ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠰᠢᠳᠢᠳᠦ ᠪᠠᠳᠮᠠᠨ ᠳ᠋ᠸᠡᠭ
ᠨᠡᠶᠢᠲᠡᠯᠡᠭᠰᠡᠨ ᠴᠠᠭ᠄ 2024-01-04

    ᠭᠤᠷᠪᠠᠳᠤᠭ᠋ᠠᠷ ᠳᠠᠬᠢᠨᠢ ᠸᠠᠡᠭ ᠮᠤ᠌ ᠨᠢᠶᠠᠡᠭ ᠨᠢᠶᠠᠡᠭ᠎ᠤᠨ ᠲᠦᠷᠦᠭᠰᠡᠨ ᠡᠳᠦᠷ᠎ᠤᠨ ᠤᠢ ᠵᠢᠨ ᠨᠠᠢ᠌ᠷ ᠳᠡᠭᠡᠷ᠎ᠡ ᠤᠰᠤᠯ ᠭᠠᠷᠭ᠋ᠠᠨ ᠬᠤᠸᠨᠱ᠌ᠠᠨ ᠠᠭᠤᠯᠠᠨ᠎ᠤ ᠬᠤᠷᠮᠤᠢ᠎ᠳᠤ᠎ᠬᠢ ᠴᠠᠰᠤᠳᠤ ᠤᠷᠳᠤ᠎ᠳᠤ ᠴᠦᠯᠡᠭᠳᠡᠪᠡ᠃ ᠭᠤᠷᠪᠠᠳᠤᠭ᠋ᠠᠷ ᠳᠠᠬᠢᠨᠢ ᠭᠡᠵᠤ ᠡᠯ ᠯᠠᠡᠭ ᠲᠡᠭᠷᠢ ᠵᠢᠨ ᠦᠬᠢᠨ ᠳᠡᠬᠦᠦ ᠪᠠᠢ᠌ᠭᠰᠠᠨ ᠠᠵᠢ᠃ ᠭᠤᠷᠪᠠᠳᠤᠭ᠋ᠠᠷ ᠳᠠᠬᠢᠨᠢ᠎ᠳᠤ ᠰᠢᠳᠢᠳᠦ ᠪᠠᠳᠮᠠᠨ ᠳ᠋ᠸᠡᠭ᠎ᠲᠠᠢ᠃ ᠦᠨᠦᠬᠢ ᠪᠠᠳᠮᠠᠨ ᠳ᠋ᠸᠡᠭ᠎ᠨᠢ ᠳᠤᠬᠠᠢ ᠵᠢᠨ ᠵᠢᠯ ᠨᠢᠤᠢ ᠸᠨ ᠵᠢᠨ ᠲᠡᠭᠷᠢ ᠨᠦᠬᠦᠬᠦ᠎ᠳᠤ᠎ᠪᠠᠨ ᠭᠡᠷᠡᠭᠯᠡᠭᠰᠡᠨ ᠬᠤᠪᠢᠯᠭ᠋ᠠᠨ ᠭᠠᠯ᠎ᠠᠴᠠ ᠬᠤᠪᠢᠯᠤᠭᠰᠠᠨ ᠭᠠᠢ᠌ᠬᠠᠮᠰᠢᠭᠳᠤ ᠡᠷᠳᠡᠨᠢ ᠪᠠᠢ᠌ᠪᠠ᠃
   ᠡᠮᠦᠨ᠎ᠡ᠎ᠨᠢ ᠬᠤᠸᠨᠱ᠌ᠠᠨ ᠠᠭᠤᠯᠠᠨ᠎ᠤ ᠬᠤᠷᠮᠤᠢ᠎ᠳᠤ ᠠᠮᠢᠳᠤᠷᠠᠳᠠᠭ ᠬᠦᠮᠦᠨ ᠠᠮᠢᠲᠠᠨ ᠲᠠᠡᠭᠳᠠ ᠬᠢᠵᠢᠭ ᠲᠠᠬᠤᠯ᠎ᠤᠨ ᠬᠡᠢ᠎ᠳᠤ ᠬᠤᠤᠷᠳᠠᠭᠳᠠᠨ ᠵᠢᠯ ᠪᠦᠷᠢ ᠴᠦᠭᠡᠨ ᠪᠤᠰᠤ ᠬᠦᠮᠦᠨ ᠠᠮᠢᠲᠠᠨ ᠠᠮᠢ᠎ᠪᠠᠨ ᠠᠯᠳᠠᠳᠠᠭ ᠪᠠᠢ᠌ᠵᠠᠢ᠃ ᠭᠤᠷᠪᠠᠳᠤᠭ᠋ᠠᠷ ᠳᠠᠬᠢᠨᠢ ᠴᠠᠰᠤᠳᠤ ᠤᠷᠳᠤ᠎ᠳᠤ ᠴᠦᠯᠡᠭᠳᠡᠨ ᠢᠷᠡᠵᠦ ᠰᠠᠭᠤᠷᠢᠰᠢᠭᠰᠠᠨ᠎ᠤ ᠳᠠᠷᠠᠭ᠎ᠠ ᠰᠢᠳᠢᠳᠦ ᠪᠠᠳᠮᠠᠨ ᠳ᠋ᠸᠡᠭ ᠵᠶ᠋ᠠᠷ ᠵᠶ᠋ᠠᠨ ᠬᠢᠵᠢᠭ ᠲᠠᠬᠤᠯ᠎ᠤᠨ ᠬᠡᠢ ᠵᠢ ᠠᠷᠢᠯᠭ᠋ᠠᠵᠤ᠂ ᠬᠦᠮᠦᠨ ᠠᠮᠢᠲᠠᠨ᠎ᠳᠤ ᠬᠡᠪ᠎ᠤᠨ ᠲᠠᠢ᠌ᠪᠤᠡᠭ ᠠᠮᠢᠳᠤᠷᠠᠯ ᠤᠯᠭᠤᠪᠠ᠃ ᠲᠡᠭᠦᠨ᠎ᠠᠴᠠ ᠰᠡᠬᠦᠯᠡᠷ ᠤᠢ᠌ᠷ᠎ᠠ ᠲᠤᠭᠤᠷᠢᠨ᠎ᠤ ᠬᠦᠮᠦᠰ ᠶᠠᠮᠠᠷ ᠨᠢᠭᠡᠨ ᠡᠪᠡᠳᠴᠢᠨ ᠵᠤᠪᠠᠯᠠᠡᠭ᠎ᠳᠤ ᠲᠤᠯᠭ᠋ᠠᠷᠠᠪᠠᠯ ᠪᠦᠷ ᠭᠤᠷᠪᠠᠳᠤᠭ᠋ᠠᠷ ᠳᠠᠬᠢᠨᠢ ᠵᠢ ᠡᠷᠢᠨ ᠢᠷᠡᠵᠦ᠂ ᠠᠪᠤᠷᠠᠯ ᠲᠤᠰᠠᠯᠠᠮᠵᠢ ᠬᠦᠰᠡᠳᠡᠭ ᠪᠤᠯᠵᠠᠢ᠃ ᠭᠤᠷᠪᠠᠳᠤᠭ᠋ᠠᠷ ᠳᠠᠬᠢᠨᠢ ᠴᠤ᠌ ᠠᠯᠢ ᠴᠢᠳᠠᠬᠤ᠎ᠪᠠᠷ ᠲᠡᠳᠡᠨ᠎ᠢ ᠲᠤᠰᠠᠯᠠᠳᠠᠭ ᠪᠤᠯᠬᠤᠷ ᠲᠡᠭᠦᠨ᠎ᠤ ᠨᠡᠷ᠎ᠡ ᠠᠯᠲᠠᠷ ᠶᠠᠪᠤᠬᠤ ᠲᠤᠳᠤᠮ ᠤᠢ᠌ᠷ᠎ᠠ ᠵᠢᠨ ᠬᠦᠮᠦᠨ᠎ᠤ ᠠᠮᠠᠨ᠎ᠳᠤ ᠲᠠᠡᠭᠳᠠ ᠶᠠᠷᠢᠭᠳᠠᠵᠤ᠂ ᠬᠤᠯᠨ ᠵᠢᠨ ᠬᠦᠮᠦᠨ᠎ᠤ ᠴᠢᠬᠢᠨ᠎ᠳᠤ ᠵᠦᠡᠭᠳᠡᠭᠡᠨ ᠲᠤᠭᠤᠯᠳᠠᠳᠠᠭ ᠪᠤᠯᠪᠠ᠃ 
    ᠨᠢᠭᠡᠨ ᠡᠳᠦᠷ ᠯᠢᠤ ᠶᠠᠨ ᠴᠠᠡᠭ ᠭᠡᠭᠴᠢ ᠪᠢᠴᠢᠭ᠎ᠤᠨ ᠬᠦᠮᠦᠨ ᠨᠡᠢ᠌ᠰᠯᠡᠯ ᠬᠤᠲᠠ᠎ᠳᠤ ᠰᠢᠯᠭ᠋ᠠᠭᠤᠯᠢ᠎ᠳᠤ ᠤᠷᠤᠯᠴᠠᠬᠤ᠎ᠪᠠᠷ ᠠᠶᠠᠯᠠᠬᠤ᠎ᠳᠤ᠎ᠪᠠᠨ ᠴᠠᠰᠤᠳᠤ ᠤᠷᠳᠤ ᠵᠢᠨ ᠬᠠᠪᠢ᠎ᠪᠠᠷ ᠦᠡᠭᠭᠡᠷᠡᠵᠡᠢ᠃ ᠲᠡᠷᠨ ᠵᠠᠮ᠎ᠤᠨ ᠬᠦᠮᠦᠨ᠎ᠠᠴᠠ ᠮᠡᠳᠡᠬᠦ ᠦᠭᠡᠢ ᠶᠠᠭᠤᠮ᠎ᠠ ᠴᠢᠳᠠᠬᠤ ᠦᠭᠡᠢ ᠵᠦᠢ᠍ᠯ ᠭᠡᠵᠤ ᠪᠠᠢ᠌ᠳᠠᠭ ᠦᠭᠡᠢ ᠮᠡᠷᠭᠡᠨ ᠴᠢᠳᠠᠪᠤᠷᠢ᠎ᠲᠠᠢ ᠭᠤᠷᠪᠠᠳᠤᠭ᠋ᠠᠷ ᠳᠠᠬᠢᠨᠢ ᠵᠢᠨ ᠳᠤᠬᠠᠢ ᠰᠤᠨᠤᠰᠤᠭ᠋ᠠᠳ ᠦᠪᠡᠷ᠎ᠤᠨ ᠢᠷᠡᠭᠡᠳᠦᠢ ᠶᠠᠮᠠᠷ ᠪᠤᠯᠬᠤ ᠵᠢ ᠠᠰᠠᠭᠤᠵᠤ ᠦᠵᠡᠮᠡᠷ ᠰᠠᠨᠠᠭᠳᠠᠪᠠ᠃
ᠯᠢᠤ ᠶᠠᠨ ᠴᠠᠡᠭ ᠴᠠᠰᠤᠳᠤ ᠤᠷᠳᠤ᠎ᠳᠤ ᠤᠷᠤᠬᠤ᠎ᠳᠤ ᠭᠤᠷᠪᠠᠳᠤᠭ᠋ᠠᠷ ᠳᠠᠬᠢᠨᠢ ᠪᠠᠢ᠌ᠭ᠎ᠠ ᠦᠭᠡᠢ᠂ ᠰᠢᠪᠡᠭᠴᠢᠨ᠎ᠠᠴᠠ᠎ᠨᠢ ᠠᠰᠠᠭᠤᠬᠤ᠎ᠳᠤ ᠠᠢ᠌ᠯ᠎ᠤᠨ ᠳᠠᠢ᠌ᠯᠠᠯᠭ᠎ᠠ᠎ᠳᠤ ᠤᠷᠢᠭᠳᠠᠨ ᠶᠠᠪᠤᠭᠰᠠᠨ ᠭᠡᠵᠡᠢ᠃ ᠯᠢᠤ ᠶᠠᠨ ᠴᠠᠡᠭ ᠤᠲᠠᠲᠠᠯ᠎ᠠ ᠬᠦᠯᠢᠶᠡᠭᠰᠡᠨ ᠪᠤᠯᠪᠠᠴᠦ ᠭᠤᠷᠪᠠᠳᠤᠭ᠋ᠠᠷ ᠳᠠᠬᠢᠨᠢ ᠪᠤᠴᠠᠨ ᠢᠷᠡᠭᠡ ᠦᠭᠡᠢ ᠪᠤᠯᠬᠤᠷ ᠪᠠᠬᠠᠨ ᠳᠤᠷ᠎ᠠ ᠦᠭᠡᠢ᠌ᠴᠡᠵᠦ ᠰᠢᠪᠡᠭᠴᠢᠨ᠎ᠠᠴᠠ᠎ᠨᠢ᠄
   《ᠡᠵᠡᠨ᠎ᠠᠴᠠ ᠲᠠᠨᠢ ᠪᠢ ᠰᠢᠯᠭ᠋ᠠᠭᠤᠯᠢ᠎ᠳᠤ ᠤᠷᠤᠯᠴᠠᠭᠰᠠᠨ᠎ᠤ ᠳᠠᠷᠠᠭ᠎ᠠ ᠤᠷᠤᠭᠰᠠᠳ ᠪᠤᠯᠵᠤ ᠳᠡᠢ᠌ᠯᠬᠦ ᠡᠰᠡᠬᠦ᠎ᠪᠠᠨ ᠠᠰᠠᠭᠤᠶ᠎ᠠ ᠭᠡᠰᠡᠨ ᠶᠤᠮ᠂ ᠮᠡᠳᠡᠳᠡᠭ ᠶᠤᠮ ᠪᠤᠯ ᠤᠤ?》 ᠭᠡᠵᠤ ᠠᠰᠠᠭᠤᠪᠠ᠃ ᠰᠢᠪᠡᠭᠴᠢᠨ᠎ᠨᠢ᠄
   《ᠲᠡᠭᠦᠨ᠎ᠢ ᠮᠠᠨ᠎ᠤ ᠡᠵᠡᠨ ᠶᠠᠭ᠋ᠠᠬᠢᠨ ᠮᠡᠳᠡᠬᠦ ᠪᠤᠢ᠂ ᠲᠠᠨ᠎ᠤ ᠪᠤᠶᠠᠨ ᠯᠠ ᠮᠡᠳᠡᠨ᠎ᠡ》 ᠭᠡᠬᠦ᠎ᠳᠤ ᠯᠢᠤ ᠶᠠᠨ ᠴᠠᠡᠭ ᠠᠭᠤᠷᠯᠠᠵᠤ ᠪᠢᠷ   ᠰᠢᠭᠦᠷᠡᠨ ᠠᠪᠤᠭ᠋ᠠᠳ ᠭᠡᠷᠡᠮ ᠳᠡᠭᠡᠷ᠎ᠡ᠎ᠨᠢ ᠭᠤᠷᠪᠠᠳᠤᠭ᠋ᠠᠷ ᠳᠠᠬᠢᠨᠢ ᠵᠢ ᠮᠡᠭᠡᠯᠡᠭᠴᠢ ᠭᠡᠵᠤ ᠶᠦᠭᠡᠳᠡᠭᠰᠡᠨ ᠰᠢᠯᠦᠭ ᠪᠢᠴᠢᠵᠦ ᠤᠷᠬᠢᠭ᠋ᠠᠳ ᠬᠠᠡᠴᠤᠢ ᠰᠠᠵᠢᠨ ᠶᠠᠪᠤᠵᠤ ᠤᠳᠪᠠ᠃
ᠭᠤᠷᠪᠠᠳᠤᠭ᠋ᠠᠷ ᠳᠠᠬᠢᠨᠢ ᠪᠤᠴᠠᠨ ᠢᠷᠡᠭᠰᠡᠨ᠎ᠤ ᠳᠠᠷᠠᠭ᠎ᠠ ᠭᠡᠷᠡᠮ ᠳᠡᠭᠡᠷᠡᠬᠢ ᠰᠢᠯᠦᠭ᠎ᠢ ᠤᠡᠭᠰᠢᠭ᠋ᠠᠳ ᠶᠡᠭᠡᠳᠡ ᠠᠭᠤᠷᠯᠠᠪᠠ᠃ ᠲᠡᠷᠨ ᠠᠶᠤᠡᠭᠭ᠎ᠠ ᠴᠠᠬᠢᠯᠭ᠋ᠠᠨ᠎ᠤ ᠬᠤᠶᠠᠷ ᠰᠠᠬᠢᠭᠤᠯᠰᠤᠨ᠎ᠢ ᠲᠠᠭᠤᠳᠠᠨ ᠠᠪᠴᠢᠷᠠᠭ᠋ᠠᠳ ᠵᠠᠮ ᠬᠦᠭᠡᠭᠡᠵᠦ ᠶᠠᠪᠤᠭᠰᠠᠨ ᠯᠢᠤ ᠶᠠᠨ ᠴᠠᠡᠭ᠎ᠤᠨ ᠳᠡᠭᠡᠷ᠎ᠡ ᠪᠤᠷᠤᠭ᠋ᠠᠨ ᠴᠢᠳᠬᠤᠯᠠᠭᠤᠯᠪᠠ᠃
    ᠶᠠᠭ ᠰᠠᠢ᠌ᠬᠠᠨ ᠠᠭᠤᠯᠠᠨ ᠳᠤᠮᠳᠠᠭᠤᠷ ᠵᠠᠮ ᠬᠦᠭᠡᠭᠡᠵᠦ ᠶᠠᠪᠤᠭᠰᠠᠨ ᠯᠢᠤ ᠶᠠᠨ ᠴᠠᠡᠭ ᠬᠡᠨᠡᠤᠡᠲᠡ ᠨᠢᠭᠤᠷ ᠨᠢᠳᠦ ᠦᠭᠡᠢ ᠠᠰᠬᠠᠷᠠᠨ ᠴᠢᠳᠬᠤᠯᠠᠭᠰᠠᠨ ᠪᠤᠷᠤᠭ᠋ᠠᠨ᠎ᠳᠤ ᠱᠠᠯᠠᠪ  ᠨᠤᠷᠴᠤ ᠤᠰᠤᠨ᠎ᠳᠤ ᠤᠨᠠᠭᠰᠠᠨ ᠪᠤᠷᠤᠭᠴᠢᠨ ᠭᠤᠷᠭᠤᠤᠯ ᠠᠳᠠᠯᠢ ᠪᠤᠯᠴᠢᠬᠠᠵᠠᠢ᠃ ᠵᠠᠮ ᠬᠦᠭᠡᠭᠡᠭᠡᠳ ᠶᠠᠳᠠᠷᠠᠵᠤ ᠦᠯᠦᠰᠴᠦ ᠶᠠᠪᠤᠭᠰᠠᠨ ᠯᠢᠤ ᠶᠠᠨ ᠴᠠᠡᠭ ᠠᠭ᠋ᠠᠲᠠᠷ ᠪᠤᠷᠤᠭ᠋ᠠᠨ ᠳᠤᠮᠳᠠᠭᠤᠷ ᠠᠡᠳᠠᠷ ᠰᠠᠡᠳᠤᠷ ᠠᠯᠬᠤᠯᠠᠬᠤ᠎ᠳᠤ᠎ᠪᠠᠨ ᠰᠢᠪᠠᠷ ᠱᠠᠯᠴᠢᠭ᠎ᠲᠤ ᠬᠠᠯᠲᠤᠷᠢᠨ ᠤᠨᠠᠭ᠋ᠠᠳ ᠬᠦᠯ ᠵᠶ᠋ᠠᠨ ᠪᠡᠷᠲᠡᠬᠦᠯᠴᠢᠭᠡᠪᠡ᠃
  ᠯᠢᠤ ᠶᠠᠨ ᠴᠠᠡᠭ ᠤᠰᠤ ᠱᠠᠯᠪᠠᠭ ᠪᠤᠯᠤᠭᠰᠠᠨ ᠬᠦᠢ᠍ᠲᠡᠨ ᠭᠠᠵᠠᠷ ᠳᠡᠭᠡᠷ᠎ᠡ᠎ᠠᠴᠠ ᠪᠤᠰᠴᠦ ᠵᠤᠭᠰᠤᠬᠤ ᠵᠢ ᠰᠠᠨᠠᠭᠰᠠᠨ ᠪᠤᠯᠪᠠᠴᠦ ᠪᠡᠷᠲᠡᠭᠰᠡᠨ ᠬᠦᠯ ᠵᠶ᠋ᠠᠨ ᠬᠦᠳᠡᠯᠭᠡᠵᠦ ᠳᠡᠢ᠌ᠯᠦᠭᠡ ᠦᠭᠡᠢ ᠵᠢ ᠶᠠᠭ᠋ᠠᠬᠢᠨ᠎ᠠ᠃ ᠬᠦᠯ᠎ᠨᠢ ᠵᠢᠷᠦᠭᠡᠨ᠎ᠳᠤ᠎ᠨᠢ ᠤᠷᠤᠲᠠᠯ᠎ᠠ ᠵᠢᠮᠵᠢᠬᠢᠨᠡᠨ ᠡᠪᠡᠳᠴᠦ ᠪᠠᠢ᠌ᠯ᠎ᠠ᠃
  ᠯᠢᠤ ᠶᠠᠨ ᠴᠠᠡᠭ ᠭᠡᠵᠤ ᠬᠠᠡᠭᠬᠢᠶᠠᠯ ᠳᠠᠡᠭᠬᠢᠶᠠᠯ ᠪᠡᠶ᠎ᠡ᠎ᠲᠠᠢ ᠪᠢᠴᠢᠭ᠎ᠤᠨ ᠬᠦᠮᠦᠨ ᠪᠤᠯᠬᠤᠷ ᠶᠠᠭ᠋ᠠᠬᠢᠨ ᠡᠨᠡ ᠮᠡᠳᠦ ᠡᠪᠡᠳᠬᠦ ᠵᠢᠨ ᠵᠤᠪᠠᠯᠠᠡᠭ᠎ᠢ ᠳᠠᠭ᠋ᠠᠭ᠋ᠠᠵᠤ ᠳᠡᠢ᠌ᠯᠬᠦ ᠪᠤᠢ ᠳ᠋ᠠ᠂ ᠲᠡᠷᠨ ᠡᠴᠦᠰ᠎ᠲᠤ᠎ᠪᠠᠨ ᠮᠡᠳᠡᠭᠡ ᠠᠯᠲᠠᠨ ᠮᠠᠨᠠᠷᠠᠪᠠ᠃
  ᠭᠤᠷᠪᠠᠳᠤᠭ᠋ᠠᠷ ᠳᠠᠬᠢᠨᠢ ᠳᠠᠯᠲᠠ᠎ᠠᠴᠠ ᠯᠢᠤ ᠶᠠᠨ ᠴᠠᠡᠭ᠎ᠢ ᠬᠠᠷᠠᠭᠰᠠᠭ᠋ᠠᠷ ᠪᠠᠢ᠌ᠵᠦ ᠦᠷᠦ ᠡᠪᠡᠳᠴᠦ ᠪᠠᠢ᠌ᠭᠰᠠᠨ᠎ᠠᠴᠠ᠎ᠪᠠᠨ ᠰᠢᠪᠠᠷ ᠱᠠᠯᠴᠢᠭ ᠳᠤᠮᠳᠠ ᠮᠠᠨᠠᠷᠠᠨ ᠤᠨᠠᠬᠤ᠎ᠳᠤ᠎ᠨᠢ ᠶᠡᠭᠡᠳᠡ ᠰᠠᠡᠳᠤᠷᠪᠠ᠃ ᠲᠡᠷᠨ ᠤᠪᠠᠳᠢᠰ ᠭᠡᠷᠡᠭᠯᠡᠨ ᠨᠢᠳᠦ ᠴᠠᠪᠴᠢᠬᠤ ᠵᠢᠨ ᠵᠠᠭᠤᠷ᠎ᠠ ᠵᠠᠮ᠎ᠤᠨ ᠬᠠᠵᠠᠭᠤ᠎ᠳᠤ ᠰᠠᠢ᠌ᠬᠠᠨ ᠪᠠᠢ᠌ᠰᠢᠡᠭ ᠪᠤᠰᠬᠠᠭ᠋ᠠᠳ᠂ ᠰᠢᠪᠡᠭᠴᠢᠨ ᠬᠡᠤᠭᠡᠨ ᠵᠶ᠋ᠠᠨ ᠢᠯᠡᠭᠡᠨ ᠯᠢᠤ ᠶᠠᠨ ᠴᠠᠡᠭ᠎ᠢ ᠡᠷᠭᠦᠬᠦᠯᠵᠦ ᠲᠡᠳᠬᠦᠬᠦᠯᠦᠨ ᠦᠷᠦᠭᠡᠨ᠎ᠳᠤ ᠤᠷᠤᠭᠤᠯᠵᠤ ᠬᠡᠪᠲᠡᠭᠦᠯᠦᠭᠡᠳ ᠰᠢᠷᠬ᠎ᠠ ᠵᠢ᠎ᠨᠢ ᠰᠤᠪᠢᠯᠠᠭᠤᠯᠪᠠ᠃
    ᠭᠤᠷᠪᠠᠳᠤᠭ᠋ᠠᠷ ᠳᠠᠬᠢᠨᠢ ᠯᠢᠤ ᠶᠠᠨ ᠴᠠᠡᠭ᠎ᠤᠨ ᠠᠷᠤᠤᠬᠠᠨ ᠭᠡᠭᠡᠡᠴᠢᠷ ᠵᠢᠰᠦ ᠴᠢᠷᠠᠢ᠂ ᠠᠰᠬᠠᠮ᠎ᠠ ᠴᠠᠯᠬᠢᠮ᠎ᠠ ᠠᠪᠢᠶᠠᠰ ᠪᠢᠯᠢᠭ᠎ᠢ ᠨᠢᠭᠡᠮᠦᠰᠦᠨ ᠲᠤᠭᠤᠴᠢᠬᠠᠵᠠᠢ᠃ ᠰᠢᠪᠡᠭᠴᠢᠨ ᠲᠡᠳᠡ ᠬᠤᠶᠠᠭᠤᠯᠨ ᠵᠢᠨ ᠰᠠᠨᠠᠭ᠎ᠠ ᠵᠢ ᠬᠠᠷᠢᠯᠴᠠᠨ ᠳᠠᠮᠵᠢᠭᠤᠯᠵᠤ ᠪᠠᠢ᠌ᠭ᠋ᠠᠳ ᠡᠴᠦᠰ᠎ᠲᠤ᠎ᠨᠢ ᠲᠤᠭᠤᠷᠭ᠋ᠠᠳᠤ ᠭᠡᠷ᠎ᠲᠤ ᠲᠤᠯᠤᠭ᠋ᠠᠢ ᠬᠤᠯᠪᠤᠭᠤᠯᠵᠤ᠂ ᠲᠤᠭᠤᠭ᠎ᠠ᠎ᠲᠠᠢ ᠬᠤᠭᠤᠯᠠᠨ᠎ᠳᠤ ᠬᠤᠰᠢᠭᠤ ᠬᠤᠯᠪᠤᠭᠤᠯᠪᠠ᠃
   ᠢᠷᠡᠬᠦ ᠵᠢᠯ᠎ᠳᠤ᠎ᠨᠢ ᠲᠡᠳᠡ ᠠᠡᠭᠭ᠎ᠠ᠎ᠲᠠᠢ ᠪᠤᠯᠵᠤ᠂ ᠠᠭ᠋ᠠᠷᠤ ᠭᠡᠳᠡᠭ ᠨᠡᠷ᠎ᠡ ᠬᠠᠢ᠌ᠷᠠᠯᠠᠵᠠᠢ᠃ ᠠᠡᠭᠭ᠎ᠠ᠎ᠪᠠᠨ ᠰᠠᠷ᠎ᠠ ᠳᠦᠬᠦᠷᠬᠦ᠎ᠠᠴᠠ ᠤᠷᠢᠳ ᠯᠢᠤ ᠶᠠᠨ ᠴᠠᠡᠭ ᠲᠤᠰ ᠵᠢᠯ᠎ᠤᠨ ᠰᠢᠯᠭ᠋ᠠᠭᠤᠯᠢ᠎ᠳᠤ ᠤᠷᠤᠯᠴᠠᠬᠤ᠎ᠪᠠᠷ ᠨᠡᠢ᠌ᠰᠯᠡᠯ ᠬᠤᠲᠠ ᠵᠦᠭ ᠮᠤᠷᠳᠠᠪᠠ᠃
   ᠠᠭ᠋ᠠᠷᠤ ᠵᠢᠨ ᠰᠠᠷ᠎ᠠ ᠳᠦᠬᠦᠷᠤᠭ᠌ᠰᠡᠨ ᠡᠳᠦᠷ ᠤᠢ᠌ᠷ᠎ᠠ ᠲᠤᠭᠤᠷᠢᠨ᠎ᠤ ᠤᠯᠠᠨ ᠬᠦᠮᠦᠨ ᠴᠠᠰᠤᠳᠤ ᠤᠷᠳᠤ᠎ᠳᠤ ᠬᠦᠷᠦᠯᠴᠡᠨ ᠢᠷᠡᠵᠦ ᠪᠠᠶᠠᠷ ᠬᠦᠷᠭᠡᠪᠡ᠃ ᠬᠦᠷᠦᠯᠴᠡᠨ ᠢᠷᠡᠭᠰᠡᠨ ᠬᠦᠮᠦᠰ ᠨᠢᠯᠬ᠎ᠠ ᠬᠡᠤᠭᠡᠳ᠎ᠤᠨ ᠡᠷᠡᠬᠦᠯ ᠰᠠᠷᠠᠭᠤᠯ ᠦᠰᠦᠨ ᠪᠤᠢ᠌ᠵᠢᠬᠤ ᠵᠢ ᠵᠦᠡᠭᠨᠡᠨ ᠢᠷᠦᠭᠡᠵᠦ᠂ ᠨᠠᠢ᠌ᠷ᠎ᠤᠨ ᠰᠢᠷᠡᠭᠡᠨ᠎ᠳᠤ ᠰᠠᠭ᠋ᠠᠲᠠᠨ ᠠᠮᠲᠠᠲᠠᠢ ᠵᠢ ᠵᠤᠭᠤᠭᠯᠠᠨ ᠰᠢᠮᠠᠲᠠᠢ ᠵᠢ ᠤᠤᠭᠤᠵᠤ ᠴᠠᠰᠤᠳᠤ ᠤᠷᠳᠤ ᠵᠢ ᠬᠦᠷ ᠬᠦᠭᠵᠢᠶᠡᠨ ᠵᠶ᠋ᠠᠷ ᠳᠦᠬᠦᠷᠭᠡᠵᠡᠢ᠃
   ᠶᠠᠭ ᠡᠨᠡ ᠦᠶ᠎ᠡ᠎ᠳᠤ ᠡᠯ ᠯᠠᠡᠭ ᠲᠡᠭᠷᠢ ᠵᠢᠨ ᠬᠤᠳᠠᠴᠢ ᠨᠤᠬᠠᠢ᠎ᠨᠢ ᠮᠢᠬ᠎ᠠ ᠲᠤᠰᠤᠨ᠎ᠤ ᠦᠨᠦᠷ ᠵᠶ᠋ᠠᠷ ᠴᠠᠰᠤᠳᠤ ᠤᠷᠳᠤ᠎ᠳᠤ ᠰᠢᠡᠭᠰᠢᠯᠡᠨ ᠢᠷᠡᠵᠦ ᠭᠤᠷᠪᠠᠳᠤᠭ᠋ᠠᠷ ᠳᠠᠬᠢᠨᠢ ᠵᠢᠨ ᠳᠤᠤᠷ᠎ᠠ ᠶᠢᠷᠲᠢᠡᠴᠦ ᠵᠢᠨ ᠬᠦᠮᠦᠨ᠎ᠲᠠᠢ ᠤᠷᠤᠭᠯᠠᠵᠤ ᠬᠦᠦ᠎ᠲᠠᠢ ᠪᠤᠯᠤᠭᠰᠠᠨ ᠤᠴᠢᠷ᠎ᠢ ᠮᠡᠳᠡᠴᠢᠭᠡᠪᠡ᠃ ᠬᠤᠲᠠᠴᠢ ᠨᠤᠬᠠᠢ ᠲᠡᠷᠨ ᠳᠤᠤᠷ᠎ᠠ᠎ᠨᠢ ᠲᠡᠭᠷᠢ᠎ᠳᠤ᠎ᠪᠠᠨ ᠪᠤᠴᠠᠵᠤ ᠬᠤᠪᠢᠯᠭ᠋ᠠᠨ ᠡᠯ ᠯᠠᠡᠭ᠎ᠳᠤ ᠦᠬᠢᠨ ᠳᠡᠬᠦᠦ ᠵᠢᠨ ᠬᠢᠨᠢ ᠪᠠᠢ᠌ᠳᠠᠯ᠎ᠢ ᠮᠡᠳᠡᠬᠦᠯᠪᠡ᠃
   ᠡᠯ ᠯᠠᠡᠭ ᠲᠡᠭᠷᠢ ᠠᠭᠤᠰᠬᠢ᠎ᠪᠠᠨ ᠳᠡᠯᠪᠡᠷᠡᠮᠡᠷ ᠪᠤᠯᠲᠠᠯ᠎ᠠ ᠠᠭᠤᠷᠯᠠᠵᠤ᠄
    《ᠶᠠᠭᠤ? ᠡᠷᠬᠢᠮᠰᠦᠭ ᠳᠠᠬᠢᠨᠢ ᠪᠠᠢ᠌ᠭ᠋ᠠᠳ ᠡᠭᠡᠯ ᠬᠦᠮᠦᠨ᠎ᠲᠠᠢ ᠤᠷᠤᠭᠯᠠᠨ᠎ᠠ ᠭᠡᠳᠡᠭ ᠴᠢᠨᠢ ᠲᠡᠭᠷᠢ ᠵᠢᠨ ᠵᠢᠷᠦᠮ᠎ᠢ ᠲᠠᠷᠰᠯᠡᠭᠰᠡᠨ ᠤᠴᠢᠷ ᠪᠢᠰᠢ ᠤᠤ! ᠪᠢ ᠲᠡᠳᠡᠨ᠎ᠢ ᠵᠦᠭᠡᠷ ᠲᠠᠯᠪᠢᠬᠤ ᠦᠭᠡᠢ》 ᠭᠡᠵᠤ ᠪᠠᠷᠬᠢᠷᠠᠪᠠ᠃
    ᠡᠯ ᠯᠠᠡᠭ ᠲᠡᠭᠷᠢ ᠬᠤᠲᠠᠴᠢ ᠨᠤᠬᠠᠢ᠎ᠪᠠᠨ ᠳᠠᠭ᠋ᠠᠭᠤᠯᠤᠨ ᠴᠠᠰᠤᠳᠤ ᠤᠷᠳᠤ᠎ᠳᠤ ᠢᠷᠡᠵᠦ ᠦᠬᠢᠨ ᠳᠡᠬᠦᠦ᠎ᠪᠠᠨ ᠵᠠᠡᠭᠨᠠᠨ᠄
    《ᠴᠢ ᠲᠡᠭᠷᠢ ᠵᠢᠨ ᠳᠠᠬᠢᠨᠢ ᠪᠠᠢ᠌ᠵᠦ ᠳᠤᠤᠷ᠎ᠠ ᠶᠢᠷᠲᠢᠡᠴᠦ ᠵᠢᠨ ᠬᠦᠮᠦᠨ᠎ᠲᠠᠢ ᠠᠢ᠌ᠯ ᠭᠡᠷ ᠪᠤᠰᠬᠠᠨ᠎ᠠ ᠭᠡᠭᠴᠢ ᠰᠠᠮᠠᠭᠤᠷᠠᠵᠤ ᠪᠠᠢ᠌ᠭ᠎ᠠ ᠪᠢᠰᠢ ᠤᠤ! ᠡᠷ᠎ᠡ ᠨᠦᠬᠦᠷ ᠴᠢᠨᠢ ᠬᠠᠮᠢᠭ᠎ᠠ ᠪᠠᠢ᠌ᠬᠤ ᠪᠤᠢ?》 ᠭᠡᠯ᠎ᠠ᠃
   ᠭᠤᠷᠪᠠᠳᠤᠭ᠋ᠠᠷ ᠳᠠᠬᠢᠨᠢ ᠠᠬ᠎ᠠ᠎ᠪᠠᠨ ᠴᠢᠷᠠᠢ᠌ᠴᠢᠯᠠᠨ᠄
   《ᠠᠬ᠎ᠠ ᠡ᠂ ᠪᠢ ᠲᠡᠭᠦᠨ᠎ᠳᠤ ᠳᠤᠷᠠᠲᠠᠢ ᠮᠤᠷᠲᠠᠭᠰᠠᠨ ᠰᠢᠤ᠃ ᠲᠠ ᠮᠠᠨ᠎ᠢ ᠠᠮᠤᠷ ᠲᠠᠢ᠌ᠪᠤᠡᠭ ᠠᠮᠢᠳᠤᠷᠠᠭᠤᠯᠴᠢᠬ᠎ᠠ ᠳ᠋ᠠ》 ᠭᠡᠵᠤ ᠭᠤᠶᠤᠴᠢᠯᠠᠬᠤ᠎ᠳᠤ ᠬᠤᠪᠢᠯᠭ᠋ᠠᠨ ᠡᠯ ᠯᠠᠡᠭ ᠴᠢᠷᠠᠢ᠎ᠪᠠᠨ ᠪᠠᠷᠤᠢ᠌ᠯᠭ᠋ᠠᠨ᠄
   《ᠴᠢ ᠡᠷ᠎ᠡ ᠨᠦᠬᠦᠷ ᠵᠶ᠋ᠠᠨ ᠭᠠᠷᠭ᠋ᠠᠵᠤ ᠦᠭᠭᠦ ᠦᠭᠡᠢ ᠪᠤᠯ  ᠨᠠᠮ᠎ᠠ ᠵᠢ ᠳᠠᠭ᠋ᠠᠵᠤ ᠤᠴᠢᠭ᠋ᠠᠳ ᠬᠠᠭ᠋ᠠᠨ ᠬᠤᠷᠮᠤᠰᠲᠠ᠎ᠳᠤ ᠤᠰᠤᠯ ᠶᠠᠯ᠎ᠠ᠎ᠪᠠᠨ ᠬᠦᠯᠢᠶᠡ᠃ ᠦᠭᠡᠷ᠎ᠡ ᠢᠯᠡᠬᠦᠴᠠ ᠦᠭᠡ ᠬᠡᠯᠡᠬᠦ ᠭᠡᠷᠡᠭ ᠦᠭᠡᠢ》 ᠭᠡᠵᠡᠢ᠃
  ᠭᠤᠷᠪᠠᠳᠤᠭ᠋ᠠᠷ ᠳᠠᠬᠢᠨᠢ ᠭᠤᠮᠤᠳᠠᠬᠤ ᠵᠢᠨ ᠡᠷᠭᠡ᠎ᠪᠠᠷ ᠨᠢᠳᠦᠨ᠎ᠠᠴᠠ᠎ᠪᠠᠨ ᠨᠢᠯᠪᠤᠰᠤ ᠪᠦᠮᠪᠦᠷᠢᠬᠦᠯᠵᠦ ᠰᠢᠳᠢᠳᠦ ᠪᠠᠳᠮᠠᠨ ᠳ᠋ᠸᠡᠭ ᠵᠶ᠋ᠠᠨ ᠭᠠᠷᠭ᠋ᠠᠭ᠋ᠠᠳ᠄
   《ᠭᠡᠨ ᠠᠶᠤᠮᠰᠢᠭ ᠦᠭᠡᠢ ᠮᠠᠨ᠎ᠲᠠᠢ ᠬᠠᠯᠳᠠᠪᠠᠯ ᠪᠢ ᠨᠠᠢ᠌ᠷ ᠬᠠᠶᠠᠬᠤ ᠦᠭᠡᠢ ᠰᠢᠤ》 ᠭᠡᠪᠡ᠃
ᠡᠯ ᠯᠠᠡᠭ ᠲᠡᠭᠷᠢ ᠠᠬᠠᠰᠬᠢᠨ ᠠᠭᠤᠷᠯᠠᠵᠤ ᠦᠬᠢᠨ ᠳᠡᠬᠦᠦ᠎ᠪᠠᠨ ᠪᠠᠷᠢᠪᠴᠢᠯᠠᠬᠤ᠎ᠪᠠᠷ ᠱᠤᠡᠭᠭᠤᠯᠠᠨ ᠢᠷᠡᠭᠰᠡᠨ᠎ᠳᠤ ᠭᠤᠷᠪᠠᠳᠤᠭ᠋ᠠᠷ ᠳᠠᠬᠢᠨᠢ ᠰᠢᠳᠢᠳᠦ ᠪᠠᠳᠮᠠᠨ ᠳ᠋ᠸᠡᠭ᠎ᠤᠨ ᠵᠶ᠋ᠠᠨ ᠭᠡᠷᠡᠯ ᠵᠶ᠋ᠠᠷ ᠠᠬ᠎ᠠ ᠵᠢᠨ ᠵᠶ᠋ᠠᠨ ᠨᠢᠳᠦ ᠵᠢ ᠬᠢᠯᠪᠠᠭᠤᠯᠤᠨ ᠦᠪᠡᠷ᠎ᠲᠠᠢ᠎ᠨᠢ  ᠣᠢ᠌ᠷᠠᠳᠴᠣ ᠴᠢᠳᠠᠬᠤ ᠦᠭᠡᠢ ᠪᠤᠯᠭ᠋ᠠᠪᠠ᠃
  ᠡᠯ ᠯᠠᠡᠭ ᠲᠡᠭᠷᠢ ᠠᠷᠭ᠎ᠠ ᠪᠤᠰᠤ᠄
   《ᠬᠦᠯᠢᠶᠡᠵᠦ ᠪᠠᠢ᠂ ᠡᠷᠲᠡ ᠤᠷᠤᠢ ᠦᠭᠡᠢ  ᠴᠢᠮ᠎ᠠ ᠵᠢ ᠰᠢᠢ᠍ᠳᠭᠡᠨ᠎ᠠ》 ᠭᠡᠵᠤ ᠦᠬᠢᠨ ᠳᠡᠬᠦᠦ᠎ᠪᠠᠨ ᠵᠠᠨᠤᠭ᠋ᠠᠳ ᠪᠤᠷᠤ ᠮᠦᠷ ᠵᠶ᠋ᠠᠷ ᠵᠶ᠋ᠠᠨ ᠶᠠᠪᠤᠵᠤ ᠤᠳᠴᠠᠢ᠃
   ᠬᠤᠶᠠᠷ ᠬᠤᠨᠤᠭ᠎ᠤᠨ ᠳᠠᠷᠠᠭ᠎ᠠ ᠡᠯ ᠯᠠᠡᠭ ᠲᠡᠭᠷᠢ ᠬᠤᠲᠠᠴᠢ ᠨᠤᠬᠠᠢ᠎ᠪᠠᠨ ᠢᠯᠡᠭᠡᠨ ᠭᠤᠷᠪᠠᠳᠤᠭ᠋ᠠᠷ ᠳᠠᠬᠢᠨᠢ ᠵᠢᠨ ᠰᠢᠳᠢᠳᠦ ᠪᠠᠳᠮᠠᠨ ᠳ᠋ᠸᠡᠭ᠎ᠢ ᠬᠤᠯᠠᠭ᠋ᠠᠢ᠌ᠯᠠᠭᠤᠯᠪᠠ᠃ ᠬᠤᠲᠠᠴᠢ ᠨᠤᠬᠠᠢ᠎ᠨᠢ ᠦᠨᠡᠭᠡᠷ ᠰᠢᠳᠢᠳᠦ ᠪᠠᠳᠮᠠᠨ ᠳ᠋ᠸᠡᠭ᠎ᠢ ᠬᠤᠯᠠᠭ᠋ᠠᠢ᠌ᠯᠠᠨ ᠠᠪᠠᠴᠢᠵᠦ ᠬᠤᠪᠢᠯᠭ᠋ᠠᠨ ᠡᠯ ᠯᠠᠡᠭ᠎ᠳᠤ ᠲᠤᠰᠢᠶᠠᠵᠠᠢ᠃
   ᠡᠯ ᠯᠠᠡᠭ ᠲᠡᠭᠷᠢ ᠰᠢᠳᠢᠳᠦ ᠪᠠᠳᠮᠠᠨ ᠳ᠋ᠸᠡᠭ᠎ᠢ ᠤᠯᠤᠮᠠᠭᠴᠠ ᠬᠤᠸᠠᠱ᠌ᠠᠨ ᠠᠭᠤᠯᠠᠨ᠎ᠳᠤ ᠳᠠᠬᠢᠨ ᠬᠦᠷᠴᠦ ᠢᠷᠡᠪᠡ᠃ ᠠᠬ᠎ᠠ᠎ᠨᠢ ᠬᠦᠷᠴᠦ ᠢᠷᠡᠭᠰᠡᠨ᠎ᠢ ᠮᠡᠳᠡᠮᠡᠭᠴᠡ ᠭᠤᠷᠪᠠᠳᠤᠭ᠋ᠠᠷ ᠳᠠᠬᠢᠨᠢ ᠬᠦᠦ᠎ᠪᠠᠨ ᠰᠢᠪᠡᠭᠴᠢᠨ᠎ᠳᠤ᠎ᠪᠠᠨ ᠲᠤᠰᠢᠶᠠᠵᠤ ᠰᠡᠮ ᠲᠤᠲᠠᠭ᠋ᠠᠯᠭ᠋ᠠᠵᠠᠢ᠃
   ᠡᠯ ᠯᠠᠡᠭ ᠲᠡᠭᠷᠢ ᠭᠤᠷᠪᠠᠳᠤᠭ᠋ᠠᠷ ᠳᠠᠬᠢᠨᠢ ᠵᠢ ᠪᠠᠷᠢᠪᠴᠢᠯᠠᠭ᠋ᠠᠳ ᠬᠤᠸᠠᠱ᠌ᠠᠨ ᠠᠭᠤᠯᠠᠨ᠎ᠤ ᠪᠠᠷᠠᠭ᠋ᠠᠨ ᠡᠬᠦᠯᠡᠳᠦ ᠠᠭᠤᠢ᠎ᠳᠤ ᠬᠤᠷᠢᠵᠦ ᠤᠷᠬᠢᠪᠠ ᠁
    ᠠᠭ᠋ᠠᠷᠤ ᠨᠠᠢ᠍ᠮᠠᠨ ᠨᠠᠰᠤᠯᠠᠭᠰᠠᠨ᠎ᠤ ᠳᠠᠷᠠᠭ᠎ᠠ ᠠᠪᠤ᠎ᠠᠴᠠ᠎ᠪᠠᠨ ᠡᠵᠢ᠎ᠨᠢ ᠬᠤᠸᠠᠱ᠌ᠠᠨ ᠠᠭᠤᠯᠠᠨ᠎ᠤ ᠪᠠᠷᠠᠭ᠋ᠠᠨ ᠡᠬᠦᠯᠡᠳᠦ ᠠᠭᠤᠢ᠎ᠳᠤ ᠬᠤᠷᠢᠭᠳᠠᠵᠤ ᠪᠠᠢ᠌ᠭ᠎ᠠ ᠤᠴᠢᠷ᠎ᠢ ᠰᠤᠨᠤᠰᠴᠠᠢ᠃
ᠨᠠᠰᠤ ᠪᠠᠭ᠎ᠠ ᠴᠤ᠌ ᠰᠦᠰᠦ ᠶᠡᠭᠡᠲᠡᠢ ᠠᠭ᠋ᠠᠷᠤ ᠶᠠᠭ᠋ᠠᠬᠢᠭᠰᠠᠨ ᠴᠤ᠌ ᠡᠵᠢ᠎ᠪᠠᠨ ᠠᠪᠤᠷᠠᠨ᠎ᠠ ᠭᠡᠵᠤ ᠵᠤᠷᠢᠭ ᠰᠢᠢ᠍ᠳᠪᠠ᠃
   ᠨᠢᠭᠡᠨ ᠡᠳᠦᠷ᠂ ᠠᠭ᠋ᠠᠷᠤ ᠬᠤᠸᠠᠱ᠌ᠠᠨ ᠠᠭᠤᠯᠠᠨ᠎ᠳᠤ ᠳᠤᠤᠷ᠎ᠠ ᠢᠷᠡᠵᠦ ᠡᠵᠢ ᠵᠢᠨ ᠵᠶ᠋ᠠᠨ ᠬᠤᠷᠢᠭᠳᠠᠵᠤ ᠪᠠᠢ᠌ᠭ᠎ᠠ ᠠᠭᠤᠢ ᠵᠢ ᠡᠷᠢᠪᠠ᠃ ᠭᠡᠪᠡᠴᠦ ᠪᠠᠷᠠᠭ᠋ᠠᠨ ᠡᠬᠦᠯᠡᠳᠦ ᠠᠭᠤᠢ ᠵᠢ ᠬᠠᠲᠠ ᠴᠢᠯᠠᠭᠤ᠎ᠪᠠᠷ ᠪᠦᠭᠯᠡᠵᠦ ᠤᠷᠬᠢᠭᠰᠠᠨ ᠪᠤᠯᠬᠤᠷ ᠡᠷᠢᠵᠦ ᠤᠯᠬᠤ᠎ᠳᠤ ᠪᠡᠷᠭᠡᠲᠡᠢ ᠪᠤᠯᠵᠠᠢ᠃ ᠠᠭ᠋ᠠᠷᠤ ᠠᠭᠤᠯᠠᠨ ᠳᠤᠮᠳᠠᠭᠤᠷ ᠭᠡᠴᠢᠨᠡᠭᠡᠨ ᠡᠷᠢᠭᠰᠡᠨ ᠪᠤᠯᠪᠠᠴᠦ ᠬᠠᠷ᠎ᠠ ᠡᠬᠦᠯᠡᠳᠦ ᠠᠭᠤᠢ ᠵᠢᠨ ᠠᠮᠠᠰᠠᠷ᠎ᠢ ᠡᠷᠢᠵᠦ ᠤᠯᠤᠭ᠎ᠠ ᠦᠭᠡᠢ᠃ ᠲᠡᠷᠨ ᠪᠠᠴᠢᠮᠳᠠᠨ ᠵᠤᠪᠠᠬᠤ᠎ᠳᠤ᠎ᠪᠠᠨ ᠤᠬᠢᠯᠠᠵᠤ ᠡᠬᠢᠯᠡᠪᠡ᠃
   ᠠᠶᠤᠡᠭᠭ᠎ᠠ ᠵᠢᠨ ᠰᠠᠬᠢᠭᠤᠯᠰᠤᠨ ᠠᠭ᠋ᠠᠷᠤ ᠵᠢᠨ ᠡᠪᠭᠡᠷᠡᠯᠲᠡᠢ ᠤᠬᠢᠯᠠᠬᠤ ᠵᠢ ᠰᠤᠨᠤᠰᠤᠭ᠋ᠠᠳ ᠲᠡᠷᠭᠡᠳᠡ᠎ᠨᠢ ᠬᠦᠷᠴᠦ ᠢᠷᠡᠵᠡᠢ᠃ ᠠᠶᠤᠡᠭᠭ᠎ᠠ ᠵᠢᠨ ᠰᠠᠬᠢᠭᠤᠯᠰᠤᠨ ᠠᠡᠭᠬᠠᠨ᠎ᠠᠴᠠ᠎ᠪᠠᠨ ᠠᠭ᠋ᠠᠷᠤ ᠵᠢᠨ ᠡᠵᠢ᠎ᠲᠠᠢ ᠨᠠᠢ᠌ᠷᠰᠠᠭ ᠶᠠᠪᠤᠯᠴᠠᠳᠠᠭ ᠪᠠᠢ᠌ᠭᠰᠠᠨ ᠪᠤᠯᠬᠤᠷ ᠬᠦᠭᠡᠷᠦᠬᠦᠢ ᠬᠦᠦ ᠵᠢ᠎ᠨᠢ ᠲᠤᠰᠠᠯᠠᠬᠤ ᠵᠢ ᠪᠤᠳᠤᠵᠤ᠄
   《ᠬᠡᠤᠭᠡ ᠡ᠂ ᠴᠢ ᠡᠵᠢ᠎ᠪᠠᠨ ᠠᠪᠤᠷᠠᠬᠤ ᠰᠠᠨᠠᠭ᠋ᠠᠲᠠᠢ ᠪᠠᠢ᠌ᠭ᠎ᠠ ᠶᠤᠮ ᠤᠤ?》 ᠭᠡᠪᠡ᠃ ᠠᠭ᠋ᠠᠷᠤ ᠨᠢᠯᠪᠤᠰᠤ᠎ᠪᠠᠨ ᠠᠷᠴᠢᠭ᠋ᠠᠳ ᠡᠪᠦᠭᠡᠨ᠎ᠢ ᠰᠢᠷᠲᠡᠭᠰᠡᠭᠡᠷ᠄
  《ᠲᠡᠢ᠌ᠮᠦ ᠡ》 ᠭᠡᠵᠡᠢ᠃
  《ᠡᠳᠦᠭᠡ ᠨᠠᠰᠤ ᠴᠢᠨᠢ ᠪᠠᠭ᠎ᠠ᠂ ᠴᠢᠰᠦ ᠴᠢᠨᠢ ᠰᠢᠡᠭᠭᠡᠨ᠂ ᠶᠠᠰᠤ ᠴᠢᠨᠢ ᠬᠡᠪᠡᠷᠡᠭ ᠪᠠᠢ᠌ᠭᠰᠠᠭ᠋ᠠᠷ ᠡ᠃ ᠴᠢ ᠡᠷ᠎ᠡ ᠵᠢᠨ ᠴᠡᠭᠡᠯ᠎ᠳᠤ ᠬᠦᠷᠬᠦ᠎ᠪᠠᠨ ᠬᠦᠯᠢᠶᠡᠬᠦ ᠬᠡᠷᠡᠭᠲᠡᠢ᠂ ᠭᠡᠬᠦ᠎ᠳᠤ᠎ᠪᠠᠨ ᠡᠷᠬᠡᠪᠰᠢ ᠵᠡᠪᠰᠡᠭ᠎ᠤᠨ ᠡᠷᠳᠡᠮ ᠰᠤᠷᠬᠤ ᠬᠡᠷᠡᠭᠲᠡᠢ᠃ ᠮᠡᠳᠡᠪᠡ ᠤᠤ?》
  《ᠠ? ᠪᠢ ᠭᠡᠨ᠎ᠠᠴᠠ ᠵᠡᠪᠰᠡᠭ᠎ᠤᠨ ᠡᠷᠳᠡᠮ ᠰᠤᠷᠬᠤ ᠪᠤᠢ?》
  《ᠨᠠᠳᠠ᠎ᠠᠴᠠ ᠰᠤᠷᠴᠦ ᠪᠤᠯᠤᠨ᠎ᠠ᠃》
  《ᠲᠠᠨ᠎ᠠᠴᠠ ᠵᠡᠪᠰᠡᠭ᠎ᠤᠨ ᠡᠷᠳᠡᠮ ᠰᠤᠷᠪᠠᠯ ᠡᠵᠢ᠎ᠪᠠᠨ ᠠᠪᠤᠷᠠᠵᠤ ᠳᠡᠢ᠌ᠯᠦᠨ᠎ᠡ ᠤᠤ?》
   《ᠲᠡᠭᠦᠨ᠎ᠢ ᠪᠠᠲᠤᠲᠠᠢ ᠬᠡᠯᠡᠬᠦ ᠵᠢᠨ ᠠᠷᠭ᠎ᠠ ᠦᠭᠡᠢ᠃ ᠭᠡᠪᠡᠴᠦ ᠴᠢ ᠵᠡᠪᠰᠡᠭ᠎ᠤᠨ ᠡᠷᠳᠡᠮ ᠰᠤᠷᠬᠤ ᠦᠭᠡᠢ ᠪᠤᠯ ᠡᠵᠢ᠎ᠪᠠᠨ ᠠᠪᠤᠷᠠᠬᠤ ᠦᠭᠡᠷ᠎ᠡ ᠠᠷᠭ᠎ᠠ ᠠᠯᠠᠭ᠎ᠠ᠃》
ᠡᠬᠦᠨ᠎ᠢ ᠰᠤᠨᠤᠰᠤᠭ᠋ᠠᠳ ᠠᠭ᠋ᠠᠷᠤ 《ᠲᠦᠰ》 ᠬᠢᠲᠡᠯ᠎ᠡ ᠭᠠᠵᠠᠷ ᠰᠦᠬᠦᠳᠴᠦ᠄
   《ᠪᠠᠭᠰᠢ ᠡ᠂ ᠪᠢ ᠲᠠᠨ᠎ᠠᠴᠠ ᠳᠤᠷᠠᠲᠠᠢ᠌ᠶ᠎ᠠ ᠵᠡᠪᠰᠡᠭ᠎ᠤᠨ ᠡᠷᠳᠡᠮ ᠰᠤᠷᠤᠨ᠎ᠠ》 ᠭᠡᠪᠡ᠃
   ᠲᠡᠢ᠌ᠨ ᠬᠦ᠌ ᠠᠶᠤᠡᠭᠭ᠎ᠠ ᠵᠢᠨ ᠰᠠᠬᠢᠭᠤᠯᠰᠤᠨ ᠠᠭ᠋ᠠᠷᠤ ᠵᠢ ᠦᠪᠡᠷ᠎ᠤᠨ ᠰᠠᠭᠤᠳᠠᠭ ᠯᠢᠡᠭ᠎ᠲᠠᠢ ᠠᠭᠤᠯᠠᠨ᠎ᠳᠤ᠎ᠪᠠᠨ ᠳᠠᠭ᠋ᠠᠭᠤᠯᠤᠨ ᠠᠪᠠᠴᠢᠪᠠ᠃ ᠲᠡᠭᠦᠨ᠎ᠠᠴᠠ ᠰᠡᠬᠦᠯᠡᠷ ᠠᠭ᠋ᠠᠷᠤ ᠡᠳᠦᠷ ᠪᠦᠷᠢ ᠠᠶᠤᠡᠭᠭ᠎ᠠ ᠵᠢᠨ ᠰᠠᠬᠢᠭᠤᠯᠰᠤᠨ᠎ᠠᠴᠠ ᠵᠡᠪᠰᠡᠭ᠎ᠤᠨ ᠡᠷᠳᠡᠮ ᠰᠤᠷᠳᠠᠭ ᠪᠤᠯᠵᠠᠢ᠃
   ᠨᠠᠢ᠍ᠮᠠᠨ ᠵᠢᠯ᠎ᠤᠨ ᠳᠠᠷᠠᠭ᠎ᠠ ᠠᠭ᠋ᠠᠷᠤ ᠠᠷᠪᠠᠨ ᠵᠢᠷᠭᠤᠭ᠋ᠠᠨ ᠨᠠᠰᠤᠯᠠᠪᠠ᠃ ᠲᠡᠭᠦᠨ᠎ᠤ ᠨᠠᠰᠤ᠎ᠨᠢ ᠦᠰᠴᠦ᠂ ᠶᠠᠰᠤ᠎ᠨᠢ ᠤᠪᠤᠭ᠎ᠠ ᠬᠠᠲᠠᠭᠤᠷᠠᠭᠰᠠᠨ ᠮᠦᠷᠲᠡᠭᠡᠨ ᠵᠡᠪᠰᠡᠭ᠎ᠤᠨ ᠡᠷᠳᠡᠮ᠎ᠳᠤ ᠴᠤ᠌ ᠨᠡᠯᠢᠶᠡᠳ ᠴᠠᠭ᠋ᠠᠷᠠᠭᠰᠠᠨ ᠪᠤᠯᠬᠤᠷ ᠤᠳᠤᠬᠠᠨ ᠤᠴᠢᠵᠦ ᠡᠵᠢ᠎ᠪᠠᠨ ᠠᠪᠤᠷᠠᠬᠤ᠎ᠪᠠᠷ ᠵᠤᠷᠢᠭ ᠰᠢᠢ᠍ᠳᠴᠠᠢ᠃ ᠠᠶᠤᠡᠭᠭ᠎ᠠ ᠵᠢᠨ ᠰᠠᠬᠢᠭᠤᠯᠰᠤᠨ ᠲᠡᠭᠦᠨ᠎ᠳᠤ ᠰᠢᠳᠢᠳᠦ ᠰᠦᠭᠡ ᠪᠡᠯᠡᠭᠯᠡᠵᠦ᠄
   《ᠡᠨᠡ ᠰᠦᠭᠡ ᠠᠯᠲᠠᠨ ᠯᠤᠤ ᠬᠤᠪᠢᠯᠵᠤ ᠠᠯᠢ ᠰᠠᠨᠠᠭᠰᠠᠨ ᠭᠠᠵᠠᠷ᠎ᠲᠤ ᠴᠢᠨᠢ ᠬᠦᠷᠭᠡᠨ ᠦᠭᠭᠦ ᠪᠤᠯᠤᠨ᠎ᠠ᠃ ᠲᠡᠷᠨ ᠮᠦᠷᠲᠡᠭᠡᠨ ᠠᠲᠠᠭ᠋ᠠᠲᠠᠨ ᠲᠠᠢ᠌ᠰᠤᠨ ᠵᠶ᠋ᠠᠨ ᠳᠠᠷᠤᠵᠤ᠂ ᠠᠭᠤᠯᠨ ᠬᠠᠳᠠ ᠴᠠᠪᠴᠢᠬᠤ᠎ᠳᠤ ᠴᠢᠨᠢ ᠲᠤᠰᠠᠯᠠᠨ᠎ᠠ》 ᠭᠡᠵᠡᠢ᠃
   ᠠᠭ᠋ᠠᠷᠤ ᠬᠤᠸᠠᠱ᠌ᠠᠨ ᠠᠭᠤᠯᠠᠨ᠎ᠤ ᠡᠡᠭᠭᠡᠷ᠎ᠲᠤ ᠢᠷᠡᠭᠡᠳ ᠬᠤᠭᠤᠯᠠᠢ ᠵᠢᠨ ᠵᠶ᠋ᠠᠨ ᠴᠢᠨᠡᠭᠡ᠎ᠪᠠᠷ ᠪᠠᠷᠬᠢᠷᠠᠨ ᠡᠵᠢ᠎ᠪᠠᠨ ᠲᠠᠭᠤᠳᠠᠪᠠ᠃ ᠡᠵᠢ᠎ᠨᠢ ᠬᠦᠦ ᠵᠢᠨ ᠵᠶ᠋ᠠᠨ ᠲᠠᠭᠤᠳᠠᠬᠤ ᠵᠢ ᠤᠯᠵᠤ ᠰᠤᠨᠤᠰᠤᠭ᠋ᠠᠳ ᠴᠢᠬᠢ᠎ᠪᠠᠨ ᠢᠲᠡᠭᠡᠵᠦ ᠶᠠᠳᠠᠨ᠄
   《ᠬᠦᠦ ᠮᠢᠨᠢ ᠡ᠂ ᠴᠢ ᠬᠦᠷᠦᠭᠡᠳ ᠢᠷᠡᠴᠢᠭᠡᠪᠡ ᠤᠤ?》 ᠭᠡᠵᠤ ᠠᠮᠠᠰᠠᠷ᠎ᠨᠢ ᠪᠢᠲᠡᠬᠦᠮᠵᠢᠯᠡᠭᠳᠡᠭᠰᠡᠨ ᠪᠠᠷᠠᠭ᠋ᠠᠨ ᠡᠬᠦᠯᠡᠳᠦ ᠠᠭᠤᠢ ᠲᠤᠲᠤᠷ᠎ᠠ᠎ᠠᠴᠠ ᠪᠠᠷᠬᠢᠷᠠᠪᠠ᠃ ᠠᠭ᠋ᠠᠷᠤ᠄
  《ᠲᠡᠢ᠌ᠮᠦ ᠡ᠂ ᠡᠵᠢ ᠡ᠂ ᠪᠢ ᠬᠦᠦ ᠴᠢᠨᠢ ᠪᠠᠢ᠌ᠨ᠎ᠠ᠃ ᠪᠢ ᠲᠠᠨ᠎ᠢ ᠠᠪᠤᠷᠠᠬᠤ᠎ᠪᠠᠷ ᠢᠷᠡᠭᠰᠡᠨ》 ᠭᠡᠬᠦ᠎ᠳᠤ ᠡᠵᠢ᠎ᠨᠢ᠄
  《ᠴᠢ ᠨᠠᠮ᠎ᠠ ᠵᠢ ᠶᠠᠭ᠋ᠠᠬᠢᠨ ᠠᠪᠤᠷᠠᠬᠤ ᠶᠤᠮ ᠪᠤᠢ?》 ᠭᠡᠪᠡ᠃
  《ᠨᠠᠳᠠ᠎ᠳᠤ ᠪᠠᠭᠰᠢ ᠵᠢᠨ ᠪᠡᠯᠡᠭᠯᠡᠭᠰᠡᠨ ᠰᠢᠳᠢᠳᠦ ᠰᠦᠭᠡ ᠪᠤᠢ᠃ ᠪᠢ ᠲᠡᠭᠦᠨ ᠵᠶ᠋ᠠᠷ ᠠᠭᠤᠯᠨ ᠵᠢ ᠴᠠᠪᠴᠢᠨ ᠲᠠᠨ᠎ᠢ ᠠᠪᠤᠷᠠᠬᠤ᠎ᠳᠤ ᠠᠰᠠᠭᠤᠳᠠᠯ ᠦᠭᠡᠢ᠃》
   《ᠪᠤᠯᠬᠤ ᠦᠭᠡᠢ᠂ ᠬᠦᠦ ᠮᠢᠨᠢ᠃ ᠨᠠᠭ᠋ᠠᠴᠦ ᠠᠪᠤ ᠴᠢᠨᠢ ᠮᠡᠳᠡᠪᠡᠯ ᠮᠠᠨ᠎ᠢ ᠪᠦᠷ ᠠᠯᠠᠨ᠎ᠠ ᠰᠢᠤ᠃ ᠲᠡᠭᠡᠬᠦ᠎ᠪᠠᠷ ᠵᠶ᠋ᠠᠨ ᠴᠢ ᠨᠠᠭ᠋ᠠᠴᠦ ᠠᠪᠤ᠎ᠪᠠᠨ ᠡᠷᠢᠵᠦ ᠤᠴᠢᠭ᠋ᠠᠳ ᠡᠵᠢ ᠵᠢ ᠮᠠᠨᠢ ᠦᠷᠦᠰᠢᠶᠡᠨ ᠠᠭᠤᠢ᠎ᠠᠴᠠ ᠭᠠᠷᠭ᠋ᠠᠵᠤ ᠠᠯᠢ ᠭᠡᠵᠤ ᠭᠤᠶᠤᠭ᠋ᠠᠴᠢ᠃》
   ᠠᠭ᠋ᠠᠷᠤ ᠨᠠᠭ᠋ᠠᠴᠦ ᠠᠪᠤ᠎ᠪᠠᠨ ᠪᠤᠳᠤᠮᠠᠭᠴᠠ ᠠᠬᠠᠰᠬᠢᠨ ᠠᠭᠤᠷᠯᠠᠪᠠ᠃ ᠡᠵᠢ ᠵᠢ᠎ᠨᠢ ᠡᠴᠢᠨᠡᠭᠡᠨ ᠵᠢᠯ ᠠᠭᠤᠢ᠎ᠳᠤ ᠬᠤᠷᠢᠵᠦ ᠲᠠᠮᠤᠯᠠᠨ᠂ ᠡᠴᠢᠭᠡ ᠬᠦᠦ ᠬᠤᠶᠠᠷ᠎ᠢ ᠴᠤ᠌ ᠦᠢ᠍ᠯᠨ ᠵᠤᠪᠠᠯᠠᠡᠭ ᠠᠮᠰᠠᠭᠤᠯᠤᠭᠰᠠᠨ ᠨᠠᠭ᠋ᠠᠴᠦ ᠠᠪᠤ᠎ᠲᠠᠢ᠎ᠪᠠᠨ ᠲᠠᠡᠭᠰᠠ ᠴᠠᠢ᠌ᠷᠠᠭᠤᠯᠬᠤ ᠶᠤᠰᠤᠲᠠᠢ᠃ ᠠᠭ᠋ᠠᠷᠤ ᠲᠤᠲᠤᠷ᠎ᠠ᠎ᠪᠠᠨ 《ᠶᠠᠭᠤᠲᠠᠢ ᠴᠤ᠌ ᠭᠡᠰᠡᠨ ᠡᠵᠢ ᠵᠢᠨ ᠦᠭᠡ᠎ᠪᠠᠷ ᠨᠠᠭ᠋ᠠᠴᠦ ᠠᠪᠤ ᠵᠢ ᠡᠷᠢᠨ ᠤᠴᠢᠵᠦ ᠭᠤᠶᠤᠬᠤ᠎ᠪᠠᠨ ᠭᠤᠶᠤᠶ᠎ᠠ᠂ ᠭᠤᠶᠤᠭ᠋ᠠᠳ ᠪᠦᠲᠦᠬᠦ ᠦᠭᠡᠢ ᠪᠤᠯ ᠤᠡᠳᠤᠤ ᠠᠷᠭ᠎ᠠ ᠪᠤᠳᠤᠶ᠎ᠠ》 ᠭᠡᠵᠤ ᠪᠤᠳᠤᠭ᠋ᠠᠳ᠄
   《ᠲᠡᠭᠡᠶ᠎ᠡ᠂ ᠡᠵᠢ ᠡ᠃ ᠪᠢ ᠨᠠᠭ᠋ᠠᠴᠦ ᠠᠪᠤ ᠵᠢᠨ ᠲᠡᠡᠳᠡ ᠤᠴᠢᠭ᠋ᠠᠳ ᠢᠷᠡᠶ᠎ᠡ》 ᠭᠡᠳ ᠰᠢᠳᠢᠳᠦ ᠰᠦᠭᠡ᠎ᠪᠠᠨ ᠠᠯᠲᠠᠨ ᠯᠤᠤ ᠬᠤᠪᠢᠯᠭ᠋ᠠᠨ ᠤᠨᠤᠭ᠋ᠠᠳ ᠨᠠᠭ᠋ᠠᠴᠦ ᠠᠪᠤ᠎ᠪᠠᠨ ᠡᠷᠢᠬᠦ᠎ᠪᠠᠷ ᠤᠴᠢᠪᠠ᠃
ᠠᠭ᠋ᠠᠷᠤ ᠨᠠᠭ᠋ᠠᠴᠦ ᠠᠪᠤ᠎ᠲᠠᠢ᠎ᠪᠠᠨ ᠵᠤᠯᠭ᠋ᠠᠭ᠋ᠠᠳ᠄
   《ᠨᠠᠭ᠋ᠠᠴᠦ ᠠᠪᠤ ᠡ᠂ ᠲᠠ ᠡᠵᠢ ᠵᠢ ᠮᠢᠨᠢ ᠠᠭᠤᠢ᠎ᠠᠴᠠ ᠭᠠᠷᠭ᠋ᠠᠵᠤ ᠠᠯᠢ》 ᠭᠡᠵᠤ ᠭᠡᠴᠢᠨᠡᠭᠡᠨ ᠭᠤᠶᠤᠭᠰᠠᠨ ᠪᠤᠯᠪᠠᠴᠦ ᠴᠠᠭ᠋ᠠᠳᠤᠬᠢ᠎ᠨᠢ ᠵᠦᠪᠰᠢᠶᠡᠷᠡᠭᠡ ᠦᠭᠡᠢ᠂ ᠲᠡᠷᠨ ᠮᠦᠷᠲᠡᠭᠡᠨ ᠠᠭ᠋ᠠᠷᠤ ᠵᠢ ᠠᠯᠠᠬᠤ ᠭᠡᠵᠤ ᠵᠡᠪᠰᠡᠭ ᠳᠠᠯᠠᠢ᠌ᠨ ᠢᠷᠡᠪᠡ᠃
  ᠨᠠᠭ᠋ᠠᠴᠦ ᠠᠪᠤ᠎ᠳᠤ᠎ᠪᠠᠨ ᠭᠤᠮᠤᠳᠠᠨ ᠬᠤᠷᠤᠰᠴᠦ ᠶᠠᠪᠤᠭᠰᠠᠨ ᠠᠭ᠋ᠠᠷᠤ ᠨᠢᠭᠡᠮᠦᠰᠦᠨ ᠠᠭᠤᠷᠯᠠᠵᠤ ᠨᠢᠳᠦᠨ᠎ᠠᠴᠠ᠎ᠪᠠᠨ ᠬᠢᠯᠢᠡᠭ᠎ᠤᠨ ᠭᠠᠯ ᠪᠠᠲᠠᠷᠠᠭᠤᠯᠤᠨ ᠰᠢᠳᠢᠳᠦ ᠰᠦᠭᠡ᠎ᠪᠠᠨ ᠳᠠᠯᠠᠢ᠌ᠨ ᠤᠭᠳᠤᠨ ᠲᠤᠯᠤᠯᠳᠤᠪᠠ᠃
   ᠡᠯ ᠯᠠᠡᠭ ᠲᠡᠭᠷᠢ ᠵᠢᠭᠡ ᠬᠦᠦ ᠵᠢᠨ ᠵᠶ᠋ᠠᠨ ᠰᠢᠳᠢᠳᠦ ᠰᠦᠭᠡ ᠵᠢᠨ ᠬᠦᠴᠦ ᠵᠢ ᠳᠠᠭ᠋ᠠᠭ᠋ᠠᠯ ᠦᠭᠡᠢ ᠬᠤᠶᠠᠷᠬᠠᠨ ᠵᠦᠷᠢᠮᠡᠭᠴᠡ ᠭᠤᠳ ᠭᠠᠷᠴᠦ ᠲᠤᠲᠠᠭ᠋ᠠᠪᠠ᠃ ᠠᠭ᠋ᠠᠷᠤ ᠂ ᠡᠯ ᠯᠠᠡᠭ ᠲᠡᠭᠷᠢ᠎ᠤᠨ ᠬᠤᠢ᠌ᠨ᠎ᠠ᠎ᠠᠴᠠ ᠳᠠᠷᠤᠨ ᠨᠡᠭᠡᠮᠵᠢᠯᠡᠵᠦ ᠡᠵᠢ ᠵᠢᠨ ᠵᠶ᠋ᠠᠨ ᠰᠢᠳᠢᠳᠦ ᠪᠠᠳᠮᠠᠨ ᠳ᠋ᠸᠡᠭ᠎ᠢ ᠪᠤᠯᠢᠶᠠᠨ ᠠᠪᠴᠠᠢ᠃
   ᠠᠭ᠋ᠠᠷᠤ ᠬᠤᠸᠠᠱ᠌ᠠᠨ ᠠᠭᠤᠯᠠᠨ᠎ᠳᠤ ᠪᠤᠴᠠᠨ ᠤᠴᠢᠭ᠋ᠠᠳ ᠰᠢᠳᠢᠳᠦ ᠰᠦᠭᠡ᠎ᠪᠠᠷ ᠵᠶ᠋ᠠᠨ ᠠᠭᠤᠯᠨ ᠵᠢ ᠳᠡᠯᠪᠡ ᠳᠡᠯᠪᠡ᠂ ᠬᠠᠳᠠ ᠵᠢ ᠬᠠᠭ᠎ᠠ ᠬᠠᠭ᠎ᠠ ᠴᠠᠪᠴᠢᠵᠦ ᠡᠵᠢ᠎ᠪᠠᠨ ᠪᠢᠲᠡᠬᠦᠦ ᠠᠭᠤᠢ᠎ᠠᠴᠠ ᠭᠠᠷᠭ᠋ᠠᠨ ᠠᠪᠤᠪᠠ᠃ ᠡᠵᠢ᠎ᠨᠢ ᠬᠦᠦ᠎ᠪᠠᠨ ᠦᠵᠡᠮᠡᠭᠴᠡ ᠲᠠᠰᠤ ᠲᠡᠪᠡᠷᠢᠨ ᠠᠪᠴᠦ ᠨᠢᠳᠦᠨ᠎ᠠᠴᠠ᠎ᠪᠠᠨ ᠨᠢᠯᠪᠤᠰᠤ ᠠᠰᠬᠠᠷᠠᠭᠤᠯᠤᠨ᠄
   《ᠬᠦᠦ ᠮᠢᠨᠢ᠂ ᠡᠵᠢ᠎ᠨᠢ ᠡᠳᠦᠷ ᠪᠦᠷᠢ ᠴᠢᠮ᠎ᠠ ᠵᠢ ᠬᠦᠯᠢᠶᠡᠳᠡᠭ ᠪᠠᠢ᠌ᠭᠰᠠᠨ ᠰᠢᠤ᠂ ᠡᠵᠢ᠎ᠪᠠᠨ ᠠᠪᠤᠷᠠᠬᠤ᠎ᠪᠠᠷ ᠢᠷᠡᠨ᠎ᠡ ᠭᠡᠳᠡᠭ᠎ᠢ ᠴᠢᠨᠢ ᠢᠲᠡᠭᠡᠳᠡᠭ ᠪᠠᠢ᠌ᠭᠰᠠᠨ ᠁》 ᠭᠡᠪᠡ᠃
ᠲᠡᠭᠦᠨ᠎ᠠᠴᠠ ᠰᠡᠬᠦᠯᠡᠷ ᠠᠭ᠋ᠠᠷᠤ ᠡᠵᠢ ᠠᠪᠤ᠎ᠲᠠᠢ᠎ᠪᠠᠨ ᠭᠤᠷᠪᠠᠭᠤᠯᠨ ᠡᠡᠭᠭᠡ ᠠᠮᠤᠷ ᠵᠢᠷᠭ᠋ᠠᠨ ᠠᠮᠢᠳᠤᠷᠠᠵᠠᠢ᠃

 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ ᠎ᠤᠨ᠎ᠬᠢᠨ ᠰᠢᠯᠢ ᠵᠢᠨ ᠭᠣᠣᠯ ᠠᠢ᠌ᠮᠠᠭ᠂ ᠤᠯᠠᠭ᠋ᠠᠨᠴᠠᠪ ᠬᠣᠲᠠ ᠪᠣᠯᠣᠨ ᠬᠥᠬᠡᠬᠣᠲᠠ᠎ᠳᠤ 《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》᠎ᠤᠨ ᠰᠣᠨᠣᠰᠣᠭᠣᠷ ᠲᠠᠭ᠋ᠠᠷᠠᠭᠤᠯᠬᠤ ᠠᠵᠢᠯᠯᠠᠭ᠎ᠠ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠲᠠᠪᠤᠳᠤᠭ᠋ᠠᠷ ᠤᠳᠠᠭ᠋ᠠᠨ᠎ᠤ ᠪᠥᠬᠥ ᠤᠯᠤᠰ᠎ᠤᠨ ᠠᠵᠤ ᠠᠬᠤᠢ ᠵᠢᠨ ᠨᠡᠢ᠌ᠳᠡᠮ᠎ᠤᠨ ᠪᠠᠢ᠌ᠴᠠᠭ᠋ᠠᠯᠲᠠ ᠵᠢᠨ ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠎ᠠ᠎ᠳᠤ᠎ᠬᠢ ᠨᠡᠢ᠌ᠳᠡᠮ᠎ᠤᠨ ᠪᠠᠢ᠌ᠴᠠᠭ᠋ᠠᠯᠳᠠ ᠵᠢᠨ ᠠᠵᠢᠯ ᠎ᠤᠨ ᠡᠬᠦᠷᠬᠡ ᠵᠢ ᠰᠠᠢ᠌ᠳᠤᠷ ᠪᠡᠶᠡᠯᠡᠬᠦᠯᠵᠤ ᠪᠠᠢ᠌ᠨ᠎ᠠ
ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ᠎ᠬᠢᠨ ᠲᠦᠷᠦᠭᠦᠸ᠋ ᠭᠤᠷᠪᠠᠨ ᠤᠯᠠᠷᠢᠯ᠎ᠤᠨ ᠭᠣᠣᠯᠳᠠᠯᠭ᠎ᠠ᠎ᠲᠠᠢ ᠠᠵᠢᠯ᠎ᠢ ᠲᠣᠬᠢᠷᠠᠭᠤᠯᠬᠤ ᠬᠤᠷᠠᠯ᠎ᠢ ᠬᠤᠷᠠᠯᠳᠤᠭᠤᠯᠪᠠ
ᠪᠦᠬᠦ ᠣᠷᠣᠨ᠎ᠤ ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ ᠭᠠᠵᠠᠷ᠎ᠤᠨ ᠨᠡᠷᠡᠰ᠎ᠤᠨ ᠬᠠᠮᠢᠶᠠᠷᠤᠯᠲᠠ ᠪᠠ 《ᠬᠥᠳᠡᠭᠡ ᠲᠣᠰᠬᠣᠨ᠎ᠢ ᠠᠯᠳᠠᠷᠰᠢᠭᠤᠯᠬᠤ ᠠᠵᠢᠯᠯᠠᠭ᠎ᠠ》 ᠵᠢ ᠲᠠᠢ᠌ᠯᠪᠤᠷᠢᠯᠠᠬᠤ ᠪᠣᠯᠪᠠᠰᠤᠷᠠᠯ᠎ᠤᠨ ᠠᠩᠭᠢ ᠵᠢ ᠬᠥᠬᠡᠬᠣᠲᠠ᠎ᠳᠤ ᠡᠷᠬᠢᠯᠡᠪᠡ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠤᠳᠤᠷᠢᠳᠤᠯᠭ᠎ᠠ ᠤᠯᠠᠭ᠋ᠠᠨᠴᠠᠪ ᠬᠣᠲᠠ᠎ᠳᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠠᠵᠢᠯ᠎ᠢ ᠪᠠᠢ᠌ᠴᠠᠭ᠋ᠠᠨ ᠰᠤᠳᠤᠯᠪᠠ
 
            