ᠦᠷᠭᠡᠨ ᠮᠦᠷᠦᠨ ᠲᠡᠭᠡᠷ᠎ᠡ ᠴᠢᠨᠢ ᠪᠠᠭᠤᠬᠤ ᠴᠠᠰᠤᠨ ᠶᠠᠭᠤᠲᠠᠢ ᠡᠩᠬᠦᠷᠡᠶᠢᠭᠡᠨ ᠪᠤᠢ
ᠨᠡᠶᠢᠲᠡᠯᠡᠭᠰᠡᠨ ᠴᠠᠭ᠄
2021/12/17
           — ᠰᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠬᠢᠵᠢᠭ  ᠲᠠᠢ ᠲᠡᠮᠡᠴᠡᠭᠰᠡᠨ ᠰᠠᠶᠢᠨ ᠲᠤᠷᠠᠴᠤᠤᠯ᠂ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ ᠪᠠᠶᠠᠨᠨᠠᠮᠤᠷ ᠤᠨ ᠦᠢᠯᠨ ᠠᠵᠢᠯᠯᠠᠭ᠎ᠠ  ᠶᠢ ᠲᠡᠮᠲᠡᠭᠯᠡᠪᠠ                            ᠱᠠ᠊ · ᠮᠡᠷᠭᠡᠨ ᠰᠤᠷᠪᠤᠯᠵᠢᠯᠠᠪᠠ      2021 ᠣᠨ ᠤ 10 ᠰᠠᠷ᠎ᠠ ᠳᠤ᠂ ᠦᠩ ᠦᠷᠭᠡᠨ ᠠᠯᠠᠱᠨ ᠳᠤ ᠮᠢᠨᠢ ᠰᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠠᠶᠤᠯ ᠨᠦᠮᠦᠷᠢᠨ ᠪᠠᠭᠤᠵᠤ᠂ ᠠᠯᠲᠠᠨ ᠲᠤᠤᠷᠠᠢ ᠲᠠᠢ ᠡᠵᠡᠨ᠎ᠡ ᠮᠢᠨᠢ ᠨᠠᠩ ᠴᠤ ᠠᠶᠤᠯ  ᠤᠨ ᠬᠠᠷ᠎ᠠ ᠪᠤᠲᠠᠩ ᠳᠤ ᠪᠦᠷᠬᠦᠭᠲᠡᠭᠰᠡᠨ ᠪᠠᠶᠢᠪᠠ᠃ ᠰᠢᠨ᠎ᠡ ᠲᠢᠲᠢᠮᠯᠢᠭ ᠠᠭᠤᠰᠬᠢᠨ ᠦᠷᠪᠢᠰᠤᠯ ᠳᠤ ᠨᠡᠷᠪᠡᠭᠲᠡᠭᠰᠡᠳ  ᠤᠨ ᠲᠤᠭ᠎ᠠ ᠨᠢ ᠤᠯᠠᠮ ᠢᠶᠠᠷ ᠨᠡᠮᠡᠭᠲᠡᠨ᠂ ᠵᠤᠭᠠᠴᠠᠷ᠎ᠠ ᠢᠷᠡᠭᠰᠡᠳ ᠢ ᠴᠤ ᠲᠤᠬᠠᠢ ᠶᠢᠨ ᠭᠠᠵᠠᠷ ᠲᠤᠨᠢ ᠲᠤᠰᠠᠭᠠᠷᠯᠠᠨ ᠪᠠᠶᠢᠵᠤ ᠪᠠᠶ᠎ᠠ ᠶᠢᠨ ᠪᠠᠶᠢᠲᠠᠯ ᠢ ᠨᠢ ᠪᠠᠶᠢᠴᠠᠭᠠᠬᠤ ᠪᠤᠯᠤᠭᠰᠠᠨ ᠲᠤᠯᠨ᠂ ᠠᠯᠠᠱᠨ ᠨᠤᠳᠤᠭ ᠮᠢᠨᠢ ᠠᠷᠪᠠᠨ ᠵᠦᠭ ᠤᠨ ᠬᠦᠮᠦᠨ ᠠᠷᠠᠳ ᠤᠨ ᠠᠩᠬᠠᠷᠤᠯ ᠤᠨ  ᠲᠦᠪ ᠨᠢ ᠪᠤᠯᠴᠢᠠᠬᠭᠰᠠᠨ ᠪᠠᠶᠢᠪᠠ ᠰᠢᠤ᠃      ᠨᠠᠮ ᠤᠨ ᠲᠦᠪ ᠬᠤᠷᠢᠶᠠᠨ ᠤ ᠵᠢᠭᠠᠪᠤᠷᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠤ ᠡᠷᠡᠰ ᠰᠢᠭᠤᠷᠬᠠᠢ  ᠰᠢᠢᠳᠪᠤᠷᠢ ᠪᠠᠷ᠂ ᠡᠮᠴᠢ ᠰᠤᠪᠢᠯᠠᠭᠴᠢᠳ ᠤᠨ ᠭᠠᠪᠰᠢᠭᠠᠢ ᠡᠩᠨᠡᠭᠡ᠂ ᠡᠳ᠋ ᠠᠭᠤᠷᠠᠰᠤᠨ ᠤ ᠬᠠᠩᠭᠠᠯᠭ᠎ᠠ ᠶᠢᠨ ᠴᠤᠪᠤᠭ᠎ᠠ᠂ ᠴᠡᠷᠢᠭ ᠴᠠᠭᠲᠠᠭ᠎ᠠ ᠶᠢᠨ ᠵᠢᠪᠬᠤᠭᠠᠳᠤ ᠵᠢᠭᠰᠠᠭᠠᠯ᠂ ᠰᠠᠶᠢᠨ ᠲᠤᠷᠠᠴᠤᠤᠯ ᠤᠨ ᠵᠤᠷᠢᠭᠳᠤ ᠡᠩᠨᠡᠭᠡ ᠨᠢ  ᠵᠠᠯᠭᠠᠭ᠎ᠠ ᠵᠠᠯᠭᠠᠭ᠎ᠠ ᠪᠠᠷ ᠡᠵᠡᠨ᠎ᠡ ᠳᠤ ᠴᠤᠪᠤᠷᠠᠨ ᠢᠷᠡᠭᠰᠡᠨ ᠪᠢᠯᠨ᠃    ᠡᠨᠡ ᠬᠦ ᠠᠴᠢ ᠲᠤᠰᠨ ᠪᠠᠨ ᠬᠠᠷᠠᠮ ᠦᠭᠡᠢ ᠪᠠᠷ ᠡᠷᠬᠦᠵᠤ ᠶᠠᠪᠤᠭ᠎ᠠ ᠶᠡᠭᠡ ᠡᠩᠨᠡᠭᠡᠨ  ᠳᠤ ᠬᠢ ᠨᠢᠭᠡᠨ ᠵᠠᠯᠠᠭᠤ ᠠᠩᠬᠠᠷᠤᠯ ᠢ ᠮᠢᠨᠢ ᠲᠠᠲᠠᠭᠰᠠᠭᠠᠷ ᠪᠠᠶᠢᠪᠠ᠃ ᠲᠡᠬᠦᠨ ᠤ ᠠᠯᠲᠡᠷ ᠢ ᠪᠠᠶᠠᠨᠨᠠᠮᠤᠷ ᠭᠡᠲᠡᠭ᠃ ᠳᠤᠮᠳᠠᠳᠤ ᠤᠯᠤᠰ ᠤᠨ ᠠᠷᠠᠳ ᠤᠨ ᠤᠯᠤᠰ ᠲᠦᠷᠦ  ᠶᠢᠨ ᠵᠥᠪᠯᠡᠯᠭᠡᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠬᠤᠶᠠᠳᠤᠭᠠᠷ ᠬᠤᠭᠤᠴᠠᠭᠠᠨ ᠤ ᠬᠤᠷᠢᠶ᠎ᠡ ᠶᠢᠨ ᠰᠣᠶᠣᠯ ᠤᠷᠠᠯᠢᠭ ᠤᠨ ᠡᠲᠡᠭᠡᠳ ᠤᠨ ᠢᠯᠭᠠᠯ ᠤᠨ ᠭᠡᠰᠢᠭᠦᠨ ᠶᠤᠮ᠃ ᠲᠡᠷᠡ 1980 ᠣᠨ ᠤ ᠠᠯᠲᠡᠨ ᠨᠠᠮᠤᠷ ᠤᠨ ᠦᠩᠰᠢᠭ ᠴᠠᠭ ᠲᠤ᠂ ᠠᠯᠠᠱᠠ ᠠᠶᠢᠮᠠᠭ ᠤᠨ ᠠᠯᠠᠱᠨ ᠪᠠᠷᠠᠭᠤᠨ ᠬᠤᠰᠢᠭᠤᠨ ᠳᠤ ᠲᠦᠷᠦᠵᠡᠢ᠃ ᠠᠪᠤ ᠴᠠᠭᠠᠨᠪᠠᠭᠠᠳᠤᠷ ᠨᠢ ᠭᠤᠯᠤᠮᠲᠡ ᠵᠠᠯᠭᠠᠬᠤ ᠰᠠᠶᠢᠨ ᠬᠦᠤ ᠲᠠᠢ ᠪᠤᠯᠤᠯ᠎ᠠ ᠭᠡᠵᠤ ᠬᠦᠭᠰᠡᠭᠡᠳ᠂ ᠪᠠᠶᠠᠨᠨᠠᠮᠤᠷ ᠭᠡᠲᠡᠭ ᠦᠩᠭᠡ ᠪᠡᠯᠭᠡ ᠲᠠᠢ ᠰᠠᠶᠢᠬᠠᠨ ᠨᠡᠷ᠎ᠡ ᠶᠢ ᠦᠷ᠎ᠡ  ᠳᠤ ᠪᠠᠨ ᠬᠠᠶᠢᠷᠠᠯᠠᠭᠰᠠᠨ ᠪᠠᠶᠢᠯ᠎ᠠ ᠃ ᠪᠠᠶᠠᠨᠨᠠᠮᠤᠷ ᠤᠨ ᠠᠪᠤ ᠴᠠᠭᠠᠨᠪᠠᠭᠠᠲᠤᠷ ᠭᠤᠸᠠᠢ ᠪᠣᠯ ᠲᠠᠰᠤᠷᠬᠠᠢ ᠠᠪᠢᠶᠠᠰ ᠲᠠᠢ ᠤᠷᠳᠤ ᠶᠢᠨ ᠲᠠᠭᠤᠴᠢᠨ ᠪᠠᠶᠢᠭᠰᠠᠨ ᠭᠡᠲᠡᠭ᠃ ᠲᠤᠬᠠᠢ ᠶᠢᠨ ᠦᠶ᠎ᠡ ᠳᠤ ᠥᠪᠥᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠳᠤ ᠠᠵᠢᠯᠯᠠᠵᠤ ᠪᠠᠶᠢᠭᠰᠠᠨ ᠨᠢᠭᠡᠨ ᠠᠯᠳᠠᠷᠲᠤ ᠳᠠᠭᠤᠴᠢᠨ ᠴᠠᠭᠠᠨᠪᠠᠭᠠᠲᠤᠷ ᠤᠨ ᠳᠠᠭᠤᠨ ᠤ ᠦᠩᠭᠡ ᠶᠢ ᠲᠤᠭᠤᠭᠠᠳ᠂ ᠬᠦᠬᠡᠬᠤᠲᠠ  ᠳᠤ ᠬᠦᠷᠴᠤ ᠲᠠᠭᠤᠨ ᠤ ᠮᠡᠷᠭᠡᠵᠢᠯ ᠢ ᠰᠤᠷᠤᠯᠴᠠᠭᠠᠷᠠᠢ ᠭᠡᠵᠤ ᠬᠦᠰᠡᠭᠰᠡᠨ ᠪᠠᠶᠢᠪᠠ᠃ ᠭᠡᠪᠡᠴᠦ ᠴᠠᠭᠠᠨᠪᠠᠭᠠᠲᠤᠷ ᠨᠢᠯᠬ᠎ᠠ ᠬᠦᠤ ᠪᠠ ᠭᠡᠷᠭᠡᠢ ᠠᠴᠠ ᠪᠠᠨ ᠬᠤᠯᠠᠲᠠᠵᠤ ᠡᠰᠨ ᠲᠦᠪᠲᠡᠬᠦ  ᠳᠤ ᠪᠠᠨ ᠠᠯᠠᠱᠨ ᠪᠠᠷᠠᠭᠤᠨ  ᠬᠤᠰᠢᠭᠤᠨ ᠳᠤ  ᠪᠠᠨ  ᠦᠯᠡᠲᠡᠭᠰᠡᠨ ᠪᠠᠶᠢᠯ᠎ᠠ᠃ ᠬᠡᠯ᠎ᠡ ᠴᠤ ᠬᠦᠤ ᠪᠠᠶᠠᠨᠨᠠᠮᠤᠷ ᠤᠨ ᠢᠶᠠᠨ ᠬᠦᠭᠵᠢᠮ ᠲᠠᠭᠤᠤ ᠶᠢᠨ ᠤᠷᠠᠨ ᠠᠪᠢᠶᠡᠰ ᠢ  ᠨᠢ ᠪᠠᠲᠠᠷᠠᠭᠠᠬᠤ ᠬᠡᠮᠡᠨ ᠬᠢᠷᠢ  ᠳᠤ ᠪᠠᠨ ᠵᠢᠳᠬᠦᠭᠰᠡᠨ ᠭᠡᠲᠡᠭ᠃ ︽ᠰᠠᠨᠠᠵᠤ ᠶᠠᠪᠤᠪᠠᠯ ᠪᠦᠲᠦᠨ᠎ᠡ᠂ ᠰᠡᠵᠢᠯᠠᠵᠤ ᠶᠠᠪᠤᠪᠠᠯ ᠬᠦᠷᠦᠨ᠎ᠡ︾ ᠭᠡᠲᠡᠭᠴᠢᠯᠡᠨ᠂ ᠬᠦᠰᠡᠯ ᠮᠦᠷᠦᠭᠡᠳᠤᠯ ᠤᠨ  ᠲᠡᠭᠷᠢ  ᠳᠤ ᠨᠢ ᠨᠡᠷᠨ ᠬᠡᠶᠢᠵᠤ᠂ ᠪᠠᠶᠠᠨᠨᠠᠮᠦᠷ 1995 ᠣᠨ ᠳᠤ ᠡᠵᠡᠨ᠎ᠡ ᠬᠤᠰᠢᠭᠤᠨ ᠤ ᠤᠯᠠᠭᠠᠨᠮᠥ᠋ᠴᠢᠷ ᠲᠤ ᠰᠢᠯᠭᠠᠭᠲᠠᠨ ᠤᠷᠤᠭᠰᠠᠨ ᠪᠠᠶᠢᠯ᠎ᠠ᠃ ᠤᠳᠤᠮ ᠤᠨ ᠤᠷ᠎ᠠ ᠠᠪᠢᠶᠠᠰ ᠨᠢ ᠤᠬᠠᠭᠠᠨᠳᠤ ᠤᠯᠠᠨ ᠪᠠᠭᠰᠢ ᠶᠢᠨ  ᠬᠢᠨᠢ ᠰᠤᠷᠭᠠᠨ ᠲᠤᠳᠤᠮᠳᠠᠯᠭ᠎ᠠ ᠪᠠᠷ ᠤᠯᠠᠮ ᠴᠤ ᠪᠠᠲᠠᠷᠠᠵᠤ ᠂ ᠤᠨ ᠵᠢᠯ ᠤᠨ ᠤᠷᠳᠤ ᠳᠤ ᠤᠶᠢᠭ᠎ᠠ ᠦᠭᠡᠢ ᠵᠢᠳᠬᠦᠭᠰᠡᠭᠡᠷ ᠶᠠᠪᠤᠭᠰᠠᠨ ᠪᠠᠶᠠᠨᠨᠠᠮᠤᠷ ᠮᠢᠨᠢ ᠤᠯᠤᠰ ᠤᠨ ᠨᠢᠭᠡᠳᠤᠭᠡᠷ ᠲᠠᠰ ᠤᠨ ᠲᠠᠭᠤᠴᠢᠨ ᠤ ᠴᠤᠯᠨ ᠶᠢ ᠬᠦᠷᠲᠡᠭᠰᠡᠨ ᠪᠢᠯᠨ᠃ 2010 ᠣᠨ ᠳᠤ᠂ ᠪᠠᠶᠠᠨᠨᠠᠮᠤᠷ ᠣᠯᠠᠨ ᠤᠯᠤᠰ ᠤᠨ ᠮᠣᠩᠭᠤᠯ ᠳᠠᠭᠤᠤ ᠶᠢᠨ ᠤᠷᠤᠯᠳᠤᠭᠠᠨ ᠳᠤ ᠮᠥᠩᠭᠦᠨ ᠮᠧᠲᠡᠯ ᠲᠤᠰᠴᠤ᠂ 2012 ᠣᠨ ᠳᠤ ᠪᠠᠶᠠᠨᠨᠠᠮᠤᠷ ᠤᠨ ᠳᠠᠭᠤᠯᠠᠭᠰᠠᠨ ︽ᠡᠶᠢᠮᠦ ᠯᠡ ᠰᠠᠶᠢᠬᠠᠨ ᠨᠤᠳᠤᠭ ᠪᠠᠶᠢᠯ᠎ᠠ︾ ᠭᠡᠬᠦ ᠳᠠᠭᠤᠤ ᠨᠢ ᠥᠪᠥᠷ ᠮᠣᠩᠭᠤᠯ ᠤᠨ ︽  ᠲᠠᠪᠤᠨ ᠨᠢᠭᠡ  ᠶᠢᠨ ᠢᠨᠵᠧᠨᠧᠷᠢᠩ ︾ ᠤᠨ ᠱᠠᠩᠨᠠᠯ ᠢᠶᠠᠷ ᠮᠢᠯᠢᠶᠡᠯᠭᠠᠨ᠂ 2014 ᠣᠨ ᠳᠤ ᠪᠠᠶᠠᠨᠨᠠᠮᠤᠷ᠂ ᠤᠳᠬᠤᠨᠳᠤᠶᠠᠭ᠎ᠠ ᠬᠤᠶᠡᠷ ᠤᠨ ᠲᠠᠭᠤᠯᠠᠭᠰᠠᠨ ︽ᠬᠠᠷ᠎ᠠ ᠬᠠᠷᠠᠬᠠᠨ ᠬᠠᠷᠠᠴᠠ︾ ᠬᠡᠬᠦ ᠰᠤᠳᠤᠨ ᠲᠠᠭᠤᠤ ᠨᠢ ᠤᠯᠤᠰ ᠤᠨ ︽  ᠲᠠᠪᠤᠨ ᠨᠢᠭᠡ  ᠶᠢᠨ ᠢᠨᠵᠧᠨᠧᠷᠢᠩ ︾  ᠤᠨ ᠱᠠᠩᠨᠠᠯ  ᠢ ᠬᠦᠷᠲᠡᠵᠡᠢ᠃ ᠪᠠᠶᠠᠨᠨᠠᠮᠤᠷ ᠤᠨ ᠤᠷᠠᠨ ᠡᠭᠡᠰᠢᠭ ᠢ ᠪᠠᠭ᠋ᠠᠷᠬᠠᠲᠠᠭ ᠬᠦᠮᠦᠰ ᠨᠢ ᠶᠡᠭᠡ ᠬᠤᠲᠠ ᠶᠢᠨ ᠦᠨᠳᠤᠷ ᠠᠰᠠᠷ ᠲᠤ ᠴᠤ ᠪᠤᠢ᠂ ᠡᠭᠡᠷᠡᠮ᠎ᠡ ᠭᠤᠪᠢ ᠶᠢᠨ ᠡᠯᠡᠰᠤᠨ ᠮᠤᠬᠤᠷ ᠲᠤ ᠴᠤ ᠪᠤᠢ᠃ ᠰᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠬᠢᠵᠢᠭ  ᠲᠠᠢ ᠲᠡᠮᠡᠴᠡᠬᠦ ᠲ᠊ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号