ᠪᠦᠬᠦ ᠤᠯᠤᠰ ᠤᠨ ᠨᠢᠭᠡᠳᠦᠭᠡᠷ  ᠳᠡᠰ ᠤᠨ ᠪᠠᠶᠢᠯᠳᠤᠭᠠᠨ ᠤ ᠪᠠᠭᠠᠳᠤᠷ ᠬᠤᠳᠠᠯᠠ
ᠨᠡᠶᠢᠲᠡᠯᠡᠭᠰᠡᠨ ᠴᠠᠭ᠄
2021/12/15
       —  ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ100 ᠵᠢᠯ ᠤᠨ ᠤᠢ ᠳᠤ ᠵᠤᠷᠢᠭᠤᠯᠪᠠ                     ᠸ᠊ · ᠠᠭᠤᠯᠠ ᠰᠤᠷᠪᠤᠯᠵᠢᠯᠠᠪᠠ         ᠪᠦᠬᠦ ᠤᠯᠤᠰ ᠤᠨ ᠨᠢᠭᠡᠳᠦᠭᠡᠷ ᠳᠡᠰ ᠤᠨ ᠪᠠᠶᠢᠯᠳᠤᠭᠠᠨ ᠤ ᠪᠠᠭᠠᠳᠤᠷ ᠬᠤᠲᠠᠯᠠ ᠨᠦᠬᠦᠷ 1923 ᠤᠨ ᠤ 10  ᠳ᠋ᠤᠭᠠᠷ ᠰᠠᠷ᠎ᠠ ᠳᠤ ᠦᠪᠦᠷ ᠮᠤᠩᠭᠤᠯ ᠤᠨ ᠵᠢᠷᠢᠮ ᠠᠶᠢᠮᠠᠭ ᠤᠨ ᠬᠤᠷᠴᠢᠨ ᠵᠡᠭᠦᠨ ᠭᠠᠷᠤᠨ ᠬᠤᠶᠢᠲᠦ ᠬᠤᠰᠢᠭᠤᠨ ᠤ ᠴᠢᠯᠠᠭᠤᠲᠦ ᠪᠠᠯᠭᠠᠰᠤᠨ ᠤ ᠠᠯᠠᠭ ᠮᠤᠷᠢ ᠭᠠᠴᠠᠭᠠᠨ ᠤ ᠬᠤᠶᠢᠲᠦ ᠠᠯᠠᠭ ᠮᠤᠷᠢᠨ ᠠᠶᠢᠯ ︵1949 ᠤᠨ ᠠᠴᠠ ᠬᠦᠷᠢᠶ᠎ᠡ ᠬᠤᠰᠢᠭᠤᠨ ᠳᠤ ᠬᠤᠪᠢᠶᠠᠭᠳᠠᠵᠦ᠂ ᠵᠢᠷᠭᠤᠳᠤᠭᠠᠷ ᠨᠤᠲᠤᠭ ᠭᠡᠵᠠᠢ᠃1955 ᠤᠨ ᠤ 7  ᠳ᠋ᠤᠭᠠᠷ ᠰᠠᠷ᠎ᠠ  ᠠᠴᠠ ᠬᠤᠷᠴᠢᠨ ᠵᠡᠭᠦᠨ ᠭᠠᠷᠤᠨ ᠬᠤᠶᠢᠲᠦ ᠬᠤᠰᠢᠭᠤᠨ ᠳᠤ ᠰᠢᠯᠵᠢᠭᠦᠯᠪᠡ᠃ ᠬᠤᠲᠠᠯᠠ ᠪᠠᠭᠠᠲᠤᠷ ᠦᠪᠡᠷ ᠤᠨ ᠨᠠᠮᠲᠡᠷ ᠢᠶᠠᠨ ᠵᠢᠷᠢᠮ ᠠᠶᠢᠮᠠᠭ ᠤᠨ ᠬᠦᠷᠢᠶ᠎ᠡ ᠬᠤᠰᠢᠭᠤ ᠭᠡᠵᠦ  ᠪᠢᠴᠢᠭᠰᠡᠨ ᠶᠤᠮ︶ ᠤᠨ ᠨᠢᠭᠡᠨ ᠮᠤᠩᠭᠤᠯ ᠦᠨᠲᠦᠰᠦᠲᠠᠨ ᠤ ᠲᠠᠷᠢᠶᠠᠴᠢᠨ ᠤ ᠭᠡᠷ ᠲᠤ ᠲᠦᠷᠦᠵᠡᠢ᠃ ᠴᠢᠯᠦᠭᠡᠯᠡᠭᠲᠡᠬᠦ ᠠᠴᠠ ᠡᠮᠦᠨ᠎ᠠ ᠲᠡᠲᠠᠠ ᠤ ᠠᠮᠢᠲᠦᠷᠠᠯ ᠨᠢ ᠲᠦᠢᠯ ᠤᠨ  ᠬᠦᠴᠢᠷᠲᠡᠢ ᠪᠠᠶᠢᠪᠠ᠃ ᠲᠠᠷᠠ ᠠᠷᠪᠠᠨ ᠲᠦᠷᠪᠡᠨ ᠨᠠᠰᠤᠨ ᠠᠴᠠ ᠪᠠᠨ ᠭᠠᠵᠠᠷ ᠤᠨ ᠡᠵᠡᠨ ᠤ ᠳᠤ ᠠᠵᠢᠯ ᠬᠢᠵᠦ᠂  ᠮᠠᠯ ᠬᠤᠨᠢ ᠬᠠᠷᠢᠭᠤᠯᠬᠤ ᠬᠦᠴᠢᠷ ᠵᠤᠪᠠᠯᠠᠩᠲᠠᠢ ᠠᠮᠢᠲᠤᠷᠡᠯ ᠢ ᠦᠩᠭᠡᠷᠡᠭᠡᠵᠦ ᠠᠮᠢ  ᠵᠢᠭᠤᠵᠤ ᠪᠠᠶᠢᠵᠠᠢ᠃ ᠠᠷᠪᠠᠨ ᠶᠢᠰᠦᠲᠠᠢ ᠳᠤ ᠪᠠᠨ ᠶᠠᠫᠤᠨ ᠴᠡᠷᠢᠭ ᠲᠤ ᠪᠠᠷᠢᠭᠲᠠᠵᠦ ᠬᠠᠷ᠎ᠠ ᠠᠯᠪᠠᠨ ᠳᠤ ᠶᠠᠪᠤᠵᠦ᠂ ᠡᠵᠡᠷᠭᠡᠭ ᠲᠦᠷᠢᠮᠡᠭᠡᠶᠢᠲᠡᠨ᠂ ᠹᠸᠤᠲᠡᠯ ᠤᠨ ᠭᠠᠵᠠᠷ ᠤᠨ ᠡᠵᠡᠨ ᠪᠠ ᠸᠠᠩ ᠬᠦᠭ ᠢᠵᠠᠭᠤᠷᠲᠠᠨ ᠤ ᠬᠠᠯᠠ ᠲᠠᠮᠦ᠂ ᠬᠠᠷᠬᠢᠰ ᠲᠤᠷᠤᠮᠵᠢᠯᠡᠯ ᠢ  ᠬᠠᠨᠲᠠᠯ᠎ᠠ ᠪᠠᠨ ᠠᠮᠰᠠᠵᠦ᠂   ᠡᠵᠡᠷᠭᠡᠭ ᠲᠦᠷᠢᠮᠡᠭᠡᠶᠢᠲᠡᠨ ᠤ ᠲᠠᠷᠤᠯᠠᠯ ᠮᠦᠯᠵᠢᠯ ᠢ ᠡᠰᠡᠷᠭᠦᠴᠡᠬᠦ  ᠤᠬᠠᠮᠰᠠᠷ ᠲᠠᠢ ᠪᠤᠯᠵᠦ ᠪᠢᠯᠠ᠃ ᠡᠭᠡ ᠤᠯᠤᠰ  ᠤᠨ ᠢᠶᠠᠨ ᠴᠢᠯᠦᠭᠡᠯᠡᠯᠲᠠ  ᠶᠢᠨ ᠲᠦᠯᠦᠭᠡ ᠲᠡᠷᠡ  1947 ᠤᠨ ᠤ 2  ᠳ᠋ᠤᠭᠠᠷ ᠰᠠᠷ᠎ᠠ ᠳᠤ  ᠰᠠᠶᠢᠨ ᠳᠤᠷ᠎ᠠ ᠠᠴᠠ ᠪᠠᠨ ᠲᠤᠮᠲᠡᠲᠦ ᠤᠯᠤᠰ ᠤᠨ ᠴᠢᠯᠦᠭᠡᠯᠡᠬᠦ ᠴᠡᠷᠢᠭ ᠲᠤ ᠤᠷᠤᠪᠠ᠃ ᠲᠡᠭᠡᠭᠡᠳ ᠲᠠᠰᠤᠭ ᠤᠨ ᠲᠠᠷᠤᠭ᠎ᠠ᠂ ᠰᠠᠯᠠᠭᠠᠨ ᠳᠠᠷᠤᠭ᠎ᠠ᠂ ᠰᠤᠮᠤᠨ ᠲᠠᠷᠤᠭ᠎ᠠ᠂ ᠰᠠᠯᠠᠭᠠᠨ ᠲᠠᠷᠤᠭ᠎ᠠ᠂ ᠳᠡᠳ᠋ ᠪᠠᠲᠯᠢᠶᠦᠨ  ᠤ ᠲᠠᠷᠤᠭ᠎ᠠ᠂ ᠬᠤᠷᠢᠶ᠎ᠠ ᠶᠢᠨ ᠢᠶᠠᠨ ᠳᠡᠳ᠋ ᠽᠠᠨᠮᠦ᠋ᠵᠠᠩ᠂ ᠳᠡᠳ᠋ ᠬᠤᠷᠢᠶᠠᠨ ᠲᠠᠷᠤᠭ᠎ᠠ ᠵᠡᠷᠭᠡ ᠲᠤᠰᠢᠶᠡᠯ ᠢ ᠡᠭᠦᠷᠭᠡᠯᠡᠵᠦ᠂ 1948 ᠤᠨ ᠤ 10 ᠳ᠋ᠤᠭᠠᠷ ᠰᠠᠷ᠎ᠠ ᠳᠤ ᠦᠩᠭᠡ ᠭᠡᠷᠡᠯᠲᠢ  ᠲᠠᠢ ᠪᠠᠷ ᠲᠤᠮᠲᠡᠲᠦ ᠤᠯᠤᠰ ᠤᠨ ᠡᠪ ᠬᠠᠮᠲᠦ ᠨᠠᠮ ᠳᠤ ᠡᠯᠰᠡᠭᠲᠡᠪᠠ᠃ 1982 ᠤᠨ ᠤ 12 ᠳ᠋ᠤᠭᠠᠷ ᠰᠠᠷ᠎ᠠ ᠳᠤ ᠵᠢᠩᠬᠢᠨᠢ ᠬᠤᠷᠢᠶᠡᠨ ᠤ ᠲᠡᠰ ᠤᠨ ᠺᠠᠳ᠋ᠷ ᠢᠶᠠᠷ ᠨᠠᠰᠤᠨ ᠤ ᠠᠮᠠᠷᠠᠯᠲᠠ ᠪᠠᠨ ᠠᠪᠤᠭᠰᠡᠨ ᠪᠠᠶᠢᠨ᠎ᠠ᠃       ᠬᠤᠲᠠᠯᠠ ᠨᠦᠭᠦᠷ ᠬᠤᠪᠢᠰᠬᠠᠯ ᠳᠤ ᠤᠷᠤᠯᠴᠠᠭᠰᠠᠨ ᠠᠴᠠ  ᠪᠠᠨ  ᠨᠠᠭᠠᠰᠢ᠂ ᠬᠡᠵᠢᠶᠡᠲᠠ ᠨᠠᠮ ᠪᠠ ᠠᠷᠠᠳ ᠲᠦᠮᠡᠨ ᠳᠤ ᠦᠨᠡᠨᠴᠢ ᠰᠢᠲᠦᠷᠭᠤ ᠵᠢᠳᠬᠦᠵᠦ ᠢᠷᠡᠭᠰᠡᠨ ᠶᠤᠮ᠃  ᠲᠡᠷᠠ ᠠ᠊  ᠪᠡᠶ᠎ᠠ ᠪᠠᠷ  ᠢᠶᠠᠨ ᠬᠡᠪ ᠲᠦᠷᠢᠮ ᠪᠤᠯᠵᠦ ᠪᠠᠶᠢᠯᠲᠤᠭᠴᠢᠳ ᠢᠶᠠᠨ ᠲᠠᠭᠠᠭᠤᠯᠤᠨ《ᠨᠢᠭᠡ ᠳᠤ᠂ ᠬᠦᠴᠢᠷ ᠠᠴᠠ ᠠᠶᠤᠬᠤ ᠦᠭᠡᠢ᠂ ᠬᠤᠶᠡᠷ ᠲᠤ᠂ ᠦᠭᠦᠭᠦ ᠠᠴᠠ ᠠᠶᠤᠬᠤ ᠦᠭᠡᠢ 》ᠬᠤᠪᠢᠰᠬᠠᠯᠲᠦ ᠵᠤᠷᠢᠭ ᠰᠠᠨᠠᠭ᠎ᠠ ᠶᠢ ᠪᠠᠲᠠᠷᠠᠭᠤᠯᠤᠨ᠂ ᠦᠷᠯᠦᠭᠡ ᠦᠲᠡᠰᠢ ᠶᠢ ᠲᠠᠮᠡᠴᠠᠨ᠂ ᠬᠦᠴᠢᠷ ᠵᠤᠪᠠᠯᠠᠩ  ᠢ  ᠬᠠᠮᠲᠤ ᠪᠠᠷ ᠡᠳ᠋ᠯᠡᠵᠦ ᠲᠠᠰᠪᠦᠷᠢ ᠬᠠᠲᠠᠭᠤᠵᠢᠯᠲᠠᠢ ᠪᠠᠷ ᠪᠤᠯᠪᠠᠰᠤᠷᠠᠨ᠂ ᠦᠨᠠᠨ ᠴᠢᠲᠠᠪᠦᠷᠢ ᠶᠢ ᠡᠵᠡᠮᠰᠢᠨ᠂ ᠪᠠᠶᠢᠯᠲᠤᠬᠤ ᠬᠦᠴᠦᠨ ᠢᠶᠠᠨ ᠲᠡᠭᠡᠭᠰᠢᠯᠡᠭᠦᠯᠦᠭᠰᠡᠨ ᠪᠠᠶᠢᠨ᠎ᠠ᠃ ᠲᠠᠷᠡ ᠦᠷᠬᠦᠯᠵᠢ ᠰᠠᠶᠢᠨ ᠬᠦᠮᠦᠨ ᠤ ᠰᠠᠶᠢᠨ ᠶᠠᠪᠤᠲᠠᠯ ᠬᠢᠵᠦ᠂ ᠠᠷᠠᠳ ᠢᠷᠭᠡᠳ ᠲᠤ ᠲᠤᠰᠠᠯᠠᠨ᠂ ᠤᠰᠤ ᠲᠦᠯᠡᠭᠡ ᠶᠢ ᠨᠢ ᠤᠶᠢᠷᠡᠲᠤᠭᠤᠯᠵᠦ ᠂ ᠭᠡᠷ ᠲᠡᠷᠭᠡ ᠶᠢ ᠨᠢ ᠴᠡᠪᠡᠷᠯᠡᠵᠦ᠂ ᠬᠡᠷᠡᠮ ᠬᠠᠰᠢᠶ᠎ᠠ ᠶᠢ ᠨᠢ ᠰᠡᠯᠪᠢᠨ ᠵᠠᠰᠠᠵᠦ ᠦᠭᠲᠡᠭ᠃ ᠲᠠᠷᠡ  ᠶᠡᠷᠦ ᠲᠤᠭᠰᠢᠨ ᠰᠠᠯᠬᠢ ᠰᠢᠷᠦᠭᠦᠨ ᠪᠤᠷᠤᠭᠠᠨ᠂ ᠲᠠᠰᠬᠢᠮ᠎ᠠ ᠬᠦᠢᠲᠡᠨ ᠴᠠᠰᠦ ᠰᠢᠭᠤᠷᠭᠠᠨ ᠳᠤ  ᠪᠠᠶᠢᠯᠲᠤᠭᠴᠢ  ᠪᠠᠨ ᠤᠷᠤᠯᠠᠨ ᠬᠠᠷᠠᠭᠤᠯ ᠵᠤᠭᠰᠤᠲᠠᠭ ᠪᠢᠯᠡ᠃ ᠤᠨᠴᠠᠭᠠᠶᠢᠯᠠᠨ ᠰᠢᠷᠬ᠎ᠠ ᠰᠤᠷᠪᠢ ᠲᠠᠢ ᠂ ᠡᠪᠠᠳᠴᠢᠨ ᠲᠠᠢ ᠪᠠᠶᠢᠯᠲᠤᠭᠴᠢ ᠳᠤ ᠪᠠᠨ ᠶᠠᠭ ᠯᠠ ᠠᠬ᠎ᠠ ᠲᠡᠭᠦᠤ ᠰᠠᠲᠤᠨ ᠢᠶᠠᠨ ᠰᠢᠭ᠋ ᠬᠠᠨᠲᠤᠵᠦ᠂ ᠡᠲᠦᠷ ᠰᠦᠨᠢ ᠢᠯᠭᠠᠯ ᠦᠭᠡᠢ ᠬᠤᠭᠤᠯᠡ ᠤᠮᠲᠠ ᠶᠢ ᠨᠢ ᠵᠦᠭᠡᠭᠡᠵᠦ᠂ ᠠᠯᠵᠢᠶᠡᠯ ᠵᠦᠲᠡᠷᠡᠯ ᠢᠶᠠᠨ ᠬᠠᠶᠢᠬᠤᠷᠣᠯ ᠦᠭᠡᠢ ᠠᠰᠠᠷᠠᠵᠦ ᠬᠠᠷᠠᠭᠠᠯᠵᠠᠲᠠᠭ ᠪᠦᠭᠡᠳ ᠡᠮ ᠲᠠᠩ ᠢ ᠨᠢ ᠴᠢᠨᠠᠵᠦ᠂ ᠬᠦᠯ ᠭᠠᠷ  ᠢ ᠨᠢ ᠤᠬᠢᠶᠡᠨ ᠴᠠᠪᠡᠷᠯᠡᠵᠦ ᠦᠭᠲᠡᠭ ᠶᠤᠮ᠃  ᠲᠡᠭᠡᠬᠦᠯᠡᠷ ᠰᠤᠮᠤᠨ ᠤ ᠬᠢᠨ ᠨᠢ 《 ᠮᠠᠨ  ᠤ ᠰᠠᠶᠢᠨ ᠰᠤᠮᠤᠨ ᠲᠠᠷᠤᠭ᠎ᠠ 》 ᠬᠡᠵᠦ ᠲᠤᠲᠦᠨᠤᠴᠢᠯᠠᠨ ᠲᠠᠭᠤᠲᠠᠲᠠᠭ᠃ 1949 ᠤᠨ ᠤ 2 ᠳ᠋ᠤᠭᠠᠷ ᠰᠠᠷ᠎ᠠ ᠳᠤ ᠠᠷᠠᠳ ᠤᠨ ᠴᠢᠯᠦᠭᠡᠯᠡᠭᠦ ᠴᠡᠷᠢᠭ ᠤᠨ ᠲᠤᠯᠤᠯᠲᠤᠭᠠᠨ ᠤ ᠬᠡᠲᠡᠷᠭᠦ ᠲᠠᠭᠠᠷᠢᠯᠲᠠ ᠡᠬᠢᠯᠡᠭᠦ ᠳᠤ ᠬᠢᠩᠭᠠᠨ ᠴᠡᠷᠢᠭ ᠤᠨ ᠲᠤᠭᠤᠷᠢᠭ ᠤᠨ ᠰᠧᠯᠢᠩ ᠠᠰᠬᠠᠨ᠂ ᠨᠢᠭᠡᠲᠦᠭᠡᠷ ᠳ᠋ᠢᠸᠢᠽᠢ ᠶᠢᠨ ᠲᠠᠷᠤᠭ᠎ᠠ ᠸᠠᠩ ᠬᠠᠢ ᠱᠠᠨ᠂ ᠵᠢᠭᠠᠨ ᠵᠢᠯᠤᠭᠤᠲᠦᠭ᠌ᠴᠢ ᠬᠤ᠋ ᠪᠢᠩ ᠴᠢᠣᠸᠠᠨ ᠨᠠᠷ ᠸᠠᠩ ᠤᠨ  ᠰᠦᠮ᠎ᠡ ︵ᠤᠯᠠᠭᠠᠨᠬᠤᠲᠠ︶ ᠠᠴᠠ ᠴᠡᠷᠢᠭ ᠲᠠᠶᠢᠴᠢᠯᠠᠨ ᠮᠤᠷᠲᠠᠪᠠ᠃ ᠪᠢᠲᠡᠭᠦᠨ ᠳᠤ ᠬᠤᠷᠴᠢᠨ ᠵᠡᠭᠦᠨ ᠭᠠᠷᠤᠨ ᠲᠤᠮᠲᠡᠲᠦ ᠬᠤᠰᠢᠭᠤ ᠶᠢᠨ ᠱᠧᠪᠡᠷᠲᠦ ᠶᠢ  ᠴᠢᠯᠦᠭᠡᠯᠡᠭᠡᠳ᠂ ᠨᠠᠢᠮᠠᠨ  ᠬᠤᠰᠢᠭᠤ ᠤᠷᠤᠭᠤ ᠰᠢᠯᠵᠢᠨ ᠂ ᠠᠰᠬᠠᠨ ᠵᠠᠩᠵᠤᠨ ᠪᠤᠯᠤᠨ ᠲᠠᠪᠤᠲᠦᠭᠠᠷ ᠬᠤᠪᠢᠶᠡᠷᠢ ᠲᠤᠭᠤᠷᠢᠭ ᠤᠨ ᠲᠡᠳ᠋ ᠰᠧᠯᠢᠩ ᠬᠤᠸᠠᠩ ᠶᠦᠩ ᠭᠦᠢ ᠴᠡᠷᠢᠭ ᠰᠠᠯᠭᠠᠨ ᠡᠮᠦᠨᠠᠰᠢ ᠪᠠᠭᠤᠪᠠ᠃ 2 ᠳ᠋ᠤᠭᠠᠷ ᠰᠠᠷ᠎ᠠ ᠶᠢᠨ14 ᠤ  ᠦᠦᠷ  ᠢᠶᠠᠷ ᠠᠰᠬᠠᠨ ᠵᠠᠩᠵᠤᠨ ᠦᠪᠡᠷ ᠤᠨ ᠪᠡᠶ᠎ᠠ ᠪᠠᠷ ᠢᠶᠠᠨ ᠨᠢᠭᠡᠲᠦᠭᠡᠷ ᠳ᠋ᠢᠸᠢᠽᠢ ᠶᠢᠨ ᠲᠠᠪᠤᠲᠦᠭᠠᠷ ᠬᠤᠷᠢᠶ᠎ᠠ ᠪᠤᠯᠤᠨ ᠶᠡᠭᠡ ᠫᠤᠤᠲᠦ ᠴᠡᠷᠢᠭ ᠤᠨ ᠰᠤᠮᠦ ᠶᠢ ᠵᠢᠯᠤᠭᠤᠲᠦᠨ ᠠᠶᠤᠩᠭ᠎ᠠ ᠴᠠᠬᠢᠯᠭᠠᠨ ᠮᠡᠲᠦ ᠪᠠᠷ ᠪᠦᠸᠧ ᠸᠠᠩ ᠤᠨ ᠤᠷᠲᠤᠨ ︵ᠵᠢᠷᠭᠠᠯᠠᠩ ᠪᠠᠯᠭᠠᠰᠦ︶ ᠶᠢ  ᠪᠦᠰᠡᠯᠡᠵᠦ ᠠᠪᠴᠠᠢ᠃ ᠬᠤᠶᠡᠷ ᠴᠠᠭ ᠢᠯᠡᠭᠦᠤ ᠶᠢᠨ ᠰᠢᠷᠦᠭᠦᠨ ᠲᠤᠯᠤᠯᠲᠤᠭᠠᠨ ᠢ ᠲᠠᠮᠵᠢᠵᠦ ᠭᠤᠮᠢᠨᠲᠠᠩ ᠤᠨ ᠬᠤᠷᠴᠢᠨ ᠵᠡᠭᠦᠨ ᠭᠠᠷᠣᠨ ᠬᠤᠶᠢᠲᠦ ᠬᠤᠰᠢᠭᠤᠨ  ᠳᠤ ᠬᠢ  ᠠᠮᠦᠷ ᠢ ᠬᠠᠮᠠᠭᠠᠯᠠᠬᠤ ᠶᠡᠭᠡ ᠠᠩᠬᠢ ᠶᠢ ᠪᠦᠭᠦᠨ ᠢᠶᠠᠷ ᠨᠢ ᠤᠰᠠᠳᠬᠠᠵᠦ ᠵᠢᠷᠭᠠᠯᠠᠩ ᠪᠠᠯᠭᠠᠰᠦ ᠶᠢ ᠴᠢᠯᠦᠭᠡᠯᠡᠪᠠ᠃ ᠡᠨᠠ ᠨᠢ ᠪᠦᠭᠦ ᠲᠠᠯ᠎ᠠ ᠶᠢᠨ ᠲᠠᠭᠠᠷᠢᠯᠲᠠ ᠳᠤ ᠠᠰᠢᠭᠲᠠᠢ ᠨᠦᠬᠦᠴᠠᠯ ᠢ ᠤᠯᠭᠤᠵᠦ ᠵᠢᠷᠢᠮ ᠠᠶᠢᠮᠠᠭ ᠤᠨ ᠴᠢᠯᠦᠭᠡᠯᠡᠯᠲᠠ‌‍ᠳᠥ ᠰᠢᠢᠳᠪᠦᠷᠢᠯᠡᠬᠦ ᠴᠢᠨᠠᠷᠲᠠᠢ ᠦᠢᠯᠡᠲᠦᠯ ᠦᠵᠡᠭᠦᠯᠦᠭᠰᠡᠨ ᠪᠠᠶᠢᠨ᠎ᠠ᠃ 1947 ᠤᠨ ᠤ 3  ᠳ᠋ᠤᠭᠠᠷ ᠰᠠᠷ᠎ᠠ ᠶᠢᠨ 21 ᠤ ᠡᠲᠦᠷ ᠠᠰᠬᠠᠨ ᠵᠠᠩᠵᠤᠨ ᠲᠦᠩᠯᠢᠶᠤᠤ ᠶᠢ ᠴᠢᠯᠦᠭᠡᠯᠡᠬᠦ ᠵᠠᠷᠯᠢᠭ ᠪᠠᠭᠤᠯᠭᠠᠬᠤ ᠳᠤ ᠵᠠᠷᠯᠢᠭ ᠬᠦᠯᠢᠶᠡᠭᠰᠡᠨ ᠮᠤᠷᠢᠲᠦ ᠴᠡᠷᠢᠭ  ᠤᠨ ᠬᠤᠶᠡᠲᠦᠭᠠᠷ ᠳ᠋ᠢᠸᠢᠽᠢ ᠤᠨ 11—12 ᠳ᠋ᠤᠭᠠᠷ ᠬᠤᠷᠢᠶ᠎ᠠ ᠪᠠᠴᠢᠮ ᠬᠤᠷᠠᠯ  ᠬᠤᠷᠠᠯᠳᠤᠭᠤᠯᠵᠤ᠂ ᠲᠦᠩᠯᠢᠶᠤᠤ ᠶᠢ ᠡᠵᠡᠯᠡᠬᠦ ᠠᠷᠭ᠎ᠠ ᠪᠤᠲᠤᠯᠭ᠎ᠠ ᠶᠢ ᠶᠠᠷᠢᠯᠴᠠᠨ ᠬᠠᠮᠤᠭ ᠡᠴᠦᠰ ᠲᠤ 《ᠲᠤᠩᠰᠢᠭᠤᠯ  ᠮᠤᠲᠦ ᠲᠤᠩᠰᠢᠬᠤ ᠠᠷᠭ᠎ᠠ》 ᠪᠠᠷ ᠲᠦᠩᠯᠢᠶᠤᠤ ᠶᠢ ᠡᠵᠡᠯᠡᠬᠦ ᠪᠠᠷ ᠲᠤᠭᠲᠠᠪᠠ᠃ ᠡᠭᠦᠨ ᠳᠤ ᠬᠤᠷᠢᠶᠡᠨ ᠤ ᠽᠠᠨᠮᠦ᠋ᠵᠠᠩ ᠲᠡᠭᠦᠰᠪᠠᠶᠠᠷ ︵ᠠᠷᠡᠳ ᠤᠨ ᠲᠠᠭᠤᠤ  ᠳᠤ  ᠭᠠᠷᠳᠠᠭ ᠲᠡᠭᠦᠰᠪᠠᠶᠠᠷ︶ ᠪᠠᠶᠢᠯᠲᠤᠭᠠᠨ ᠤ ᠨᠠᠷᠢᠨ ᠲᠦᠯᠦᠪᠯᠡᠯᠭᠡ ᠶᠢ ᠪᠠᠶᠢᠷᠢᠰᠢᠭᠤᠯᠤᠭᠰᠡᠨ ᠪᠠᠶᠢᠨ᠎ᠠ᠃ ᠪᠦᠬᠦ ᠴᠡᠷᠢᠭ ︵11—12 ᠳ᠋ᠤᠭᠠᠷ ᠬᠤᠷᠢᠶ᠎ᠠ︶  ᠢᠶᠠᠨ ᠭᠤᠷᠪᠠᠨ ᠵᠠᠮ ︵ᠵᠡᠭᠦᠨ ᠂ ᠪᠠᠷᠠᠭᠤᠨ᠂ ᠲᠤᠮᠲᠠ︶ ᠬᠤᠪᠢᠶᠠᠵᠦ᠂ ᠲᠤᠮᠲᠠ ᠵᠠᠮ ᠨᠢ ᠭᠤᠤᠯ ᠬᠦᠴᠦᠨ ᠴᠡᠷᠢᠭ ᠪᠤᠯᠵᠦ  ᠵᠡᠭᠦᠨ ᠪᠠᠷᠠᠭᠤᠨ ᠬᠤᠶᠡᠷ ᠵᠠᠮ  ᠨᠢ ᠬᠠᠪᠴᠢᠨ ᠲᠠᠭᠠᠷᠢᠪᠠ᠃ 3  ᠳ᠋ᠤᠭᠠᠷ ᠰᠠᠷ᠎ᠠ ᠶᠢᠨ 22  ᠤ ᠡᠳᠦᠷ ᠤᠨ ᠦᠷᠯᠦᠭᠡ  ᠪᠠᠶᠢᠯᠲᠤᠭᠠᠨ ᠡᠬᠢᠯᠡᠬᠦ ᠳᠤ ᠲᠤᠬᠠᠢ ᠶᠢᠨ ᠦᠶ᠎ᠠ ᠶᠢᠨ ᠵᠢᠷᠢᠮ ᠠᠶᠢᠮᠠᠭ ᠤᠨ ᠠᠬᠠᠯᠠᠭᠴᠢ ᠲᠠᠷᠪᠠ ᠶᠢᠨ ᠬᠠᠷᠢᠶᠡᠲᠦ ᠡᠰᠡᠷᠭᠦᠯᠡᠭᠴᠢᠳ ᠪᠠ ᠭᠤᠮᠢᠨᠲᠠᠩ ᠤᠨ ᠠᠮᠤᠷ ᠢ ᠬᠠᠮᠠᠭᠠᠯᠠᠬᠤ ᠬᠤᠷᠢᠶ᠎ᠠ ᠶᠢᠨ ᠬᠢᠨ ᠲᠦᠩᠯᠢᠶᠤᠤ ᠶᠢᠨ ᠬᠤᠶᠢᠲᠦ ᠵᠠᠬ᠎ᠠ ᠲᠡᠯᠭᠡᠭᠦᠷ ᠤᠨ ᠤᠷᠴᠢᠮ ᠣᠷᠣᠩᠨᠠᠨ ᠪᠠᠶᠢᠪᠠ᠃ 2 ᠴᠠᠭ  ᠢᠯᠡᠭᠦᠤ ᠶᠢᠨ ᠰᠢᠷᠦᠭᠦᠨ ᠪᠠᠶᠢᠯᠲᠤᠭᠠᠨ ᠢᠶᠠᠷ ᠲᠠᠮᠵᠢᠭᠠᠳ ᠵᠠᠭᠤ ᠭᠠᠷᠤᠢ ᠲᠠᠶᠢᠰᠦᠨ ᠢ ᠤᠰᠠᠳᠬᠠᠵᠦ ᠮᠠᠨ ᠤ ᠴᠡᠷᠢᠭ ᠲᠦᠩᠯᠢᠶᠤᠤ ᠶᠢ ᠡᠵᠡᠯᠡᠨ ᠪᠦᠬᠦ ᠵᠢᠷᠢᠮ ᠠᠶᠢᠮᠠᠭ ᠢ ᠴᠢᠯᠦᠭᠡᠯᠡᠪᠠ᠃ ᠡᠭᠦᠨ ᠳᠤ ᠲᠦᠩᠯᠢᠶᠤᠤ ᠶᠢᠨ ᠦᠯᠡᠲᠡᠭᠲᠡᠯ ᠴᠡᠷᠢᠭ ᠵᠡᠭᠦᠨ ᠡᠮᠦᠨ᠎ᠠ ᠵᠦᠭ ᠲᠤᠲᠠᠭᠠᠪᠠ᠃ 1947 ᠤᠨ ᠤ 5 ᠰᠠᠷ᠎ᠠ ᠳᠤ ᠮᠤᠷᠢᠲᠦ ᠴᠡᠷᠢᠭ ᠤᠨ ᠬᠤᠶᠡᠷ ᠳ᠋ᠣᠭᠠᠷ ᠳ᠋ᠢᠸᠧᠽᠢ ᠤᠨ11—12 ᠳ᠋ᠤᠭᠠᠷ ᠬᠤᠷᠢᠶ᠎ᠠ ᠲᠦᠩᠯᠢᠶᠤᠤ ᠶᠢ ᠴᠢᠯᠦᠭᠡᠯᠡᠭᠰᠡᠨ ᠤ ᠲᠠᠷᠠᠭ᠎ᠠ᠂ 12——13 ᠳ᠋ᠣᠭᠠᠷ ᠬᠤᠷᠢᠶ᠎ᠠ ᠳ᠋ᠢᠸᠢᠽᠢ ᠤᠨ ᠬᠡᠯᠲᠡᠰ ᠤᠨ ᠲᠤᠬᠢᠷᠠᠭᠤᠯᠤᠯᠭ᠎ᠠ  ᠪᠠᠷ ᠲᠠᠷᠦᠢ ᠲᠦᠷᠭᠡᠨ ᠲᠦᠩᠯᠢᠶᠤᠤ ᠠᠴᠠ ᠲᠤᠲᠠᠭᠠᠭᠰᠠᠨ ᠲᠠᠶᠢᠰᠤᠨ ᠤ ᠴᠡᠷᠢᠭ ᠤᠨ18 ᠳ᠋ᠢᠸᠢᠽᠢ ᠤᠨ ᠦᠯᠡᠲᠡᠭᠲᠡᠯ ᠴᠡᠷᠢᠭ ᠢ ᠨᠡᠬᠡᠮᠵᠢᠯᠡᠵᠦ᠂ ᠡᠴᠦᠰ ᠲᠤ ᠪᠠᠨ ᠤᠯᠠᠭᠠᠨ ᠤᠲᠦ ᠰᠤᠮᠦ ᠵᠢᠨ‌ᠬᠠᠷ᠎ᠠ ᠤᠰᠤ ᠰᠦᠮ᠎ᠠ ᠶᠢᠨ ᠡᠮᠦᠨ᠎ᠠ ᠲᠤᠪᠤᠴᠠᠭ ᠲᠤ ᠲᠠᠶᠢᠰᠤᠨ ᠤ ᠴᠡᠷᠢᠭ ᠲᠠᠢ ᠬᠠᠷᠭᠤᠵᠦ᠂ 12—13 ᠳ᠋ᠣᠭᠠᠷ ᠬᠤᠷᠢᠶ᠎ᠠ ᠶᠢᠨ  ᠬᠠᠮᠵᠢᠯᠭ᠎ᠠ ᠪᠠᠷ  ᠬᠤᠶᠠᠷᠬᠠᠨ ᠴᠠᠭ ᠤᠨ ᠪᠠᠶᠢᠯᠲᠤᠭᠠᠨ ᠢᠶᠠᠷ ᠲᠦᠩᠯᠢᠶᠤᠤ ᠶᠢᠨ ᠠᠮᠦᠷ ᠢ ᠬᠠᠮᠠᠭᠠᠯᠠᠬᠤ ᠦᠯᠡᠲᠡᠭᠲᠡᠯ ᠴᠡᠷᠢᠭ ᠢ ᠪᠦᠬᠦᠨ  ᠢ ᠤᠰᠠᠳᠬᠠᠵᠦ ᠂ ᠭᠤᠮᠢᠨᠲᠠᠩ ᠤᠨ ᠠᠷᠪᠠᠨ  ᠨᠠᠢᠮᠠᠳᠤᠭᠠᠷ ᠳ᠋ᠢᠸᠢᠽᠢ ᠤᠨ ᠲᠠᠷᠤᠭ᠎ᠠ ᠲᠢᠶᠡᠨ ᠶᠦᠩ ᠵᠢᠣ ᠪᠠ ᠲᠡᠭᠦᠨ  ᠤ ᠬᠠᠷᠢᠶᠠᠲᠦ ᠭᠤᠷᠪᠠᠨ ᠵᠠᠭᠤ ᠵᠢᠷᠡᠨ ᠬᠦᠮᠦᠨ ᠢ ᠤᠯᠵᠠᠯᠠᠬᠤ ᠶᠢᠨ ᠬᠠᠮᠲᠦ ᠨᠢᠭᠡ ᠪᠦᠯᠦᠭ ᠴᠡᠷᠢᠭ ᠤᠨ ᠵᠡᠪᠰᠡᠭ ᠲᠤᠨᠤᠭᠯᠠᠯ ᠢ ᠬᠤᠷᠢᠶᠠᠨ ᠤᠯᠪᠠ᠃  ᠡᠨᠡ ᠬᠦ ᠰᠢᠷᠦᠭᠦᠨ ᠪᠠᠶᠢᠯᠲᠤᠭᠠᠨ ᠤ ᠲᠤᠮᠲᠠ ᠳᠡᠳ᠋ ᠰᠤᠮᠦᠨ ᠲᠠᠷᠤᠭ᠎ᠠ ᠬᠤᠲᠠᠯᠠ ᠠᠮᠢ ᠪᠠᠶ᠎ᠠ ᠪᠠᠨ ᠬᠠᠶᠢᠬᠤᠷᠤᠯ ᠦᠭᠡᠢ ᠡᠷᠡᠯᠭᠡᠭᠯᠡᠨ ᠪᠠᠶᠢᠯᠲᠦᠵᠦ ᠭᠤᠷᠪᠠᠨ ᠲᠠᠶᠢᠰᠦᠨ ᠢ ᠤᠰᠠᠳᠬᠠᠵᠦ ᠠᠷᠪᠠᠨ ᠭᠤᠷᠪᠠᠨ ᠲᠠᠶᠢᠰᠤᠨ ᠢ ᠪᠠᠷᠢᠪᠴᠢᠯᠠᠭᠠᠳ ᠶᠡᠭᠡ ᠭᠠᠪᠢᠶ᠎ᠠ ᠪᠠᠶᠢᠭᠤᠯᠪᠠ᠃ ᠨᠡᠩ ᠴᠦ  ᠲᠡᠦᠬᠡᠨ ᠳᠤ ᠠᠯᠲᠠᠷᠲᠠᠢ  ᠰᠧᠫᠢᠩ ᠤᠨ ᠲᠠᠶᠢᠨ ᠳᠤ ᠬᠤᠶᠠᠷ ᠤᠲᠠᠭ᠎ᠠ ᠭᠠᠪᠢᠶ᠎ᠠ ᠪᠠᠶᠢᠭᠤᠯᠵᠠᠢ᠃ ᠨᠢᠭᠡ᠂ ᠰᠢᠷᠦᠭᠦᠨ ᠪᠠᠶᠢᠯᠲᠦᠭᠠᠨ ᠳᠤ ᠮᠠᠨ ᠤ ᠴᠡᠷᠢᠭ ᠭᠤᠷᠪᠠᠲᠤᠭᠠᠷ ᠪᠠᠬᠢᠯᠡᠯᠲᠠ ᠶᠢ ᠰᠢᠪᠲᠤᠯᠬᠤ ᠦᠶ᠎ᠠ ᠳᠤ ᠲᠠᠶᠢᠰᠤᠨ ᠤ ᠪᠠᠬᠢᠯᠡᠯᠲᠠ ᠶᠢᠨ ᠭᠠᠯ ᠤᠨ ᠬᠦᠴᠦᠨ ᠬᠡᠴᠡᠭᠦᠲᠡᠵᠦ᠂ ᠠᠯᠬᠠᠤᠮ ᠲᠡᠲᠦᠢ ᠴᠦ ᠤᠷᠤᠭᠰᠢᠯᠡᠵᠦ  ᠳᠡᠶᠢᠯᠬᠦ ᠦᠭᠡᠢ ᠪᠠᠶᠢᠬᠤ ᠵᠠᠩᠬᠢᠯᠭ᠎ᠠ ᠶᠢᠨ ᠦᠶ᠎ᠠ ᠳᠤ ᠳᠡᠳ᠋ ᠰᠤᠮᠦᠨ ᠲᠠᠷᠤᠭ᠎ᠠ ᠬᠤᠲᠠᠯᠠ ᠭᠠᠷ ᠡᠷᠭᠦᠨ ᠡᠭᠦᠷᠭᠡ  ᠬᠦᠯᠢᠶᠡᠭᠡᠳ᠂ ᠰᠤᠮᠦᠨ ᠮᠦᠨᠲᠦᠷ ᠤᠨ ᠲᠤᠮᠲᠠᠭᠤᠷ ᠠᠮᠢ ᠪᠠᠶ᠎ᠠ  ᠪᠠᠨ ᠬᠠᠶᠢᠬᠤᠷᠤᠯ ᠦᠭᠡᠢ ᠡᠷᠡᠯᠭᠡᠭᠯᠡᠨ ᠤᠷᠤᠭᠰᠢᠯᠠᠪᠠ᠃ ᠡᠴᠦᠰ ᠲᠤ ᠪᠠᠨ ᠲᠠᠶᠢᠰᠤᠨ ᠤ ᠪᠠᠬᠢᠯᠡᠯᠲᠠ ᠶᠢ ᠲᠡᠯᠪᠡᠴᠢᠵᠦ ᠮᠠᠨ ᠤ ᠴᠡᠷᠢᠭ ᠤᠨ ᠤᠷᠤᠭᠰᠢᠯᠠᠯᠲᠠ ᠳᠤ ᠵᠠᠮ ᠨᠡᠬᠡᠬᠡᠵᠦ ᠦᠭᠪᠠ᠃ ᠬᠤᠶᠡᠷ᠂ ᠴᠢᠰᠦᠨ ᠪᠠᠶᠢᠯᠲᠦᠭᠠᠨ  ᠤ ᠲᠤᠮᠲᠠ ᠲᠠᠷᠠ ᠲᠠᠭᠠᠷᠢᠨ ᠢᠷᠡᠬᠦ ᠲᠠᠶᠢᠰᠦᠨ ᠤ ᠴᠡᠷᠢᠭ ᠤᠨ ᠨᠢᠭᠡ  ᠲᠠᠩᠺ  ᠢ ᠲᠡᠯᠪᠡᠴᠢᠪᠡ᠃  ᠡᠶᠢᠨ ᠬᠦ᠂  ᠬᠤᠲᠠᠯᠠ ᠴᠢᠯᠦᠭᠡᠯᠡᠬᠦ ᠲᠠᠶᠢᠨ ᠤ ᠦᠶ᠎ᠡ ᠳᠤ ᠣᠲᠷᠢᠶᠡᠲ ᠢᠶᠠᠨ ᠲᠠᠭᠠᠵᠦ ᠵᠢᠷᠢᠮ ᠠᠶᠢᠮᠠᠭ ᠤᠨ ᠭᠠᠵᠠᠷ ᠤᠷᠤᠨ ᠤ ᠴᠢᠯᠦᠭᠡᠯᠡᠯᠲᠠ ᠪᠠ ᠬᠠᠮᠠᠭᠠᠯᠠᠯᠲᠠ ᠶᠢᠨ ᠲᠤᠭ᠎ᠠ ᠦᠭᠡᠢ ᠤᠯᠠᠨ ᠪᠠᠶᠢᠯᠲᠤᠭᠠᠨ ᠳᠤ ᠤᠷᠤᠯᠴᠠᠭᠰᠠᠨ ᠶᠤᠮ᠃      ᠠᠯᠲᠠᠷᠲᠦ ᠯᠢᠶᠤᠤ — ᠱᠧᠨ ᠤ ᠪᠠᠶᠢᠯᠲᠤᠭᠠᠨ ᠤ ᠱᠢ ᠭᠦ᠋ ᠴᠧᠩ ᠤᠨ ᠲᠤᠯᠤᠯᠲᠤᠭᠠᠨ ᠳᠤ ᠬᠤᠲᠠᠯᠠ ᠲᠠᠶᠢᠰᠤᠨ ᠤ ᠴᠡᠷᠢᠭ ᠤᠨ ᠬᠦᠴᠦᠲᠡᠢ  ᠭᠠᠯᠯᠠᠯᠲᠠ ᠶᠢ ᠬᠠᠶᠢᠬᠤᠷᠤᠯ ᠦᠭᠡᠢ  ᠪᠠᠷ ᠡᠷᠡᠯᠭᠡᠭ ᠢᠶᠠᠷ ᠲᠠᠭᠠᠷᠢᠨ ᠲᠠᠶᠢᠰᠤᠨ ᠢ ᠤᠰᠠᠳᠬᠠᠵᠦ᠂  ᠦᠬᠦᠵᠦ ᠰᠡᠬᠡᠬᠦ  ᠶᠢᠨ ᠰᠢᠯᠭᠠᠯᠲᠠ  ᠲᠤᠮᠲᠠ  ᠶᠡᠷᠦ ᠬᠠᠮᠤᠭ ᠤᠨ ᠡᠮᠦᠨ᠎ᠠ  ᠨᠢ ᠭᠠᠪᠰᠢᠭᠠᠶᠢᠯᠠᠨ᠂   ᠶᠡᠭᠡ ᠭᠠᠪᠢᠶ᠎ᠠ ᠶᠢ  ᠲᠠᠪᠤ ᠤᠲᠠᠭ᠎ᠠ ᠪᠠᠶᠢᠭᠤᠯᠵᠦ ᠂  ᠭᠠᠪᠢᠶᠠᠨ ᠲᠡᠮᠳᠡᠭ ᠢ ᠳᠦᠷᠪᠡ  ᠤᠲᠠᠭ᠎ᠠ  ᠬᠦᠷᠲᠡᠨ᠂ ᠴᠢᠯᠦᠭᠡᠯᠡᠬᠦ ᠲᠠᠶᠢᠨ ᠤ ᠢᠯᠡᠯᠲᠠ ᠳᠤ ᠦᠪᠡᠷ ᠤᠨ ᠬᠡᠰᠡᠨ ᠬᠤᠪᠢ ᠨᠡᠮᠡᠷᠢ ᠪᠠᠨ  ᠦᠵᠡᠭᠦᠯᠦᠭᠰᠡᠨ  ᠠᠴᠠ  ᠬᠤᠸᠠᠪᠸᠢ ᠶᠢᠨ ᠴᠡᠷᠢᠭ ᠤᠨ ᠲᠤᠭᠤᠷᠢᠭ ᠠᠴᠠ ᠲᠡᠭᠦᠨ ᠳᠤ 《 ᠨᠢᠭᠡᠲᠦᠭᠡᠷ ᠲᠡᠰ ᠤᠨ ᠪᠠᠶᠢᠯᠲᠤᠭᠠᠨ ᠤ ᠪᠠᠭᠠᠲᠦᠷ 》 ᠬᠡᠬᠦ ᠢᠷᠠᠭᠤ ᠠᠯᠲᠠᠷ ᠢ ᠬᠦᠷᠲᠡᠭᠡᠪᠠ᠃  ᠡᠭᠦᠨ ᠤ ᠬᠠᠮᠲᠤ᠂ 1948 ᠤᠨ ᠤ 7 ᠳ᠋ᠤᠭᠠᠷ ᠰᠠᠷ᠎ᠠ ᠳᠤ ᠯᠢᠶᠤᠤᠲᠦ᠋ᠩ ᠴᠡᠷᠢᠭ ᠤᠨ ᠲᠤᠭᠤᠷᠢᠭ ᠤᠨ ᠪᠠᠭᠠᠲᠤᠷ ᠵᠢᠱᠢᠶᠡᠴᠢ ᠶᠢᠨ ᠬᠤᠷᠡᠯ ᠳᠤ ᠣᠷᠣᠯᠴᠠᠭᠰᠠᠨ ᠪᠠᠶᠢᠨ᠎ᠠ᠃  ᠪᠦᠭᠦᠲᠠ ᠨᠠᠶᠢᠷᠠᠮᠲᠠᠭᠤ ᠲᠤᠮᠲᠡᠲᠦ ᠠᠷᠠᠳ ᠤᠯᠤᠰ ᠪᠠᠶᠢᠭᠤᠯᠤᠭᠲᠠᠭᠰᠠᠨ ᠤ ᠰᠡᠭᠦᠯᠠᠷ ᠳᠡᠳ᠋ ᠰᠤᠮᠤᠨ ᠲᠠᠷᠤᠭ᠎ᠠ ᠬᠤᠲᠠᠯᠠ ᠨᠦᠭᠦᠷ《 ᠪᠦᠭᠦ ᠤᠯᠤᠰ ᠤᠨ ᠨᠢᠭᠡᠲᠦᠭᠡᠷ ᠲᠡᠰ ᠤᠨ ᠪᠠᠶᠢᠯᠲᠤᠭᠠᠨ ᠤ ᠪᠠᠭᠠᠲᠤᠷ》 ᠢᠶᠠᠷ ᠰᠤᠩᠭᠤᠭᠲᠠᠨ ᠤᠷᠢᠳ ᠬᠤᠵᠢᠳ ᠮᠠᠤ ᠲᠡᠷᠢᠭᠦᠯᠡᠭᠴᠢ ᠲᠠᠢ ᠠᠷᠪᠠᠨ ᠭᠤᠷᠪᠠᠨ ᠤᠲᠠᠭ᠎ᠠ ᠪᠠᠷᠠᠲᠠᠪᠠ᠃ 1950 ᠤᠨ ᠤ 9  ᠳ᠋ᠦ᠋ᠭᠡᠷ ᠰᠠᠷ᠎ᠠ ᠳᠤ ᠬᠤᠲᠠᠯᠠ ᠨᠦᠭᠦᠷ ᠪᠦᠬᠦ ᠤᠯᠤᠰ ᠤᠨ ᠪᠠᠶᠢᠯᠲᠤᠭᠠᠨ ᠤ ᠪᠠᠭᠠᠲᠤᠷ  ᠤᠨ ᠲᠦᠯᠦᠭᠡᠯᠡᠭᠴᠢᠳ ᠤᠨ ᠶᠡᠭᠡ ᠬᠤᠷᠡᠯ ᠳᠤ ᠣᠷᠣᠯᠴᠠᠵᠦ ᠮᠠᠤ ᠲᠠᠷᠢᠭᠦᠯᠡᠭᠴᠢ᠂ ᠵᠸᠤ ᠶᠡᠷᠦᠩᠬᠡᠢ ᠰᠠᠶᠢᠳ ᠂ ᠵᠤ᠋ ᠶᠡᠷᠦᠩᠬᠡᠢ ᠰᠧᠯᠢᠭ ᠵᠡᠷᠭᠡ ᠨᠠᠮ ᠪᠠ ᠲᠦᠷᠦ ᠶᠢᠨ ᠤᠲᠤᠷᠢᠲᠤᠯᠭ᠎ᠠ ᠲᠠᠢ  ᠪᠠᠷᠠᠳᠠᠵᠠᠢ᠃  ᠡᠭᠦᠨ ᠤ ᠬᠠᠮᠲᠦ᠂ ᠲᠦᠪ  ᠠᠴᠠ ᠲᠡᠭᠦᠨ ᠳᠤ《 ᠨᠢᠭᠡᠲᠦᠭᠡᠷ ᠲᠡᠰ ᠤᠨ ᠪᠠᠶᠢᠯᠲᠤᠭᠠᠨ ᠤ ᠪᠠᠭᠠᠲᠦᠷ 》 ᠬᠡᠬᠦ ᠢᠷᠠᠭᠤ ᠠᠯᠲᠠᠷ ᠢ ᠬᠦᠷᠲᠡᠭᠡᠪᠠ  ᠃ ᠡᠭᠡ ᠤᠯᠤᠰ ᠤᠨ ᠨᠠᠶᠢᠭᠡᠮ ᠵᠢᠷᠦᠮᠲᠦ ᠪᠦᠲᠦᠭᠡᠨ ᠪᠠᠶᠢᠭᠤᠯᠤᠯᠲᠠ ᠶᠢᠨ ᠴᠠᠭ ᠦᠶ᠎ᠡ ᠳᠤ ᠬᠤᠲᠠᠯᠠ ᠨᠦᠭᠦᠷ ᠰᠤᠶᠤᠯ ᠮᠡᠲᠡᠯᠭᠡ ᠶᠢ ᠴᠢᠷᠮᠠᠶᠢᠨ ᠰᠤᠷᠤᠯᠴᠠᠵᠦ ᠂ ᠤᠯᠤᠰ ᠲᠦᠷᠦ ᠶᠢᠨ ᠤᠨᠤᠯ ᠪᠠ ᠴᠡᠷᠢᠭ ᠤᠨ ᠶᠡᠪᠣᠲᠡᠯ ᠤᠨ ᠰᠤᠷᠤᠯᠴᠠᠯᠭ᠎ᠠ ᠳᠤ ᠢᠲᠡᠪᠬᠢᠯᠡᠨ ᠤᠷᠤᠯᠴᠠᠵᠦ ᠪᠠᠶᠢᠯᠲᠤᠭᠴᠢ ᠪᠠᠶᠢᠭᠰᠡᠨ ᠠᠴᠠ ᠪᠠᠨ ᠦᠨᠲᠦᠰᠦᠨ ᠱᠠᠲᠤᠨ ᠤ ᠵᠢᠯᠤᠭᠤᠲᠦᠭ᠌ᠴᠢ ᠪᠤᠯᠤᠨ ᠦᠰᠦᠨ ᠪᠤᠶᠢᠵᠢᠵᠦ ᠂ ᠠᠵᠢᠯ ᠤᠨ ᠲᠤᠮᠲᠠ ᠪᠠᠨ ᠬᠡᠵᠢᠶᠡᠲᠠ ᠨᠠᠷᠢᠨ ᠬᠢᠨᠡᠮᠡᠭᠠᠢ ᠢᠲᠡᠪᠬᠢᠲᠠᠢ ᠪᠠᠶᠢᠵᠦ  ᠪᠡᠶ᠎ᠠ ᠪᠠᠷ ᠢᠶᠠᠨ ᠲᠠᠭᠤᠷᠢᠶᠡᠯ ᠪᠤᠯᠤᠨ ᠬᠦᠴᠢᠷ ᠠᠴᠠ ᠠᠶᠤᠬᠤ ᠦᠭᠡᠢ᠂ ᠵᠢᠷᠭᠠᠯ ᠵᠤᠪᠠᠯᠠᠩ ᠢ ᠪᠤᠰᠤᠳ ᠲᠠᠢ ᠬᠠᠮᠲᠤᠤᠬᠠᠵᠦ ᠠᠵᠢᠯ ᠪᠦᠬᠦᠨ ᠢᠶᠠᠨ ᠠᠮᠵᠢᠯᠲᠠ ᠲᠠᠢ ᠪᠡᠶᠡᠯᠡᠭᠦᠯᠲᠡᠭ᠃ ᠲᠡᠷᠡ ᠡᠷᠡᠰ ᠪᠠᠲᠦ ᠨᠠᠮᠴᠢ ᠴᠢᠨᠠᠷ ᠲᠠᠢ ᠪᠦᠭᠡᠳ ᠰᠠᠬᠢᠯᠭ᠎ᠠ ᠪᠠᠲᠤᠴᠢ ᠴᠢᠨᠠᠷ ᠢᠶᠠᠷ ᠴᠢᠩᠭ᠎ᠠ ᠪᠠᠶᠢᠵᠦ᠂ ᠴᠠᠭ ᠢᠮᠠᠭᠲᠠ ᠡᠪ ᠬᠠᠮᠲᠦ ᠨᠠᠮ ᠤᠨ ᠭᠡᠰᠢᠭᠦᠨ ᠤ ᠡᠭᠦᠷᠭᠡ ᠬᠠᠷᠢᠭᠤᠴᠠᠯᠭ᠎ᠠ ᠪᠠᠨ  ᠴᠡᠭᠡᠵᠢᠯᠡᠨ᠂ ᠨᠠᠮ ᠤᠨ ᠴᠢᠭᠯᠡᠯᠡᠲᠠ᠂ ᠲᠦᠷᠦ ᠶᠢᠨ ᠪᠤᠲᠤᠯᠭ᠎ᠠ ᠪᠠ ᠤᠯᠤᠰ ᠤᠨ ᠬᠠᠤᠯᠢ ᠲᠦᠷᠢᠮ ᠠᠴᠠ ᠠᠪᠬᠠᠭᠤᠯᠤᠭᠠᠳ ᠴᠡᠷᠢᠭ ᠠᠩᠬᠢ ᠶᠢᠨ ᠡᠯ᠎ᠡ ᠵᠦᠢᠯ ᠤᠨ ᠲᠦᠷᠢᠮ ᠲᠤᠭᠲᠠᠭᠠᠯ ᠢ ᠤᠬᠠᠮᠰᠠᠷ ᠠᠴᠠ  ᠪᠠᠨ ᠰᠠᠬᠢᠲᠠᠭ ᠶᠤᠮ᠃ ᠲᠡᠷᠡᠴᠢᠯᠡᠨ ᠴᠡᠷᠢᠭ ᠠᠩᠬᠢ ᠶᠢᠨ ᠪᠤᠯᠪᠠᠰᠤᠷᠡᠯ  ᠪᠠ ᠬᠠᠮᠢᠶᠠᠷᠤᠯᠲᠠ ᠶᠢᠨ ᠲᠠᠯ᠎ᠠ ᠪᠠᠷ ᠲᠤᠪᠤᠶᠢᠮ᠎ᠠ ᠠᠮᠵᠢᠯᠲᠠ ᠤᠯᠤᠭᠰᠠᠨ ᠠᠴᠠ ᠶᠡᠭᠡ ᠭᠠᠪᠢᠶ᠎ᠠ  ᠪᠠᠶᠢᠭᠤᠯᠵᠦ᠂ ᠤᠯᠠᠨᠲᠠ ᠨᠠᠮ ᠤᠨ ᠰᠢᠯᠢᠲᠡᠭ ᠬᠡᠰᠢᠭᠦᠨ᠂ ᠤᠷᠤᠭᠰᠢᠯᠠᠭᠰᠡᠨ ᠠᠵᠢᠯᠲᠠᠨ ᠢᠶᠠᠷ ᠬᠦᠬᠢᠭᠦᠯᠦᠭᠲᠡᠵᠦ ᠲᠡᠭᠡᠷ᠎ᠡ ᠱᠠᠲᠤᠨ ᠤ ᠪᠠᠶᠢᠭᠤᠯᠭ᠎ᠠ ᠨᠢᠭᠡᠴᠢ ᠪᠠ ᠬᠠᠮᠢᠶ᠎ᠠ ᠪᠦᠬᠦᠢ ᠤᠲᠤᠷᠢᠲᠤᠯᠭ᠎ᠠ ᠨᠠᠷ ᠤᠨ ᠮᠠᠭᠲᠠᠭᠠᠯ ᠰᠠᠶᠢᠰᠢᠶᠡᠯ ᠢ ᠬᠦᠷᠲᠡᠵᠡᠢ᠃ ᠲᠡᠭᠦᠨ ᠤ ᠦᠢᠯᠡ ᠠᠵᠢᠯᠯᠠᠭ᠎ᠠ ᠨᠢ 《ᠲᠤᠮᠲᠡᠲᠦ ᠤᠯᠤᠰ ᠤᠨ ᠴᠡᠷᠢᠭ ᠤᠨ ᠶᠠᠪᠤᠲᠠᠯ ᠤᠨ ᠪᠦᠷᠢᠨ ᠪᠢᠴᠢᠭ》 ᠪᠤᠯᠤᠨ 《ᠲᠤᠮᠲᠡᠲᠦ ᠤᠯᠤᠰ ᠤᠨ ᠨᠡᠷᠡᠲᠦ ᠬᠦᠮᠦᠰ 》 ᠤᠨ ᠲᠤᠯᠢ ᠪᠢᠴᠢᠭ ᠲᠤ ᠰᠤᠩᠭᠤᠭᠲᠠᠨ ᠤᠷᠤᠵᠠᠢ᠃         ᠬᠤᠲᠠᠯᠠ ᠨᠦᠭᠦᠷ ᠠᠵᠢᠯ ᠠᠴᠠ ᠪᠠᠨ ᠨᠠᠰᠤᠨ ᠤ ᠠᠮᠠᠷᠠᠯᠲᠠ ᠠᠪᠤᠭᠰᠠᠨ ᠤ ᠰᠡᠭᠦᠯᠡᠷ ᠬᠤᠪᠢᠰᠬᠠᠯᠲᠦ  ᠪᠠᠭᠠᠲᠤᠷᠯᠢᠭ ᠦᠵᠡᠯ ᠰᠠᠨᠠᠭ᠎ᠠ ᠪᠠᠨ ᠦᠷᠬᠦᠯᠵᠢᠯᠠᠨ ᠪᠠᠲᠠᠷᠠᠭᠤᠯᠵᠦ ᠦᠭᠡᠷᠡᠴᠢᠯᠡᠯᠲᠠ ᠬᠢᠵᠦ ᠴᠢᠯᠦᠭᠡᠲᠠᠢ ᠶᠠᠪᠤᠯᠴᠠᠬᠤ ᠪᠠ ᠠᠵᠦ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠦᠢᠯᠡᠰ ᠲᠤ ᠴᠢᠩ ᠦᠨᠡᠨᠴᠢ ᠪᠠᠷ ᠵᠢᠳᠭᠦᠨ ᠴᠢᠷᠮᠠᠶᠢᠵᠦ ᠶᠠᠪᠤᠭᠰᠠᠨ ᠶᠤᠮ᠃  ᠲᠡᠷᠡ ᠰᠠᠨᠠᠭᠠᠴᠢᠯᠭ᠎ᠠ ᠠᠴᠠ ᠪᠠᠨ ᠤᠯᠠᠨ ᠤᠲᠠᠭ᠎ᠠ  ᠴᠢᠩᠱᠠᠨ ᠪᠠᠭ᠎ᠠ ᠰᠤᠷᠭᠠᠭᠤᠯᠢ ᠪᠤᠯᠤᠨ‌‍ᠲ᠋ᠦ᠋ᠮᠡᠳ ᠲᠤᠮᠲᠡᠲᠦ ᠰᠤᠷᠭᠠᠭᠤᠯᠢ ᠳᠤ ᠬᠦᠷᠴᠦ ᠮᠠᠲᠡᠭᠦᠯᠦᠯᠲᠠ ᠬᠢᠵᠦ  ᠬᠤᠶᠢᠴᠢ ᠦᠶ᠎ᠡ ᠶᠢᠨ ᠬᠢᠨ ᠤ  ᠪᠠᠨ ᠦᠰᠦᠨ ᠪᠤᠶᠢᠵᠢᠯᠲᠠ ᠶᠢ ᠬᠠᠯᠠᠮᠵᠢᠯᠠᠭᠰᠠᠭᠠᠷ ᠢᠷᠡᠵᠡᠢ᠃  ᠲᠡᠷᠡ ᠨᠦᠭᠦᠳ ᠲᠠᠢ ᠪᠠᠨ ᠪᠦᠯᠬᠦᠮᠲᠡᠨ ᠪᠤᠰᠣᠳ ᠲᠤ ᠲᠠᠷᠤᠤ ᠨᠤᠮᠤᠬᠠᠨ ᠢᠶᠠᠷ ᠬᠠᠨᠲᠤᠵᠦ ᠂ ᠭᠠᠪᠢᠶ᠎ᠠ ᠵᠢᠳᠭᠦᠯ ᠳᠤ ᠪᠠᠨ ᠤᠮᠤᠷᠬᠠᠭᠯᠠᠬᠤ ᠦᠭᠡᠢ ᠪᠠᠶᠢᠲᠠᠭ᠃   ᠡᠪᠡᠳᠴᠢᠯᠡᠭᠡᠳ ᠡᠮᠨᠡᠯᠭᠡ ᠳᠤ ᠰᠠᠭᠤᠭᠰᠠᠨ ᠴᠦ ᠵᠤᠬᠢᠶᠠᠨ ᠪᠠᠶᠢᠭᠤᠯᠤᠯᠲᠠ ᠪᠠ ᠤᠲᠤᠷᠢᠲᠤᠯᠭ᠎ᠠ ᠳᠤ ᠶᠠᠷᠰᠢᠭ ᠲᠦᠪᠡᠭ ᠠᠪᠴᠢᠷᠠᠬᠤ ᠠᠴᠠ  ᠬᠢᠴᠢᠶᠡᠨ ᠠᠵᠢᠯ ᠠᠴᠠ ᠪᠠᠨ ᠠᠮᠠᠷᠠᠭᠰᠠᠨ ᠺᠠᠳ᠋ᠷ ᠤᠯᠠᠨ  ᠳᠤ ᠲᠠᠭᠤᠷᠢᠶᠡᠯ ᠦᠵᠡᠭᠦᠯᠪᠡ᠃ ᠮᠦᠨ ᠮᠤᠩᠭᠤᠯ᠂ ᠮᠠᠨᠵᠦ᠂ ᠬᠢᠲᠡᠳ᠂ ᠬᠤᠲᠤᠩ ᠦᠨᠳᠦᠰᠦᠲᠡᠨ ᠢᠶᠠᠷ ᠪᠦᠷᠢᠯᠲᠦᠭᠰᠡᠨ ᠤᠶᠢᠷ᠎ᠡ ᠰᠠᠲᠤᠨ ᠳᠤ ᠪᠠᠨ ᠬᠡᠪ ᠲᠦᠷᠢᠮ ᠪᠤᠯᠵᠦ᠂ ᠬᠠᠷᠢᠯᠴᠠᠨ ᠪᠦᠯᠬᠦᠮᠲᠡᠨ ᠡᠶ᠎ᠡ ᠡᠪᠲᠠᠢ ᠬᠠᠷᠢᠴᠠᠵᠦ  ᠡᠯᠢᠭᠡᠰᠡᠭ  ᠳᠣᠲᠣᠨᠤ  ᠶᠠᠪᠤᠯᠴᠠᠵᠤ ᠪᠠᠶᠢᠪᠠ᠃ 1983 ᠤᠨ ᠳᠤ ᠪᠡᠭᠡᠵᠢᠩ ᠤᠨ ᠴᠡᠷᠢᠭ ᠤᠨ ᠲᠤᠭᠤᠷᠢᠭ ᠠᠴᠠ ᠲᠡᠳᠡᠨ ᠤ ᠬᠢᠨ ᠢ《 ᠲᠠᠪᠤᠨ  ᠰᠠᠶᠢᠨᠲᠠᠢ ᠭᠡᠷ ᠪᠦᠯᠢ 》 ᠪᠠᠷ  ᠬᠦᠬᠢᠭᠦᠯᠵᠡᠢ᠃ ᠲᠡᠷᠡ ᠤᠷᠢᠳ ᠬᠤᠵᠢᠳ ᠢᠷᠠᠭᠤ ᠠᠯᠲᠠᠷᠲᠦ ᠴᠡᠷᠢᠭ ᠠᠴᠠ ᠬᠠᠯᠠᠭᠲᠠᠭᠰᠡᠨ  ᠲᠡᠷᠢᠭᠦᠨ ᠤ ᠲᠦᠯᠦᠭᠡᠯᠡᠭᠴᠢ᠂ ᠬᠤᠲᠠ ᠶᠢᠨ ᠠᠷᠡᠳ ᠤᠨ ᠶᠠᠪᠤᠲᠠᠯ ᠤᠨ ᠰᠢᠰᠲ᠋ᠧᠮ ᠤᠨ ᠰᠢᠯᠢᠲᠡᠭ ᠨᠠᠮ ᠤᠨ  ᠭᠡᠰᠢᠭᠦᠨ᠂ ᠦᠪᠡᠷᠲᠡᠭᠡᠨ ᠵᠠᠰᠠᠬᠤ ᠤᠷᠤᠨ ᠤ ᠵᠢᠱᠢᠶᠡᠴᠢ ᠴᠡᠷᠢᠭ ᠠᠴᠠ ᠬᠠᠯᠠᠭᠲᠠᠭᠰᠠᠨ ᠺᠠᠳ᠋ᠷ᠂ ᠪᠦᠬᠦ ᠤᠯᠤᠰ  ᠵᠢᠱᠢᠶᠡᠴᠢ ᠴᠡᠷᠢᠭ ᠠᠴᠠ ᠬᠠᠯᠠᠭᠲᠠᠭᠰᠠᠨ ᠺᠠᠳ᠋ᠷ ᠢᠶᠠᠷ  ᠬᠦᠬᠢᠭᠦᠯᠦᠭᠲᠡᠵᠡᠢ᠃     ᠲᠤᠮᠲᠡᠲᠦ ᠤᠯᠤᠰ ᠤᠨ ᠡᠪ ᠬᠠᠮᠲᠦ ᠨᠠᠮ ᠤᠨ ᠰᠢᠯᠢᠲᠡᠭ ᠬᠡᠰᠢᠭᠦᠨ᠂  ᠲᠤᠮᠲᠡᠲᠦ ᠤᠯᠤᠰ ᠤᠨ ᠴᠢᠯᠦᠭᠡᠯᠡᠬᠦ ᠴᠡᠷᠢᠭ ᠤᠨ ᠰᠠᠶᠢᠨ ᠬᠤᠰᠢᠭᠤᠴᠢ ᠪᠠᠶᠢᠯᠲᠤᠭᠴᠢ᠂ ᠲᠤᠮᠲᠡᠲᠦ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠪᠦᠬᠦ ᠣᠯᠣᠰ ᠤᠨ ᠪᠠᠶᠢᠯᠲᠤᠭᠠᠨ ᠤ ᠪᠠᠭᠠᠲᠤᠷ᠂  ᠤᠥᠯ  ᠤᠨ ᠬᠦᠭᠡᠬᠤᠲᠠ ᠶᠢᠨ ᠴᠡᠷᠢᠭ ᠤᠨ ᠲᠤᠭᠤᠷᠢᠭ ᠤᠨ ᠠᠬᠠᠮᠠᠳ ᠺᠠᠳ᠋ᠷ ᠤᠨ ᠨᠢᠭᠡᠲᠦᠭᠡᠷ ᠠᠰᠠᠷᠠᠮᠵᠢ ᠶᠢᠨ ᠬᠦᠷᠢᠶᠡᠯᠡᠩ ᠤᠨ ᠵᠢᠩᠭᠢᠨᠢ ᠬᠤᠷᠢᠶᠠᠨ ᠤ ᠲᠠᠰ ᠢᠶᠠᠷ ᠨᠠᠰᠤᠨ ᠤ ᠠᠮᠠᠷᠠᠯᠲᠠ ᠪᠠᠨ ᠠᠪᠤᠭᠰᠡᠨ ᠺᠠᠳ᠋ᠷ ᠬᠤᠲᠠᠯᠠ ᠨᠦᠭᠦᠷ 1996 ᠤᠨ ᠤ 11 ᠰᠠᠷ᠎ᠠ ᠶᠢᠨ 26 ᠤ ᠡᠲᠦᠷ ᠤᠨ ᠨᠠᠢᠮᠠᠨ ᠴᠠᠭ ᠲᠦᠴᠢᠨ ᠮᠢᠨᠦᠲ ᠲᠤ ᠬᠦᠭᠡᠬᠤᠲᠡᠨ᠎ᠠ  ᠡᠪᠡᠳᠴᠢᠨ ᠢᠶᠠᠷ ᠨᠠᠰᠦ ᠪᠠᠷᠠᠪᠠ ᠂ ᠨᠠᠰᠤᠨ ᠰᠡᠭᠦᠳᠡᠷ  ᠳᠠᠯᠠᠨ ᠭᠤᠷᠪᠠᠲᠠᠢ᠃      ᠬᠤᠲᠠᠯᠠ ᠨᠦᠭᠦᠷ ᠡᠪ ᠬᠠᠮᠲᠦ ᠨᠠᠮ ᠤᠨ ᠭᠡᠰᠢᠬᠦᠨ ᠤ ᠵᠢᠱᠢᠶᠡᠴᠢ ᠦᠢᠯᠡ ᠠᠵᠢᠯᠯᠠᠭ᠎ᠠ ᠪᠠᠷ ᠠᠮᠢ ᠨᠠᠰᠤᠨ ᠤ  ᠪᠠᠨ ᠦᠨ᠎ᠠ ᠦᠷᠲᠡᠭ  ᠢᠶᠠᠨ ᠪᠡᠶᠡᠯᠡᠭᠦᠯᠵᠦ᠂ ᠬᠠᠭᠠᠰ ᠵᠠᠭᠤᠨ ᠤ ᠬᠤᠪᠢᠰᠬᠠᠯᠲᠦ ᠲᠠᠮᠡᠴᠠᠯ ᠤᠨ ᠲᠤᠮᠲᠠ ᠨᠠᠮ ᠠᠷᠠᠳ ᠲᠦᠮᠡᠨ ᠳᠤ ᠪᠠᠨ ᠦᠨᠡᠨᠴᠢ ᠰᠢᠲᠤᠷᠭᠤ ᠪᠠᠶᠢᠵᠦ ᠂ ᠠᠷᠠᠳ ᠲᠦᠮᠡᠨ ᠤ ᠦᠢᠯᠡᠰ ᠲᠤ  ᠠᠯᠢᠪᠠ ᠤᠶᠤᠨ ᠤᠬᠠᠭᠠᠨ  ᠢᠶᠠᠨ ᠵᠤᠷᠢᠭᠤᠯᠵᠦ ᠡᠪ ᠬᠠᠮᠲᠦ ᠨᠠᠮ ᠤᠨ ᠦᠢᠯᠡᠰ ᠲᠤ ᠨᠠᠰᠤ ᠪᠠᠷ ᠢᠶᠠᠨ ᠵᠢᠳᠭᠦᠬᠦ ᠨᠠᠨᠲᠢᠨ ᠲᠠᠩᠭᠠᠷᠢᠭ  ᠢᠶᠠᠨ ᠪᠡᠶᠡᠯᠡᠭᠦᠯᠵᠡᠢ᠃  ᠬᠤᠲᠠᠯᠠ ᠨᠦᠭᠦᠷ ᠤᠨ ᠨᠢᠭᠡ ᠨᠠᠰᠤ ᠪᠤᠯ ᠬᠤᠪᠢᠰᠬᠠᠯᠴᠢ ᠶᠢᠨ ᠨᠢᠭᠡ ᠨᠠᠰᠤ᠂ ᠪᠠᠶᠢᠯᠲᠤᠵᠦ ᠶᠠᠪᠤᠭᠰᠡᠨ ᠨᠢᠭᠡ ᠨᠠᠰᠤ᠂ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠭᠰᠡᠨ ᠨᠢᠭᠡ ᠨᠠᠰᠤ ᠶᠤᠮ᠃  ᠪᠢᠲᠠ ᠲᠡᠭᠦᠨ ᠤ ᠨᠠᠮ ᠪᠠ ᠠᠷᠠᠳ ᠲᠦᠮᠡᠨ ᠳᠤ ᠪᠠᠨ ᠬᠢᠵᠠᠭᠠᠯᠠᠰᠢ ᠦᠭᠡᠢ ᠦᠨᠡᠨᠴᠢ ᠪᠠᠶᠢᠬᠤ ᠡᠷᠬᠢᠮ ᠲᠡᠭᠡᠲᠦ ᠦᠵᠡᠯ ᠰᠤᠷᠲᠠᠯ ᠢ ᠨᠢ  ᠰᠣᠷᠤᠯᠴᠠᠬᠤ ᠴᠢᠬᠤᠯᠠᠲᠠᠢ᠃  ᠲᠡᠭᠦᠨ ᠤ ᠮᠠᠨᠢ ᠠᠵᠢᠯ ᠠᠴᠠ ᠪᠠᠨ ᠠᠮᠠᠷᠠᠴᠢᠬᠠᠭᠰᠡᠨ ᠴᠦ   ᠵᠢᠳᠬᠦᠯ  ᠢᠶᠠᠨ ᠦᠵᠡᠭᠦᠯᠳᠡᠭ᠂ ᠠᠯᠪᠠᠨ ᠤ ᠲᠦᠯᠦᠭᠡ ᠬᠤᠪᠢ ᠪᠠᠨ ᠤᠮᠠᠷᠲᠠᠨ ᠦᠷᠭᠦᠯᠵᠢᠯᠡᠨ ᠪᠠᠶᠢᠯᠲᠤᠬᠤ ᠬᠤᠪᠢᠰᠬᠠᠯᠲᠦ ᠵᠤᠷᠢᠭ ᠰᠠᠨᠠᠭ᠎ᠠ ᠪᠠ ᠪᠠᠭᠠᠲᠤᠷᠯᠢᠭ ᠦᠵᠡᠯ ᠤᠨ ᠵᠤᠷᠢᠭ ᠰᠠᠨᠠᠭ᠎ᠠ ᠨᠢ ᠮᠠᠨ  ᠢ ᠬᠡᠵᠢᠶᠡᠲᠠ ᠤᠷᠮᠠᠰᠢᠭᠤᠯᠤᠨ ᠵᠤᠷᠢᠭᠵᠢᠭᠤᠯᠵᠦ ᠪᠠᠶᠢᠬᠤ ᠶᠤᠮ᠃   
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号