ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠄ ᠰᠢᠯᠢᠳᠡᠭ ᠦᠢ᠍ᠯᠡᠴᠢᠯᠡᠭᠡ᠎ᠪᠠᠷ ᠵᠡᠮᠳᠡᠭᠴᠦᠳ᠎ᠤᠨ ᠠᠷᠠᠳ᠎ᠤᠨ ᠠᠮᠢᠳᠤᠷᠠᠯ᠎ᠢ ᠪᠠᠲᠤᠯᠠᠨ ᠰᠠᠢ᠌ᠵᠢᠷᠠᠭᠤᠯᠤᠨ᠎ᠠ
ᠨᠡᠶᠢᠲᠡᠯᠡᠭᠰᠡᠨ ᠴᠠᠭ᠄ 2023-08-21

                      ᠴᠣᠯᠮᠣᠨ ᠮᠡᠳᠡᠭᠡᠯᠡᠪᠡ
    ᠣᠷᠴᠢᠮ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠤᠯᠠᠭ᠋ᠠᠨᠬᠠᠳᠠ ᠬᠣᠲᠠ᠎ᠳᠤ ᠬᠦᠷᠴᠦ 2023 ᠣᠨ᠎ᠤ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠤᠨ ᠬᠢᠮᠡᠯ ᠮᠥᠴᠢ᠂ ᠵᠥᠭᠰᠢᠷᠡᠭᠦᠯᠬᠦ ᠪᠠᠭ᠋ᠠᠵᠢ᠂ ᠮᠡᠰᠡ ᠵᠠᠰᠠᠯ ᠬᠢᠵᠦ ᠵᠥᠭᠰᠢᠷᠡᠭᠦᠯᠬᠦ ᠵᠢᠴᠢ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢ ᠰᠢᠭᠰᠢᠨ ᠪᠠᠢ᠌ᠴᠠᠭ᠋ᠠᠬᠤ ᠠᠵᠢᠯ ᠥᠷᠨᠢᠭᠦᠯᠪᠡ᠃ ᠳᠠᠩᠰᠠᠯᠠᠬᠤ᠎ᠪᠠᠷ ᠢᠷᠡᠭᠰᠡᠨ ᠨᠦᠬᠦᠴᠡᠯ᠎ᠳᠤ ᠨᠡᠢ᠌ᠴᠡᠬᠦ ᠵᠡᠮᠳᠡᠭᠴᠦᠳ᠎ᠤᠨ ᠮᠥᠴᠢ ᠵᠡᠮᠳᠡᠭ ᠪᠣᠯᠣᠭᠰᠠᠨ ᠰᠢᠯᠲᠠᠭ᠋ᠠᠨ᠎ᠢ᠎ᠨᠢ ᠠᠰᠠᠭᠤᠪᠠᠯ ᠳᠡᠢ᠌ᠯᠦᠩᠬᠢ᠎ᠨᠢ ᠲᠡᠷᠭᠡᠨ ᠡᠨᠳᠡᠯ ᠪᠣᠶᠣ ᠪᠣᠰᠣᠳ ᠡᠨᠳᠡᠯ᠎ᠠᠴᠠ ᠵᠡᠮᠳᠡᠭ ᠪᠣᠯᠣᠭᠰᠠᠨ᠎ᠨᠢ ᠬᠠᠮᠤᠭ᠎ᠤᠨ ᠣᠯᠠᠨ᠂ ᠳᠠᠷᠠᠭ᠋ᠠᠯᠠᠪᠠᠯ ᠡᠪᠡᠳᠴᠢᠨ᠎ᠠᠴᠠ ᠪᠣᠯᠵᠦ ᠮᠥᠴᠢ ᠵᠡᠮᠳᠡᠭ ᠪᠣᠯᠣᠭᠰᠠᠨ ᠪᠠᠰᠠ ᠨᠢᠭᠡᠨ ᠴᠢᠬᠤᠯᠠ ᠰᠢᠯᠲᠠᠭ᠋ᠠᠨ ᠪᠣᠯᠵᠦ ᠪᠤᠢ᠃
   ᠠᠷᠤ ᠬᠤᠷᠴᠢᠨ ᠬᠤᠰᠢᠭᠤᠨ᠎ᠤ ᠱᠤᠸᠠᠩ ᠱᠸᠩ ᠪᠠᠯᠭ᠋ᠠᠰᠣ ᠵᠢᠨ ᠢᠦᠢ ᠱᠤ᠌ ᠲᠠᠩ ᠽᠢ ᠭᠠᠴᠠᠭ᠋ᠠᠨ᠎ᠤ ᠰᠢᠣᠢ ᠹᠸᠩ ᠴᠢᠨ 2013 ᠣᠨ᠎ᠳᠤ ᠶᠠᠰᠤᠨ᠎ᠤ ᠦᠮᠠᠨ ᠵᠶ᠋ᠠᠷ ᠣᠨᠣᠰᠢᠯᠠᠭᠳᠠᠵᠤ ᠲᠡᠷᠡ ᠳᠠᠷᠤᠢ᠎ᠳᠤ᠎ᠨᠢ ᠮᠡᠰᠡ ᠵᠠᠰᠠᠯ ᠬᠢᠭᠰᠡᠨ ᠪᠣᠯᠪᠠᠴᠦ 2017 ᠣᠨ᠎ᠳᠤ ᠡᠪᠡᠳᠴᠢᠨ᠎ᠨᠢ ᠳᠠᠬᠢᠭᠰᠠᠨ ᠪᠣᠯᠬᠣᠷ ᠠᠷᠭ᠎ᠠ ᠪᠣᠰᠣ ᠡᠮᠴᠢ ᠵᠢᠨ ᠰᠠᠨᠠᠭᠤᠯᠭ᠎ᠠ᠎ᠪᠠᠷ ᠮᠥᠴᠢ ᠳᠠᠭ᠋ᠠᠷᠢᠬᠤ ᠮᠡᠰᠡ ᠵᠠᠰᠠᠯ ᠬᠢᠵᠦ ᠳᠦᠩᠭᠡᠵᠦ ᠠᠮᠢ ᠭᠠᠷᠴᠠᠢ᠃ ᠲᠡᠭᠦᠨ᠎ᠤ ᠬᠣᠶᠠᠷ ᠬᠦᠦ᠎ᠨᠢ ᠭᠠᠳᠠᠨ᠎ᠠ ᠣᠷᠣᠨ᠎ᠳᠤ ᠬᠦᠴᠦᠨ᠎ᠤ ᠬᠥᠳᠡᠯᠮᠦᠷᠢ ᠬᠢᠵᠦ᠂ ᠲᠡᠷᠡ᠎ᠪᠠᠷ ᠡᠪᠦᠭᠡᠨ᠎ᠲᠠᠢ᠎ᠪᠠᠨ ᠬᠣᠶᠠᠭᠤᠯᠠᠬᠠᠨ ᠵᠶ᠋ᠠᠨ ᠭᠡᠷ᠎ᠲᠤ᠎ᠪᠠᠨ ᠰᠠᠭᠤᠵᠤ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠪᠦᠷᠢ᠂ ᠨᠡᠢ᠌ᠭᠡᠮ᠎ᠤᠨ ᠪᠠᠲᠤᠯᠠᠭ᠎ᠠ ᠵᠢᠨ ᠨᠦᠬᠦᠪᠦᠷᠢ ᠪᠣᠯᠣᠨ ᠪᠠᠭ᠎ᠠ ᠰᠠᠨᠠᠭ᠎ᠠ ᠵᠡᠮᠳᠡᠭᠴᠦᠳ᠎ᠤᠨ ᠨᠦᠬᠦᠪᠦᠷᠢ᠎ᠪᠠᠷ ᠠᠮᠢᠳᠤᠷᠠᠯ ᠵᠶ᠋ᠠᠨ ᠠᠷᠭ᠋ᠠᠴᠠᠭ᠋ᠠᠳᠠᠭ ᠪᠠᠢ᠌ᠨ᠎ᠠ᠂  ᠲᠡᠷᠡ ᠬᠢᠮᠡᠯ ᠮᠥᠴᠢ ᠲᠠᠭ᠋ᠠᠷᠠᠭᠤᠯᠤᠶ᠎ᠠ ᠭᠡᠵᠦ ᠬᠡᠴᠢᠨᠡᠬᠡᠨ ᠰᠠᠨᠠᠭᠰᠠᠨ ᠴᠦ᠍ ᠶᠠᠭ ᠲᠡᠩᠬᠡᠭᠡ᠎ᠨᠢ ᠬᠦᠷᠬᠦ  ᠦᠭᠡᠢ ᠭᠠᠷ ᠨᠤᠬᠤᠯᠠᠨ ᠭᠠᠴᠢᠭᠳᠠᠨ ᠰᠠᠭᠤᠵᠤ ᠪᠠᠢ᠌ᠵᠠᠢ᠃
     《ᠬᠦᠦ ᠮᠢᠨᠢ ᠣᠯᠬᠣ ᠮᠦᠩᠬᠦ᠎ᠨᠢ ᠲᠣᠭ᠎ᠠ᠎ᠲᠠᠢ ᠪᠣᠯᠬᠣᠷ ᠪᠢᠳᠡᠨ᠎ᠳᠤ ᠨᠡᠮᠡᠷᠢ ᠪᠣᠯᠵᠦ ᠳᠡᠢ᠌ᠯᠬᠦ ᠦᠭᠡᠢ᠂ ᠡᠳᠦᠷ ᠳᠣᠲᠣᠮ᠎ᠤᠨ ᠵᠠᠷᠤᠳᠠᠯ᠎ᠠᠴᠠ ᠭᠠᠳᠠᠨ᠎ᠠ ᠮᠢᠨᠦ ᠰᠠᠷ᠎ᠠ ᠵᠢᠨ ᠤᠤᠭᠤᠳᠠᠭ ᠬᠢᠮᠢ ᠵᠢᠨ ᠵᠠᠰᠠᠯ᠎ᠤᠨ ᠡᠮ᠎ᠨᠢ 1200 ᠲᠦᠭᠦᠷᠢᠭ ᠵᠠᠷᠤᠴᠠᠭᠤᠯᠳᠠᠭ᠂ ᠮᠥᠴᠢ ᠵᠡᠮᠳᠡᠭ ᠪᠣᠯᠣᠭᠰᠠᠨ᠎ᠠᠴᠠ ᠰᠡᠭᠦᠯᠡᠷ ᠬᠡᠳᠦᠢ᠌ᠪᠡᠷ  ᠲᠠᠶᠠᠭ ᠲᠤᠯᠳᠠᠭ ᠪᠣᠯᠪᠠᠴᠦ ᠦᠷᠭᠦᠯᠵᠢ ᠲᠠᠮᠢᠷ ᠲᠡᠩᠭᠡᠬᠡ ᠬᠦᠷᠦᠯᠴᠡᠬᠦ ᠦᠭᠡᠢ᠎ᠠᠴᠠ ᠪᠣᠯᠵᠦ ᠣᠢ᠌ᠴᠢᠵᠦ ᠲᠤᠰᠳᠠᠭ ᠤᠴᠢᠷ ᠵᠦᠩᠳᠡᠭᠡᠨ ᠭᠠᠷᠳᠠᠭ᠂ ᠨᠢᠳᠦᠨᠤᠨ ᠬᠢᠵᠢᠭ᠎ᠤᠨ ᠪᠠᠢ᠌ᠳᠠᠯ᠎ᠠᠴᠠ ᠪᠣᠯᠵᠦ ᠬᠢᠮᠡᠯ ᠮᠥᠴᠢ ᠲᠠᠭ᠋ᠠᠷᠠᠭᠤᠯᠵᠦ ᠳᠡᠢ᠌ᠯᠦᠭᠰᠡᠨ ᠦᠭᠡᠢ ᠶᠡᠬᠡ ᠯᠠ ᠵᠣᠪᠠᠭᠰᠠᠨ᠂ ᠥᠨᠥ ᠵᠢᠯ ᠶᠠᠭᠤ ᠭᠡᠰᠡᠨ ᠴᠦ᠍ ᠬᠥᠬᠡᠬᠣᠲᠠ᠎ᠳᠤ ᠬᠦᠷᠴᠦ ᠲᠠᠭ᠋ᠠᠷᠠᠭᠤᠯᠬᠤ ᠪᠣᠯᠵᠠᠢ᠂ ᠬᠢᠮᠡᠯ ᠬᠥᠯ ᠲᠠᠭ᠋ᠠᠷᠠᠭᠤᠯᠴᠢᠬᠠᠪᠠᠯ ᠠᠯᠬᠤᠬᠤ᠎ᠳᠤ ᠲᠦᠰᠢᠭ  ᠲᠤᠯᠭ᠋ᠠᠭᠤᠷ᠎ᠲᠠᠢ ᠪᠣᠯᠣᠨ᠎ᠠ ᠳ᠋ᠠ》 ᠭᠡᠵᠦ ᠰᠢᠤᠢ ᠹᠸᠩ ᠴᠢᠨ ᠠᠩᠬᠠᠳᠤᠭ᠋ᠠᠷ ᠤᠳᠠᠭ᠎ᠠ ᠬᠢᠮᠡᠯ ᠮᠥᠴᠢ ᠲᠠᠭ᠋ᠠᠷᠠᠭᠤᠯᠬᠤ ᠎ᠳᠤ᠎ᠪᠠᠨ ᠢᠲᠡᠭᠡᠯ ᠲᠡᠭᠦᠯᠳᠡᠷ ᠪᠠᠢ᠌ᠯ᠎ᠠ᠃
    ᠰᠢᠤᠢ ᠹᠸᠩ ᠴᠢᠨ᠎ᠤ ᠦᠢ᠍ᠯᠡ ᠶᠠᠪᠤᠳᠠᠯ᠎ᠨᠢ ᠣᠨᠴᠠᠭ᠋ᠠᠢ ᠵᠢᠱ᠌ᠢᠶ᠎ᠡ ᠪᠢᠰᠢ᠂ ᠲᠡᠭᠦᠨ᠎ᠲᠠᠢ ᠠᠳᠠᠯᠢᠬᠠᠨ ᠬᠠᠪᠰᠤᠷᠤᠯᠭ᠎ᠠ ᠳᠡᠮᠵᠢᠯᠭᠡ ᠴᠢᠬᠤᠯᠠ᠎ᠲᠠᠢ ᠵᠡᠮᠳᠡᠭᠴᠦᠳ ᠮᠠᠰᠢ ᠣᠯᠠᠨ ᠪᠤᠢ᠃ ᠬᠦᠨᠳᠦ ᠡᠪᠡᠳᠴᠢᠨ᠎ᠨᠢ ᠶᠡᠷᠦ᠎ᠠᠴᠠ ᠬᠦᠮᠦᠰ᠎ᠢ ᠶᠠᠳᠠᠷᠠᠭᠤᠯᠬᠤ ᠪᠣᠶᠣ ᠳᠠᠬᠢᠨ ᠶᠠᠳᠠᠷᠠᠭᠤᠯᠬᠤ ᠴᠢᠬᠤᠯᠠ ᠰᠢᠯᠲᠠᠭ᠋ᠠᠨ  ᠪᠣᠯᠵᠦ᠂ ᠨᠢᠭᠡ ᠤᠳᠠᠭ᠋ᠠᠨ᠎ᠤ ᠬᠦᠨᠳᠦ ᠡᠪᠡᠳᠴᠢᠨ᠎ᠨᠢ ᠨᠢᠭᠡ ᠭᠡᠷ ᠪᠦᠯᠢ ᠵᠢᠨ᠎ᠬᠢᠨ᠎ᠢ ᠭᠦᠨ ᠬᠥᠪ᠎ᠲᠤ ᠲᠠᠲᠠᠨ ᠣᠷᠣᠭᠣᠯᠳᠠᠭ᠃ ᠢᠯᠠᠩᠭᠤᠶ᠎ᠠ ᠨᠢᠭᠡ ᠣᠷᠣᠯᠭ᠎ᠠ ᠪᠠᠭ᠋ᠠᠲᠠᠢ ᠵᠡᠮᠳᠡᠭ ᠬᠦᠮᠦᠨ᠎ᠳᠤ ᠠᠪᠴᠦ ᠬᠡᠯᠡᠪᠡᠯ᠂ ᠡᠢ᠌ᠮᠦᠷᠬᠦᠦ ᠬᠦᠴᠢᠷ ᠵᠣᠪᠠᠯᠠᠩ᠎ᠢ ᠲᠤᠭᠤᠯᠵᠦ ᠭᠠᠷᠬᠤ ᠲᠡᠩᠬᠡᠭᠡ ᠭᠡᠵᠦ ᠪᠠᠢ᠌ᠬᠤ ᠦᠭᠡᠢ ᠤᠴᠢᠷ᠎ᠠᠴᠠ ᠠᠮᠢᠳᠤᠷᠠᠯ᠎ᠨᠢ ᠭᠠᠴᠢᠭᠳᠠᠯ᠎ᠳᠤ ᠣᠷᠣᠳᠠᠭ᠃ ᠬᠢᠮᠡᠯ ᠮᠥᠴᠢ ᠲᠠᠭ᠋ᠠᠷᠠᠭᠤᠯᠬᠤ᠎ᠨᠢ ᠲᠡᠳᠡ ᠨᠠᠷ᠎ᠢ ᠬᠠᠪᠰᠤᠷᠤᠨ ᠠᠯᠬᠤᠬᠤ ᠬᠦᠰᠡᠯ᠎ᠢ᠎ᠨᠢ ᠪᠡᠶᠡᠯᠡᠭᠦᠯᠬᠦ ᠬᠠᠮᠤᠭ᠎ᠤᠨ ᠴᠢᠬᠤᠯᠠ ᠮᠥᠷᠲᠡᠭᠡᠨ ᠰᠢᠭᠤᠳ ᠠᠷᠭ᠎ᠠ ᠪᠠᠷᠢᠯ ᠶᠤᠮ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ ᠎ᠤᠨ᠎ᠬᠢᠨ ᠪᠦᠬᠦ ᠬᠦᠴᠦ᠎ᠪᠠᠷ ᠵᠶ᠋ᠡᠨ ᠳᠡᠳᠬᠦᠨ ᠲᠤᠰᠠᠯᠠᠵᠤ ᠬᠠᠪᠰᠤᠷᠤᠨ ᠳᠡᠮᠵᠢᠬᠦ᠂ ᠵᠡᠮᠳᠡᠭᠴᠦᠳ᠎ᠢ ᠳᠡᠮᠵᠢᠨ ᠵᠡᠮᠳᠡᠭᠴᠦᠳ᠎ᠢ ᠬᠠᠪᠰᠤᠷᠬᠤ ᠵᠠᠮ ᠳᠡᠭᠡᠷ᠎ᠡ ᠬᠡᠵᠢᠶᠡᠲᠡ ᠬᠠᠪᠰᠤᠷᠬᠤ ᠳᠡᠢ᠌ᠯᠬᠦ ᠵᠢ᠎ᠨᠢ ᠪᠦᠬᠦᠨ᠎ᠢ ᠬᠠᠪᠰᠤᠷᠴᠦ᠂ ᠨᠢᠭᠡ ᠬᠦᠮᠦᠨ᠎ᠢ ᠴᠦ᠍ ᠭᠡᠭᠡᠭᠳᠡᠭᠦᠯᠬᠦ ᠦᠭᠡᠢ ᠵᠢ ᠪᠠᠲᠤᠯᠠᠨ᠂ ᠰᠢᠯᠢᠳᠡᠭ ᠦᠢ᠍ᠯᠡᠴᠢᠯᠡᠭᠡ᠎ᠪᠠᠷ ᠵᠶ᠋ᠡᠨ ᠠᠷᠠᠳ᠎ᠤᠨ ᠠᠮᠢᠳᠤᠷᠠᠯ᠎ᠢ ᠪᠠᠲᠤᠯᠠᠬᠤ᠎ᠳᠤ ᠬᠦᠴᠦᠯᠡᠵᠦ᠂ ᠵᠡᠮᠳᠡᠭᠴᠦᠳ᠎ᠲᠤ ᠪᠣᠶᠠᠨ ᠦᠢ᠍ᠯᠡᠳᠬᠦ᠎ᠪᠠᠷ ᠳᠠᠮᠵᠢᠨ ᠵᠡᠮᠳᠡᠭᠴᠦᠳ᠎ᠤᠨ ᠠᠰᠠᠷᠠᠮᠵᠢ ᠵᠢᠨ ᠠᠵᠢᠯ᠎ᠢ ᠪᠠᠲᠤᠲᠠᠢ ᠠᠬᠢᠭᠤᠯᠪᠠ᠃

                    ᠮᠡᠳᠡᠭᠡᠯᠡᠭᠴᠢ ᠵᠢᠨ ᠬᠠᠶᠢᠭ᠄ ᠬᠥᠬᠡᠬᠣᠲᠠ ᠵᠢᠨ ᠰᠠᠢ᠌ᠬᠠᠨ ᠲᠣᠭᠣᠷᠢᠭ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠰᠸ ᠮᠠ ᠭᠤᠸᠠᠡᠭ ᠭᠠᠡᠭ ᠬᠠᠭ᠋ᠠᠯᠤᠭᠰᠠᠨ᠎ᠨᠢ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2023 ᠣᠨ᠎ᠤ ᠨᠡᠢ᠌ᠭᠡᠮ᠎ᠤᠨ ᠠᠵᠢᠯ᠎ᠤᠨ ᠲᠢᠩᠬᠢᠮ ᠎ᠤᠨ ᠬᠣᠭᠣᠷᠣᠨᠳᠣᠬᠢ ᠬᠣᠯᠪᠤᠭ᠋ᠠᠲᠤ ᠬᠤᠷᠠᠯ ᠬᠥᠬᠡᠬᠣᠲᠠ᠎ᠳᠤ ᠬᠤᠷᠠᠯᠳᠤᠪᠠ
ᠴᠢ ᠪᠠᠲᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠭᠣᠣᠯ ᠰᠡᠳᠦᠪᠲᠦ ᠬᠥᠮᠦᠵᠢᠯ᠎ᠤᠨ ᠠᠵᠢᠯ᠎ᠢ ᠪᠠᠢ᠌ᠴᠠᠭ᠋ᠠᠨ ᠰᠤᠳᠤᠯᠵᠤ ᠵᠢᠭ᠋ᠠᠨ ᠵᠢᠯᠤᠭᠤᠳᠪᠠ
ᠲᠢᠡᠭᠭᠢᠮ᠎ᠤᠨ ᠤᠳᠤᠷᠢᠳᠤᠯᠭ᠎ᠠ ᠪᠠᠢ᠌ᠴᠠᠭ᠋ᠠᠨ ᠰᠤᠳᠤᠯᠬᠤ ᠳᠤᠭᠤᠢ᠌ᠯᠠᠩ᠎ᠢ ᠳᠠᠭ᠋ᠠᠭᠤᠯᠤᠨ ᠭᠤᠸᠠᠩᠳᠦ᠋ᠩ ᠮᠤᠵᠢ᠎ᠳᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠠᠵᠢᠯ᠎ᠢ ᠪᠠᠢ᠌ᠴᠠᠭ᠋ᠠᠨ ᠰᠤᠳᠤᠯᠪᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ 《ᠦᠵᠡᠯ ᠰᠠᠨᠠᠭ᠎ᠠ ᠵᠢ ᠰᠤᠷᠤᠯᠴᠠᠬᠤ᠂ ᠨᠠᠮᠴᠢ ᠴᠢᠨᠠᠷ᠎ᠢ ᠴᠢᠩᠭ᠋ᠠᠳᠬᠠᠬᠤ᠂ ᠦᠢ᠍ᠯᠡᠳᠦᠯᠭᠡ ᠵᠢ ᠴᠢᠬᠤᠯᠠᠴᠢᠯᠠᠬᠤ᠂ ᠰᠢᠨ᠎ᠡ ᠭᠠᠪᠢᠶ᠎ᠠ ᠪᠠᠢ᠌ᠭᠤᠯᠬᠤ 》 ᠲᠢᠩᠬᠢᠮ᠎ᠤᠨ ᠰᠢᠰᠲ᠋ᠧᠮ᠎ᠤᠨ 《〈7 · 1〉᠎ᠢ ᠤᠬᠳᠤᠬᠤ》 ᠲᠡᠷᠢᠭᠦᠨ᠎ᠤ ᠬᠠᠮᠲᠤ ᠨᠡᠢ᠌ᠲᠡ᠂ ᠰᠢᠯᠢᠳᠡᠭ ᠬᠤᠪᠢ ᠬᠥᠮᠥᠨ᠂ 《ᠬᠣᠶᠠᠷ ᠰᠢᠯᠢᠳᠡᠭ ᠨᠢᠭᠡ ᠲᠡᠷᠢᠭᠦᠨ 》᠎ᠢ ᠬᠥᠬᠢᠭᠦᠯᠦᠨ ᠰᠠᠢ᠌ᠰᠢᠶᠠᠬᠤ ᠪᠠ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ ᠨᠠᠮ᠎ᠤᠨ ᠬᠢᠴᠢᠶᠡᠯ ᠵᠢᠭ᠋ᠠᠬᠤ ᠠᠵᠢᠯᠯᠠᠭ᠎ᠠ ᠥᠷᠨᠢᠭᠦᠯᠪᠡ
 
            