ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠢᠨᠢᠶᠡᠮᠰᠦᠭᠯᠡᠵᠤ ᠶᠠᠪᠤᠶ᠎ᠠ᠂ ᠶᠢᠷᠳᠢᠨᠴᠦ ᠪᠠᠶᠠᠰᠤᠭ
ᠨᠡᠶᠢᠲᠡᠯᠡᠭᠰᠡᠨ ᠴᠠᠭ᠄ 2023-05-25


                                        ᠴᠠᠬᠠᠷ ᠠᠯᠲᠠᠨᠸᠴᠢᠷ ᠵᠤᠬᠢᠶᠠᠪᠠ      
     ᠬᠠᠭᠤᠴᠢᠨ ᠨᠤᠮ ᠪᠢᠴᠢᠭ᠎ᠢᠶᠠᠨ ᠲᠢᠭᠯᠡᠵᠣ ᠪᠠᠢ᠌ᠲᠠᠯ᠎ᠠ ᠬᠠᠭᠤᠳᠠᠰᠤ ᠴᠠᠬ᠋ᠠᠰᠣ ᠤᠨᠠᠬᠰᠠᠨ᠎ᠢ ᠠᠪᠤᠭ᠋ᠠᠳ ᠦᠵᠡᠪᠡᠯ ᠤᠯᠠᠨ ᠵᠢᠯ᠎ᠤᠨ ᠲᠡᠷᠲᠡᠭᠡᠬᠢ ᠡᠳᠦᠷ᠎ᠤᠨ ᠲᠡᠮᠳᠡᠭᠯᠡᠯ ᠪᠠᠢ᠌ᠯ᠎ᠠ᠃ ᠦᠲᠦ ᠬᠤᠷᠤᠬᠠᠢ ᠭᠦᠶᠦᠭᠰᠡᠨ ᠶᠤᠮ ᠰᠢᠭ ᠪᠠᠯᠴᠢᠷ ᠦᠢ᠎ᠡ᠎ᠶᠢᠨ ᠮᠠᠨᠢ ᠭᠠᠷ᠎ᠤᠨ ᠲᠢᠭ᠎ᠲᠠᠢ ᠮᠠᠷᠲᠠᠵᠣ ᠤᠷᠬᠢᠭᠰᠠᠨ ᠲᠡᠮᠳᠡᠭᠯᠡᠯ ᠵᠶ᠋ᠠᠨ ᠰᠤᠨᠢᠷᠬᠠᠨ ᠤᠡᠭᠰᠢᠬᠤᠯ᠎ᠠ ᠪᠤᠳᠤᠯ᠎ᠤᠨ ᠮᠢᠨᠢ ᠤᠴᠢᠭ ᠬᠤᠯᠠ᠎ᠶᠢᠨ ᠬᠤᠯᠠ᠎ᠳᠤ ᠬᠦᠪᠦᠷᠡᠭᠡᠳ ᠶᠠᠪᠤᠴᠢᠬᠠᠯ᠎ᠠ  ᠁
     ᠲᠡᠷᠡ ᠦᠢ᠎ᠡ᠎ᠳᠤ ᠪᠢ ᠰᠤᠮᠤᠨ᠎ᠤ ᠪᠠᠭ᠎ᠠ ᠰᠤᠷᠭ᠋ᠠᠭᠤᠯᠢ᠎ᠳᠤ ᠭᠦᠶᠦᠵᠦ ᠪᠠᠢ᠌ᠭᠰᠠᠨ᠃ ᠪᠠᠷᠤᠭ ᠳᠦᠷᠪᠡᠳᠦᠭᠡᠷ ᠤᠨ᠎ᠳᠤ  ᠪᠠᠢ᠌ᠬ᠎ᠠ ᠡ᠃
     ᠬᠢᠴᠢᠶᠡᠯ ᠲᠠᠷᠬᠠᠭ᠋ᠠᠳ ᠪᠢ ᠬᠡᠷ ᠤᠷᠤᠭᠤ᠎ᠪᠠᠨ ᠳᠦᠭᠦᠷᠡᠩ ᠪᠢᠴᠢᠭ᠎ᠲᠠᠢ ᠬᠦᠨᠳᠦ ᠪᠣᠬ᠍ᠴᠣ᠎ᠪᠠᠨ ᠲᠠᠬ᠋ᠠᠬ᠋ᠠᠵᠣ ᠶᠠᠳᠠᠨ ᠮᠠᠢ᠌ᠵᠢᠭᠢᠨᠠᠨ᠋ ᠊ᠠ᠋᠃ ᠳᠤᠤᠷ᠎ᠠ ᠤᠨ᠎ᠤ ᠬᠡᠳᠦᠨ ᠠᠯᠢᠶ᠎ᠠ ᠵᠢᠭ᠋ᠠᠯ ᠂ ᠠᠷᠪᠠᠨ ᠳᠦᠷᠪᠡ ᠲᠠᠪᠤᠨ ᠨᠠᠰᠤᠨ᠎ᠤ ᠲᠦᠯᠦᠪᠲᠡᠢ ᠬᠡᠯᠡᠨ᠎ᠤ ᠪᠡᠷᠬᠡᠳᠡᠯ᠎ᠲᠠᠢ ᠡᠬᠡᠴᠢᠮᠡᠳ ᠦᠬᠢᠨ᠎ᠢ ᠡᠯᠡᠭ ᠪᠠᠷᠢᠨ ᠠᠷᠤ᠎ᠠᠴᠠ᠎ᠨᠢ ᠲᠠᠬ᠋ᠠᠵᠣ ᠱᠣᠣᠭᠢᠯᠳᠣᠨ ᠬᠦᠬᠦᠷᠡᠯᠳᠦᠨ᠎ᠡ᠃ 《ᠡ ᠪᠠ᠂ ᠠ ᠪᠠ》 《ᠦ ᠠ᠂ ᠦ ᠠ》 ᠭᠡᠳ ᠪᠤᠴᠠᠵᠤ ᠮᠤᠳᠤ ᠴᠢᠯᠠᠭᠤ ᠨᠡᠭᠦᠯᠭᠡᠨ ᠲᠦᠢ᠍ᠳᠬᠡᠷ ᠵᠤᠯᠢᠭ᠎ᠤᠳ᠎ᠢ ᠡᠯᠳᠡᠨ ᠲᠠᠭᠤᠵᠤ ᠶᠠᠪᠤᠭ᠎ᠠ ᠶᠠᠪᠠ ᠦᠬᠢᠨ᠎ᠢ ᠬᠠᠷᠠᠭ᠋ᠠᠳ ᠳᠤᠲᠤᠷ᠎ᠠ ᠶᠡᠬᠡ ᠯᠠ ᠡᠪ ᠦᠭᠡᠢ᠌ᠷᠡᠬᠡᠳᠡᠭ᠂ ᠦᠷᠦ ᠡᠪᠡᠳᠦᠳᠡᠭ ᠴᠤ᠌ ᠪᠠᠢ᠌ᠯ᠎ᠠ᠃
     ᠲᠦᠢ᠍ᠳᠬᠡᠷ ᠳᠠᠮᠰᠢᠭ᠎ᠤᠳ ᠵᠠᠷᠢᠮ᠎ᠳᠤ᠎ᠪᠠᠨ ᠮᠢᠨᠤ ᠬᠤᠢ᠌ᠨ᠎ᠠ᠎ᠠᠴᠠ ᠴᠤ᠌ ᠲᠠᠬ᠋ᠠᠵᠣ ᠵᠡᠮᠳᠡᠭ ᠮᠠᠭᠤ ᠮᠠᠢ᠌ᠭ ᠭᠦᠯ᠎ᠢ ᠮᠢᠨᠢ ᠳᠠᠭᠤᠷᠢᠶᠠᠨ ᠠᠯᠴᠠᠬ᠋ᠠᠨᠠᠵᠣ ᠡᠯᠡᠭ ᠪᠠᠷᠢᠳᠠᠭ ᠪᠤᠯᠪᠠᠴᠤ ᠮᠢᠨᠤ ᠨᠢᠰᠬᠡᠳᠡᠭ ᠴᠢᠯᠠᠭᠤᠨ᠎ᠤ ᠠᠮᠲᠠ ᠵᠢ ᠬᠡᠳᠤᠨᠳᠡ ᠠᠮᠲᠠᠯᠠᠬᠰᠠᠨ ᠲᠤᠯᠠ ᠨᠠᠳᠠ᠎ᠠᠴᠠ ᠠᠶᠤᠵᠤ ᠴᠡᠷᠪᠡᠳᠡᠭ ᠪᠤᠯᠤᠭᠰᠠᠨ᠃ ᠲᠡᠳᠡᠨᠣᠰ ᠬᠡᠰᠡᠭ ᠪᠤᠵᠢᠬᠢᠨᠠᠯᠳᠤᠭ᠋ᠠᠳ ᠰᠠᠯᠪᠠ᠃
     ᠦᠨᠦ ᠶᠠᠪᠠ ᠦᠬᠢᠨ ᠬᠠᠵᠠᠭᠤ᠎ᠪᠠᠷ ᠦᠡᠭᠭᠡᠷᠡᠬᠦ᠎ᠳᠤ᠎ᠪᠠᠨ ᠦᠬᠡᠳᠡ᠎ᠠᠴᠠ ᠱᠤᠬᠳᠠᠢ᠌ᠬᠠᠨ ᠢᠨᠢᠶᠡᠭᠰᠡᠨ ᠵᠶ᠋ᠠᠨ ᠨᠠᠮ᠎ᠠ ᠵᠢ ᠳᠠᠭᠤᠷᠢᠶᠠᠨ ᠮᠠᠢ᠌ᠵᠢᠭᠢᠨᠠᠵᠤ ᠠᠯᠬᠤᠭ᠋ᠠᠳ ᠬᠡᠳᠡᠬᠡᠨᠡᠨ ᠢᠨᠢᠶᠡᠬᠦ᠎ᠳᠤ᠎ᠨᠢ ᠠᠭᠤᠷ ᠬᠦᠷᠴᠦ᠂ ᠮᠠᠭᠤ ᠰᠡᠪᠡᠭᠡᠷ᠎ᠤᠨ ᠲᠤᠢ᠌ᠭ ᠵᠢ᠎ᠨᠢ ᠮᠣᠯᠲᠣᠷᠠᠲᠠᠯ᠎ᠠ ᠴᠣᠬᠢᠶ᠎ᠠ ᠭᠡᠵᠦ ᠴᠢᠯᠠᠭᠤ ᠰᠢᠭᠦᠷᠠᠭᠡᠳ ᠲᠠᠯᠠᠢ᠌ᠬᠰᠠᠨ ᠪᠤᠯᠪᠠᠴᠤ ᠡᠵᠢ᠎ᠶᠢᠨ ᠮᠢᠨᠢ 《ᠬᠦᠮᠦᠨ᠎ᠲᠠᠢ ᠡᠶ᠎ᠡ ᠡᠪ᠎ᠲᠠᠢ ᠶᠠᠪᠣ! ᠪᠤᠰᠤᠳ᠎ᠲᠤ ᠪᠤᠤ ᠯᠠ ᠬᠤᠤᠷ᠎ᠬᠢ!  ᠨᠡᠨᠭ ᠴᠤ᠌  ᠲᠤᠷᠤᠢ ᠪᠠᠭᠤᠷᠠᠢ ᠬᠦᠮᠦᠰ᠎ᠢ ᠲᠠᠷᠤᠯᠠᠵᠤ ᠪᠤᠯᠬᠤ ᠦᠭᠡᠢ᠂ ᠲᠤᠰᠠᠯᠠᠵᠤ ᠴᠢᠳᠠᠬᠤ ᠦᠬᠡᠢ ᠪᠤᠯᠪᠠᠴᠤ ᠬᠤᠤᠷᠯᠠᠵᠤ ᠪᠤᠯᠬᠤ ᠦᠬᠡᠢ ᠶᠤᠮ ᠰᠢᠦ 》 ᠭᠡᠰᠡᠨ ᠦᠭᠡ ᠴᠢᠬᠢᠨ᠎ᠳᠤ ᠬᠠᠡᠭᠬᠢᠨᠠᠭᠤᠯᠠᠷ ᠪᠠᠷᠢᠭᠰᠠᠨ ᠴᠢᠯᠠᠭᠤ᠎ᠪᠠᠨ ᠳᠠᠩᠴᠦ ᠨᠡᠭᠦᠯᠭᠡᠵᠦ ᠴᠢᠳᠠᠭᠰᠠᠨ ᠦᠬᠡᠢ᠃   
     ᠲᠡᠭᠡᠬᠦ᠎ᠳᠤ ᠡᠬᠡᠴᠢᠮᠡᠳᠬᠡᠨ ᠪᠤᠯᠪᠠᠴᠤ ᠲᠦᠬᠦᠭᠡ ᠮᠠᠬ᠋ᠣᠲᠠᠢ ᠨᠦᠭᠦᠭᠡ ᠦᠬᠢᠨ ᠨᠠᠳᠠ᠎ᠠᠴᠠ ᠵᠠᠢ ᠪᠠᠷᠢᠨ ᠮᠦᠨ ᠯᠠ ᠲᠠᠬ᠋ᠣᠷᠢᠶᠠᠵᠣ ᠠᠯᠬᠤᠭᠰᠠᠭ᠋ᠠᠷ ᠯᠠ ᠪᠠᠢ᠌ᠪᠠ ᠁
     ᠡᠨᠡ ᠦᠵᠢᠷᠡᠭᠰᠡᠨ ᠬᠠᠭᠤᠳᠠᠰᠤᠨ᠎ᠳᠤ ᠡᠭᠦᠨ᠎ᠢ ᠯᠠ ᠲᠡᠮᠳᠡᠭᠯᠡᠭᠰᠡᠨ ᠶᠤᠮ ᠪᠠᠢ᠌ᠨ᠎ᠠ᠃
     ᠤᠳᠤ ᠪᠤᠳᠤᠪᠠᠯ ᠮᠢᠨᠦ ᠠᠯᠬᠤᠬᠤ ᠲᠡᠳᠡᠬᠡᠷ ᠬᠡᠤᠬᠡᠳ᠎ᠤᠳ᠎ᠲᠠᠢ ᠠᠳᠠᠯᠢ ᠦᠬᠡᠢ ᠪᠤᠯᠬᠤᠷ ᠰᠤᠨᠢᠷᠬᠠᠬ᠋ᠠᠳ ᠲᠠᠬ᠋ᠤᠷᠢᠶᠠᠵᠤ ᠠᠬ᠋ᠠᠰᠢᠯᠠᠳᠠᠬ ᠪᠠᠢ᠌ᠬ᠎ᠠ᠃ ᠬᠦᠭᠡᠷᠦᠬᠦᠢ ᠳ᠋ᠡ᠂ ᠬᠡᠤᠬᠡᠳ ᠨᠠᠰᠤ ᠭᠡᠵᠤ ᠶᠠᠮᠠᠷ ᠴᠦ᠍ ᠬᠡᠨᠡᠨ ᠴᠠᠢ᠌ᠯᠭ᠋ᠠᠨ ᠪᠢᠯᠨ ᠳ᠋ᠠ᠂ ᠲᠤᠷᠠᠰᠤᠬ᠋ᠠᠳ ᠰᠠᠬ᠋ᠤᠬᠤ᠎ᠳᠤ ᠴᠦ᠍ ᠰᠠᠢ᠌ᠬᠠᠨ ᠡ᠃
     ᠪᠠᠭ᠎ᠠ ᠰᠤᠷᠬ᠋ᠠᠬ᠋ᠤᠯᠢ᠎ᠪᠠᠨ ᠲᠡᠭᠦᠰᠦᠭᠡᠳ ᠠᠨᠭ᠌ᠬ᠎ᠠ ᠳᠤᠮᠳᠠᠳᠤ ᠰᠤᠷᠭ᠋ᠠᠭᠤᠯᠢ᠎ᠳᠤ ᠲᠡᠪᠰᠢᠵᠣ ᠬᠤᠰᠢᠭᠤᠨ ᠲᠦᠪ᠎ᠲᠤ ᠪᠠᠢ᠌ᠷᠢ᠎ᠳᠤ ᠰᠠᠬ᠋ᠤᠬᠤ ᠪᠤᠯᠬᠤ᠎ᠳᠤ ᠪᠠᠬᠰᠢ ᠮᠢᠨᠢ ᠨᠠᠮ᠎ᠠ ᠵᠢ ᠦᠪᠡᠷ᠎ᠤᠨ ᠬᠡᠤᠭᠡᠳ᠎ᠢᠶᠠᠨ ᠰᠢᠭ ᠬᠠᠯᠠᠮᠵᠢᠯᠠᠵᠤ᠂ ᠬᠠᠮᠳᠦ ᠰᠤᠷᠤᠬ᠍ᠴᠢᠳ ᠮᠢᠨᠢ ᠲᠦᠷᠦᠭᠰᠡᠨ ᠠᠬ᠎ᠠ ᠲᠡᠬᠦᠦ᠎ᠪᠠᠨ ᠰᠢᠭ ᠲᠤᠳᠤᠨᠤ ᠬᠠᠨᠳᠤᠵᠤ ᠬᠠᠪᠰᠤᠷᠴᠤ ᠲᠤᠰᠠᠯᠠᠳᠠᠬ ᠲᠡᠳᠤᠢ ᠦᠬᠡᠢ᠂ ᠠᠩᠭᠢ ᠵᠢᠨ ᠬᠡᠷ᠂ ᠪᠠᠢ᠌ᠷᠢ ᠵᠢᠨ ᠬᠡᠷ ᠴᠡᠪᠡᠷᠯᠡᠬᠦ ᠵᠢᠵᠢᠭᠦᠷ ᠴᠤ᠌ ᠲᠤᠬᠢᠷᠠᠭᠤᠯᠳᠠᠭ ᠦᠬᠡᠢ᠃ ᠲᠡᠷᠡ ᠦᠢ᠎ᠡ᠎ᠳᠤ ᠪᠢᠳᠡ ᠬᠤᠷᠢ ᠭᠤᠴᠢᠭᠤᠯᠠ ᠨᠢᠭᠡ ᠪᠠᠢ᠌ᠷᠢ᠎ᠳᠤ ᠰᠠᠭᠤᠵᠤ᠂ ᠬᠤᠶᠠᠷ ᠬᠦᠮᠦᠨ ᠨᠢᠭᠡ ᠵᠢᠵᠢᠭᠦᠷ ᠪᠤᠯᠵᠤ ᠬᠤᠭᠤᠯᠠ᠎ᠪᠠᠨ ᠪᠠᠢ᠌ᠷᠢ᠎ᠳᠤ᠎ᠪᠠᠨ ᠵᠦᠭᠡᠭᠡᠵᠣ ᠠᠪᠴᠢᠷᠠᠭ᠋ᠠᠳ ᠬᠤᠪᠢᠶᠠᠵᠤ ᠦᠭᠳᠡᠭ᠂ ᠬᠠᠷᠢᠨ ᠨᠠᠳᠠ᠎ᠪᠠᠷ ᠬᠤᠭᠤᠯᠠ ᠵᠦᠭᠡᠭᠡᠬᠦ ᠵᠢᠵᠢᠭᠦᠷ ᠬᠢᠯᠭᠡᠳᠡᠭ ᠦᠬᠡᠢ᠃ ᠢᠩᠭᠢᠭᠡᠳ ᠯᠠ ᠪᠢ ᠨᠦᠬᠦᠳ᠎ᠤᠨ᠎ᠢᠶᠠᠨ ᠳᠡᠮᠵᠢᠯᠭᠡ ᠵᠢ ᠬᠦᠷᠲᠡᠭᠡᠳ ᠯᠠ ᠶᠠᠪᠤᠳᠠᠭ ᠪᠠᠢ᠌ᠯ᠎ᠠ᠃
     ᠲᠡᠷᠡ ᠨᠢᠭᠡ ᠵᠤᠨ ᠮᠠᠨ᠎ᠤ ᠠᠩᠭᠢ᠎ᠶᠢᠨ᠎ᠬᠢᠨ ᠬᠦᠢ᠍ᠲᠡᠨ ᠰᠢᠯᠢ᠎ᠳᠤ ᠵᠤᠭ᠋ᠠᠴᠠᠬᠤ᠎ᠪᠠᠷ ᠶᠠᠪᠤᠯ᠎ᠠ᠃ 《ᠪᠢ ᠶᠠᠪᠤᠬᠤ ᠦᠭᠡᠢ》 ᠭᠡᠬᠦ᠎ᠳᠤ ᠨᠦᠬᠦᠳ ᠮᠢᠨᠢ 《ᠶᠠᠪᠤᠶ᠎ᠠ! ᠮᠠᠰᠢᠨ ᠲᠡᠷᠭᠡ᠎ᠪᠠᠷ ᠶᠠᠪᠤᠬᠤ ᠬᠡᠵᠣ ᠪᠠᠢ᠌ᠬᠤ ᠶᠤᠮ ᠴᠢᠨᠢ ᠁》 ᠬᠡᠭᠰᠡᠭᠡᠷ ᠪᠠᠢ᠌ᠭ᠋ᠠᠳ ᠨᠠᠮ᠎ᠠ ᠵᠢ ᠲᠠᠬ᠋ᠠᠬ᠋ᠣᠯᠵᠣ ᠶᠠᠪᠤᠪᠠ ᠃
     ᠠᠭᠤᠯᠠᠨ᠎ᠳᠤ ᠪᠠᠷᠤᠭ ᠪᠦᠲᠦᠨ ᠡᠳᠦᠷ ᠰᠢᠬᠠᠭᠤ ᠨᠠᠭ᠋ᠠᠳᠤᠭ᠋ᠠᠳ ᠪᠤᠴᠠᠬᠤ ᠦᠶ᠎ᠡ᠎ᠳᠤ ᠮᠠᠨᠤᠰ᠎ᠢ ᠬᠦᠷᠭᠡᠵᠣ ᠢᠷᠡᠭᠰᠡᠨ ᠰᠤᠷᠭ᠋ᠠᠭᠤᠯᠢ᠎ᠶᠢᠨ  ᠴᠢᠷᠦᠭᠦᠯ᠎ᠲᠠᠢ ᠮᠠᠰᠢᠨ ᠲᠤᠰᠬᠤ᠎ᠪᠠᠷ ᠢᠷᠡᠬᠡᠳ ᠪᠠᠢ᠌ᠮ᠎ᠠ ᠴᠠᠭ᠋ᠠᠨ᠎ᠠ ᠬᠦᠯᠢᠶᠡᠵᠣ ᠪᠠᠢ᠌ᠯ᠎ᠠ᠃
     ᠶᠠᠳᠠᠷᠠᠵᠤ ᠲᠣᠢ᠌ᠯᠳᠠᠵᠣ ᠬᠦᠯ ᠡᠪᠡᠳᠦᠭᠡᠳ ᠨᠦᠬᠦᠳ᠎ᠢᠶᠠᠨ ᠲᠠᠭ᠋ᠠᠵᠤ ᠳᠡᠢ᠌ᠯᠬᠦ ᠦᠬᠡᠢ ᠠᠷᠤ᠎ᠳᠤ᠎ᠨᠢ ᠮᠠᠢ᠌ᠵᠢᠭᠢᠨᠠᠬᠤ᠎ᠳᠤ ᠨᠠᠢ᠌ᠵᠠ ᠪᠦᠬᠡ ᠮᠠᠨᠢ ᠨᠠᠮ᠎ᠠ ᠵᠢ ᠡᠭᠦᠷᠦᠨ᠎ᠡ ᠭᠡᠳ ᠡᠮᠦᠨ᠎ᠡ ᠮᠢᠨᠢ ᠤᠴᠤᠢ᠌ᠬᠤ᠎ᠨᠢ ᠲᠡᠷᠡ᠃ ᠪᠢ ᠶᠡᠬᠡ ᠯᠠ  ᠡᠪ ᠦᠭᠡᠢ᠌ᠷᠬᠡᠵᠦ ᠦᠪᠡᠷ᠎ᠢᠶᠠᠨ ᠴᠢᠷᠮᠠᠢ᠌ᠨ ᠠᠯᠬᠤᠶ᠎ᠠ ᠭᠡᠪᠡᠯ 《ᠬᠠᠮᠢᠢ᠎ᠠ ᠦᠬᠡᠢ᠂ ᠡᠭᠦᠷᠦᠭᠦᠯᠴᠢᠬᠡ ᠡ᠃ ᠪᠢᠳᠡ ᠴᠤ᠌ ᠴᠢᠮ᠎ᠠ ᠵᠢ ᠡᠭᠡᠯᠵᠢ᠎ᠪᠠᠷ ᠡᠭᠦᠷᠦᠶ᠎ᠡ》 ᠭᠡᠳ ᠪᠠᠲᠤᠴᠡᠩᠬᠡᠯ᠂ ᠳᠠᠢ᠌ᠴᠢᠨ᠂ ᠠᠮᠤᠭᠤᠯᠠᠩ ᠭᠤᠷᠪᠠᠭᠤᠯᠠ ᠨᠠᠮ᠎ᠠ ᠵᠢ ᠲᠦᠯᠬᠢᠨ ᠪᠦᠬᠡ᠎ᠶᠢᠨ  ᠨᠢᠷᠤᠭᠤᠨ ᠳᠡᠭᠡᠷ᠎ᠡ ᠨᠠᠬ᠋ᠠᠯᠳᠣᠬ᠋ᠣᠯᠪᠠ᠃ ᠲᠡᠭᠡᠭᠡᠳ ᠯᠠ ᠲᠡᠳᠡ ᠳᠦᠷᠪᠡᠭᠦᠯᠡ ᠨᠠᠮ᠎ᠠ ᠵᠢ ᠡᠭᠡᠯᠵᠢᠯᠡᠨ ᠡᠭᠦᠷᠴᠦ ᠲᠡᠷᠭᠡᠨ ᠳᠡᠭᠡᠷ᠎ᠡ ᠭᠠᠷᠭ᠋ᠠᠯ᠎ᠠ᠃
     ᠢᠨᠭᠭᠢᠭᠳ ᠯᠠ ᠪᠢ ᠪᠡᠶ᠎ᠡ ᠵᠡᠮᠳᠡᠭ ᠪᠤᠯᠪᠠᠴᠤ ᠪᠠᠬᠰᠢ᠂ ᠨᠠᠢ᠌ᠵᠡ ᠨᠦᠬᠦᠳ᠎ᠤᠨ ᠵᠶ᠋ᠠᠨ ᠬᠠᠢ᠌ᠷ᠎ᠠ ᠬᠠᠯᠠᠮᠵᠢᠯᠠᠯ᠎ᠢ ᠬᠦᠷᠳᠡᠵᠦ ᠠᠨᠭ᠌ᠬ᠎ᠠ ᠳᠤᠮᠳᠠᠳᠤ᠎ᠶᠢᠨ ᠭᠤᠷᠪᠠᠨ ᠵᠢᠯ ᠵᠶ᠋ᠠᠨ ᠪᠠᠶᠠᠷ ᠬᠦᠷ᠎ᠲᠠᠢ ᠦᠩᠭᠡᠷᠡᠭᠡᠭᠰᠡᠨ ᠵᠶ᠋ᠠᠨ ᠪᠤᠳᠤᠬᠤᠯᠠᠷ 《ᠶᠠᠮᠠᠷ ᠰᠠᠢ᠌ᠬᠠᠨ ᠬᠦᠮᠦᠰ᠎ᠢ ᠪᠤᠷᠬᠠᠨ  ᠨᠠᠳᠠ᠎ᠳᠤ ᠵᠠᠶᠠᠭ᠋ᠠᠭᠰᠠᠨ᠎ᠢ᠂ ᠢᠯᠠᠭᠤᠨ ᠰᠠᠷᠠᠨ᠎ᠤ ᠳᠤᠤᠷ᠎ᠠ ᠦᠭᠡ᠎ᠪᠠᠷ ᠢᠯᠡᠳᠬᠡᠬᠦ᠎ᠶᠢᠨ ᠠᠷᠭ᠎ᠠ ᠦᠬᠡᠢ ᠁》 ᠬᠡᠵᠦ ᠦᠪᠡᠷ᠎ᠤᠨ ᠡᠷᠭᠡ ᠦᠬᠡᠢ ᠠᠶᠠᠯᠤᠨ ᠲᠠᠬ᠋ᠤᠯᠠᠳᠠᠬ ᠰᠠᠨ᠃ 
     ᠬᠦᠮᠦᠨ ᠡ ᠭᠡᠵᠢ! ᠤᠬᠠᠭ᠋ᠠᠷᠠᠵᠤ ᠠᠮᠢᠳᠤᠷᠠᠬᠤ ᠬᠤᠷᠸ᠎ᠠ ᠭᠡᠵᠤ ᠁
     ᠦᠢ᠍ᠯᠨ᠎ᠶᠢᠨ ᠦᠷ᠎ᠡ᠎ᠪᠠᠷ ᠨᠠᠳᠠ᠎ᠳᠤ ᠲᠤᠬᠢᠶᠠᠬᠰᠠᠨ  ᠳᠠᠩᠴᠣ ᠬᠠᠳᠠᠬ᠋ᠤ ᠬᠤᠪᠢ ᠲᠠᠪᠢᠯᠠᠩ ᠶᠤᠮ ᠳ᠋ᠠ᠃ ᠬᠡᠯ᠎ᠡ ᠬᠡᠬᠦ᠎ᠳᠤ ᠲᠠᠪᠢᠯᠠᠩ ᠵᠠᠶᠠᠭ᠋ᠠᠨ᠎ᠳᠤ᠎ᠪᠠᠨ ᠲᠠᠰᠬᠣ ᠯᠠ ᠠᠯᠪᠠ᠎ᠲᠠᠢ᠂ ᠡᠭᠦᠷᠬᠦ ᠯᠠ ᠶᠤᠰᠤᠲᠠᠢ᠎ᠲᠠᠢ᠎ᠠᠴᠠ ᠬᠤᠢ᠌ᠰᠢ᠃ ᠬᠡᠪᠡᠴᠦ ᠬᠦᠮᠦᠨ ᠦᠪᠡᠷ᠎ᠤᠨ᠎ᠬᠢ᠎ᠪᠠᠷ᠎ᠢᠶᠠᠨ ᠠᠮᠢᠳᠤᠷᠠᠬᠤ ᠬᠡᠵᠦ ᠪᠠᠰᠠ ᠰᠠᠢ᠌ᠬᠠᠨ ᠪᠠᠢ᠌ᠳᠠᠬ᠃ ᠰᠠᠢ᠌ᠨ᠎ᠢ ᠪᠤᠳᠤᠵᠤ᠂ ᠰᠠᠢ᠌ᠨ ᠰᠡᠳᠬᠢᠯ ᠵᠢᠡᠷ᠂ ᠰᠠᠢ᠌ᠨ ᠦᠢ᠍ᠯᠨ᠎ᠳᠤ ᠰᠢᠮᠳᠠᠶ᠎ᠠ ᠭᠡᠵᠤ ᠴᠢᠳᠠᠯ ᠵᠢᠡᠷ ᠵᠢᠡᠨ ᠴᠢᠷᠮᠠᠢ᠌ᠵᠤ ᠯᠠ ᠶᠠᠪᠤᠬᠤ᠎ᠨᠢ ᠵᠦᠢ᠍ᠳᠡᠢ ᠪᠤᠯᠪᠠ ᠤᠤ ᠳ᠋ᠠ᠃ ᠲᠡᠭᠡᠬᠦ᠎ᠳᠤ ᠠᠮᠢᠳᠤᠷᠠᠯ ᠮᠢᠨᠢ ᠪᠤᠰᠤᠳ᠎ᠤᠨ ᠬᠠᠷᠠᠬ᠋ᠠᠯᠵᠠᠯ ᠦᠭᠡᠢ᠎ᠪᠠᠷ ᠤᠷᠤᠰᠢᠵᠤ ᠴᠢᠳᠠᠬᠤ ᠦᠬᠡᠢ ᠤᠴᠢᠷ᠎ᠠᠴᠠ ᠨᠠᠮ᠎ᠠ ᠵᠢ ᠲᠦᠷᠦᠬᠦᠯᠵᠦ ᠦᠰᠭᠡᠭᠰᠡᠨ ᠠᠴᠢᠳᠦ ᠠᠪᠤ ᠡᠵᠢ᠂ ᠠᠰᠠᠷᠠᠵᠤ ᠬᠠᠷᠠᠬ᠋ᠠᠯᠵᠠᠳᠠᠬ ᠠᠬ᠎ᠠ ᠳᠡᠭᠦᠤ᠂ ᠲᠤᠰᠠᠯᠠᠵᠦ ᠲᠡᠮᠵᠢᠵᠦ ᠶᠠᠪᠤᠬᠰᠠᠨ ᠨᠠᠢ᠌ᠵᠠ ᠨᠦᠬᠦᠳ᠎ᠲᠤ᠎ᠪᠠᠨ ᠪᠠᠶᠠᠷᠯᠠᠵᠦ ᠲᠠᠯᠠᠷᠬᠠᠵᠦ ᠶᠠᠪᠤᠨᠠᠮ᠃
     ᠰᠠᠢ᠌ᠬᠠᠨ ᠰᠠᠨᠠᠬ᠋᠎ᠠ ᠎ᠲᠠᠢ ᠠᠴᠢᠳᠦ ᠬᠦᠮᠦᠰ ᠵᠢᠡᠨ ᠰᠠᠨᠠᠨ ᠲᠤᠷᠠᠰᠴᠦ ᠰᠠᠬ᠋ᠤᠬᠤ᠎ᠳᠤ ᠰᠡᠳᠬᠢᠯ ᠨᠢᠬᠡ ᠯᠨ ᠬᠡᠭᠡᠯᠵᠡᠭᠡᠳ ᠰᠢᠯᠦᠭ᠎ᠤᠨ ᠬᠡᠮᠡᠷ ᠱᠠᠳ ᠮᠦᠷ᠎ᠤᠳ ᠲᠠᠰᠤᠷᠠᠨ ᠪᠠᠬ᠋ᠤᠬᠤ ᠵᠢ ᠢᠳᠡᠭᠡᠯ ᠵᠤᠷᠢᠭ ᠪᠤᠯᠬ᠋ᠠᠨ ᠬᠡᠯᠬᠢᠵᠦ ᠦᠯᠡᠳᠡᠭᠡᠶ᠎ᠡ᠄
     ᠡᠨᠡ ᠰᠠᠢ᠌ᠬᠠᠨ ᠲᠡᠯᠡᠬᠡᠢ᠎ᠳᠤ  
     ᠡᠷᠡᠮᠳᠡᠭ ᠵᠠᠶᠠᠭ᠋ᠠᠭᠰᠠᠨ ᠴᠦ᠍  ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ
     ᠡᠯᠢᠭᠡ ᠪᠦᠲᠦᠨ ᠬᠤᠷᠸ᠎ᠠ᠎ᠳᠤ  
     ᠵᠡᠮᠳᠡᠭ ᠪᠤᠯᠤᠭᠰᠠᠨ ᠴᠦ᠍ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ 
     ᠡᠷᠡᠭᠦᠯ ᠪᠡᠶ᠎ᠡ ᠦᠭᠡᠢ ᠴᠦ᠍  
     ᠰᠠᠷᠠᠭᠤᠯ ᠤᠬᠠᠭ᠋ᠠᠨ᠎ᠲᠠᠢ ᠪᠤᠯᠬᠤᠷ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ   
     ᠤᠳᠤ᠎ᠲᠠᠢ ᠰᠦᠨᠢ ᠵᠢᠨ ᠭᠦᠨ᠎ᠳᠤ
     ᠤᠢ᠌ᠳᠬᠠᠷ᠎ᠲᠤ ᠵᠢᠪᠦᠳᠡᠭ ᠴᠤ᠌ ᠶᠠᠭ᠋ᠠᠬᠢᠬᠤ ᠪᠣᠢ            
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ
     ᠭᠦᠶᠦᠬᠦ ᠲᠡᠩᠭᠡᠭᠡ ᠦᠭᠡᠢ ᠴᠦ᠍  
     ᠬᠦᠷᠳᠦᠲᠦ ᠲᠡᠷᠭᠡᠨᠴᠢᠷ᠎ᠲᠠᠢ ᠪᠤᠯᠬᠤᠷ ᠶᠠᠭ᠋ᠠᠬᠢᠬᠤ ᠪᠣᠢ 
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ  
     ᠬᠦᠯ ᠵᠶ᠋ᠠᠷ ᠬᠦᠷᠬᠦ ᠦᠭᠡᠢ ᠭᠠᠵᠠᠷ᠎ᠲᠤ  
     ᠬᠡᠯᠡ᠎ᠪᠠᠷ ᠬᠦᠷᠳᠡᠭ᠎ᠲᠤ᠎ᠪᠠᠨ ᠪᠠᠶᠠᠰᠳᠠᠭ ᠪᠤᠯᠬᠤᠷ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ   
     ᠬᠤᠷᠸ᠎ᠠ ᠵᠢᠨ ᠠᠭᠤᠳᠠᠮ᠎ᠳᠤ  
     ᠬᠠᠶᠠ ᠪᠠᠰᠠ ᠰᠡᠳᠬᠢᠯ ᠳᠠᠪᠴᠢᠭᠤᠳᠠᠳᠠᠭ ᠴᠦ᠍ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ 
     ᠬᠦᠬᠡ ᠲᠡᠭᠷᠢ᠎ᠶᠢᠨ ᠳᠤᠤᠷ᠎ᠠ  
     ᠬᠦᠮᠦᠨ᠎ᠤ ᠲᠠᠢ᠌ᠲᠠᠢ ᠶᠠᠪᠤᠬᠤ᠎ᠪᠠᠷ ᠴᠢᠷᠮᠠᠢ᠌ᠳᠠᠭ ᠪᠤᠯᠬᠤᠷ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ
     ᠬᠦᠮᠦᠨ᠎ᠠᠴᠠ ᠲᠤᠳᠠᠭᠤ ᠴᠦ᠍  
     ᠬᠦᠰᠡᠯ ᠵᠶ᠋ᠠᠷ ᠲᠤᠯᠢᠮᠠᠭ ᠪᠢᠰᠢ ᠪᠤᠯᠬᠤᠷ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ 
     ᠨᠠᠢ᠌ᠷᠲᠠᠢ ᠬᠠᠢ᠌ᠷᠠᠲᠠᠢ ᠪᠦᠮᠪᠦᠷᠴᠡᠭ᠎ᠲᠤ᠎ᠪᠠᠨ
     ᠨᠢᠰᠴᠤ ᠲᠡᠪᠳᠡᠷᠢᠵᠤ ᠴᠢᠳᠠᠬᠣ ᠦᠭᠡᠢ ᠴᠦ᠍ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ  
     ᠨᠠᠷᠠᠨ᠎ᠤ ᠰᠠᠢ᠌ᠬᠠᠨ ᠮᠦᠰᠢᠶᠡᠯ᠎ᠳᠤ  
     ᠨᠢᠳᠦᠨ᠎ᠳᠤ᠎ᠪᠠᠨ ᠨᠢᠯᠪᠤᠰᠤ᠎ᠲᠠᠢ ᠴᠦ᠍ ᠶᠠᠭ᠋ᠠᠬᠢᠬᠤ ᠪᠣᠢ
     ᠢᠨᠢᠶᠡᠮᠰᠦᠭᠯᠡᠵᠤ ᠶᠠᠪᠤᠶ᠎ᠠ᠂ ᠶᠢᠷᠳᠢᠨᠴᠦ ᠪᠠᠶᠠᠰᠤᠭ ᠡ  
     
   ᠬᠤᠷᠸ᠎ᠠ᠎ᠶᠢᠨ ᠠᠮᠢᠳᠤᠷᠠᠯ ᠰᠠᠢ᠌ᠬᠠᠨ ᠪᠠᠢ᠌ᠳᠠᠬ᠂ ᠬᠠᠳᠠᠬ᠋ᠤ ᠲᠠᠪᠢᠯᠠᠩ᠎ᠢ ᠢᠳᠡᠭᠡᠯ ᠰᠡᠳᠬᠢᠯ᠎ᠢᠶᠠᠷ ᠰᠦᠯᠡᠵᠤ ᠵᠦᠬᠡᠯᠡᠯᠡᠨ ᠢᠨᠢᠶᠡᠮᠰᠦᠭᠯᠡᠵᠤ ᠠᠮᠢᠳᠤᠷᠠᠶ᠎ᠠ᠂ ᠶᠢᠷᠳᠢᠨᠴᠦ ᠵᠢ ᠪᠠᠶᠠᠰᠳᠠᠯ᠎ᠠ ᠵᠢᠷᠭ᠋ᠠᠵᠤ ᠠᠮᠢᠳᠤᠷᠠᠶ᠎ᠠ ᠡ᠃

      ᠵᠤᠬᠢᠶᠠᠬ᠍ᠴᠢ ᠵᠢᠨ ᠬᠠᠶᠢᠭ᠄ ᠤᠯᠠᠭ᠋ᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠲᠤᠮᠲᠠᠲᠤ ᠬᠤᠰᠢᠭᠤᠨ᠎ᠤ ᠬᠦᠷᠢᠶ᠎ᠡ ᠰᠤᠮᠤ
         ᠦᠪᠤᠷ ᠮᠤᠡᠭᠭᠤᠯ᠎ᠤᠨ 《ᠨᠡᠢ᠌ᠬᠡᠮ 》 ᠰᠡᠳᠬᠦᠯ                          

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ 》 ᠰᠡᠳᠬᠦᠯ
          
ᠬᠠᠮᠢᠶ᠎ᠡ ᠪᠦᠬᠦᠢ ᠰᠣᠨᠢᠨ
ᠡᠴᠢᠭᠡ᠄ ᠤᠯᠠᠮᠵᠢᠯᠠᠯ᠂ ᠲᠦᠪᠡᠭᠳᠡᠯ᠂ ᠪᠠᠷᠢᠮᠵᠢᠶ᠎ᠠ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭᠴᠢ ᠴᠢ ᠪᠠᠳᠤ ᠰᠢᠯᠢ ᠵᠢᠨ ᠭᠣᠣᠯ ᠠᠢ᠌ᠮᠠᠭ᠂ ᠣᠷᠳᠣᠰ ᠬᠤᠳᠠ᠂ ᠦᠬᠠᠢ ᠬᠤᠳᠠ᠎ᠳᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡ ᠵᠡᠷᠭᠡ ᠠᠵᠢᠯ᠎ᠢ ᠪᠠᠢ᠌ᠴᠠᠭ᠋ᠠᠨ ᠰᠤᠳᠤᠯᠪᠠ
ᠵᠡᠮᠳᠡᠭᠴᠦᠳ᠎ᠤᠨ ᠬᠣᠶᠠᠷ ᠨᠥᠬᠥᠪᠦᠷᠢ ᠵᠢᠨ ᠭᠤᠶᠤᠴᠢᠯᠠᠯ᠎ᠢ ᠨᠢᠬᠡ ᠯᠨ ᠤᠳᠠᠭ᠎ᠠ᠎ᠳᠤ ᠬᠦᠢ᠍ᠴᠡᠳᠬᠡᠬᠦ ᠪᠤᠯᠤᠯ᠎ᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠤᠳᠤᠷᠢᠳᠤᠯᠭ᠎ᠠ ᠳᠤᠭᠤᠢ᠌ᠯᠠᠩ ᠳᠠᠭ᠋ᠠᠭᠤᠯᠤᠨ ᠵᠡᠭᠦᠨᠭ᠋ᠠᠷ ᠬᠣᠰᠢᠭᠤᠨ᠎ᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠠᠵᠢᠯ᠎ᠢ ᠪᠠᠢ᠌ᠴᠠᠭ᠋ᠠᠨ ᠰᠤᠳᠤᠯᠪᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠮᠣᠩᠭᠣᠯ ᠬᠡᠯᠡᠨ᠎ᠤ ᠰᠦᠯᠵᠢᠶ᠎ᠡ 2022 ᠣᠨ᠎ᠤ ᠰᠢᠯᠭ᠋ᠠᠨ ᠦᠨᠡᠯᠡᠯᠳᠡ᠎ᠳᠤ ᠳᠠᠬᠢᠨᠲᠠ ᠰᠢᠯᠢᠳᠡᠭ ᠪᠦᠲᠦᠮᠵᠢ ᠣᠯᠪᠠ
 
            