵᠢᠯ ᠮᠠᠨ᠎ᠤ᠎ᠬᠢ ᠳᠠᠪᠤᠨ ᠳᠤᠭᠤᠯ ᠭᠠᠷᠤᠨ᠎ᠠ ᠭᠡᠵᠤ ᠡᠵᠢ ᠬᠡᠯᠡᠭᠰᠡᠨ᠂ ᠳᠠᠨ᠎ᠤ᠎ᠬᠢ ᠬᠡᠳᠤᠨ ᠳᠤᠭᠤᠯ ᠭᠠᠷᠬᠤ ᠪᠤᠢ?》 ᠭᠡᠵᠤ ᠨᠢᠭᠡ ᠭᠤᠤᠯ᠎ᠤᠨ ᠬᠡᠦᠬᠡᠳ ᠬᠤᠭᠤᠷᠤᠨᠳᠤ᠎ᠪᠠᠨ ᠶᠠᠷᠢᠶ᠎ᠠ ᠬᠦᠬᠡᠷᠦᠬᠡ ᠪᠤᠯᠤᠨ᠎ᠠ᠃ ᠮᠡᠳᠡᠭᠡᠵᠢ᠂ ᠢᠩᠭᠢᠭᠡᠳ ᠯᠡ ᠤᠯᠠᠨ ᠳᠤᠭᠤᠯ᠎ᠲᠠᠢ ᠠᠢ᠌ᠯ᠎ᠤᠨ ᠬᠡᠦᠬᠡᠳ ᠢᠯᠡᠬᠦᠦ ᠰᠡᠭᠡᠳᠡᠭᠡᠷ᠂ ᠴᠦᠬᠡᠨ ᠳᠤᠭᠤᠯ᠎ᠲᠠᠢ ᠠᠢ᠌ᠯ᠎ᠤᠨ ᠬᠡᠦᠬᠡᠳ ᠦᠬᠡ ᠳᠠᠭᠤ ᠴᠦᠬᠡᠨᠳᠡᠢ ᠪᠤᠯᠳᠠᠭ᠃ ᠠᠪᠤ ᠵᠢᠨ ᠨᠠᠳᠠ᠎ᠳᠤ ᠵᠢᠭ᠋ᠠᠵᠦ ᠦᠭᠭᠦᠭᠰᠡᠨ ᠤᠯᠠᠭᠴᠢ ᠦᠨᠢᠶ᠎ᠡ ᠦᠬᠢᠨ ᠬᠦᠷᠡᠩ ᠳᠤᠭᠤᠯ ᠭᠠᠷᠭ᠋ᠠᠭᠰᠠᠨ ᠳᠡᠷᠡ ᠵᠢᠯ ᠮᠠᠨ᠎ᠤ᠎ᠬᠢ ᠳᠤᠯᠤᠭ᠋ᠠᠨ ᠳᠤᠭᠤᠯ᠎ᠲᠠᠢ ᠳᠡᠯᠭᠡᠷ ᠪᠠᠶᠠᠷ᠎ᠲᠠᠢ ᠬᠠᠪᠤᠷ᠎ᠢ ᠤᠭᠳᠤᠭᠰᠠᠨ ᠶᠤᠮ᠃ ᠬᠦᠷᠡᠩ ᠳᠤᠭᠤᠯ ᠵᠶ᠋ᠠᠨ ᠭᠠᠷᠤᠭ᠋ᠠᠳ ᠬᠡᠳᠤ ᠬᠤᠨᠤᠮᠠᠭᠴᠠ ᠪᠢ ᠬᠦᠵᠦᠬᠦᠪᠴᠢ ᠵᠤᠬᠢᠶᠠᠵᠦ ᠦᠭᠭᠦᠭᠡᠳ᠂ ᠪᠠᠰᠠ ᠮᠠᠭ᠋ᠠᠵᠢᠵᠦ ᠰᠤᠷᠭ᠋ᠠᠭᠰᠠᠨ ᠰᠠᠨ᠃
    ᠵᠤᠨ ᠳᠤᠮᠳᠠᠯᠠᠵᠦ ᠤᠰᠣ ᠪᠡᠯᠴᠢᠬᠡᠷ ᠳᠡᠭᠰᠢᠷᠡᠬᠦ᠎ᠪᠠᠷ ᠡᠵᠢ ᠦᠨᠢᠶ᠎ᠡ᠎ᠪᠠᠨ ᠰᠠᠭ᠋ᠠᠵᠦ ᠳᠡᠬᠦᠦ ᠪᠢᠳᠡ ᠬᠤᠶᠠᠷ ᠶᠤᠰᠤᠳᠠᠢ ᠯᠡ ᠡᠲᠦᠷᠵᠢᠨ ᠰᠦ᠎ᠲᠠᠢ ᠵᠠᠷᠮ᠎ᠠ᠂ ᠦᠷᠦᠮ᠎ᠡ᠎ᠲᠠᠢ ᠪᠤᠳᠠᠭ᠎ᠠ᠎ᠪᠠᠷ ᠪᠤᠷᠤ ᠭᠡᠳᠡᠰᠦ᠎ᠪᠠᠨ ᠴᠤᠷᠳᠤᠢ᠌ᠯᠭ᠋ᠠᠭᠰᠠᠨ ᠪᠢᠯᠡ᠃ ᠵᠠᠷᠮ᠎ᠠ ᠭᠡᠵᠤ ᠶᠠᠭᠤ ᠵᠢ ᠬᠡᠯᠡᠳᠡᠭ ᠪᠤᠢ? ᠰᠢᠰᠢ᠎ᠪᠠᠨ ᠬᠠᠭᠤᠷᠤᠭ᠋ᠠᠳ ᠳᠡᠭᠡᠷᠮᠡᠳᠡᠵᠦ ᠴᠠᠢ᠌ᠯᠭ᠋ᠠᠨ᠎ᠠ᠂ ᠴᠠᠢ᠌ᠯᠭ᠋ᠠᠬᠤ ᠶᠠᠪᠤᠴᠠ᠎ᠳᠤ ᠨᠠᠷᠢᠨ ᠭᠤᠯᠢᠷ ᠰᠢᠭ᠋ ᠪᠤᠯᠤᠭᠰᠠᠨ᠎ᠢ᠎ᠨᠢ ᠵᠠᠷᠮ᠎ᠠ᠂ ᠬᠡᠮᠬᠡᠳᠡᠭ᠎ᠢ᠎ᠨᠢ ᠰᠢᠰᠢ ᠵᠢᠨ ᠭᠤᠤᠯ ᠭᠡᠳᠡᠭ᠃ ᠮᠤᠩᠭᠤᠯ ᠠᠮᠤ ᠪᠠᠰᠠ ᠵᠠᠷᠮ᠎ᠠ᠎ᠲᠠᠢ ᠴᠦ᠍ ᠰᠢᠰᠢ ᠰᠢᠭ ᠳᠡᠢ᠌ᠮᠦ ᠶᠡᠬᠡ ᠭᠠᠷᠳᠠᠭ ᠦᠭᠡᠢ᠃ ᠳᠡᠭᠡᠭᠡᠳ ᠴᠦ᠍ ᠮᠤᠩᠭᠤᠯ ᠠᠮᠤ ᠴᠦᠬᠡᠨ ᠤᠯᠳᠠᠳᠠᠭ᠂ ᠰᠢᠰᠢ ᠵᠢᠨ ᠵᠠᠷᠮ᠎ᠠ ᠯᠡ ᠭᠤᠤᠯᠳᠠᠭᠤ ᠢᠳᠡᠳᠡᠭ ᠪᠠᠢ᠌ᠭᠰᠠᠨ ᠮᠠᠨᠢ ᠦᠨᠡᠨ᠃ ᠰᠦ᠎ᠲᠠᠢ ᠵᠠᠷᠮ᠎ᠠ ᠢᠳᠡᠬᠦ ᠭᠡᠪᠡᠯ ᠤᠷᠢᠳ ᠵᠶ᠋ᠠᠷ ᠠᠶᠠᠭ᠎ᠠ᠎ᠲᠠᠢ ᠵᠠᠷᠮ᠎ᠠ ᠵᠢᠨ ᠵᠶ᠋ᠠᠨ ᠭᠤᠤᠯ᠎ᠢ ᠬᠤᠩᠬᠤᠢ᠌ᠯᠭ᠋ᠠᠭ᠋ᠠᠳ ᠰᠠᠶᠢ ᠰᠦ ᠬᠢᠨ᠎ᠡ᠂ ᠰᠦ ᠬᠢᠭᠰᠡᠨ᠎ᠤ ᠳᠠᠷᠠᠭ᠎ᠠ ᠬᠤᠩᠬᠤᠢ᠌ᠯᠭ᠋ᠠᠭᠰᠠᠨ ᠭᠤᠤᠯ᠎ᠠᠴᠠ᠎ᠪᠠᠨ ᠭᠠᠳᠠᠭᠰᠢ ᠨᠤᠷᠭ᠋ᠠᠵᠦ ᠵᠠᠭᠤᠷᠠᠳᠠᠭ᠃ ᠢᠯᠡᠬᠦᠦ ᠰᠦ ᠬᠢᠪᠡᠯ ᠰᠢᠭᠤᠳ ᠵᠠᠷᠮ᠎ᠠ᠎ᠲᠠᠢ᠎ᠪᠠᠨ ᠤᠤᠭᠤᠴᠢᠬᠠᠵᠦ ᠪᠤᠯᠳᠠᠭ᠃ ᠮᠤᠩᠭᠤᠯ ᠠᠮᠤ ᠵᠢ ᠮᠠᠨ᠎ᠤ᠎ᠬᠢᠨ ᠬᠠᠭᠤᠷᠤᠭᠰᠠᠨ ᠪᠤᠳᠠᠭ᠎ᠠ ᠭᠡᠵᠤ ᠬᠡᠯᠡᠳᠡᠭ᠂ ᠤᠳᠤ ᠬᠤᠷᠰᠢᠶ᠎ᠠ ᠬᠤᠳᠠᠯᠳᠤᠭ᠎ᠠ᠂ ᠴᠠᠭ᠋ᠠᠨ ᠢᠳᠡᠭᠡᠨ᠎ᠤ ᠳᠡᠯᠭᠡᠬᠦᠷ᠎ᠤᠳ ᠵᠶ᠋ᠠᠷ ᠵᠠᠷᠤᠵᠦ ᠪᠤᠢ᠎ᠨᠢ ᠵᠦᠩᠳᠡᠭᠡᠨ ᠬᠠᠷᠠᠭᠳᠠᠳᠠᠭ᠃
    ᠦᠬᠡᠷ ᠬᠤᠨᠢ ᠡᠯᠪᠡᠭ ᠠᠢ᠌ᠯ᠎ᠢ ᠤᠤᠯ᠎ᠨᠢ ᠨᠢᠭᠡ ᠭᠤᠤᠯ᠎ᠤᠨ᠎ᠬᠢᠨ᠂ ᠴᠢᠨᠠᠭᠰᠢᠯᠠᠪᠠᠯ ᠤᠨᠳᠤᠤ ᠰᠤᠮᠤ ᠭᠠᠴᠠᠭ᠋ᠠᠨ᠎ᠤ᠎ᠬᠢᠨ ᠴᠦ᠍ ᠱᠠᠭᠰᠢᠷᠠᠵᠦ᠄ 《ᠬᠡᠨ ᠬᠡᠨ᠎ᠤ᠎ᠬᠢ ᠶᠤᠰᠤᠳᠠᠢ ᠬᠦᠳᠡᠯᠮᠤᠷᠢᠴᠢ ᠠᠢ᠌ᠯ᠂ ᠭᠠᠷ᠎ᠲᠤ᠎ᠪᠠᠨ ᠳᠤᠰᠣ᠎ᠲᠠᠢ ᠮᠠᠯᠴᠢᠨ᠂ ᠪᠤᠶᠠᠨ᠎ᠨᠢ ᠳᠡᠯᠭᠡᠷᠡᠭᠰᠡᠨ ᠬᠦᠮᠦᠨ》 ᠭᠡᠵᠤ ᠪᠠᠬᠠᠳᠤᠨ ᠶᠠᠷᠢᠳᠠᠭ ᠪᠠᠢ᠌ᠭᠰᠠᠨ ᠪᠤᠯ ᠰᠡᠬᠦᠯ᠎ᠤᠨ ᠦᠶ᠎ᠡ᠎ᠪᠠᠷ᠄ 《ᠨᠢᠭᠡ ᠦᠬᠡᠷ ᠬᠡᠳᠤᠢ ᠮᠦᠩᠭᠦ ᠬᠦᠷᠦᠨ᠎ᠡ᠂ ᠳᠡᠳᠡᠨ᠎ᠤ᠎ᠬᠢ ᠤᠳᠤ ᠬᠡᠳᠤᠢ ᠮᠦᠩᠭᠦ ᠵᠢᠨ ᠬᠦᠷᠦᠩᠭᠡ᠎ᠲᠠᠢ》 ᠭᠡᠬᠦ ᠮᠡᠲᠦ᠎ᠪᠠᠷ ᠯᠡ ᠬᠡᠮᠵᠢᠶᠡᠯᠡᠨ ᠶᠠᠷᠢᠬᠤ᠎ᠨᠢ ᠰᠤᠨᠤᠰᠳᠠᠳᠠᠭ ᠪᠤᠯᠤᠭᠰᠠᠨ ᠶᠤᠮ᠃ ᠬᠠᠯᠠᠭᠤᠨ ᠬᠤᠰᠢᠭᠤᠳᠤ ᠮᠠᠯ ᠵᠶ᠋ᠠᠨ ᠪᠢᠳᠡ ᠬᠦᠷᠦᠩᠭᠡ ᠴᠢᠨᠡᠭᠡ ᠭᠡᠬᠦ᠎ᠠᠴᠠ ᠢᠯᠡᠬᠦᠦ ᠨᠦᠬᠦᠷ ᠬᠠᠨᠢ᠂ ᠠᠴᠢᠳᠠᠨ ᠳᠤᠰᠠᠳᠠᠨ᠂ ᠪᠠᠶᠠᠷ ᠭᠤᠨᠢᠭ ᠵᠶ᠋ᠠᠨ ᠬᠤᠪᠢᠶᠠᠯᠴᠠᠬᠤ ᠰᠡᠳᠬᠢᠯ᠎ᠢ ᠮᠡᠳᠡᠭᠴᠢ ᠭᠡᠵᠤ ᠦᠵᠡᠳᠡᠭ ᠪᠠᠢ᠌ᠭᠰᠠᠨ ᠪᠢᠯᠡ᠃
      ᠨᠡᠯᠢᠶᠡᠳ ᠵᠢᠯ᠎ᠤᠨ ᠡᠮᠦᠨᠡᠬᠢ ᠨᠢᠭᠡ ᠵᠤᠨ ᠪᠠᠷᠤᠭ ᠯᠡ ᠰᠠᠷ᠎ᠠ ᠰᠢᠬᠠᠮ ᠪᠤᠷᠤᠭ᠎ᠠ ᠤᠷᠤᠵᠦ ᠶᠡᠬᠡ ᠦᠶᠡᠷ ᠪᠠᠭᠤᠭ᠋ᠠᠳ ᠠᠢ᠌ᠯ ᠭᠤᠤᠯ᠎ᠤᠨ᠎ᠬᠢᠨ ᠮᠠᠨᠢ ᠤᠤᠯ᠎ᠤᠨ ᠰᠠᠭᠤᠵᠦ ᠠᠭᠰᠠᠨ ᠭᠤᠤᠯ᠎ᠤᠨ ᠬᠦᠪᠡᠬᠡᠨ᠎ᠠᠴᠠ ᠵᠡᠬᠦᠨᠰᠢ ᠳᠠᠢ᠌ᠵᠢᠵᠦ ᠠᠭᠤᠯᠠ ᠵᠢᠨ ᠬᠤᠷᠮᠤᠢ ᠪᠠᠷᠠᠳᠠᠭᠰᠠᠨ ᠶᠤᠮ᠃ ᠨᠠᠮᠤᠷ᠎ᠤᠨ ᠡᠬᠢ᠎ᠪᠠᠷ ᠰᠢᠨ᠎ᠡ ᠨᠤᠳᠤᠭ᠎ᠲᠤ ᠨᠡᠬᠦᠭᠰᠡᠨ ᠮᠠᠨ᠎ᠤ᠎ᠬᠢ ᠭᠡᠷ ᠪᠠᠢ᠌ᠰᠢᠩ ᠪᠠᠷᠢᠬᠤ᠂ ᠬᠡᠷᠡᠮ ᠬᠠᠰᠢᠶ᠎ᠠ ᠪᠤᠰᠬᠠᠬᠤ᠂ ᠡᠪᠡᠰᠦ ᠬᠠᠳᠤᠯᠠᠩ ᠬᠤᠷᠢᠶᠠᠬᠤ ᠭᠡᠳ ᠵᠦᠩᠳᠡᠭᠡᠨ ᠠᠵᠢᠯ᠂ ᠪᠠᠰᠠ ᠪᠠᠭ᠎ᠠ ᠦᠭᠡᠢ ᠵᠠᠷᠤᠳᠠᠯ᠎ᠳᠤ ᠳᠠᠷᠤᠭᠳᠠᠪᠠ᠃ ᠳᠡᠢ᠌ᠨ ᠬᠦ᠌ ᠠᠪᠤ ᠡᠵᠢ ᠠᠷᠭ᠎ᠠ ᠪᠤᠰᠣ ᠤᠯᠠᠭᠴᠢ ᠦᠨᠢᠶᠡᠨ᠎ᠠᠴᠠ ᠭᠠᠷᠤᠭᠰᠠᠨ ᠬᠦᠷᠡᠩ ᠳᠤᠭᠤᠯ᠎ᠢ ᠮᠢᠨᠢ ᠵᠠᠷᠤᠵᠦ ᠡᠯᠳᠡᠪ ᠡᠰᠡᠨ ᠵᠠᠷᠤᠳᠠᠯ᠎ᠢ ᠠᠷᠭ᠋ᠠᠴᠠᠭ᠋ᠠᠬᠤ᠎ᠪᠠᠷ ᠰᠢᠢ᠍ᠲᠦᠭᠰᠡᠨ ᠶᠤᠮ᠂ ᠬᠠᠷᠢᠨ ᠬᠦᠷᠡᠩ ᠳᠤᠭᠤᠯ ᠭᠡᠬᠦ᠎ᠠᠴᠠ ᠳᠡᠷᠡ ᠦᠶ᠎ᠡ᠎ᠳᠤ ᠬᠦᠷᠡᠭᠴᠢ ᠦᠨᠢᠶ᠎ᠡ ᠪᠤᠯᠴᠢᠬᠠᠭ᠋ᠠᠳ ᠬᠤᠶᠠᠷ ᠴᠦ᠍ ᠳᠤᠭᠤᠯ ᠭᠠᠷᠭ᠋ᠠᠭ᠋ᠠᠳ ᠪᠠᠢ᠌ᠭᠰᠠᠨ ᠰᠠᠨ᠃
      ᠬᠤᠰᠢᠭᠤᠨ ᠲᠦᠪ᠎ᠠᠴᠠ ᠤᠷᠤᠢ᠌ᠳᠠᠵᠦ ᠢᠷᠡᠭᠰᠡᠨ ᠦᠬᠡᠷ᠎ᠤᠨ ᠠᠷᠠᠯᠵᠢᠶᠠᠴᠢᠨ ᠠᠴᠢᠶᠠᠨ᠎ᠤ ᠮᠠᠰᠢᠨ᠎ᠳᠤ᠎ᠪᠠᠨ ᠬᠦᠷᠡᠭᠴᠢ ᠦᠨᠢᠶ᠎ᠡ ᠵᠢ ᠮᠢᠨᠢ ᠳᠡᠭᠡᠭᠡᠴᠢᠬᠡᠭᠡᠳ ᠪᠠᠷᠠᠭᠤᠨ ᠭᠡᠷ᠎ᠤᠨ ᠪᠠᠶᠠᠷ ᠠᠬ᠎ᠠ ᠵᠢᠨ᠎ᠳᠤ ᠬᠤᠨᠤᠭᠰᠠᠨ᠂ ᠳᠡᠭᠡᠰᠦ ᠳᠠᠳᠠᠯᠠᠭ᠎ᠠ ᠵᠡᠭᠡᠵᠦ ᠬᠦᠷᠡᠭᠴᠢ ᠦᠨᠢᠶ᠎ᠡ ᠵᠢ ᠮᠢᠨᠢ ᠪᠤᠭᠤᠢ᠌ᠯᠢᠳᠠᠬᠤ᠎ᠪᠠᠷ ᠯᠡ ᠪᠢ ᠤᠰᠣᠨ ᠨᠢᠳᠦᠯᠡᠵᠦ ᠨᠡᠩ ᠴᠦ᠍ ᠠᠴᠢᠶᠠᠨ᠎ᠤ ᠮᠠᠰᠢᠨ᠎ᠳᠤ ᠭᠠᠷᠭ᠋ᠠᠬᠤ ᠦᠶ᠎ᠡ᠎ᠪᠠᠷ ᠡᠭᠡᠷ ᠳᠠᠳᠠᠨ ᠤᠬᠢᠯᠠᠭᠰᠠᠨ ᠶᠤᠮ᠃ ᠡᠵᠢ ᠴᠦ᠍ ᠬᠤᠭᠤᠯᠠᠢ᠎ᠨᠢ ᠴᠡᠴᠡᠷᠡᠵᠦ᠄ 《ᠪᠢᠳᠡᠬᠡᠢ ᠤᠬᠢᠯᠠ᠂ ᠮᠢᠨᠤ ᠬᠦᠦ᠂ ᠦᠬᠡᠷ ᠴᠢᠨᠢ ᠡᠷᠬᠢᠬᠡᠳ ᠦᠰᠦᠨ᠎ᠡ ᠰᠢᠦ》 ᠭᠡᠵᠤ  ᠲᠦᠲᠦᠨᠡᠬᠡᠳ ᠬᠠᠷᠠᠴᠠ᠎ᠪᠠᠨ ᠪᠤᠷᠤᠭᠤᠯᠠᠭᠰᠠᠨ ᠰᠠᠨ᠃ ᠳᠡᠷᠡ ᠰᠦᠨᠢ ᠪᠢ ᠤᠨᠳᠠᠵᠦ ᠴᠢᠳᠠᠭᠰᠠᠨ ᠦᠭᠡᠢ᠂ ᠭᠡᠭᠡᠪᠴᠢ᠎ᠪᠠᠷ ᠦᠶᠡᠯᠵᠡᠬᠦ ᠨᠠᠮᠤᠷ᠎ᠤᠨ ᠵᠢᠪᠡᠷ ᠵᠶ᠋ᠠᠷ ᠢᠯᠪᠢᠬᠦᠯᠬᠦ ᠳᠤᠳᠤᠮ ᠰᠡᠳᠬᠢᠯ ᠰᠢᠨᠠᠯᠵᠦ ᠨᠤᠢ᠌ᠷ ᠬᠤᠯᠵᠢᠭ᠋ᠠᠳ ᠦᠤᠷ ᠵᠶ᠋ᠠᠷ ᠵᠢᠭ᠋ᠠᠬᠠᠨ ᠳᠤᠭᠬᠢᠵᠦ ᠠᠪᠤᠭᠰᠠᠨ ᠪᠢᠯᠡ᠃ ᠬᠦᠷᠡᠭᠴᠢ ᠦᠨᠢᠶ᠎ᠡ ᠮᠢᠨᠢ ᠴᠦ᠍ ᠠᠴᠢᠶᠠᠨ᠎ᠤ ᠮᠠᠰᠢᠨ ᠳᠡᠭᠡᠷ᠎ᠡ᠎ᠠᠴᠠ ᠰᠦᠨᠢᠵᠢᠨ ᠳᠤᠭᠤᠯ ᠵᠶ᠋ᠠᠨ ᠦᠬᠡᠢ᠌ᠯᠡᠵᠦ ᠮᠦᠭᠡᠷᠡᠵᠦ ᠬᠤᠨᠤᠭᠰᠠᠨ᠂ ᠮᠦᠬᠡᠷᠡᠨ ᠮᠦᠬᠡᠷᠡᠭᠰᠡᠭᠡᠷ ᠡᠴᠦᠰ᠎ᠲᠤ᠎ᠪᠠᠨ ᠪᠦᠷ ᠳᠠᠭᠤ᠎ᠨᠢ ᠰᠤᠯᠠᠳᠠᠭ᠋ᠠᠳ ᠶᠠᠪᠤᠴᠢᠬᠠᠭᠰᠠᠨ᠎ᠨᠢ ᠴᠦ᠍ ᠪᠤᠳᠤᠯ᠎ᠠᠴᠠ ᠭᠠᠷᠳᠠᠭ ᠦᠭᠡᠢ᠃
    ᠳᠡᠬᠦᠨ᠎ᠠᠴᠠ ᠬᠤᠢ᠌ᠰᠢ ᠬᠡᠴᠢᠨᠡᠬᠡᠨ ᠵᠢᠯ ᠤᠯᠠᠷᠢᠵᠦ᠂ ᠬᠠᠪᠤᠷ ᠨᠠᠮᠤᠷ ᠡᠭᠡᠯᠵᠢᠯᠡᠬᠦ᠎ᠪᠠᠷ ᠵᠶ᠋ᠠᠨ ᠡᠭᠡᠯᠵᠢᠯᠡᠭᠰᠡᠨ ᠴᠦ᠍ ᠭᠡᠨᠡᠳᠳᠡ ᠯᠡ ᠬᠠᠮᠢᠭ᠎ᠠ ᠨᠢᠭᠡᠨᠳᠡᠭᠡ᠎ᠠᠴᠠ ᠬᠦᠷᠡᠭᠴᠢ ᠦᠨᠢᠶᠡᠨ᠎ᠤ ᠮᠢᠨᠢ ᠮᠦᠭᠡᠷᠡᠬᠦ ᠳᠠᠭᠤ ᠴᠢᠬᠢᠨ᠎ᠳᠤ ᠳᠤᠭᠤᠯᠳᠠᠬᠤ ᠰᠢᠭ᠋ ᠪᠤᠯᠤᠭ᠋ᠠᠳ ᠰᠡᠳᠬᠢᠯ ᠰᠡᠷᠳ᠋ ᠬᠢᠳᠡᠭ ᠪᠢᠯᠡ᠃ ᠳᠡᠭᠡᠭᠡᠳ ᠴᠦ᠍ ᠳᠡᠷᠭᠡ ᠤᠨᠤᠭ᠎ᠠ ᠰᠦᠯᠵᠢᠯᠳᠦᠭᠰᠡᠨ ᠬᠤᠳᠠ ᠵᠢᠨ ᠵᠠᠮ᠂ ᠳᠡᠷᠳᠡᠭᠡ ᠳᠡᠢ᠌ᠰᠢ ᠰᠤᠨᠤᠯᠵᠠᠭᠰᠠᠨ ᠭᠠᠯᠳᠤ ᠵᠢᠨ ᠴᠤᠪᠤᠭ᠎ᠠ ᠭᠡᠵᠤ ᠢᠯᠭ᠋ᠠᠯ ᠦᠭᠡᠢ ᠰᠤᠨᠤᠰᠳᠠᠬᠤ᠎ᠪᠠᠷ ᠵᠶ᠋ᠠᠨ ᠰᠤᠨᠤᠰᠳᠠᠳᠠᠭ ᠰᠢᠦ᠃
   《ᠳᠤᠭᠤᠯ ᠰᠠᠢ᠌ᠬᠠᠨ ᠬᠠᠷᠢᠭᠤᠯᠪᠠᠯ ᠦᠷᠦᠮ᠎ᠡ᠎ᠲᠠᠢ ᠬᠤᠭᠤᠯᠠ ᠢᠳᠡᠬᠦᠯᠦᠨ᠎ᠡ᠂ ᠬᠠᠷᠢᠨ ᠦᠨᠢᠶ᠎ᠡ ᠳᠤᠭᠤᠯ ᠨᠡᠢ᠌ᠯᠡᠬᠦᠯᠪᠡᠯ ᠪᠤᠷᠭ᠋ᠠᠰᠣᠨ ᠰᠢᠪᠰᠢᠷᠭ᠎ᠠ ᠱᠠᠩᠨᠠᠨ᠎ᠠ ᠰᠢᠦ》 ᠭᠡᠵᠤ ᠡᠵᠢ ᠳᠡᠬᠦᠦ ᠪᠢᠳᠡ ᠬᠤᠶᠠᠷ᠎ᠢ ᠤᠷᠮᠠᠰᠢᠭᠤᠯᠬᠤ ᠵᠢᠨ ᠳᠠᠭ᠋ᠠᠤ ᠪᠠᠰᠠ ᠠᠶᠤᠯᠭ᠋ᠠᠳᠠᠭ᠃ ᠨᠡᠭᠡᠷᠡᠨ ᠨᠢᠭᠡ ᠤᠳᠠᠭ᠎ᠠ ᠪᠢ ᠬᠡᠳᠤᠨ ᠳᠤᠭᠤᠯ ᠵᠶ᠋ᠠᠨ ᠠᠯᠳᠠᠴᠢᠬᠠᠭ᠋ᠠᠳ ᠰᠤᠢ᠌ᠳ ᠪᠤᠯᠤᠭᠰᠠᠨ ᠰᠠᠨ᠂ ᠦᠶᠡᠴᠤᠤᠯ᠎ᠲᠠᠢ᠎ᠪᠠᠨ ᠨᠡᠢ᠌ᠯᠡᠵᠦ ᠳᠤᠭᠯᠠᠭ᠋ᠠᠳ ᠵᠢᠭ᠋ᠠᠬᠠᠨ ᠯᠡ ᠰᠡᠯᠳᠡᠬᠦ ᠬᠤᠭᠤᠷᠤᠨᠳᠤ ᠭᠤᠤᠯ᠎ᠤᠨ ᠳᠡᠨᠵᠢᠨ᠎ᠳᠤ ᠠᠶᠠᠳᠠᠢ᠌ᠬᠠᠨ ᠳᠤᠭᠳᠠᠵᠦ ᠪᠠᠢ᠌ᠭᠰᠠᠨ ᠬᠡᠳᠤᠨ ᠳᠤᠭᠤᠯ ᠮᠠᠨᠢ ᠠᠯᠠᠭ᠎ᠠ᠃ ᠡᠵᠢ ᠵᠢᠨ ᠪᠤᠷᠭ᠋ᠠᠰᠣᠨ ᠰᠢᠪᠰᠢᠷᠭ᠎ᠠ ᠨᠢᠳᠤᠨ᠎ᠳᠤ ᠦᠵᠡᠭᠳᠡᠬᠦ ᠰᠢᠭ ᠪᠤᠯᠤᠭ᠋ᠠᠳ ᠪᠢ ᠵᠡᠬᠦᠨ ᠮᠠᠩᠬ᠎ᠠ ᠤᠷᠤᠭᠤ ᠳᠠᠪᠬᠢᠪᠡ᠂ ᠳᠤᠭᠤᠯ᠎ᠤᠳ ᠠᠯᠳᠠᠭᠤᠯᠵᠦ ᠭᠠᠷᠬᠤ ᠪᠤᠯᠭ᠋ᠠᠨ᠎ᠳᠤ᠎ᠪᠠᠨ ᠪᠠᠷᠤᠭ ᠯᠡ ᠴᠦᠮ ᠮᠠᠩᠬᠠᠨ ᠡᠩᠭᠡᠷ ᠴᠢᠭᠯᠡᠭᠡᠳ ᠵᠢᠯᠢᠢ᠍ᠴᠢᠬᠡᠳᠡᠭ᠂ ᠳᠡᠢ᠌ᠰᠢ᠎ᠪᠠᠨ ᠶᠠᠪᠤᠭᠰᠠᠨ᠎ᠨᠢ ᠵᠠᠢ᠌ᠯᠠᠰᠢ ᠦᠭᠡᠢ ᠪᠢᠵᠠ ᠭᠡᠵᠤ ᠪᠤᠳᠤᠭ᠋ᠠᠳ ᠬᠦᠷᠪᠡᠯ ᠳᠤᠭᠤᠯ ᠪᠠᠢ᠌ᠳᠤᠭ᠋ᠠᠢ ᠮᠦᠷ ᠴᠦ᠍ ᠠᠯᠠᠭ᠎ᠠ᠃
   ᠤᠳᠤ ᠳᠡᠭᠡᠪᠡᠯ ᠬᠤᠢ᠌ᠳᠤ ᠬᠠᠢ᠌ᠯᠠᠰᠣᠨ᠎ᠤ ᠰᠡᠬᠦᠳᠡᠷ ᠵᠤᠷᠢᠭ᠋ᠠᠳ ᠬᠦᠳᠡᠯᠦᠭᠰᠡᠨ᠎ᠨᠢ ᠭᠠᠷᠴᠠᠭ᠎ᠠ ᠦᠭᠡᠢ ᠭᠡᠵᠤ ᠡᠷᠬᠢᠭᠡᠳ ᠳᠡᠢ᠌ᠰᠢ᠎ᠪᠠᠨ ᠤᠴᠢᠪᠠᠯ ᠮᠥᠨ ᠯᠡ ᠪᠠᠢ᠌ᠳᠠᠭ ᠦᠭᠡᠢ᠂ ᠬᠠᠷᠢᠨ ᠠᠢ᠌ᠯ᠎ᠤᠨ ᠬᠡᠳᠤᠨ ᠦᠨᠢᠶᠡᠳ ᠠᠭᠤᠵᠢᠷᠠᠳᠠᠯ᠎ᠠ ᠠᠮᠢᠰᠬᠤᠯᠯᠠᠨ ᠬᠡᠪᠳᠡᠵᠦ ᠪᠠᠢ᠌ᠭᠰᠠᠨ᠎ᠨᠢ ᠡᠭᠳᠡᠬᠦᠳᠡᠢ ᠭᠡᠭᠡᠴᠢ᠃ ᠰᠢᠯᠪᠢ᠎ᠪᠠᠷ ᠶᠠᠩᠭᠢᠨᠠᠬᠤ ᠰᠢᠭ᠋ ᠪᠤᠯᠵᠦ ᠪᠢ ᠠᠬᠢᠭ᠋ᠠᠳ ᠯᠡ ᠭᠤᠤᠯ᠎ᠤᠨ ᠳᠡᠨᠵᠢ ᠤᠷᠤᠭᠤ ᠳᠠᠪᠬᠢᠯ᠎ᠠ᠂ ᠳᠡᠨᠵᠢ ᠵᠢᠨ ᠴᠢᠨᠠᠳᠤ ᠤᠷᠤᠭᠤ ᠤᠷᠤᠴᠢᠬᠠᠭᠰᠠᠨ ᠠᠮᠢᠳᠠᠳ᠎ᠢ ᠠᠵᠢᠭᠯᠠᠭ᠎ᠠ ᠦᠭᠡᠢ ᠬᠦᠶᠦᠴᠢᠬᠡᠭᠰᠡᠨ ᠴᠦ᠍ ᠮᠠᠭ᠋ᠠᠳ ᠭᠡᠵᠤ ᠪᠤᠳᠤᠵᠦ ᠠᠮᠵᠢᠪᠠ᠃ ᠭᠡᠳᠡᠯ᠎ᠡ ᠬᠡᠳᠤᠨ ᠳᠤᠭᠤᠯ ᠮᠠᠨᠢ ᠵᠢᠬᠦᠷ ᠤᠷᠭᠤᠴᠢᠬᠠᠭᠰᠠᠨ ᠰᠢᠭ᠋ ᠶᠠᠭ᠋ᠠᠬᠢᠭ᠋ᠠᠳ ᠴᠦ᠍ ᠤᠯᠳᠠᠭ᠎ᠠ ᠦᠭᠡᠢ᠃ ᠦᠷᠦᠮ᠎ᠡ᠎ᠲᠠᠢ ᠬᠤᠭᠤᠯᠠ ᠢᠳᠡᠬᠦ ᠦᠭᠡᠢ ᠴᠦ᠍ ᠶᠠᠭ᠋ᠠᠬᠢᠬᠤ ᠪᠤᠢ᠂  ᠬᠠᠷᠢᠨ ᠪᠤᠷᠭ᠋ᠠᠰᠣᠨ ᠰᠢᠪᠰᠢᠷᠭ᠎ᠠ ᠵᠢᠨ 《ᠱᠠᠩᠨᠠᠯ》᠎ᠠᠴᠠ ᠬᠡᠷᠬᠢᠨ ᠮᠤᠯᠳᠤᠷᠠᠬᠤ ᠪᠢᠯᠡ ᠭᠡᠵᠤ ᠡᠮᠢᠶᠡᠨ ᠲᠦᠭᠰᠢᠭᠰᠡᠭᠡᠷ ᠭᠡᠷ ᠦᠬᠡᠳᠡ᠎ᠪᠠᠨ  ᠬᠡᠯᠲᠦᠷᠢᠪᠡ᠃ ᠴᠤᠬᠤᠮ ᠶᠠᠭᠤ ᠭᠡᠵᠤ ᠬᠡᠯᠡᠪᠡᠯ ᠡᠪᠳᠡᠢ ᠦᠩᠭᠡᠷᠡᠵᠦ ᠪᠤᠯᠳᠠᠭ ᠪᠢᠯᠡ ᠭᠡᠵᠤ ᠳᠤᠳᠤᠷ᠎ᠡ᠎ᠪᠠᠨ ᠤᠬᠠᠭ᠋ᠠᠨ ᠰᠡᠢ᠌ᠯᠵᠦ ᠴᠢᠮᠡᠭᠡ ᠦᠭᠡᠢ ᠬᠦᠯ ᠵᠶ᠋ᠠᠨ ᠵᠦᠭᠡᠭᠡᠭᠰᠡᠭᠡᠷ ᠬᠠᠰᠢᠶᠠᠨ᠎ᠤ ᠪᠤᠯᠤᠩ ᠤᠷᠢᠶᠠᠳᠠᠯ᠎ᠠ ᠬᠡᠳᠤᠨ ᠳᠤᠭᠤᠯ ᠮᠠᠨᠢ ᠬᠤᠳᠳᠤᠭ ᠳᠡᠭᠡᠷ᠎ᠡ ᠢᠷᠡᠴᠢᠬᠡᠭᠡᠳ ᠬᠡᠪᠳᠡᠵᠦ ᠪᠠᠢ᠌ᠭᠰᠠᠨ ᠰᠠᠨ᠃ ᠪᠢ ᠠᠷᠠᠢ ᠯᠡ ᠳᠠᠭᠤ ᠠᠯᠳᠠᠴᠢᠬᠠᠭᠰᠠᠨ ᠦᠭᠡᠢ᠂ ᠬᠦᠶᠦᠵᠦ ᠤᠴᠢᠭ᠋ᠠᠳ ᠨᠢᠭᠡᠳ ᠨᠢᠭᠡ᠎ᠪᠠᠷ ᠳᠡᠪᠡᠷᠢᠨ ᠦᠨᠦᠰᠦᠮᠡᠷ ᠪᠤᠯᠤᠭᠰᠠᠨ ᠳ᠋ᠠ᠃ ᠪᠠᠭ᠎ᠠ ᠨᠠᠰᠣᠨ᠎ᠤ ᠮᠢᠨᠢ ᠪᠠᠶᠠᠷ ᠠᠢ᠌ᠳᠠᠰ ᠳᠡᠢ᠌ᠮᠦ ᠯᠡ ᠭᠡᠨᠡᠨ ᠴᠠᠢ᠌ᠯᠭ᠋ᠠᠨ ᠪᠠᠢ᠌ᠭᠰᠠᠨ᠎ᠨᠢ ᠶᠠᠭᠤᠳᠠᠢ ᠰᠠᠢ᠌ᠬᠠᠨ ᠡ᠃
   ᠨᠠᠮᠤᠷ ᠯᠡ ᠶᠤᠮ ᠰᠢᠭ᠋ ᠰᠠᠨᠠᠭᠳᠠᠳᠠᠭ ᠰᠠᠨ᠂ ᠬᠠᠪᠤᠷ ᠬᠠᠮᠤᠭ᠎ᠤᠨ ᠠᠩᠬ᠎ᠠ ᠭᠠᠷᠤᠭᠰᠠᠨ ᠬᠤᠸᠠ ᠳᠤᠭᠤᠯ ᠮᠢᠨᠢ ᠭᠡᠮ ᠳᠤᠰᠤᠭ᠋ᠠᠳ ᠤᠰᠤᠯᠳᠠᠴᠢᠬᠠᠭᠰᠠᠨ ᠶᠤᠮ᠃ ᠪᠤᠳᠠ ᠪᠤᠯᠳᠤᠭ ᠳᠠᠮᠵᠢᠨ 《ᠨᠢᠰᠭᠡᠵᠦ》 ᠠᠭᠰᠠᠨ ᠠᠮᠢᠳᠠᠨ ᠭᠡᠨᠡᠳᠳᠡ ᠰᠡᠬᠦᠳᠡᠷ ᠰᠢᠷᠭᠤᠨ ᠤᠢ᠌ᠴᠢᠭ᠋ᠠᠳ ᠳᠠᠬᠢᠵᠦ ᠪᠤᠰᠤᠭᠰᠠᠨ ᠦᠭᠡᠢ᠂ ᠭᠡᠨᠡᠨ ᠬᠡᠴᠡᠬᠦᠦ ᠳᠤᠭᠯᠠᠭᠰᠠᠨ ᠠᠮᠢᠳᠠᠨ ᠶᠠᠳᠠᠴᠢᠬᠠᠭ᠋ᠠᠳ ᠬᠡᠪᠳᠡᠵᠦ ᠪᠠᠢ᠌ᠭ᠎ᠠ ᠪᠢᠵᠠ ᠭᠡᠵᠤ ᠪᠤᠳᠤᠭᠰᠠᠨ ᠮᠠᠨᠢ ᠳᠡᠭᠡᠵᠦ ᠯᠡ ᠪᠤᠷᠤᠭᠤᠳᠠᠭᠰᠠᠨ᠃ ᠬᠡᠳᠤᠨ ᠳᠤᠭᠤᠯ ᠳᠤᠳᠤᠷᠡᠬᠢ ᠤᠨᠴᠠ ᠨᠤᠮᠤᠬᠠᠨ᠂ ᠬᠠᠶᠠ ᠪᠠᠰᠠ ᠤᠨᠤᠵᠦ ᠵᠠᠢ᠌ᠳᠠᠯᠠᠬᠤ᠎ᠳᠤ ᠴᠦ᠍ ᠬᠠᠮᠢᠶ᠎ᠠ ᠦᠭᠡᠢ᠂ ᠰᠢᠯᠪᠢᠬᠦᠷ᠎ᠤᠨ ᠦᠵᠦᠬᠦᠷ ᠵᠶ᠋ᠠᠷ ᠭᠤᠶ᠎ᠠ ᠳᠠᠰᠢᠶ᠎ᠠ ᠵᠢ᠎ᠨᠢ ᠱᠦᠷᠬᠦᠭᠡᠬᠦ᠎ᠳᠤ ᠯᠡ ᠵᠤᠭᠰᠤᠴᠢᠬᠠᠭ᠋ᠠᠳ ᠬᠦᠳᠡᠯᠵᠦ ᠦᠭᠳᠡᠭ ᠦᠭᠡᠢ 《ᠵᠠᠯᠬᠠᠭᠤ》 ᠠᠮᠢᠳᠠᠨ ᠢᠩᠭᠢᠭᠡᠳ ᠯᠡ ᠤᠨᠠᠴᠢᠬᠠᠬᠤ᠎ᠪᠠᠷ ᠪᠢ ᠬᠡᠷᠬᠢᠨ ᠡᠭᠡᠷ ᠳᠠᠳᠠᠬᠤ ᠦᠭᠡᠢ ᠪᠠᠢ᠌ᠵᠦ ᠴᠢᠳᠠᠬᠤ ᠪᠢᠯᠡ᠃ ᠮᠠᠩᠬᠠᠨ ᠤᠷᠤᠢ᠎ᠳᠤ ᠵᠤᠭᠰᠤᠭ᠋ᠠᠳ ᠮᠡᠯᠮᠡᠷᠡᠬᠦᠯᠵᠦ ᠠᠳᠠᠯ᠎ᠠ ᠡᠵᠢ ᠢᠷᠡᠭᠡᠳ᠄ 《ᠬᠦᠱ᠌ᠢ᠂ ᠭᠡᠷ᠎ᠲᠤ᠎ᠪᠠᠨ ᠬᠠᠷᠢᠶ᠎ᠠ᠂ ᠦᠳᠡ ᠵᠢᠨ ᠨᠠᠷᠠᠨ᠎ᠳᠤ ᠨᠠᠷᠠᠰᠢᠴᠢᠬᠠᠨ᠎ᠠ ᠰᠢᠦ》 ᠭᠡᠵᠤ ᠠᠷᠭ᠋ᠠᠳᠠᠭᠰᠠᠨ ᠴᠦ᠍ ᠪᠤᠯᠤᠭ᠎ᠠ ᠦᠭᠡᠢ᠃ ᠪᠢ ᠮᠠᠩᠬᠠᠨ ᠬᠤᠳᠤᠭᠤᠷ ᠤᠷᠤᠭᠤ ᠵᠢᠭ᠋ᠠᠵᠦ᠄ 《ᠬᠤᠸᠠ ᠳᠤᠭᠤᠯ᠎ᠢ ᠪᠤᠰᠬᠠᠵᠦ ᠦᠭᠭᠦᠭᠡᠴᠢ᠂ ᠳᠡᠭᠡᠪᠡᠯ ᠪᠢ ᠰᠠᠶᠢ ᠬᠠᠷᠢᠨ᠎ᠠ᠂ ᠦᠭᠡᠢ ᠡ᠂ ᠪᠢ ᠬᠤᠸᠠ ᠳᠤᠭᠤᠯ᠎ᠲᠠᠢ᠎ᠪᠠᠨ ᠬᠠᠷᠢᠨ᠎ᠠ》 ᠭᠡᠳ ᠤᠯᠠᠮ ᠯᠡ ᠡᠭᠡᠷᠡᠴᠢᠬᠡᠭᠰᠡᠨ ᠰᠠᠨ᠃ ᠳᠡᠷᠡ ᠦᠳᠡ᠎ᠳᠤ ᠡᠪᠦᠬᠡ ᠮᠠᠨ᠎ᠤ᠎ᠳᠤ ᠢᠷᠡᠵᠦ ᠴᠠᠢ ᠤᠤᠭᠤᠭ᠋ᠠᠳ᠄ 《ᠠᠢ ᠬᠦᠭᠡᠷᠦᠬᠦᠢ᠂ ᠦᠷᠦ ᠵᠦᠭᠡᠯᠡᠨ ᠬᠡᠦᠬᠡᠳ ᠶᠤᠮ ᠳ᠋ᠠ᠂ ᠭᠠᠢ᠌ᠭᠤᠢ ᠡ᠂ ᠮᠠᠯ᠎ᠳᠤ ᠬᠠᠢ᠌ᠷᠠᠳᠠᠢ ᠬᠦᠮᠦᠨ᠎ᠤ ᠦᠬᠡᠷ ᠠᠳᠤᠭᠤ ᠦᠰᠬᠦ ᠦᠭᠡᠢ ᠶᠠᠭ᠋ᠠᠬᠢᠬᠤ ᠪᠤᠢ》 ᠭᠡᠰᠠᠨ ᠪᠢᠯᠡ᠃
    ᠨᠡᠭᠡᠷᠡᠨ᠂ ᠮᠠᠯᠴᠢᠨ᠎ᠤ ᠠᠮᠢᠳᠤᠷᠠᠯ ᠨᠠᠳᠠ ᠳᠡᠢ᠌ᠮᠦ ᠯᠡ ᠠᠶ᠎ᠠ ᠳᠤᠬᠠᠳᠠᠢ᠌ᠬᠠᠨ ᠰᠠᠨᠠᠭᠳᠠᠳᠠᠭ ᠡ᠃ ᠨᠢᠭᠡ ᠶᠤᠰᠣ᠎ᠪᠠᠷ ᠵᠶ᠋ᠠᠨ ᠮᠠᠯᠴᠢᠨ ᠬᠦᠮᠦᠨ ᠭᠡᠭᠴᠢ ᠪᠠᠢ᠌ᠭ᠋ᠠᠯᠢ ᠳᠡᠯᠡᠬᠡᠢ᠂ ᠲᠦᠷᠪᠡᠨ ᠴᠠᠭ᠎ᠲᠠᠢ᠎ᠪᠠᠨ ᠴᠠᠭ ᠮᠦᠴᠡ ᠪᠦᠷᠢ᠎ᠳᠤ ᠶᠠᠷᠢᠯᠴᠠᠨ ᠨᠡᠪᠳᠡᠷᠡᠯᠴᠡᠵᠦ ᠵᠠᠩ ᠠᠷᠠᠨᠰᠢᠨ ᠵᠶ᠋ᠠᠨ ᠤᠯᠤᠯᠴᠠᠵᠦ ᠴᠢᠳᠠᠳᠠᠭ ᠳᠡᠳᠤᠢ ᠦᠭᠡᠢ᠂ ᠬᠠᠢ᠌ᠷᠠᠯᠠᠨ ᠦᠰᠭᠡᠭᠰᠡᠨ ᠮᠠᠯ ᠰᠦᠷᠦᠭ᠎ᠲᠠᠢ᠎ᠪᠠᠨ ᠴᠦ᠍ ᠰᠡᠳᠬᠢᠯ ᠪᠤᠳᠤᠯ ᠵᠶ᠋ᠠᠨ ᠬᠤᠪᠢᠶᠠᠯᠴᠠᠵᠦ ᠴᠢᠳᠠᠳᠠᠭ ᠭᠠᠢ᠌ᠬᠠᠯᠳᠠᠢ ᠤᠬᠠᠭ᠋ᠠᠨᠳᠠᠨ ᠶᠤᠮ᠃ ᠵᠢᠯ ᠵᠢᠯ᠂ ᠤᠨ ᠤᠨ ᠵᠶ᠋ᠠᠷ ᠠᠭᠤᠯᠠ᠎ᠪᠠᠨ ᠲᠦᠰᠢᠨ ᠤᠰᠣ᠎ᠪᠠᠨ ᠵᠢᠬᠢᠵᠦ ᠵᠢᠷ᠎ᠤᠨ ᠡᠲᠦᠷ ᠬᠤᠨᠤᠭ᠎ᠢ ᠵᠢᠭᠳᠡ ᠨᠢᠭᠡ ᠯᠡ ᠶᠠᠩᠵᠦ᠎ᠪᠠᠷ ᠳᠤᠭᠤᠯᠬᠤ᠎ᠳᠤ᠎ᠪᠠᠨ ᠪᠠᠢ᠌ᠭ᠋ᠠᠯᠢ᠂ ᠮᠠᠯ ᠬᠤᠶᠠᠷ ᠵᠶ᠋ᠠᠨ ᠪᠠᠬᠠᠳᠤᠨ ᠬᠠᠷᠠᠭ᠋ᠠᠳ ᠯᠡ ᠶᠢᠷᠲᠢᠨᠴᠦ ᠵᠢᠨ ᠪᠦᠬᠦ ᠵᠢᠷᠭ᠋ᠠᠯ᠎ᠢ ᠡᠳ᠋ᠯᠡᠭᠰᠡᠨ ᠰᠢᠭ ᠮᠠᠩᠨᠠᠢ ᠳᠡᠨᠢᠢ᠍ᠳᠡᠭ ᠪᠢᠯᠡ᠃ ᠬᠠᠪᠤᠷ ᠬᠠᠭᠳᠠ ᠨᠢᠳᠦᠯᠡᠵᠦ ᠭᠠᠵᠠᠷ ᠰᠡᠷᠡᠬᠦ᠎ᠳᠤ ᠰᠡᠳᠬᠢᠯ ᠠᠯᠠᠰᠬᠢᠵᠦ᠂ ᠨᠠᠮᠤᠷ ᠨᠠᠪᠴᠢ ᠤᠨᠠᠵᠦ ᠠᠭᠤᠯᠠᠰ ᠨᠠᠮᠵᠢᠬᠤ᠎ᠳᠤ ᠤᠶᠠᠷᠠᠰᠬᠢᠵᠦ ᠠᠪᠳᠠᠭ ᠴᠦ᠍ ᠴᠠᠭ᠎ᠤᠨ ᠰᠠᠢ᠌ᠬᠠᠨ ᠡᠷᠬᠢᠭᠡᠳ ᠢᠷᠡᠨ᠎ᠡ ᠭᠡᠵᠤ ᠰᠡᠷᠳ᠋ᠬᠢᠨ ᠰᠠᠨᠠᠭ᠋ᠠᠳ ᠪᠦᠰᠡ᠎ᠪᠠᠨ ᠵᠠᠰᠠᠵᠦ ᠠᠵᠢᠭ ᠦᠭᠡᠢ ᠠᠯᠬᠤᠳᠠᠭ᠃ ᠡᠪᠦᠯ ᠵᠤᠨ᠎ᠤ ᠡᠭᠡᠯᠵᠢ ᠡᠭᠡᠯ ᠪᠤᠷᠤ ᠵᠢᠰᠣᠨ᠎ᠳᠤ᠎ᠨᠢ ᠴᠠᠭ᠎ᠤᠨ ᠵᠢᠷᠤᠭ᠋ᠠᠰᠣ ᠵᠢ ᠰᠡᠢ᠌ᠯᠵᠦ᠂ ᠡᠴᠦᠰ ᠦᠭᠡᠢ ᠠᠮᠢᠳᠤᠷᠠᠯ᠎ᠤᠨ ᠳᠠᠪᠠᠯᠭ᠎ᠠ ᠦᠰᠴᠦ ᠳᠠᠳᠠᠷᠠᠵᠦ ᠪᠠᠢ᠌ᠭᠰᠠᠨ ᠴᠦ᠍ ᠭᠠᠭᠴᠠ ᠯᠡ ᠠᠷᠠᠨᠰᠢᠨ ᠵᠶ᠋ᠠᠷ ᠳᠤᠭᠤᠯᠬᠤ᠎ᠪᠠᠨ ᠳᠤᠭᠤᠯᠵᠦ᠂ ᠳᠠᠭᠤᠯᠠᠬᠤ᠎ᠪᠠᠨ ᠳᠠᠭᠤᠯᠠᠭ᠋ᠠᠳ ᠶᠠᠪᠤᠳᠠᠭ᠎ᠨᠢ ᠶᠠᠮᠠᠷ ᠰᠠᠢ᠌ᠬᠠᠨ ᠡ᠃
    ᠳᠤᠷᠠᠰᠤᠮᠵᠢ ᠵᠡᠬᠦᠲᠦ ᠬᠤᠶᠠᠷ ᠬᠦᠯᠦᠭ ᠨᠢᠭᠡᠳᠡᠢ ᠭᠡᠵᠤ ᠪᠢ ᠦᠷᠬᠦᠯᠵᠢ ᠪᠤᠳᠤᠳᠠᠭ᠂ ᠨᠤᠳᠤᠭ ᠵᠶ᠋ᠠᠨ ᠦᠬᠡᠢ᠌ᠯᠡᠨ ᠳᠤᠷᠠᠰᠴᠦ ᠨᠤᠢ᠌ᠷ ᠬᠤᠯᠵᠢᠭ᠋ᠠᠳ ᠠᠷᠠᠢ ᠭᠡᠵᠤ ᠳᠤᠭᠬᠢᠵᠦ ᠠᠪᠬᠤ᠎ᠳᠤ ᠯᠡ ᠳᠤᠭᠤᠯᠤᠭᠰᠠᠨ ᠠᠮᠢᠳᠤᠷᠠᠯ᠎ᠤᠨ ᠲᠦᠷᠢ ᠵᠢᠷᠤᠭ᠎ᠤᠳ ᠵᠡᠬᠦᠲᠦᠨ᠎ᠳᠤ ᠭᠢᠯᠠᠰᠬᠢᠨ ᠳᠤᠳᠤᠷᠠᠵᠦ ᠠᠮᠵᠢᠳᠠᠭ ᠪᠢᠯᠡ᠃ ᠮᠡᠳᠡᠭᠡᠵᠢ᠂ ᠳᠤᠭᠯᠠᠵᠦ ᠦᠰᠦᠭᠰᠡᠨ ᠪᠠᠭ᠎ᠠ ᠵᠢᠨ ᠰᠠᠭᠤᠷᠢᠨ᠂ ᠳᠤᠭᠤᠯᠵᠦ ᠳᠤᠷᠨᠢᠭᠰᠠᠨ ᠭᠤᠤᠯ ᠤᠰᠣ᠂ ᠠᠬᠠᠮᠠᠳ ᠳᠤᠮᠤᠭ᠋ᠠᠳᠠᠨ ᠠᠪᠤ ᠡᠵᠢ ᠮᠢᠨᠢ ᠢᠮᠠᠭᠳᠠ ᠯᠡ ᠵᠡᠬᠦᠲᠦᠯᠡᠭᠳᠡᠨ᠎ᠡ᠃ ᠡᠬᠦᠨ᠎ᠤ ᠵᠡᠷᠭᠡᠴᠡᠭᠡ᠎ᠪᠠᠷ ᠦᠬᠡᠷ ᠠᠳᠤᠭᠤ᠂ ᠦᠨᠢᠶ᠎ᠡ ᠳᠤᠭᠤᠯ ᠮᠠᠨᠢ ᠪᠠᠰᠠ ᠵᠡᠬᠦᠲᠦᠯᠡᠭᠳᠡᠵᠦ ᠦᠩᠭᠡᠷᠡᠭᠰᠡᠨ ᠴᠠᠭ᠎ᠤᠨ ᠡᠭᠡᠯᠢ ᠳᠤᠯᠠᠭ᠋ᠠᠨ᠎ᠢ ᠦᠷᠦ ᠵᠢᠷᠦᠬᠡᠨ᠎ᠳᠤ ᠰᠢᠪᠡᠨᠡᠨ ᠳᠤᠭᠤᠯᠭ᠋ᠠᠳᠠᠭ ᠰᠠᠨ᠃
    ᠳᠡᠢ᠌ᠮᠦ ᠡ᠂ ᠪᠢ ᠬᠦᠷᠡᠭᠴᠢ ᠦᠨᠢᠶ᠎ᠡ᠂ ᠬᠤᠸᠠ ᠳᠤᠭᠤᠯ ᠵᠶ᠋ᠠᠨ ᠵᠡᠬᠦᠳᠦᠯᠡᠭᠡᠳ ᠤᠬᠢᠯᠠᠵᠦ ᠢᠨᠢᠶᠡᠵᠦ ᠰᠡᠷᠡᠵᠦ ᠪᠠᠢ᠌ᠭᠰᠠᠨ ᠡ᠃ ᠤᠬᠢᠯᠠᠵᠦ ᠰᠡᠷᠡᠬᠦ ᠮᠢᠨᠢ ᠤᠢ᠌ᠯᠠᠭ᠋ᠠᠮᠵᠢᠳᠠᠢ ᠯᠡ ᠳ᠋ᠠ᠂ ᠬᠠᠷᠢᠨ ᠢᠨᠢᠶᠡᠵᠦ ᠰᠡᠷᠡᠪᠡᠯ ᠵᠢᠷᠦᠬᠡ ᠨᠡᠩ ᠡᠪᠡᠳᠳᠡᠭ ᠪᠢᠯᠡ᠃ ᠬᠦᠷᠡᠭᠴᠢ ᠦᠨᠢᠶ᠎ᠡ᠎ᠪᠠᠨ ᠪᠢ ᠨᠢᠭᠡ ᠤᠳᠠᠭ᠎ᠠ ᠬᠠᠷᠢᠭ᠋ᠠᠳ ᠢᠷᠡᠴᠢᠬᠡᠭᠰᠡᠨ ᠭᠡᠵᠤ ᠵᠡᠬᠦᠲᠦᠯᠡᠭᠰᠡᠨ ᠶᠤᠮ᠂ ᠨᠠᠮᠤᠷ ᠪᠤᠯᠴᠢᠬᠠᠭᠰᠠᠨ ᠪᠤᠯᠤᠯᠳᠠᠢ᠂ ᠡᠪᠡᠰᠦᠨ ᠬᠠᠰᠢᠶ᠎ᠠ᠎ᠪᠠᠨ ᠰᠡᠯᠪᠢᠵᠦ ᠪᠠᠢ᠌ᠳᠠᠯ᠎ᠠ ᠬᠦᠷᠡᠭᠴᠢ ᠦᠨᠢᠶ᠎ᠡ ᠮᠢᠨᠢ ᠶᠡᠬᠡ ᠬᠤᠯᠠ ᠵᠠᠮ᠎ᠳᠤ ᠡᠴᠡᠴᠢᠬᠡᠭᠰᠡᠨ ᠰᠢᠨᠵᠢᠳᠡᠢ ᠲᠦᠯᠭᠡᠭᠡᠨ ᠶᠠᠪᠤᠵᠦ ᠢᠷᠡᠭᠡᠳ ᠰᠠᠷᠠᠪᠴᠢᠨ᠎ᠤ ᠨᠦᠮᠦᠷᠢ᠎ᠳᠤ ᠬᠡᠪᠳᠡᠭᠰᠡᠨ᠃ 《ᠬᠦᠱ᠌ᠢ᠂ ᠴᠢ ᠶᠠᠭ᠋ᠠᠬᠢᠭᠰᠠᠨ ᠶᠡᠬᠡ ᠤᠷᠤᠢ᠌ᠳᠠᠵᠦ ᠢᠷᠡᠪᠡ ᠡ᠂ ᠤᠰᠣ ᠴᠠᠰᠣ ᠤᠤᠭᠤᠭᠰᠠᠨ ᠶᠤᠮ ᠦᠦ?》 ᠭᠡᠵᠤ  ᠭᠠᠢ᠌ᠬᠠᠰᠢᠷᠠᠪᠠᠯ ᠬᠦᠷᠡᠭᠴᠢ ᠦᠨᠢᠶ᠎ᠡ ᠮᠢᠨᠢ ᠳᠤᠯᠤᠭ᠋ᠠᠢ᠎ᠪᠠᠨ ᠰᠡᠭᠰᠦᠷᠴᠦ ᠠᠭᠤᠵᠢᠮ ᠠᠮᠢᠰᠬᠤᠯᠯᠠᠭ᠋ᠠᠳ᠄ 《ᠶᠠᠮᠠᠷ ᠴᠦ᠍ ᠬᠤᠯᠠ ᠵᠠᠮ ᠶᠤᠮ ᠪᠤᠢ᠂ ᠶᠠᠭᠤᠳᠠᠢ ᠴᠦ᠍ ᠬᠠᠷᠢᠭ᠋ᠠᠳ ᠢᠷᠡᠯ᠎ᠡ᠂ ᠡᠨᠳᠡ᠎ᠪᠠᠨ ᠢᠷᠡᠭᠡᠳ ᠬᠡᠪᠳᠡᠬᠦ ᠴᠦ᠍ ᠳᠠᠭ᠋ᠠᠳᠠᠢ》 ᠭᠡᠰᠡᠨ ᠰᠢᠭ ᠰᠤᠷᠮᠤᠤᠰᠣ᠎ᠪᠠᠨ ᠪᠠᠭᠤᠯᠭ᠋ᠠᠨ ᠠᠶᠠᠷᠬᠠᠨ ᠭᠡᠪᠢᠭᠰᠡᠨ ᠰᠠᠨ᠃ 《ᠢᠯᠠᠢ᠂ ᠴᠢ ᠶᠠᠮᠠᠷ ᠤᠬᠠᠭ᠋ᠠᠨᠳᠠᠢ ᠶᠤᠮ ᠪᠤᠢ?》 ᠭᠡᠵᠤ ᠪᠢ ᠬᠦᠭᠡᠷᠦᠬᠡᠳ ᠬᠦᠵᠦᠬᠦᠦ᠎ᠠᠴᠠ᠎ᠨᠢ ᠳᠡᠪᠡᠷᠢᠨ ᠦᠨᠦᠷᠯᠡᠬᠦ ᠭᠡᠳ ᠯᠡ ᠰᠡᠷᠡᠴᠢᠬᠡᠭᠰᠡᠨ᠂ ᠰᠡᠷᠡᠮᠡᠭᠴᠨ ᠵᠢᠷᠦᠬᠡ ᠡᠪᠡᠲᠦᠭᠡᠳ᠄ 《ᠬᠦᠬᠡᠷᠦᠬᠦᠢ ᠠᠮᠢᠳᠠᠨ᠂ ᠬᠠᠷᠢᠶ᠎ᠠ ᠬᠠᠷᠢᠶ᠎ᠡ ᠭᠡᠵᠤ ᠲᠦᠮᠡ ᠪᠤᠳᠤᠭᠰᠠᠨ ᠴᠦ᠍ ᠴᠢᠳᠠᠭ᠎ᠠ ᠦᠭᠡᠢ ᠦᠩᠭᠡᠷᠡᠭᠰᠡᠨ ᠪᠢᠵᠠ?》 ᠭᠡᠵᠤ ᠪᠤᠳᠤᠬᠤ᠎ᠳᠤ ᠯᠡ ᠨᠢᠳᠤᠨ᠎ᠳᠤ ᠨᠢᠯᠪᠤᠰᠣ ᠲᠦᠬᠦᠷᠦᠭᠰᠡᠨ᠎ᠢ ᠶᠠᠭ᠋ᠠᠬᠢᠯᠳᠠᠢ᠃
     ᠬᠤᠸᠠ ᠳᠤᠭᠤᠯ ᠵᠶ᠋ᠠᠨ ᠵᠡᠬᠦᠲᠦᠯᠡᠭᠰᠡᠨ ᠮᠠᠨᠢ ᠴᠦ᠍ ᠮᠠᠷᠳᠠᠭᠳᠠᠳᠠᠭ ᠦᠭᠡᠢ᠂ ᠵᠡᠬᠦᠲᠦᠨ᠎ᠳᠤ᠎ᠪᠠᠨ ᠪᠢ ᠳᠡᠷᠡ ᠯᠡ ᠦᠶ᠎ᠡ ᠵᠢᠨ᠎ᠬᠢ ᠰᠢᠭ ᠵᠢᠷᠭᠤᠭ᠎ᠠ ᠳᠤᠯᠤᠭ᠋ᠠᠳᠠᠢ ᠴᠦ᠍ ᠬᠠᠷᠢᠨ ᠰᠡᠳᠬᠢᠯ ᠪᠤᠳᠤᠯ ᠮᠢᠨᠢ ᠤᠳᠤᠬᠢ ᠬᠡᠪ ᠵᠶ᠋ᠠᠷ ᠪᠠᠢ᠌ᠭᠰᠠᠨ ᠪᠢᠯᠡ᠃ ᠡᠯᠡᠰᠤᠨ ᠳᠤᠯᠤᠭ᠋ᠠᠢ ᠵᠢᠨ ᠤᠷᠤᠢ ᠳᠡᠭᠡᠷ᠎ᠡ ᠵᠤᠭᠰᠤᠴᠢᠬᠠᠭ᠋ᠠᠳ᠄ 《ᠡᠵᠢ ᠡ᠂ ᠬᠤᠸᠠ ᠳᠤᠭᠤᠯ ᠮᠢᠨᠢ ᠤᠰᠤᠯᠳᠠᠴᠢᠬᠠᠭᠰᠠᠨ᠂ ᠤᠳᠤ ᠶᠠᠭ᠋ᠠᠬᠢᠳᠠᠭ ᠪᠢᠯᠡ?》 ᠭᠡᠵᠤ ᠡᠭᠡᠷ ᠳᠠᠳᠠᠳᠠᠯ᠎ᠠ ᠪᠤᠳᠠᠨ᠎ᠤ ᠢᠷᠤᠭ᠋ᠠᠷ ᠤᠷᠤᠭᠤ ᠰᠢᠷᠭᠤᠨ ᠤᠢ᠌ᠴᠢᠭᠰᠠᠨ ᠠᠮᠢᠳᠠᠨ᠂ ᠳᠠᠯᠴᠢᠬᠢᠨᠠᠵᠦ ᠳᠠᠯᠴᠢᠬᠢᠨᠡᠬᠡᠳ ᠪᠤᠰᠴᠦ ᠵᠤᠭᠰᠤᠭᠰᠠᠨ ᠵᠶ᠋ᠠᠨ᠄ 《ᠡᠷ᠎ᠡ ᠬᠦᠮᠦᠨ ᠤᠬᠢᠯᠠᠳᠠᠭ ᠶᠤᠮ ᠦᠦ᠂ ᠪᠢ ᠵᠦᠭᠡᠷ ᠯᠡ ᠴᠢᠮᠠᠳᠠᠢ ᠳᠤᠭᠯᠠᠭᠰᠠᠨ ᠰᠢᠦ》 ᠭᠡᠰᠡᠨ ᠮᠠᠶᠢᠭᠳᠠᠢ ᠡᠷᠬᠢᠵᠦ ᠬᠠᠷᠠᠳᠠᠭ᠃  ᠭ᠋ᠱ᠌ᠠᠨ ᠬᠤᠷᠤᠮ᠎ᠤᠨ ᠡᠢ᠌ᠮᠦ ᠪᠠᠶᠠᠷ᠎ᠲᠤ ᠪᠠᠯᠠᠳᠠᠭᠰᠠᠨ ᠬᠦᠮᠦᠨ᠎ᠤ ᠤᠷᠤᠭᠤᠯ ᠠᠮᠠ ᠡᠪ ᠵᠶ᠋ᠠᠨ ᠤᠯᠵᠦ ᠶᠠᠳᠠᠭ᠋ᠠᠳ᠄ 《ᠦᠭᠡᠢ ᠡ᠂ ᠢᠯᠡᠢ᠂ ᠶᠠᠮᠠᠷ ᠰᠠᠢ᠌ᠬᠠᠨ ᠶᠤᠮ ᠪᠤᠢ᠂ ᠢᠩᠭᠢᠭᠡᠳ ᠯᠡ ᠴᠤᠭ᠎ᠲᠤ᠎ᠪᠠᠨ ᠬᠠᠷᠢᠬᠤ ᠦᠦ?》 ᠭᠡᠵᠤ ᠬᠡᠳᠤ ᠳᠠᠪᠳᠠᠳᠠᠭ᠃ ᠮᠡᠳᠡᠭᠡᠵᠢ᠂ ᠨᠤᠢ᠌ᠷ᠎ᠠᠴᠠ᠎ᠪᠠᠨ ᠰᠡᠷᠡᠩᠬᠦᠳᠡ ᠯᠡ ᠰᠡᠳᠬᠢᠯ ᠬᠢᠮᠤᠷᠠᠵᠦ᠄ 《ᠮᠠᠯᠴᠢᠨ᠎ᠤ ᠬᠡᠦᠬᠡᠳ ᠪᠠᠰᠠ ᠬᠦᠬᠡᠷᠦᠬᠦᠢ ᠰᠢᠦ》 ᠭᠡᠵᠤ ᠪᠡᠶ᠎ᠡ᠎ᠪᠠᠨ ᠦᠷᠦ ᠡᠪᠡᠳᠳᠡᠭ ᠰᠠᠨ᠃
ᠤᠯᠠᠨ ᠬᠦᠬᠡᠷᠦᠬᠦᠨ ᠳᠤᠷᠠᠰᠤᠮᠵᠢ ᠠᠮᠢᠳᠤᠷᠠᠯ᠎ᠢ ᠲᠦᠬᠦᠷᠭᠡᠵᠦ ᠤᠨ ᠵᠢᠯ᠎ᠢ ᠳᠤᠭᠤᠯᠬᠤ ᠳᠤᠳᠤᠮ ᠡᠭᠡᠯᠢ ᠳᠤᠯᠠᠭ᠋ᠠᠬᠠᠨ᠎ᠤ ᠳᠤᠬᠠᠢ  ᠬᠦᠤᠷᠨᠢᠬᠦ ᠰᠠᠢ᠌ᠬᠠᠨ ᠡ᠃ ᠦᠰᠪᠤᠷᠢ ᠨᠠᠰᠣᠨ᠎ᠳᠤ ᠳᠤᠬᠢᠶᠠᠯᠳᠤᠭᠰᠠᠨ ᠦᠢ᠍ᠯᠡ ᠬᠡᠷᠡᠭ᠂ ᠤᠢ ᠳᠤᠷᠠᠰᠣᠮᠵᠢ᠎ᠳᠤ ᠳᠤᠳᠤ᠎ᠠᠴᠠ ᠳᠤᠳᠤ  ᠬᠠᠳᠠᠭ᠋ᠠᠯᠠᠭᠳᠠᠨ ᠦᠯᠡᠳᠡᠵᠦ ᠰᠡᠳᠬᠢᠯ᠎ᠢ ᠡᠪᠡᠳᠬᠡᠨ ᠦᠷᠦ ᠵᠢ ᠡᠮᠵᠡᠭᠯᠡᠬᠦᠯᠳᠡᠭ ᠴᠦ᠍ ᠡᠢ᠌ᠮᠦ ᠯᠡ ᠳᠤᠷᠠᠰᠤᠮᠵᠢ ᠠᠯᠠᠭ᠎ᠠ ᠪᠤᠯ ᠶᠢᠷᠲᠢᠨᠴᠦ ᠵᠢᠨ ᠡᠭᠡᠯ ᠬᠤᠨᠤᠭ᠎ᠤᠳ᠎ᠢ ᠦᠳᠡᠬᠦ᠎ᠳᠤ ᠦᠩᠭᠡ ᠭᠡᠷᠡᠯ᠂ ᠦᠨᠦᠷ ᠠᠮᠳᠠ ᠳᠤᠳᠠᠭᠳᠠᠬᠤ᠎ᠨᠢ ᠴᠦ᠍ ᠵᠠᠢ᠌ᠯᠠᠰᠢ ᠦᠭᠡᠢ ᠪᠢᠵᠠ᠃
 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ] ᠰᠡᠳᠬᠦᠯ
          
ᠬᠠᠮᠢᠶ᠎ᠡ ᠪᠦᠬᠦᠢ ᠰᠣᠨᠢᠨ
《ᠨᠡᠢ᠌ᠬᠡᠮ》 ᠰᠡᠳᠬᠦᠯ᠎ᠳᠤ ᠡᠷᠬᠦᠭᠰᠡᠨ ᠰᠡᠳᠬᠢᠯ᠎ᠤᠨ ᠮᠢᠨᠢ ᠰᠢᠪᠡᠨᠡᠬᠡ
ᠨᠤᠮ ᠣᠩᠰᠢᠬᠤ ᠵᠢ ᠬᠦᠨᠳᠦᠳᠭᠡᠨ ᠴᠢᠬᠤᠯᠠᠴᠢᠯᠠᠬᠤ ᠵᠢᠨ ᠤᠴᠢᠷ
《ᠨᠡᠢ᠌ᠬᠡᠮ》 ᠰᠡᠳᠬᠦᠯ᠎ᠳᠤ ᠡᠷᠬᠦᠭᠰᠡᠨ ᠰᠡᠳᠬᠢᠯ᠎ᠤᠨ ᠮᠢᠨᠢ ᠰᠢᠪᠡᠨᠡᠬᠡ
ᠤᠨᠤᠯ᠎ᠤᠨ ᠰᠤᠷᠤᠯᠴᠠᠯᠭ᠎ᠠ ᠪᠤᠯ ᠦᠢ᠍ᠯᠡᠰ᠎ᠤᠨ ᠬᠦᠭᠵᠢᠯᠲᠡ ᠵᠢᠨ ᠵᠦᠭᠯᠡᠬᠦᠷ ᠶᠤᠮ
《ᠢᠷᠬᠡᠨ᠎ᠤ ᠬᠠᠤᠯᠢ ᠵᠢᠨ ᠪᠢᠴᠢᠭ》᠎ᠲᠤ᠎ᠬᠢ ᠬᠡᠷ ᠪᠠᠢ᠌ᠰᠢᠡᠭ᠎ᠤᠨ ᠬᠤᠳᠠᠯᠳᠤᠭ᠎ᠠ᠎ᠯᠤᠭ᠎ᠠ ᠬᠤᠯᠪᠤᠬᠳᠠᠬᠤ ᠵᠦᠢ᠍ᠯᠡᠰ᠎ᠠᠴᠠ ᠶᠠᠭᠤ ᠶᠠᠭᠤ ᠵᠢ ᠠᠡᠭᠬᠠᠷᠬᠤ ᠴᠢᠬᠤᠯᠠᠳᠠᠢ ᠪᠤᠢ?
 
            