ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠨᠤᠮ ᠣᠩᠰᠢᠬᠤ ᠵᠢ ᠬᠦᠨᠳᠦᠳᠭᠡᠨ ᠴᠢᠬᠤᠯᠠᠴᠢᠯᠠᠬᠤ ᠵᠢᠨ ᠤᠴᠢᠷ
ᠨᠡᠶᠢᠲᠡᠯᠡᠭᠰᠡᠨ ᠴᠠᠭ᠄ 2022-03-08


                                  ᠪᠤᠤ ᠴᠦᠨ ᠬᠤᠸᠠ   ᠶᠦᠩ ᠮᠸᠢ  ᠵᠤᠬᠢᠶᠠᠪᠠ

   ᠮᠠᠨ᠎ᠤ ᠠᠷᠠᠳ ᠲᠦᠮᠡᠨ 《ᠤᠬᠠᠭ᠋ᠠᠨ᠎ᠤ ᠳᠠᠯᠠᠢ ᠨᠤᠮ᠎ᠠᠴᠠ ᠡᠬᠢᠲᠠᠢ》  《ᠨᠤᠮ᠎ᠤᠨ ᠰᠢᠷᠡᠭᠡᠨ᠎ᠠᠴᠠ ᠤᠬᠠᠭ᠋ᠠᠨ᠎ᠤ ᠮᠦᠷᠡᠨ ᠡᠬᠢ ᠠᠪᠳᠠᠭ》 ᠭᠡᠯᠴᠡᠳᠡᠭ᠃  ᠨᠤᠮ ᠤᠩᠰᠢᠳᠠᠭ ᠦᠭᠡᠢ ᠬᠦᠮᠦᠨ᠎ᠢ ᠬᠠᠷᠠᠩᠭᠤᠢ ᠴᠡᠭᠡᠵᠢ᠎ᠲᠠᠢ ᠬᠦᠮᠦᠨ᠂ ᠲᠤᠯᠭ᠎ᠠ ᠲᠤᠭᠤᠷᠢᠭᠰᠠᠨ ᠪᠢᠲᠡᠭᠦᠦ ᠪᠣᠳᠣᠯ᠎ᠲᠠᠢ ᠬᠦᠮᠦᠨ ᠭᠡᠵᠦ  ᠲᠠᠭ᠋ᠠᠰᠢᠶᠠᠬᠤ ᠦᠭᠡᠢ ᠪᠠᠢ᠌ᠳᠠᠭ᠃
   《ᠬᠠᠭᠤᠴᠢᠨ ᠨᠤᠮ᠎ᠤᠨ ᠲᠤᠭᠤᠰᠤ ᠵᠢ ᠢᠯᠡᠭᠦᠬᠡᠨ ᠦᠨᠦᠷᠲᠦ》  《ᠪᠤᠭᠤᠷᠤᠯ᠎ᠠᠴᠠ ᠵᠠᠬᠢᠶ᠎ᠠ ᠰᠤᠨᠤᠰ》 《ᠬᠣᠯᠠ ᠶᠠᠪᠤᠭᠰᠠᠨ ᠬᠦᠮᠦᠨ᠎ᠠᠴᠠ ᠦᠭᠡ ᠴᠢᠩᠨᠠ》 ᠭᠡᠵᠦ ᠨᠤᠮ ᠪᠢᠴᠢᠭ᠎ᠲᠤ ᠦᠷ᠎ᠡ ᠬᠡᠤᠬᠡᠳ᠎ᠢ᠎ᠪᠠᠨ ᠤᠢ᠌ᠷᠠᠲᠤᠭᠤᠯᠳᠠᠭ ᠰᠠᠢ᠌ᠬᠠᠨ ᠵᠠᠩᠰᠢᠯ᠎ᠲᠠᠢ ᠪᠠᠢ᠌ᠭᠰᠠᠨ ᠶᠤᠮ ᠪᠠᠢ᠌ᠨ᠎ᠠ᠃ ᠭᠡᠪᠡᠴᠦ ᠮᠠᠰᠢᠨ ᠲᠸᠭᠨᠢᠭ᠎ᠤᠨ ᠤᠯᠠᠰᠢᠷᠠᠬᠤ ᠵᠢ ᠳᠠᠭ᠋ᠠᠯᠳᠤᠨ᠂ ᠭᠠᠷ ᠤᠲᠠᠰᠤᠨ᠎ᠤ ᠲᠦᠭᠡᠮᠡᠯᠵᠢᠬᠦ ᠵᠢ ᠳᠠᠭ᠋ᠠᠯᠳᠤᠨ ᠬᠡᠤᠬᠡᠳ ᠵᠶ᠋ᠠᠨ ᠨᠤᠮ ᠤᠩᠰᠢᠭᠤᠯᠬᠤ᠎ᠳᠤ ᠬᠦᠲᠦᠯᠬᠦ᠎ᠳᠤ ᠬᠦᠴᠢᠷᠳᠡᠬᠦ ᠪᠤᠯᠤᠭᠰᠠᠨ ᠵᠶ᠋ᠠᠷ ᠪᠠᠷᠠᠬᠤ ᠦᠭᠡᠢ᠂ ᠲᠤᠮᠤᠴᠤᠤᠯ ᠴᠤ᠌ ᠦᠪᠡᠷ ᠵᠶ᠋ᠠᠨ ᠭᠠᠷ ᠤᠲᠠᠰᠤᠨ᠎ᠠᠴᠠ ᠰᠠᠯᠵᠤ ᠲᠡᠢ᠌ᠯᠬᠦ ᠦᠭᠡᠢ ᠶᠡᠬᠡ ᠪᠡᠷᠬᠡᠳᠡᠵᠦ ᠪᠠᠢ᠌ᠨ᠎ᠠ᠃ ᠮᠠᠨ᠎ᠤ ᠬᠡᠤᠬᠡᠳ ᠭᠠᠷ ᠤᠲᠠᠰᠤ᠎ᠪᠠᠨ ᠴᠡᠨᠡᠭᠯᠡᠬᠦ ᠵᠢ ᠲᠠᠷᠢᠬᠢ᠎ᠪᠠᠨ ᠴᠡᠨᠡᠭᠯᠡᠬᠦ᠎ᠠᠴᠠ ᠢᠯᠡᠭᠦᠦ ᠠᠩᠬᠠᠷᠴᠤ ᠬᠦᠭᠡᠭᠡᠴᠡᠯᠳᠦᠬᠦ ᠦᠵᠡᠭᠳᠡᠯ ᠨᠡᠢ᠌ᠳᠡᠮ ᠢᠯᠡᠷᠡᠵᠦ ᠪᠠᠢ᠌ᠨ᠎ᠠ᠃ ᠪᠢᠮᠪᠠᠰᠦ᠋ᠷᠦᠩ ᠪᠠᠭᠰᠢᠲᠠᠨ᠎ᠠᠴᠠ 《ᠪᠢᠳᠡ ᠴᠢᠨᠢ ᠭᠡᠤᠭᠡᠳ᠎ᠤᠨ ᠵᠶ᠋ᠠᠨ ᠭᠠᠷ ᠬᠦᠯ ᠵᠶ᠋ᠠᠨ ᠡᠰᠭᠡᠬᠦᠯᠬᠦ᠎ᠠᠴᠠ ᠬᠢᠴᠢᠶᠡᠵᠦ ᠢᠷᠲᠡᠢ ᠶᠠᠭᠤᠮ᠎ᠠ᠎ᠪᠠᠷ ᠨᠠᠭ᠋ᠠᠳᠤᠭᠤᠯᠳᠠᠭ ᠦᠭᠡᠢ ᠵᠠᠩᠰᠢᠯ᠎ᠲᠠᠢ᠂ ᠤᠳᠤ ᠭᠠᠷ ᠤᠲᠠᠰᠤ᠎ᠪᠠᠷ ᠭᠡᠤᠭᠡᠳ ᠮᠠᠨᠢ ᠲᠤᠭᠯᠠᠵᠤ᠂ ᠪᠡᠶ᠎ᠡ ᠡᠷᠬᠡᠲᠡᠨ᠂ ᠠᠷᠠᠰᠤ ᠮᠢᠬ᠎ᠠ᠎ᠪᠠᠨ ᠪᠢᠰᠢ᠂ ᠬᠠᠷᠢᠨ ᠪᠢᠯᠢᠭ ᠤᠬᠠᠭ᠋ᠠᠨ ᠵᠶ᠋ᠠᠨ᠂ ᠤᠶᠤᠨ ᠲᠠᠷᠢᠬᠢ᠎ᠪᠠᠨ ᠡᠰᠭᠡᠬᠦᠯᠵᠦ ᠪᠠᠢ᠌ᠨ᠎ᠠ》 ᠭᠡᠵᠦ ᠮᠠᠰᠢ ᠲᠦᠷᠰᠦᠯᠢᠭ ᠶᠠᠷᠢᠭᠰᠠᠨ ᠪᠠᠢ᠌ᠨ᠎ᠠ᠃ ᠶᠠᠭ  ᠡᠢ᠌ᠮᠦᠷᠬᠦᠦ ᠪᠠᠢ᠌ᠳᠠᠯ᠎ᠠᠴᠠ ᠪᠤᠯᠵᠤ ᠪᠢᠳᠡᠨ᠎ᠤ ᠭᠡᠤᠭᠡᠳ᠎ᠤᠨ ᠤᠬᠠᠭ᠋ᠠᠨ᠎ᠳᠤ ᠪᠠᠭᠤᠭᠴᠢ ᠠᠭᠤᠤ ᠶᠡᠭᠡ ᠵᠦᠢ᠍ᠯ᠎ᠤᠳ ᠵᠶ᠋ᠠᠨ ᠪᠦᠷ ᠠᠯᠳᠠᠭᠰᠠᠨ ᠪᠠᠢ᠌ᠨ᠎ᠠ᠃ ᠭᠡᠤᠭᠡᠳ᠎ᠤᠨ ᠤᠶᠤᠨ ᠲᠠᠷᠢᠬᠢᠨ᠎ᠳᠤ᠎ᠨᠢ ᠬᠡᠷᠡᠭ ᠦᠭᠡᠢ ᠰᠤᠷᠠᠭ ᠵᠠᠩᠬᠢ᠎ᠪᠠᠷ ᠫᠢᠭ᠋ ᠲᠦᠭᠦᠷᠴᠡᠢ᠂ ᠡᠢ᠌ᠮᠦ ᠲᠠᠷᠢᠬᠢᠨ᠎ᠠᠴᠠ ᠪᠢᠯᠢᠭ ᠤᠶᠤᠨ ᠪᠠᠳᠠᠷᠠᠵᠤ ᠤᠷᠭᠤᠬᠤ᠎ᠳᠤ ᠪᠡᠷᠬᠡᠲᠡᠢ᠃
    ᠶᠠᠭ᠋ᠠᠬᠢᠵᠤ ᠠᠮᠢᠳᠤᠷᠬᠤ ᠵᠢ ᠵᠢᠭ᠋ᠠᠭᠰᠠᠨ ᠠᠮᠢᠳᠤᠷᠠᠯ᠎ᠤᠨ ᠵᠦᠭᠯᠡᠬᠦᠷ ᠪᠤᠯ ᠶᠠᠭ᠋ᠠᠬᠢᠬᠤ ᠵᠢᠨ ᠠᠷᠭ᠎ᠠ ᠦᠭᠡᠢ ᠨᠤᠮ ᠪᠢᠴᠢᠭ ᠮᠦᠨ᠂ ᠪᠢᠳᠡ ᠲᠡᠬᠦᠨ᠎ᠢ ᠠᠮᠲᠠᠷᠬᠠᠨ ᠤᠩᠰᠢᠬᠤ᠎ᠪᠠᠷ ᠢᠷᠡᠭᠡᠳᠦᠢ ᠤᠷᠤᠭᠤ᠎ᠪᠠᠨ ᠠᠯᠬᠤᠬᠤ᠎ᠳᠤ ᠪᠡᠯᠡᠬᠡᠨ ᠪᠤᠯᠤᠨ᠎ᠠ᠂ ᠰᠢᠯᠤᠭᠤᠬᠠᠨ ᠪᠤᠯᠤᠨ᠎ᠠ᠃
   ᠨᠢᠭᠡ᠂ ᠡᠬᠡᠴᠦᠦᠯ ᠤᠩᠰᠢᠯᠭ᠎ᠠ ᠵᠢᠨ ᠤᠬᠠᠮᠰᠠᠷ ᠵᠶ᠋ᠠᠨ ᠳᠡᠭᠡᠰᠢᠯᠡᠭᠦᠯᠬᠦ ᠮᠠᠰᠢ ᠴᠢᠬᠤᠯᠠᠲᠠᠢ 
    ᠡᠵᠢ ᠬᠦᠮᠦᠨ ᠦᠷ᠎ᠡ ᠬᠡᠤᠭᠡᠳ᠎ᠤᠨ ᠵᠶ᠋ᠠᠨ ᠠᠩᠬᠠᠨ᠎ᠤ ᠪᠠᠭᠰᠢ ᠮᠦᠷᠲᠡᠭᠡᠨ ᠨᠠᠰᠤᠨ ᠲᠤᠷᠰᠢᠲᠠ ᠵᠢᠨ ᠵᠢᠯᠤᠭᠤᠳᠤᠭᠴᠢ ᠪᠠᠢ᠌ᠳᠠᠭ᠎ᠠᠴᠠ᠂ ᠡᠵᠢ ᠪᠤᠯᠤᠭᠰᠡᠳ᠎ᠠᠴᠠ ᠤᠩᠰᠢᠯᠭ᠎ᠠ ᠵᠢ ᠬᠦᠨᠲᠦᠳᠭᠡᠬᠦ᠂ ᠤᠩᠰᠢᠯᠭ᠎ᠠ ᠵᠢ ᠴᠢᠬᠤᠯᠠᠴᠢᠯᠠᠬᠤ ᠤᠬᠠᠮᠰᠠᠷ ᠲᠠᠨᠢᠯᠲᠠ᠎ᠪᠠᠨ ᠳᠡᠭᠡᠭᠰᠢᠯᠡᠭᠦᠯᠬᠦ᠂ ᠬᠡᠤᠭᠡᠳ᠎ᠲᠤ ᠎ᠪᠠᠨ ᠤᠩᠰᠢᠯᠭ᠎ᠠ ᠵᠢᠨ ᠬᠢᠨᠠᠯᠲᠠ ᠲᠠᠯᠪᠢᠬᠤ᠂ ᠦᠪᠡᠷ ᠵᠶ᠋ᠠᠨ ᠤᠩᠰᠢᠯᠭ᠎ᠠ ᠵᠢᠨ ᠬᠤᠷᠠᠮᠳᠤᠭᠤᠯᠭ᠎ᠠ ᠬᠢᠬᠦ᠂ ᠬᠡᠤᠭᠡᠳ᠎ᠲᠤ᠎ᠪᠠᠨ ᠳᠠᠭᠤᠷᠢᠶᠠᠯ ᠪᠤᠯᠬᠤ ᠴᠢᠬᠤᠯᠠ ᠦᠢ᠍ᠯᠡᠳᠦᠯ ᠵᠶ᠋ᠠᠨ ᠪᠠᠳᠠᠷᠠᠭᠤᠯᠬᠤ᠎ᠨᠢ ᠠᠯᠢᠪᠠ᠎ᠠᠴᠠ ᠡᠷᠬᠢᠮ ᠪᠤᠯᠳᠠᠭ᠃
   《ᠠᠷᠠᠳ ᠤᠯᠠᠨ ᠬᠠᠮᠲᠤ᠎ᠪᠠᠷ ᠵᠶ᠋ᠠᠨ ᠨᠤᠮ ᠤᠩᠰᠢᠪᠠᠯ᠂ ᠦᠨᠳᠦᠰᠦᠲᠡᠨ᠎ᠤ ᠵᠤᠷᠢᠭ ᠰᠠᠨᠠᠭ᠎ᠠ ᠬᠦᠷᠦᠩᠭᠡᠵᠢᠵᠦ ᠬᠦᠭᠵᠢᠨ᠎ᠡ》 ᠭᠡᠵᠦ ᠰᠢ ᠵᠢᠨ ᠫᠢᠩ ᠶᠡᠷᠦᠩᠬᠡᠢ ᠱᠦᠵᠢ  ᠵᠢᠭ᠋ᠠᠪᠤᠷᠢᠯᠠᠭᠰᠠᠨ ᠪᠠᠢ᠌ᠨ᠎ᠠ᠃ ᠢᠪᠷᠠᠢ᠌ᠴᠤᠤᠳ ᠭᠡᠤᠭᠡᠳ᠎ᠢ᠎ᠪᠠᠨ ᠨᠤᠮ᠎ᠳᠤ ᠳᠤᠷᠠᠲᠠᠢ ᠪᠤᠯᠭ᠋ᠠᠳᠠᠭ ᠠᠷᠭ᠎ᠠ ᠦᠯᠡᠮᠵᠢ᠂ ᠠᠢ᠌ᠯ ᠪᠤᠯᠭ᠋ᠠᠨ ᠬᠡᠴᠢᠨᠡᠬᠡᠨ ᠶᠠᠳᠠᠭᠤ ᠪᠠᠢ᠌ᠯ᠎ᠠ ᠴᠤ᠌ ᠨᠤᠮ᠎ᠤᠨ ᠬᠤᠷᠭᠤ᠎ᠲᠠᠢ ᠪᠠᠢ᠌ᠳᠠᠭ᠎ᠠᠴᠠ ᠰᠤᠶᠤᠯᠵᠢᠵᠦ ᠬᠦᠭᠵᠢᠭᠰᠡᠨ ᠲᠡᠤᠬᠡ ᠲᠡᠮᠳᠡᠭᠯᠡᠭᠡᠰᠦᠲᠡᠢ ᠪᠠᠢ᠌ᠨ᠎ᠠ᠃ ᠭᠡᠤᠭᠡᠳ᠎ᠢ᠎ᠪᠠᠨ ᠨᠤᠮ᠎ᠳᠤ ᠤᠢ᠌ᠷᠠᠲᠤᠭᠤᠯᠬᠤ᠂ ᠨᠤᠮ᠎ᠤᠨ ᠪᠠᠬᠠᠨ᠎ᠳᠤ ᠤᠷᠤᠭᠤᠯᠬᠤ ᠶᠠᠪᠤᠳᠠᠯ ᠪᠤᠯ ᠡᠵᠢ ᠪᠤᠯᠤᠭᠰᠡᠳ᠎ᠤᠨ ᠤᠨᠴᠠ ᠡᠭᠦᠷᠭᠡ ᠶᠤᠮ ᠪᠠᠢ᠌ᠨ᠎ᠠ᠃
 《ᠨᠤᠮ ᠦᠭᠡᠢ ᠠᠢ᠌ᠯ᠎ᠨᠢ ᠨᠠᠷᠠ ᠦᠭᠡᠢ ᠲᠡᠭᠷᠢ ᠰᠢᠭ ᠪᠠᠢ᠌ᠳᠠᠭ᠃ ᠨᠤᠮ ᠦᠭᠡᠢ ᠪᠠᠶᠠᠨ ᠠᠢ᠌ᠯ᠎ᠳᠤ ᠤᠷᠤᠪᠠᠯ ᠳᠡᠯᠭᠡᠭᠦᠷ᠎ᠲᠤ ᠤᠷᠤᠭᠰᠠᠨ᠎ᠲᠠᠢ ᠠᠳᠠᠯᠢ》 ᠭᠡᠳᠡᠭ ᠵᠶ᠋ᠡᠷ ᠨᠤᠮ᠎ᠤᠨ ᠭᠡᠭᠡᠨ ᠬᠤᠢ᠌ᠮᠦᠷ᠎ᠲᠠᠢ ᠠᠢ᠌ᠯ᠎ᠠᠴᠠ ᠤᠬᠠᠭ᠋ᠠᠨ ᠲᠦᠬᠦᠭᠡ ᠠᠯᠳᠠᠷᠠᠭᠰᠠᠨ ᠮᠤᠨᠤᠭ ᠭᠡᠤᠭᠡᠳ ᠦᠰᠴᠦ ᠭᠠᠷᠳᠠᠭ ᠦᠭᠡᠢ ᠶᠤᠮ ᠪᠠᠢ᠌ᠨ᠎ᠠ᠃ ᠡᠵᠢ ᠬᠦᠮᠦᠨ ᠦᠷ᠎ᠡ ᠭᠡᠤᠭᠡᠳ᠎ᠲᠠᠢ᠎ᠪᠠᠨ ᠬᠠᠮᠲᠤ ᠨᠤᠮ ᠤᠩᠰᠢᠵᠦ ᠰᠠᠭᠤᠨ᠎ᠠ ᠭᠡᠭᠴᠢ ᠵᠢᠷᠭ᠋ᠠᠯᠠᠩ ᠭᠡᠳᠡᠭ᠎ᠢ᠎ᠪᠠᠨ ᠮᠡᠳᠡᠷᠡᠵᠤ᠂ ᠡᠬᠦᠨ᠎ᠠᠴᠠ ᠰᠠᠢ᠌ᠬᠠᠨ ᠪᠠᠬᠠᠷᠬᠠᠯ ᠪᠠᠢ᠌ᠳᠠᠭ ᠦᠭᠡᠢ ᠭᠡᠳᠡᠭ᠎ᠢ᠎ᠪᠠᠨ ᠵᠦᠪ ᠲᠠᠨᠢᠵᠤ᠂ ᠡᠬᠦᠨ᠎ᠠᠴᠠ ᠰᠠᠢ᠌ᠬᠠᠨ ᠪᠠᠬᠠᠷᠬᠠᠯ᠎ᠲᠠᠢ ᠠᠵᠦ ᠭᠡᠵᠦ ᠪᠠᠢ᠌ᠬᠤ ᠦᠭᠡᠢ ᠭᠡᠳᠡᠭ᠎ᠢ ᠰᠡᠷᠡᠵᠦ ᠤᠬᠠᠭ᠋ᠠᠷᠠᠭ᠋ᠠᠳ᠂ ᠰᠢᠲᠦᠵᠦ ᠪᠠᠬᠠᠷᠬᠠᠭ᠋ᠠᠳ᠂ ᠰᠡᠲᠦᠵᠦ ᠬᠢᠭᠰᠡᠨ ᠡᠬᠡᠴᠦᠦᠯ ᠎ᠤᠨ ᠦᠷ᠎ᠡ ᠬᠤᠢ᠌ᠴᠢᠰ ᠯᠠᠪᠲᠠᠢ ᠰᠤᠶᠤᠯᠵᠢᠵᠦ ᠭᠡᠭᠡᠷᠡᠵᠦ ᠴᠢᠳᠠᠨ᠎ᠠ᠃ ᠡᠵᠢ ᠪᠢᠳᠡ ᠭᠡᠤᠭᠡᠳ᠎ᠤᠨ ᠵᠶ᠋ᠠᠨ ᠬᠦᠮᠦᠵᠢᠯ᠎ᠳᠤ ᠬᠠᠯᠭᠤᠤ ᠬᠦᠩᠭᠡᠮᠰᠦᠭ ᠬᠠᠨᠳᠤᠪᠠᠯ᠂ ᠬᠡᠴᠡᠭᠦᠦ ᠡᠳᠦᠷ᠂ ᠳᠠᠪᠠᠬᠤ᠎ᠳᠤ ᠪᠡᠷᠬᠡᠲᠡᠢ ᠬᠤᠨᠤᠭ ᠠᠷᠤ ᠠᠷᠤ᠎ᠠᠴᠠ᠎ᠪᠠᠨ ᠢᠷᠡᠨ᠎ᠡ᠂ ᠡᠢ᠌ᠮᠤ᠎ᠠᠴᠠ ᠡᠬᠡᠴᠦᠦᠯ᠎ᠤᠨ ᠭᠡᠭᠡᠷᠡᠯ ᠤᠬᠠᠭ᠋ᠠᠷᠠᠯ ᠠᠯᠢᠪᠠ᠎ᠠᠴᠠ ᠴᠢᠬᠤᠯᠠ ᠶᠤᠮ ᠪᠠᠢ᠌ᠨ᠎ᠠ᠃ ᠠᠯᠳᠠᠷᠲᠤ ᠰᠤᠷᠭ᠋ᠠᠨ ᠬᠦᠮᠦᠵᠢᠯᠲᠡᠨ ᠠ᠊᠂ ᠰᠦᠬᠤᠮᠯᠢᠨ᠋ᠰᠺᠢ᠎ᠠᠴᠠ 《ᠤᠩᠰᠢᠯᠭ᠎ᠠ ᠵᠢ ᠮᠡᠳᠡᠯᠭᠡ ᠵᠢᠨ ᠶᠢᠷᠲᠢᠨᠴᠦ᠎ᠳᠤ ᠨᠡᠪᠲᠡᠷᠡᠭᠦᠯᠬᠦ ᠭᠡᠭᠡᠪᠴᠢ ᠪᠤᠯᠭ᠋ᠠᠵᠤ ᠴᠢᠳᠠᠪᠠᠯ ᠬᠢᠴᠢᠶᠡᠯ ᠨᠦᠬᠦᠭᠰᠡᠨ᠎ᠤ ᠬᠡᠷᠡᠭ ᠠᠯᠠᠭ᠎ᠠ》 ᠭᠡᠵᠦ ᠡᠷᠲᠡ ᠦᠬᠦᠯᠡᠭᠰᠡᠨ ᠪᠠᠢ᠌ᠨ᠎ᠠ᠃ ᠨᠤᠮ ᠲᠤᠳᠤᠷ᠎ᠠ ᠬᠦᠴᠦ ᠪᠠᠢ᠌ᠨ᠎ᠠ᠂ ᠢᠷᠡᠭᠡᠳᠦᠢ ᠪᠠᠢ᠌ᠨ᠎ᠠ᠃ ᠨᠤᠮ ᠵᠤᠬᠢᠶᠠᠯ᠎ᠤᠨ ᠮᠦᠷ ᠪᠦᠷᠢ᠎ᠠᠴᠠ ᠰᠠᠷᠠᠭᠤᠯ ᠵᠠᠮ ᠵᠤᠷᠠᠢ᠌ᠵᠦ ᠪᠠᠢ᠌ᠳᠠᠭ᠎ᠢ ᠮᠡᠷᠭᠡᠨ ᠡᠬᠡᠴᠦᠦᠯ ᠰᠠᠷᠠᠨ ᠤᠬᠠᠪᠤᠷᠢᠯᠠᠵᠤ᠂ ᠬᠦᠢ᠍ᠴᠡᠳᠭᠡᠵᠦ ᠢᠷᠡᠭᠰᠡᠨ᠎ᠢ ᠲᠡᠤᠬᠡ ᠭᠡᠷᠡᠴᠢᠯᠡᠭᠰᠡᠭᠡᠷ ᠪᠠᠢ᠌ᠨ᠎ᠠ᠃ ᠮᠸᠩᠽᠢ ᠵᠢᠨ ᠡᠬᠡ ᠵᠢᠨ ᠭᠡᠤᠭᠡᠳ ᠵᠶ᠋ᠠᠨ ᠬᠦᠮᠦᠵᠢᠭᠦᠯᠦᠭᠰᠡᠨ ᠮᠡᠷᠭᠡᠨ ᠦᠯᠢᠭᠡᠷ  ᠳᠠᠷᠤᠢ ᠨᠢᠭᠡᠨ ᠬᠡᠪ ᠵᠢᠱ᠌ᠢᠶ᠎ᠡ ᠪᠣᠯᠬᠣ ᠶᠤᠮ᠃
   ᠨᠤᠮ ᠪᠢᠴᠢᠭ ᠪᠤᠯ ᠴᠠᠭ ᠡᠷᠢᠨ᠎ᠢ ᠳᠠᠮᠵᠢᠨ ᠠᠶᠠᠯᠠᠭᠴᠢ ᠡᠷᠳᠡᠨᠢ ᠵᠢᠨ ᠬᠦᠯᠭᠡ ᠤᠩᠭᠤᠴᠠ ᠤᠴᠢᠷ᠎ᠠᠴᠠ᠂ ᠪᠢᠳᠡ ᠭᠡᠤᠭᠡᠳ᠎ᠲᠤ᠎ᠪᠠᠨ ᠲᠠᠭᠤᠷᠢᠶᠠᠯ ᠪᠤᠯᠵᠤ ᠨᠤᠮ ᠤᠩᠰᠢᠯᠭ᠎ᠠ ᠵᠢᠨ ᠠᠵᠢᠯᠯᠠᠭ᠋ᠠᠨ᠎ᠢ ᠦᠷᠨᠢᠭᠦᠯᠵᠦ᠂ ᠬᠦᠨᠳᠦᠳᠭᠡᠯ ᠪᠢᠰᠢᠷᠡᠯ ᠪᠤᠯᠭ᠋ᠠᠨ ᠦᠵᠡᠪᠡᠯ ᠲᠠᠭ᠋ᠠᠷᠠᠨ᠎ᠠ᠃ ᠨᠤᠮ᠎ᠤᠨ ᠪᠠᠬᠠᠷᠬᠠᠯ᠎ᠲᠠᠢ ᠬᠦᠮᠦᠨ᠎ᠤ ᠮᠦᠰᠦ ᠴᠢᠨᠠᠷ ᠮᠠᠭᠤ ᠪᠤᠯᠵᠤ ᠲᠡᠢ᠌ᠯᠬᠦ ᠦᠭᠡᠢ᠂ ᠮᠦᠰᠦ ᠰᠠᠢ᠌ᠲᠤ ᠵᠢᠨ ᠮᠦᠷ ᠴᠠᠭ᠋ᠠᠨ ᠪᠠᠢ᠌ᠳᠠᠭ᠃ ᠭᠡᠤᠭᠡᠳ᠎ᠢ᠎ᠪᠠᠨ ᠪᠢᠳᠡ ᠮᠦᠰᠦ ᠰᠠᠢ᠌ᠲᠠᠢ᠂ ᠮᠦᠷ ᠴᠠᠭ᠋ᠠᠨ ᠶᠠᠪᠤᠭᠤᠯᠤᠶ᠎ᠠ ᠭᠡᠵᠦ ᠶᠠᠭ᠋ᠠᠷᠠᠳᠠᠭ ᠵᠢᠳᠬᠦᠳᠡᠭ ᠤᠴᠢᠷ᠎ᠠᠴᠠ ᠨᠤᠮ᠎ᠳᠤ ᠤᠢ᠌ᠷᠠᠲᠤᠭᠤᠯᠬᠤ ᠶᠠᠪᠤᠳᠠᠯ᠎ᠢ ᠤᠭᠲᠤ ᠤᠮᠳᠤᠭ᠋ᠠᠢ᠌ᠯᠠᠵᠤ ᠪᠤᠯᠬᠤ ᠦᠭᠡᠢ᠂ ᠶᠠᠭ᠋ᠠᠬᠢᠭᠰᠠᠨ ᠴᠤ᠌ ᠬᠤᠢ᠌ᠰᠢᠯᠠᠭᠤᠯᠵᠤ ᠪᠤᠯᠬᠤ ᠦᠭᠡᠢ᠃ 《ᠤᠰᠤ ᠦᠵᠦᠬᠦᠷ ᠦᠭᠡᠢ ᠪᠤᠯᠪᠠᠴᠤ ᠠᠭᠤᠯᠠ ᠵᠢ ᠨᠦᠬᠡᠯᠡᠨ᠎ᠡ᠂ ᠨᠤᠮ ᠢᠷ ᠦᠭᠡᠢ ᠪᠤᠯᠪᠠᠴᠤ ᠪᠢᠯᠢᠭ᠎ᠢ ᠬᠤᠷᠴᠠᠯᠠᠨ᠎ᠠ》  ᠪᠢᠳᠡ ᠨᠤᠮ᠎ᠤᠨ ᠲᠠᠯᠠᠢ᠎ᠳᠤ ᠱᠤᠩᠪᠠᠵᠤ᠂ ᠭᠡᠤᠭᠡᠳ᠎ᠢ᠎ᠪᠠᠨ ᠪᠢᠯᠢᠭ ᠬᠤᠷᠴᠠ ᠪᠤᠯᠭ᠋ᠠᠬᠤ ᠎ᠨᠢ ᠶᠠᠭᠤᠨ᠎ᠠᠴᠠ ᠴᠤ᠌ ᠡᠷᠬᠢᠮ ᠶᠤᠮ ᠪᠠᠢ᠌ᠨ᠎ᠠ᠃
   《ᠵᠢᠭ᠋ᠠᠯᠭ᠋ᠠᠭᠰᠠᠨ ᠦᠭᠡ ᠵᠢ ᠬᠡᠳᠦᠢ  ᠯᠠ ᠬᠡᠯᠡᠨ᠎ᠡ᠂ ᠵᠢᠭᠡᠯᠡᠭᠰᠡᠨ ᠪᠤᠳᠠᠭ᠎ᠠ ᠵᠢ ᠬᠡᠳᠦᠢ ᠯᠠ ᠢᠳᠡᠨ᠎ᠡ》 ᠭᠡᠳᠡᠭ ᠵᠶ᠋ᠠᠷ᠂ ᠭᠡᠤᠭᠡᠳ ᠤᠩᠰᠢᠵᠤ ᠪᠠᠢ᠌ᠵᠤ ᠮᠡᠳᠡᠯᠭᠡ ᠤᠯᠳᠠᠭ᠂ ᠤᠩᠰᠢᠵᠤ ᠪᠠᠢ᠌ᠵᠤ ᠬᠠᠷᠠᠭ᠎ᠠ᠎ᠪᠠᠨ ᠲᠡᠯᠡᠳᠡᠭ᠂ ᠤᠩᠰᠢᠵᠤ ᠪᠠᠢ᠌ᠵᠤ ᠤᠬᠠᠭ᠋ᠠᠷᠠᠳᠠᠭ᠂ ᠤᠩᠰᠢᠵᠤ ᠪᠠᠢ᠌ᠵᠤ ᠬᠦᠭᠵᠢᠳᠡᠭ᠃ ᠨᠤᠮ ᠵᠶ᠋ᠠᠷ ᠴᠢᠮᠡᠭᠡᠯᠡᠭᠰᠡᠨ ᠦᠷᠦᠭᠡᠨ᠎ᠳᠤ᠎ᠪᠠᠨ᠂ ᠨᠤᠮ ᠤᠩᠰᠢᠬᠤ ᠵᠢᠨ ᠵᠢᠷᠭ᠋ᠠᠯᠠᠩ᠎ᠢ ᠶᠢᠷᠲᠢᠨᠴᠦ ᠵᠢᠨ ᠲᠦᠮᠡᠨ ᠵᠢᠷᠭ᠋ᠠᠯᠠᠩ᠎ᠤᠨ ᠲᠡᠷᠢᠬᠦᠨ ᠵᠢᠷᠭ᠋ᠠᠯᠠᠩ ᠪᠤᠯᠭ᠋ᠠᠨ ᠬᠦᠢ᠍ᠴᠡᠳᠭᠡᠳᠡᠭ ᠡᠵᠢ ᠵᠢᠨ ᠦᠷ᠎ᠡ ᠭᠡᠤᠭᠡᠳ ᠲᠦᠮᠡᠨ᠎ᠤ ᠲᠦᠷᠦᠭᠦᠨ᠎ᠳᠤ ᠭᠢᠯᠠᠷᠠᠵᠤ ᠴᠢᠳᠠᠨ᠎ᠠ᠃ ᠡᠵᠢ ᠪᠢᠳᠡᠨ᠎ᠤ ᠤᠩᠰᠢᠯᠭ᠎ᠠ ᠵᠢᠨ ᠤᠬᠠᠮᠰᠠᠷ ᠳᠡᠭᠡᠭᠰᠢᠯᠡᠬᠦ ᠎ᠪᠠᠷ ᠬᠡᠤᠬᠡᠳ᠎ᠤᠨ ᠬᠦᠮᠦᠵᠢᠯ ᠤᠷᠤᠢ᠌ᠲᠠᠬᠤ ᠦᠭᠡᠢ ᠪᠤᠯᠤᠨ᠎ᠠ᠃
        ᠬᠤᠶᠠᠷ᠂ ᠪᠠᠭᠰᠢ ᠵᠢᠨ ᠨᠤᠮ ᠤᠩᠰᠢᠯᠭ᠎ᠠ ᠵᠢᠨ ᠪᠠᠬᠠᠷᠬᠠᠯ ᠶᠡᠬᠡ ᠦᠨᠡᠲᠡᠢ
     ᠪᠠᠭᠰᠢ  ᠬᠢᠴᠢᠶᠡᠯ᠎ᠤᠨ ᠲᠠᠢ᠌ᠰᠠᠨ᠎ᠳᠤ ᠦᠪᠡᠷ᠎ᠤᠨ ᠤᠩᠰᠢᠯᠭ᠎ᠠ ᠵᠢᠨ ᠪᠦᠬᠦ ᠬᠤᠷᠠᠮᠳᠤᠭᠤᠯᠭ᠎ᠠ᠎ᠪᠠᠨ ᠠᠪᠤᠨ ᠪᠠᠢ᠌ᠵᠦ ᠬᠢᠴᠢᠶᠡᠯᠯᠡᠳᠡᠭ ᠭᠡᠳᠡᠭ ᠶᠤᠮ᠃ ᠨᠤᠮ ᠤᠩᠰᠢᠬᠤ ᠪᠤᠯ ᠪᠠᠭᠰᠢ ᠵᠢᠨ ᠬᠠᠮᠤᠭ᠎ᠤᠨ ᠰᠠᠢ᠌ᠨ ᠪᠢᠰᠢᠯᠭ᠋ᠠᠯ ᠮᠦᠨ᠃ ᠪᠤᠲᠠᠷᠬᠠᠢ ᠮᠦᠩᠬᠦ ᠬᠤᠷᠠᠮᠳᠤᠭᠰᠠᠭ᠋ᠠᠷ ᠲᠦᠬᠦᠷᠢᠭ ᠪᠤᠯᠳᠠᠭ᠎ᠲᠠᠢ ᠠᠳᠠᠯᠢ᠎ᠪᠠᠷ ᠤᠩᠰᠢᠭᠰᠠᠭ᠋ᠠᠷ ᠪᠠᠢ᠌ᠵᠤ ᠮᠡᠳᠡᠯᠭᠡ ᠬᠤᠷᠠᠮᠳᠤᠳᠠᠭ᠂ ᠰᠡᠳᠬᠢᠬᠦᠢ ᠲᠡᠯᠡᠭᠳᠡᠳᠡᠭ᠃ ᠪᠠᠭᠰᠢ ᠬᠦᠮᠦᠨ ᠨᠤᠮ ᠤᠩᠰᠢᠬᠤ ᠵᠢᠨ ᠪᠠᠬᠠᠷᠬᠠᠯ᠎ᠲᠠᠢ ᠪᠤᠯᠴᠢᠬᠠᠪᠠᠯ᠂ ᠭᠡᠤᠭᠡᠳ᠎ᠢ ᠬᠦᠲᠦᠯᠦᠨ ᠭᠡᠷᠡᠯᠲᠦ ᠢᠷᠡᠭᠡᠳᠦᠢ ᠵᠦᠭ ᠲᠦᠷᠭᠡᠨ ᠤᠷᠤᠭᠰᠢᠯᠠᠵᠤ ᠴᠢᠳᠠᠨ᠎ᠠ᠃ ᠪᠢᠳᠡ ᠠᠵᠢᠯ ᠶᠠᠭ᠋ᠠᠷᠠᠤ ᠭᠡᠵᠦ ᠨᠤᠮ ᠤᠩᠰᠢᠬᠤ ᠪᠠᠬᠠᠷᠬᠠᠯ ᠵᠶ᠋ᠠᠨ ᠬᠠᠶᠠᠵᠤ ᠵᠠᠢ᠌ᠳᠠᠭᠤᠯᠵᠤ ᠪᠤᠯᠬᠤ ᠦᠭᠡᠢ᠂ ᠨᠤᠮ ᠤᠩᠰᠢᠬᠤ ᠴᠠᠭ ᠪᠠᠢ᠌ᠬᠤ ᠡᠰᠡᠬᠦ᠎ᠨᠢ ᠡᠨᠡ ᠬᠦ᠌ ᠶᠠᠪᠤᠳᠠᠯ᠎ᠢ ᠬᠦᠨᠳᠦᠳᠭᠡᠨ ᠦᠵᠡᠬᠦ ᠤᠪᠤᠷ ᠤᠬᠠᠮᠰᠠᠷ᠎ᠠᠴᠠ ᠯᠠ ᠰᠢᠯᠲᠠᠭ᠋ᠠᠯᠠᠭᠳᠠᠨ᠎ᠠ᠃ ᠦᠨᠡᠨ᠎ᠳᠤ᠎ᠪᠠᠨ᠂ ᠪᠠᠭᠰᠢ ᠪᠠᠭᠰᠢ ᠵᠢᠨ ᠵᠦᠷᠢᠶ᠎ᠡ ᠡᠨᠳᠡ᠎ᠠᠴᠠ ᠯᠡ ᠡᠬᠢᠯᠡᠨ᠎ᠡ᠃
   ᠤᠩᠰᠢᠯᠭ᠎ᠠ ᠵᠢᠨ ᠬᠦᠴᠢᠷ᠎ᠢ ᠲᠤᠭᠤᠯᠵᠤ ᠭᠠᠷᠤᠭᠰᠠᠨ ᠦᠭᠡᠢ ᠭᠡᠤᠭᠡᠳ᠎ᠤᠨ ᠤᠢ᠌ᠯᠠᠭ᠋ᠠᠬᠤ ᠴᠢᠳᠠᠪᠤᠷᠢ ᠎ᠨᠢ ᠲᠤᠷᠤᠢ ᠲᠤᠯᠢᠮᠠᠭ ᠪᠠᠢ᠌ᠵᠤ᠂ ᠠᠯᠢ ᠴᠤ᠌ ᠬᠢᠴᠢᠶᠡᠯ᠎ᠢ ᠰᠠᠢ᠌ᠨ ᠰᠤᠷᠴᠤ ᠴᠢᠳᠠᠬᠤ ᠦᠭᠡᠢ ᠪᠡᠷᠬᠡᠳᠡᠨ᠎ᠡ᠃ ᠡᠨᠡ ᠲᠤᠬᠠᠢ ᠪᠡᠭᠡᠵᠢᠩ ᠶᠡᠬᠡ ᠰᠤᠷᠭ᠋ᠠᠭᠤᠯᠢ ᠵᠢᠨ ᠯᠤ᠌ ᠵᠢᠶᠠᠨ ᠮᠢᠩ ᠹᠷᠤᠫᠸᠰᠰᠤᠷ ᠨᠢᠭᠡᠨ ᠲᠤᠮᠳᠠᠳᠤ ᠰᠤᠷᠭ᠋ᠠᠭᠤᠯᠢ᠎ᠳᠤ ᠬᠦᠷᠴᠦ ᠲᠠᠢ᠌ᠯᠤᠮᠵᠢ ᠬᠢᠬᠦ᠎ᠳᠤ᠎ᠪᠠᠨ᠂ ᠤᠯᠤᠰ᠎ᠤᠨ ᠰᠢᠯᠭ᠋ᠠᠯᠲᠠ ᠵᠢᠨ ᠬᠢᠷᠢ ᠪᠦᠲᠦᠮᠵᠢ ᠵᠢ ᠲᠡᠭᠡᠭᠰᠢᠯᠡᠬᠦᠯᠬᠦ ᠲᠤᠬᠠᠢ ᠶᠠᠷᠢᠯᠴᠠᠭ᠋ᠠᠨ ᠦᠷᠨᠢᠬᠦᠯᠬᠦ᠎ᠳᠤ᠂ ᠡᠴᠦᠰ᠎ᠲᠤ᠎ᠪᠠᠨ ᠲᠤᠭ᠋ᠠᠨ᠎ᠤ ᠪᠠᠭᠰᠢ᠂ ᠹᠢᠽᠢᠺ᠎ᠤᠨ ᠪᠠᠭᠰᠢ᠎ᠠᠴᠠ ᠬᠡᠯᠡ ᠪᠢᠴᠢᠭ᠎ᠤᠨ ᠬᠢᠴᠢᠶᠡᠯ᠎ᠢ ᠨᠡᠮᠡᠨ ᠲᠤᠬᠢᠷᠠᠭᠤᠯᠵᠤ᠂ ᠭᠡᠤᠭᠡᠳ᠎ᠤᠨ ᠤᠩᠰᠢᠯᠭ᠎ᠠ ᠵᠢ ᠴᠢᠬᠤᠯᠠᠴᠢᠯᠠᠵᠤ᠂ ᠤᠢ᠌ᠯᠠᠭ᠋ᠠᠬᠤ ᠴᠢᠳᠠᠪᠤᠷᠢ ᠵᠢ ᠲᠡᠭᠡᠭᠰᠢᠯᠡᠬᠦᠯᠬᠦ ᠴᠢᠬᠤᠯᠠ ᠭᠡᠵᠦ ᠰᠠᠨᠠᠯ ᠨᠢᠭᠡᠳᠦᠭᠰᠡᠨ ᠶᠤᠮ ᠪᠠᠢ᠌ᠨ᠎ᠠ᠃ ᠨᠤᠮ ᠤᠩᠰᠢᠯᠭ᠎ᠠ ᠵᠢ ᠬᠦᠨᠲᠦᠳᠭᠡᠬᠦ ᠦᠨᠡᠬᠡᠷ ᠶᠡᠬᠡ ᠴᠢᠬᠤᠯᠠᠲᠠᠢ᠃
  ᠶᠸ ᠱᠸᠩ ᠲᠤᠤ ᠠᠪᠤᠭ᠋ᠠᠢ᠎ᠠᠴᠠ ᠄ 《ᠦᠨᠡᠨ᠎ᠳᠤ᠎ᠪᠠᠨ ᠵᠤᠬᠢᠶᠠᠯ ᠪᠢᠴᠢᠬᠦ᠎ᠨᠢ ᠦᠵᠦᠭ ᠵᠶ᠋ᠠᠷ ᠦᠭᠡ ᠬᠡᠯᠡᠵᠦ ᠪᠠᠢ᠌ᠬᠤ ᠶᠠᠪᠤᠳᠠᠯ ᠪᠤᠯᠤᠨ᠎ᠠ᠂ ᠤᠩᠰᠢᠯᠭ᠎ᠠ ᠵᠢᠨ ᠪᠤᠯᠪᠠᠰᠤᠷᠠᠯ ᠲᠤᠲᠠᠮᠠᠭ ᠬᠦᠮᠦᠨ᠎ᠤ ᠰᠡᠳᠬᠢᠮᠵᠢ ᠶᠠᠳᠠᠭᠤ᠂ ᠬᠤᠷᠠᠮᠳᠤᠭᠤᠯᠭ᠎ᠠ ᠬᠤᠭᠤᠰᠤᠨ ᠤᠴᠢᠷ᠎ᠠᠴᠠ ᠶᠡᠬᠡ ᠬᠦᠴᠢᠷᠳᠡᠨ᠎ᠡ᠂ ᠤᠩᠰᠢᠯᠭ᠎ᠠ ᠵᠢᠨ ᠪᠤᠭᠤᠮᠳᠠ ᠵᠢ ᠲᠠᠪᠠᠭᠰᠠᠨ ᠬᠦᠮᠦᠨ᠎ᠤ ᠵᠤᠬᠢᠶᠠᠨ ᠪᠢᠴᠢᠯᠭᠡ ᠵᠢᠨ  ᠬᠦᠴᠢᠷᠳᠡᠯ ᠠᠶᠠᠨᠳᠠᠭ᠋ᠠᠨ ᠠᠷᠢᠯᠤᠨ᠎ᠠ》 ᠭᠡᠵᠦ ᠭᠡᠯᠡᠭᠰᠡᠨ ᠪᠠᠢ᠌ᠨ᠎ᠠ᠃ 《ᠢᠯᠡᠭᠦᠦ ᠦᠭᠡᠢ᠂ ᠠᠷᠪᠠᠨ ᠦᠬᠦᠯᠡᠪᠦᠷᠢ ᠪᠢᠴᠢᠬᠦᠯᠪᠡᠯ ᠲᠡᠬᠦᠨ᠎ᠤ ᠲᠤᠯᠤᠭ᠋ᠠᠢ᠎ᠳᠤ ᠶᠠᠭᠤᠮ᠎ᠠ ᠪᠠᠢ᠌ᠬᠤ ᠡᠰᠡᠬᠦ᠎ᠨᠢ ᠮᠡᠳᠡᠷᠡᠭᠳᠡᠨ᠎ᠡ》  ᠭᠡᠳᠡᠭ ᠵᠶ᠋ᠠᠷ᠂ ᠡᠢ᠌ᠮᠤ᠎ᠠᠴᠠ ᠨᠤᠮ ᠤᠩᠰᠢᠯᠭ᠎ᠠ ᠵᠢᠨ ᠴᠢᠬᠤᠯᠠ ᠴᠢᠨᠠᠷ᠎ᠢ ᠪᠢᠳᠡᠨ᠎ᠤ ᠪᠠᠭᠰᠢ ᠪᠦᠬᠦᠨ ᠬᠦᠨᠳᠦᠳᠭᠡᠨ  ᠴᠢᠬᠤᠯᠠᠴᠢᠯᠠᠪᠠᠯ ᠲᠠᠭ᠋ᠠᠷᠠᠨ᠎ᠠ᠂ ᠨᠤᠮ ᠤᠩᠰᠢᠯᠭ᠎ᠠ ᠵᠢ ᠬᠡᠯᠡ ᠪᠢᠴᠢᠭ ᠎ᠤᠨ ᠪᠠᠭᠰᠢ ᠵᠢᠨ ᠡᠭᠦᠷᠭᠡ ᠳᠠᠭ᠋ᠠᠭ᠋ᠠᠯᠭ᠋ᠠᠪᠤᠷᠢ ᠯᠠ ᠭᠡᠵᠦ ᠡᠨᠳᠡᠬᠦᠷᠡᠵᠦ ᠤᠭᠲᠤ ᠪᠤᠯᠬᠤ ᠦᠭᠡᠢ᠂ ᠨᠤᠮ ᠵᠤᠬᠢᠶᠠᠯ ᠤᠩᠰᠢᠬᠤ ᠵᠢ ᠵᠤᠬᠢᠶᠠᠯᠴᠢ ᠬᠦᠮᠤᠨ᠎ᠤ ᠪᠠᠬᠠᠷᠬᠠᠯ ᠭᠡᠵᠦ ᠠᠨᠳᠠᠭᠤᠷᠠᠵᠤ ᠨᠡᠩ ᠪᠤᠯᠬᠤ ᠦᠭᠡᠢ᠃ ᠪᠠᠭᠰᠢ ᠪᠢᠳᠡ ᠬᠡᠤᠬᠡᠳ᠎ᠲᠠᠢ ᠦᠷᠭᠦᠯᠵᠢ ᠤᠢ᠌ᠷ᠎ᠠ ᠪᠠᠢ᠌ᠨ᠎ᠠ᠂ ᠪᠢᠳᠡᠨ᠎ᠳᠤ ᠨᠤᠮ ᠤᠩᠰᠢᠬᠤ ᠤᠷᠴᠢᠨ ᠪᠠᠢ᠌ᠨ᠎ᠠ᠃
     ᠭᠤᠷᠪᠡ᠂ ᠨᠤᠮ ᠤᠩᠰᠢᠯᠭ᠎ᠠ ᠵᠢᠨ ᠤᠷᠴᠢᠨ ᠠᠬᠤᠢ ᠵᠢ ᠪᠦᠷᠢᠯᠳᠦᠬᠦᠯᠬᠦ ᠶᠡᠬᠡ ᠴᠢᠬᠤᠯᠠᠲᠠᠢ
    ᠨᠤᠮ ᠪᠢᠴᠢᠭ ᠪᠤᠯ ᠪᠢᠯᠢᠭ ᠲᠤᠰᠤᠭᠰᠠᠨ ᠲᠤᠭᠤᠨᠤ᠎ᠲᠠᠢ ᠨᠠᠷᠠᠨ ᠦᠷᠬᠦᠭᠡ ᠪᠠᠢ᠌ᠳᠠᠭ᠃ ᠨᠤᠮ ᠤᠩᠰᠢᠬᠤ᠎ᠨᠢ ᠲᠡᠯᠡᠬᠡᠢ ᠲᠡᠭᠡᠷᠡᠬᠢ ᠠᠯᠳᠠᠷᠲᠤ ᠬᠦᠮᠦᠰ᠎ᠲᠠᠢ ᠨᠢᠭᠤᠷᠳᠠᠨ ᠶᠠᠷᠢᠯᠴᠠᠭᠰᠠᠨ ᠰᠢᠭ᠋ ᠤᠯᠵᠠ ᠤᠮᠤᠭᠲᠠᠢ ᠪᠠᠢ᠌ᠳᠠᠭ᠃ ᠨᠤᠮ ᠤᠩᠰᠢᠯᠭ᠎ᠠ᠎ᠪᠠᠷ ᠲᠠᠮᠵᠢᠨ ᠪᠢᠳᠡ ᠦᠪᠡᠷ᠎ᠤᠨ ᠲᠤᠳᠠᠭᠤ ᠲᠤᠷᠭᠤᠨ ᠵᠶ᠋ᠠᠨ ᠲᠠᠨᠢᠨ ᠮᠡᠳᠡᠷᠡᠵᠦ ᠤᠯᠤᠨ᠎ᠠ᠂ ᠲᠡᠭᠡᠭᠡᠳ ᠲᠡᠬᠦᠨ᠎ᠢ ᠨᠦᠬᠦᠪᠦᠷᠢᠯᠡᠵᠦ ᠰᠠᠢ᠌ᠵᠢᠷᠠᠭᠤᠯᠬᠤ ᠵᠢᠨ ᠵᠠᠪᠰᠢᠶᠠᠨ᠎ᠢ ᠤᠯᠤᠨ᠎ᠠ᠃ ᠡᠢ᠌ᠮᠤ᠎ᠠᠴᠠ ᠭᠡᠷ ᠪᠦᠯᠢ ᠵᠢᠨ ᠤᠷᠴᠢᠨ᠂ ᠰᠤᠷᠭ᠋ᠠᠭᠤᠯᠢ ᠵᠢᠨ ᠤᠷᠴᠢᠨ᠎ᠠᠴᠠ ᠨᠠᠢ᠌ᠵᠠ ᠨᠦᠬᠦᠳ ᠬᠤᠭᠤᠷᠤᠨᠳᠤ᠎ᠪᠠᠨ᠂ ᠡᠩ ᠎ᠤᠨ ᠠᠮᠢᠳᠤᠷᠠᠯ᠎ᠤᠨ ᠲᠤᠮᠳᠠ᠎ᠪᠠᠨ ᠨᠤᠮ ᠪᠢᠴᠢᠭ ᠎ᠢ ᠬᠦᠨᠳᠦᠳᠭᠡᠬᠦ ᠤᠷᠴᠢᠨ ᠠᠬᠤᠢ ᠵᠢ ᠪᠦᠷᠢᠯᠳᠤᠭᠦᠯᠪᠡᠯ᠂ ᠭᠡᠤᠭᠡᠳ᠎ᠤᠨ ᠦᠰᠦᠨ ᠪᠤᠢ᠌ᠵᠢᠯᠳᠠ᠎ᠳᠤ ᠮᠤᠨᠳᠠᠭ ᠰᠠᠢ᠌ᠨ ᠨᠦᠯᠦᠭᠡ ᠪᠤᠯᠵᠤ ᠴᠢᠳᠠᠨ᠎ᠠ᠃
    《ᠰᠠᠢ᠌ᠨ ᠨᠤᠮ᠎ᠢ ᠬᠤᠶᠠᠷ ᠰᠢᠷᠬᠡᠭ᠎ᠢ ᠠᠪᠤᠭ᠋ᠠᠳ ᠰᠠᠢ᠌ᠨ ᠨᠦᠬᠦᠷ᠎ᠲᠤ᠎ᠪᠠᠨ ᠪᠡᠯᠡᠭᠯᠡᠵᠦ ᠪᠠᠢ! ᠲᠡᠷᠡ ᠨᠤᠮ ᠴᠢᠮ᠎ᠠ ᠵᠢ ᠲᠦᠯᠦᠭᠡᠯᠡᠵᠤ ᠲᠡᠷᠡ ᠠᠢ᠌ᠯ᠎ᠳᠤ ᠦᠶ᠎ᠡ ᠵᠢᠨ ᠦᠶ᠎ᠡ᠎ᠳᠤ ᠠᠮᠢᠳᠤᠷᠠᠨ᠎ᠠ》 ᠭᠡᠳᠡᠭ ᠵᠶ᠋ᠡᠷ᠂ ᠲᠦᠷᠦᠭᠰᠡᠨ ᠡᠳᠦᠷ᠎ᠤᠨ ᠪᠠᠶᠠᠷ᠎ᠢ ᠪᠡᠯᠭᠡᠯᠡᠬᠦ᠂ ᠴᠠᠭ᠋ᠠᠨ ᠰᠠᠷ᠎ᠠ ᠵᠢᠨ ᠵᠤᠯᠭ᠋ᠠᠯᠲᠠ ᠬᠢᠬᠦ᠂ ᠦᠷᠪᠦᠭᠡᠨ ᠨᠠᠢ᠌ᠷ᠂ ᠬᠤᠷᠢᠮ᠎ᠤᠨ ᠶᠤᠰᠤᠯᠠᠯ ᠭᠡᠬᠦ ᠮᠡᠲᠦ ᠵᠢᠨ ᠪᠠᠶᠠᠷ ᠴᠤᠭᠯᠠᠭ᠋ᠠᠨ᠎ᠳᠤ᠎ᠪᠠᠨ ᠮᠦᠩᠬᠦ ᠬᠠᠷᠮᠠᠯᠠᠭ᠋ᠠᠳ ᠬᠦᠷᠬᠦ ᠪᠢᠰᠢ᠂ ᠨᠤᠮ ᠬᠠᠪᠢᠰᠤᠯᠠᠭ᠋ᠠᠳ ᠪᠡᠯᠡᠭᠯᠡᠪᠡᠯ ᠨᠤᠮ᠎ᠤᠨ ᠠᠭᠤᠷ᠂ ᠪᠢᠯᠢᠭ᠎ᠤᠨ ᠠᠭᠤᠷ ᠦᠷᠬᠦᠭᠡ ᠪᠤᠯᠭ᠋ᠠᠨ᠎ᠠᠴᠠ᠂ ᠡᠳᠦᠷ ᠪᠤᠯᠭ᠋ᠠᠨ ᠮᠠᠨᠳᠤᠨ᠎ᠠ᠃ 《ᠨᠤᠮ ᠪᠤᠯ ᠬᠦᠭᠰᠢᠷᠡᠬᠦ ᠵᠢᠨ ᠴᠠᠭ᠎ᠲᠤ ᠬᠠᠮᠤᠭ᠎ᠤᠨ ᠰᠠᠢ᠌ᠨ ᠨᠦᠬᠦᠷ᠂ ᠵᠠᠯᠠᠭᠤ ᠶᠠᠪᠤᠬᠤ᠎ᠳᠤ ᠬᠠᠮᠤᠭ᠎ᠤᠨ ᠰᠠᠢ᠌ᠨ ᠪᠠᠭᠰᠢ ᠪᠤᠯᠳᠠᠭ》 ᠤᠴᠢᠷ᠎ᠠᠴᠠ ᠬᠡᠨ ᠬᠦᠮᠤᠨ᠎ᠳᠤ ᠴᠤ᠌ ᠲᠤᠬᠢᠷᠠᠬᠤ ᠪᠡᠯᠡᠭ᠂ ᠬᠡᠵᠢᠶᠡᠲᠡ ᠴᠤ᠌ ᠬᠠᠭᠤᠴᠢᠷᠠᠬᠤ ᠦᠭᠡᠢ ᠪᠡᠯᠡᠭ᠂ ᠬᠡᠨ᠎ᠳᠤ ᠴᠤ᠌ ᠲᠠᠷᠤᠭ᠋ᠠᠰᠤ ᠲᠡᠭᠡᠭᠡᠷ᠎ᠡ ᠦᠭᠡᠢ ᠪᠡᠯᠡᠭ᠂ ᠪᠠᠰᠠ ᠡᠷᠬᠢᠮ ᠦᠨᠡᠲᠡᠢ ᠰᠤᠯᠢᠯᠴᠠᠭ᠎ᠠ᠂ ᠬᠠᠷᠢᠯᠴᠠᠭ᠎ᠠ ᠪᠤᠯᠵᠤ ᠲᠠᠭ᠋ᠠᠷᠠᠨ᠎ᠠ᠃ ᠮᠦᠩᠬᠡ ᠵᠢᠨ ᠰᠢᠳᠢᠳᠦ ᠰᠢᠪᠠᠭᠤ — ᠨᠤᠮ ᠰᠤᠳᠤᠷ᠎ᠨᠢ ᠲᠡᠭᠡᠬᠦ᠎ᠪᠠᠷ ᠦᠶ᠎ᠡ ᠵᠢᠨ ᠦᠶ᠎ᠡ ᠵᠢᠨ᠎ᠬᠢᠨ᠎ᠤ ᠠᠯᠠᠭ᠋ᠠᠨ ᠲᠡᠭᠡᠷ᠎ᠡ ᠵᠢᠬᠦᠷ ᠤᠷᠭᠤᠨ ᠪᠠᠭᠤᠵᠤ᠂ ᠡᠷᠦᠬᠡ ᠭᠡᠷ ᠪᠤᠯᠭ᠋ᠠᠨ᠎ᠢ ᠭᠡᠷᠡᠯᠲᠦᠭᠦᠯᠵᠦ᠂ ᠠᠢ᠌ᠯ ᠪᠤᠯᠭ᠋ᠠᠨ ᠬᠦᠷᠦᠩᠭᠡᠵᠢᠵᠦ ᠬᠦᠭᠵᠢᠵᠦ ᠮᠡᠳᠡᠨ᠎ᠡ᠃
    ᠰᠠᠢ᠌ᠨ ᠨᠤᠮ ᠲᠠᠷᠢᠬᠢᠨ᠎ᠤ ᠲᠡᠵᠢᠭᠡᠯ᠂ ᠰᠠᠢ᠌ᠨ ᠨᠠᠢ᠌ᠵᠠ ᠰᠡᠳᠬᠢᠯ᠎ᠤᠨ ᠲᠡᠵᠢᠭᠡᠯ᠃ ᠪᠢᠳᠡ ᠬᠡᠨ ᠬᠦᠮᠤᠨ ᠪᠤᠯᠭ᠋ᠠᠨ ᠪᠢᠷ᠎ᠤᠨ ᠦᠵᠦᠬᠦᠷ ᠬᠤᠷᠴᠠᠯᠠᠬᠤ ᠵᠢ ᠵᠠᠷᠯᠢᠭ ᠪᠢᠰᠢ᠂ ᠵᠤᠷᠢᠮᠠᠭ ᠦᠢ᠍ᠯᠡ ᠪᠤᠯᠭ᠋ᠠᠨ ᠮᠡᠳᠡᠷᠡᠵᠦ᠂ ᠪᠢᠯᠢᠭ ᠤᠬᠠᠭ᠎ᠠ᠎ᠪᠠᠨ ᠰᠤᠷᠢᠵᠦ ᠨᠤᠮ ᠪᠢᠴᠢᠭ᠎ᠢ ᠲᠡᠭᠡᠳᠦᠯᠡᠬᠦ ᠵᠢ ᠰᠡᠳᠬᠢᠯ᠎ᠤᠨ ᠲᠠᠮᠢᠷ ᠎ᠤᠨ ᠰᠤᠷᠢᠯᠳᠠ ᠪᠤᠯᠭ᠋ᠠᠨ ᠲᠤᠩᠭ᠋ᠠᠨ᠂ ᠬᠦᠨᠳᠦᠳᠭᠡᠵᠦ ᠦᠵᠡᠵᠦ᠂ ᠠᠩᠬᠠᠷᠤᠯ᠎ᠳᠤ᠎ᠪᠠᠨ ᠠᠪᠤᠪᠠᠯ ᠵᠤᠬᠢᠨ᠎ᠠ᠃
    ᠨᠤᠮ᠎ᠳᠤ ᠬᠦᠮᠦᠨ ᠲᠦᠷᠦᠯᠬᠢᠳᠡᠨ᠎ᠤ  ᠪᠦᠬᠦᠢ᠌ᠯᠡ ᠲᠠᠩᠰᠤᠭ ᠵᠦᠢ᠍ᠯ ᠬᠤᠷᠠᠨ ᠴᠤᠭᠯᠠᠷᠠᠵᠤ ᠦᠯᠡᠳᠡᠳᠡᠭ᠎ᠠᠴᠠ᠂ ᠨᠤᠮ ᠪᠢᠴᠢᠭ᠎ᠲᠤ ᠤᠢ ᠤᠬᠠᠭ᠋ᠠᠨ ᠰᠢᠩᠭᠡᠵᠦ ᠪᠠᠢ᠌ᠳᠠᠭ᠂ ᠨᠤᠮ ᠪᠢᠴᠢᠭ᠎ᠠᠴᠠ ᠬᠦᠰᠡᠯ ᠡᠷᠡᠮᠡᠯᠵᠡᠯ ᠤᠷᠭᠤᠵᠤ᠂ ᠨᠤᠮ ᠪᠢᠴᠢᠭ᠎ᠠᠴᠠ ᠰᠡᠳᠬᠢᠯ ᠲᠤᠭᠳᠤᠯᠤᠭᠤᠯᠤᠮ᠎ᠠ ᠠᠮᠵᠢᠯᠲᠠ ᠪᠦᠲᠦᠮᠵᠢ ᠦᠨᠳᠦᠰᠦᠯᠡᠳᠡᠭ᠃ ᠡᠢ᠌ᠮᠤ᠎ᠠᠴᠠ ᠨᠤᠮ᠎ᠢ ᠬᠦᠨᠳᠦᠳᠭᠡᠨ ᠲᠡᠭᠡᠳᠦᠯᠡᠵᠦ᠂ ᠭᠡᠤᠭᠡᠳ ᠵᠠᠯᠠᠭᠤᠰ᠎ᠤᠨ ᠬᠦᠮᠦᠵᠢᠯ᠎ᠳᠤ ᠬᠦᠴᠦ ᠨᠡᠮᠡᠷᠢᠯᠡᠬᠦ᠂ ᠭᠡᠰᠢᠭ ᠪᠤᠶᠠᠨ ᠬᠦᠷᠲᠡᠭᠡᠬᠦ ᠪᠤᠶᠠᠨᠳᠤ ᠦᠢ᠍ᠯᠡ ᠵᠢ ᠲᠠᠶᠠᠭ᠋ᠠᠷ᠎ᠤᠨ ᠬᠦᠴᠦᠨ ᠵᠶ᠋ᠠᠷ ᠭᠠᠢ᠌ᠬᠠᠲᠠᠯ᠎ᠠ ᠬᠢᠬᠦ ᠪᠤᠯᠤᠮᠵᠢ  ᠪᠢᠳᠡᠨ᠎ᠳᠤ ᠪᠦᠷᠢᠨ ᠪᠠᠢ᠌ᠨ᠎ᠠ᠃ ᠤᠯᠠᠨ᠎ᠤ ᠬᠦᠴᠦᠨ᠎ᠳᠤ ᠤᠪᠤᠭ᠎ᠠ ᠪᠤᠰᠤᠨ᠎ᠠ ᠭᠡᠳᠡᠭ ᠪᠢᠰᠢᠦ !
   ᠨᠤᠮ ᠪᠢᠴᠢᠭ᠎ᠢ ᠬᠦᠨᠳᠦᠳᠭᠡᠨ ᠤᠩᠰᠢᠬᠤ᠎ᠨᠢ ᠴᠢᠮᠦᠭᠡ ᠲᠤᠨᠳᠠᠷᠠᠭᠤᠯᠬᠤ ᠬᠦᠨᠳᠦ ᠬᠦᠳᠡᠯᠮᠦᠷᠢ ᠪᠢᠰᠢ᠂ ᠲᠡᠷᠡ᠎ᠨᠢ ᠦᠨ᠎ᠡ ᠦᠭᠡᠢ ᠦᠮᠴᠢ ᠪᠤᠯᠳᠠᠭ᠂ ᠦᠭᠬᠦᠭᠡᠴᠢ ᠬᠦᠳᠡᠯᠮᠦᠷᠢ ᠮᠦᠨ᠂ ᠦᠶ᠎ᠡ ᠲᠠᠮᠵᠢᠨ ᠳᠤᠷᠠᠰᠤᠭᠳᠠᠬᠤ ᠦᠩᠭᠡ ᠭᠡᠷᠡᠯᠲᠠᠢ ᠰᠠᠢ᠌ᠬᠠᠨ ᠠᠵᠤ ᠮᠦᠨ᠃
ᠬᠤᠷᠸ᠎ᠠ ᠵᠢᠨ ᠠᠮᠢᠳᠤᠷᠠᠯ ᠪᠦᠬᠦᠯᠢ᠎ᠳᠤ᠎ᠪᠠᠨ ᠨᠤᠮ᠎ᠳᠤ ᠰᠢᠩᠭᠡᠭᠰᠡᠨ ᠪᠠᠢ᠌ᠳᠠᠭ᠃ ᠤᠯᠠᠨ ᠮᠢᠩᠭ᠋ᠠᠨ ᠵᠢᠯ᠎ᠤᠨ ᠲᠤᠷᠰᠢ᠎ᠳᠤ ᠠᠮᠢᠳᠤᠷᠠᠵᠤ ᠢᠷᠡᠭᠰᠡᠨ ᠬᠦᠮᠦᠰ᠎ᠤᠨ ᠠᠯᠳᠠᠭ᠎ᠠ ᠤᠨᠤᠭ᠎ᠠ᠂ ᠤᠬᠠᠭ᠋ᠠᠨ ᠪᠢᠯᠢᠭ ᠵᠦᠪᠭᠡᠨ ᠨᠤᠮ᠎ᠳᠤ ᠯᠠ ᠪᠠᠢ᠌ᠳᠠᠭ ᠲᠤᠯᠠ ᠲᠡᠬᠦᠨ᠎ᠢ ᠬᠢᠴᠢᠶᠡᠩᠬᠦᠢ᠌ᠯᠡᠨ ᠤᠩᠰᠢᠬᠤ᠎ᠨᠢ ᠴᠢᠬᠤᠯᠠ ᠶᠤᠮ ᠪᠠᠢ᠌ᠨ᠎ᠠ᠃

 

ᠢᠷᠡᠯᠲᠡ᠄ 《ᠨᠡᠢ᠌ᠭᠡᠮ》 ᠰᠡᠳᠬᠦᠯ
          
ᠬᠠᠮᠢᠶ᠎ᠡ ᠪᠦᠬᠦᠢ ᠰᠣᠨᠢᠨ
《ᠨᠡᠢ᠌ᠬᠡᠮ》 ᠰᠡᠳᠬᠦᠯ᠎ᠳᠤ ᠡᠷᠬᠦᠭᠰᠡᠨ ᠰᠡᠳᠬᠢᠯ᠎ᠤᠨ ᠮᠢᠨᠢ ᠰᠢᠪᠡᠨᠡᠬᠡ
ᠤᠨᠤᠯ᠎ᠤᠨ ᠰᠤᠷᠤᠯᠴᠠᠯᠭ᠎ᠠ ᠪᠤᠯ ᠦᠢ᠍ᠯᠡᠰ᠎ᠤᠨ ᠬᠦᠭᠵᠢᠯᠲᠡ ᠵᠢᠨ ᠵᠦᠭᠯᠡᠬᠦᠷ ᠶᠤᠮ
《ᠢᠷᠬᠡᠨ᠎ᠤ ᠬᠠᠤᠯᠢ ᠵᠢᠨ ᠪᠢᠴᠢᠭ》᠎ᠲᠤ᠎ᠬᠢ ᠬᠡᠷ ᠪᠠᠢ᠌ᠰᠢᠡᠭ᠎ᠤᠨ ᠬᠤᠳᠠᠯᠳᠤᠭ᠎ᠠ᠎ᠯᠤᠭ᠎ᠠ ᠬᠤᠯᠪᠤᠬᠳᠠᠬᠤ ᠵᠦᠢ᠍ᠯᠡᠰ᠎ᠠᠴᠠ ᠶᠠᠭᠤ ᠶᠠᠭᠤ ᠵᠢ ᠠᠡᠭᠬᠠᠷᠬᠤ ᠴᠢᠬᠤᠯᠠᠳᠠᠢ ᠪᠤᠢ?
ᠬᠦᠳᠡᠯᠮᠦᠷᠢ — ᠦᠪᠡᠷ ᠵᠢᠡᠨ ᠠᠵᠠ ᠵᠢᠷᠭ᠋ᠠᠯ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ 《ᠪᠤᠯᠪᠠᠰᠤᠨ ᠬᠦᠬᠡᠬᠤᠲᠠ ᠵᠢᠨ ᠴᠤᠬ᠍ᠴᠠᠯᠠᠯᠳᠠ᠎ᠳᠤ ᠤᠷᠤᠯᠴᠠᠶ᠎ᠠ》 ᠭᠡᠬᠦ ᠯᠸᠢ ᠹᠸᠡᠭ᠎ᠠᠴᠠ ᠰᠤᠷᠤᠯᠴᠠᠬᠤ ᠰᠠᠢ᠌ᠨ ᠳᠤᠷ᠎ᠠ ᠵᠢᠨ ᠠᠵᠢᠯᠯᠠᠭ᠎ᠠ᠎ᠳᠤ ᠢᠳᠡᠪᠬᠢᠲᠡᠢ ᠣᠷᠣᠯᠴᠠᠪᠠ
 
            