ᠰᠡᠳᠭᠢᠯ ᠳᠤ ᠬᠤᠨᠣᠭᠰᠢᠭᠰᠠᠨ ᠦᠯᠢᠭᠡᠷ᠄ ᠰᠢᠯᠢ ᠶᠢᠨ ᠭᠤᠣᠯ ᠠᠶᠢᠮᠠᠭ ᠤᠨ ᠠᠬᠠᠮᠠᠳ ᠲᠣᠮᠣᠭᠠᠲᠠᠨ ᠤ《 ᠭᠤᠷᠪᠠᠨ | ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ | | ᠴᠢᠨ ᠶᠦᠨ ᠰᠤᠷᠪᠤᠯᠵᠢᠯᠠᠪᠠ | 1960 ᠣᠨ ᠤ ᠤᠷᠢᠳ ᠬᠤᠵᠢᠳ᠂ ᠰᠢᠨ᠎ᠡ ᠳᠣᠮᠳᠠᠳᠣ ᠣᠯᠣᠰ ᠲᠤ ᠬᠦᠨᠳᠦ ᠬᠡᠴᠡᠭᠦᠦ ᠪᠠᠶᠢᠭᠠᠯᠢ ᠶᠢᠨ | ᠭᠠᠮᠰᠢᠭ ᠲᠣᠬᠢᠶᠠᠯᠳᠣᠨ᠂ ᠱᠠᠩᠬᠠᠢ᠂ ᠠᠨᠾᠦ᠋ᠢ᠂ ᠵᠢᠶᠠᠩᠰᠤ ᠵᠡᠷᠭᠡ ᠭᠠᠵᠠᠷ ᠤᠨ ᠥᠨᠥᠴᠢᠨ ᠬᠡᠦᠭᠡᠳ ᠤᠨ | ᠠᠰᠠᠷᠠᠮᠵᠢ ᠶᠢᠨ ᠬᠦᠷᠢᠶᠡᠯᠡᠩ ᠳᠤ ᠥᠨᠥᠴᠢᠨ ᠬᠡᠦᠭᠡᠳ ᠢᠶᠠᠷ ᠳᠦᠭᠦᠷᠴᠦ᠂ ᠥᠯᠥᠰᠭᠦᠯᠡᠩ ᠭᠠᠴᠢᠭ ᠴᠠᠭ ᠢᠮᠠᠭᠲᠠ | ᠠᠮᠢ ᠨᠠᠰᠤ ᠶᠢ ᠨᠢ ᠰᠦᠷᠲᠡᠭᠦᠯᠵᠦ ᠪᠠᠶᠢᠯ᠎ᠠ᠃ ᠵᠸᠦ ᠡᠸ᠋ᠨ ᠯᠠᠢ᠂ ᠺᠠᠩ ᠺᠧ ᠴᠢᠩ ᠂ ᠣᠯᠠᠭᠠᠨᠬᠦᠦ ᠵᠡᠷᠭᠡ ᠨᠠᠮ | ᠲᠥᠷᠥ ᠶᠢᠨ ᠣᠳᠣᠷᠢᠳᠣᠯᠭ᠎ᠠ ᠨᠠᠷ ᠤᠨ ᠬᠠᠯᠠᠮᠵᠢᠯᠠᠯ ᠢᠶᠠᠷ᠂ ᠭᠤᠷᠪᠠᠨ ᠮᠢᠩᠭᠠᠨ ᠡᠮᠦᠨᠡᠲᠦ ᠣᠷᠣᠨ ᠤ ᠥᠨᠥᠴᠢᠨ | ᠬᠡᠦᠭᠡᠳ ᠥᠪᠥᠷ ᠮᠣᠩᠭᠤᠯ ᠤᠨ ᠲᠠᠯ᠎ᠠ ᠨᠣᠲᠤᠭ ᠲᠤ ᠬᠦᠷᠭᠡᠭᠳᠡᠨ ᠢᠷᠡᠵᠦ᠂ ᠮᠠᠯᠴᠢᠳ ᠲᠤ ᠦᠷᠡᠴᠢᠯᠡᠭᠳᠡᠨ | ᠲᠡᠵᠢᠭᠡᠭᠳᠡᠵᠦ᠂ ᠮᠠᠯᠴᠢᠳ ᠳᠡᠳᠡᠨ ᠢ ᠪᠠᠨ《 ᠣᠯᠣᠰ ᠤᠨ ᠬᠡᠦᠭᠡᠳ》 ᠭᠡᠵᠦ ᠲᠣᠳᠣᠨᠣᠴᠢᠯᠠᠨ ᠳᠠᠭᠤᠳᠠᠭᠰᠠᠨ | ᠪᠢᠯᠡ᠃ | ᠲᠡᠷᠡ ᠥᠶ᠎ᠡ ᠳᠤ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ ᠡᠮᠨᠡᠯᠭᠡ ᠶᠢᠨ ᠬᠤᠷᠢᠶᠠᠨ ᠤ | ᠳᠠᠷᠤᠭ᠎ᠠ ᠪᠠᠶᠢᠭᠰᠠᠨ ᠵᠢᠶᠠᠩ ᠶᠦᠩ ᠯᠦ ᠪᠣᠯ《 ᠭᠤᠷᠪᠠᠨ ᠮᠢᠩᠭᠠᠨ ᠥᠨᠥᠴᠢᠨ ᠬᠡᠦᠭᠡᠳ ᠢ ᠦᠷᠡᠴᠢᠯᠡᠨ | ᠲᠡᠵᠢᠭᠡᠭᠰᠡᠨ》 ᠰᠠᠶᠢᠬᠠᠨ ᠦᠯᠢᠭᠡᠷ ᠢ ᠪᠡᠶ᠎ᠡ ᠪᠠᠷ ᠢᠶᠠᠨ ᠲᠣᠭᠤᠯᠵᠣ ᠦᠩᠭᠡᠷᠡᠭᠦᠯᠦᠭᠰᠡᠨ ᠬᠦᠮᠦᠨ ᠶᠣᠮᠰᠠᠨ᠃ | 1958 ᠣᠨ ᠳᠤ ᠲᠡᠷᠡ ᠪᠠᠷ ᠠᠨᠾᠦ᠋ᠢ ᠮᠤᠵᠢ ᠶᠢᠨ ᠥᠨᠥᠴᠢᠨ ᠬᠡᠦᠭᠡᠳ ᠢ ᠦᠪᠦᠷ ᠮᠣᠩᠭᠤᠯ ᠳᠤ ᠢᠷᠡᠭᠰᠡᠨ ᠤ | ᠳᠠᠷᠠᠭᠠᠬᠢ ᠠᠪᠣᠷᠠᠨ ᠲᠡᠩᠬᠡᠷᠡᠭᠦᠯᠬᠦ ᠠᠵᠢᠯ ᠳᠤ ᠪᠠᠶᠡᠴᠢᠯᠡᠨ ᠣᠷᠣᠯᠴᠠᠪᠠ᠃1960 ᠣᠨ ᠳᠤ ᠲᠡᠷᠡ ᠲᠣᠰᠴᠣ | ᠵᠦᠭᠡᠭᠡᠪᠦᠷᠢᠯᠡᠬᠦ ᠪᠠᠭ᠎ᠠ ᠳᠣᠭᠤᠶᠢᠯᠠᠩ ᠢᠶᠠᠨ ᠳᠠᠭᠠᠭᠤᠯᠣᠨ ᠱᠠᠩᠬᠠᠢ ᠳᠤ ᠬᠦᠷᠴᠦ ᠳᠠᠬᠢᠨ 300 ᠥᠨᠥᠴᠢᠨ | ᠬᠡᠦᠭᠡᠳ ᠢ ᠲᠣᠰᠣᠨ ᠠᠪᠴᠢᠷᠠᠭᠰᠠᠨ ᠶᠤᠮ᠃ ᠴᠠᠭ ᠮᠦᠴᠡ ᠣᠷᠣᠰᠤᠨ ᠦᠩᠭᠡᠷᠡᠭᠡᠳ᠂ ᠵᠢᠶᠠᠩ ᠶᠦᠩ ᠯᠦ ᠭᠤᠸᠠᠢ | ᠣᠳᠤ ᠨᠢᠭᠡᠨᠲᠡ ᠶᠡᠷᠡ ᠰᠢᠬᠠᠭᠰᠠᠨ ᠨᠠᠰᠤᠳᠠᠨ ᠪᠣᠯᠴᠢᠬᠠᠯ᠎ᠠ ᠃ ᠵᠢᠶᠠᠩ ᠨᠠᠰᠤᠲᠠᠨ ᠦᠩᠭᠡᠷᠡᠵᠦ ᠣᠳᠣᠭᠰᠠᠨ ᠡᠳᠦᠷ | ᠬᠤᠨᠤᠭ ᠤᠳ ᠢᠶᠠᠨ ᠳᠣᠷᠠᠳᠬᠠᠨ ᠪᠠᠶᠢᠵᠣ᠂ ᠲᠡᠷᠡ ᠬᠦ ᠰᠠᠶᠢᠬᠠᠨ ᠭᠦᠨ ᠭᠦᠨᠵᠡᠭᠡᠢ ᠲᠡᠦᠬᠡᠨ ᠠᠴᠢ ᠬᠤᠯᠪᠣᠭᠳᠠᠯ ᠲᠠᠢ | ᠰᠡᠳᠭᠢᠯ ᠳᠤ ᠬᠤᠨᠤᠭᠰᠢᠮᠠ ᠦᠯᠢᠭᠡᠷ ᠢᠶᠠᠨ ᠮᠠᠨᠣᠰ ᠲᠤ ᠶᠠᠷᠢᠵᠣ ᠦᠭᠭᠦᠯ᠎ᠡ᠃ | ᠨᠢᠭᠡᠨ ᠴᠢᠬᠤᠯᠠ ᠶᠡᠭᠡ ᠬᠤᠷᠠᠯ | ᠬᠡᠳᠦᠶᠢᠪᠡᠷ ᠵᠢᠷᠠᠨ ᠵᠢᠯ ᠦᠩᠭᠡᠷᠡᠯ᠎ᠡ ᠴᠦ ᠭᠡᠰᠡᠨ᠂ ᠵᠢᠶᠠᠩ ᠶᠦᠩ ᠯᠦ ᠨᠠᠰᠣᠲᠠᠨ1960 ᠣᠨ ᠤ ᠴᠠᠭᠠᠨ | ᠰᠠᠷ᠎ᠠ ᠶᠢᠨ ᠡᠮᠦᠨ᠎ᠡ ᠬᠤᠶᠢᠨᠠᠬᠢ《 ᠡᠮᠦᠨᠡᠲᠦ ᠣᠷᠣᠨ ᠤ ᠥᠨᠥᠴᠢᠨ ᠬᠡᠦᠭᠡᠳ ᠢ ᠦᠷᠡᠴᠢᠯᠡᠨ ᠲᠡᠵᠢᠭᠡᠬᠦ》 ᠲᠠᠢ | ᠬᠤᠯᠪᠣᠭᠳᠠᠭᠰᠠᠨ ᠨᠢᠭᠡᠨ ᠣᠳᠠᠭᠠᠨ ᠤ ᠬᠤᠷᠠᠯ ᠢᠶᠠᠨ ᠳᠣᠷᠠᠳᠬᠤᠯᠠᠷ ᠮᠦᠨ ᠭᠦᠨ ᠰᠠᠭᠤᠭᠳᠠᠯ ᠲᠠᠢ ᠪᠠᠶᠢᠭᠰᠠᠭᠠᠷ | ᠠᠵᠢ᠃ | ᠲᠡᠭᠦᠨ ᠤ ᠳᠣᠷᠠᠳᠬᠠᠨ ᠶᠠᠷᠢᠬᠤ ᠪᠠᠷ᠄《1959 ᠣᠨ ᠤ ᠰᠡᠭᠦᠯᠴᠢ ᠪᠠᠷ ᠦᠪᠡᠷᠲᠡᠭᠡᠨ ᠵᠠᠰᠠᠬᠤ | ᠣᠷᠣᠨ ᠠᠴᠠ ᠵᠣᠬᠢᠶᠠᠨ ᠪᠠᠶᠢᠭᠤᠯᠵᠣ ᠬᠤᠷᠠᠯᠳᠣᠭᠤᠯᠣᠭᠰᠠᠨ ᠡᠷᠡᠭᠦᠯ ᠬᠠᠮᠠᠭᠠᠯᠠᠯ ᠤᠨ ᠰᠢᠰᠲ᠋ᠧᠮ ᠤᠨ ᠳᠦᠷᠪᠡᠳᠦᠭᠡᠷ | ᠳᠡᠰ ᠤᠨ ᠺᠠᠳ᠋ᠷ ᠤᠨ ᠬᠤᠷᠠᠯ ᠤᠨ ᠬᠠᠮᠤᠭ ᠤᠨ ᠴᠢᠬᠤᠯᠠ ᠨᠢᠭᠡᠨ ᠵᠦᠪᠯᠡᠬᠦ ᠵᠦᠢᠯ ᠨᠢ ᠳᠠᠷᠣᠢ〈 ᠡᠮᠦᠨᠡᠲᠦ | ᠣᠷᠣᠨ ᠠᠴᠠ ᠨᠢᠭᠡ ᠪᠦᠯᠦᠭ ᠬᠡᠦᠭᠡᠳ ᠢ ᠲᠣᠰᠣᠨ ᠠᠪᠴᠢᠷᠠᠬᠤ〉 ᠶᠠᠪᠣᠳᠠᠯ᠂ ᠡᠨᠡ ᠨᠢ ᠠᠯᠢ ᠰᠠᠯᠠᠭ᠎ᠠ | ᠮᠦᠴᠢᠷ ᠠᠴᠠ ᠣᠳᠣᠷᠢᠳᠣᠨ ᠳᠠᠭᠠᠭᠤᠯᠵᠣ᠂ ᠬᠡᠦᠭᠡᠳ ᠢ ᠲᠣᠰᠴᠣ ᠠᠪᠴᠢᠷᠠᠭᠰᠠᠨ ᠤ ᠳᠠᠷᠠᠭ᠎ᠠ ᠬᠡᠷᠬᠢᠨ ᠦᠷᠡᠴᠢᠯᠡᠨ | ᠲᠡᠵᠢᠭᠡᠬᠦ ᠵᠡᠷᠭᠡ ᠠᠰᠠᠭᠤᠳᠠᠯ ᠤᠳ ᠲᠠᠢ ᠬᠤᠯᠪᠣᠭᠳᠠᠨ᠎ᠠ᠃ ᠴᠠᠭᠠᠨ ᠰᠠᠷ᠎ᠠ ᠶᠢᠨ ᠳᠠᠷᠠᠭ᠎ᠠ ᠳᠠᠬᠢᠨ ᠪᠦᠭᠦᠳᠡᠭᠡᠷ | ᠬᠤᠷᠠᠯᠳᠣᠭᠰᠠᠨ ᠤ ᠪᠠᠨ ᠬᠤᠶᠢᠨ᠎ᠠ〈 ᠨᠢᠭᠡ ᠬᠡᠦᠭᠡᠳ ᠢ ᠲᠣᠰᠴᠣ ᠠᠪᠴᠢᠷᠠᠪᠠᠯ᠂ ᠨᠢᠭᠡ ᠬᠡᠦᠭᠡᠳ ᠢ ᠡᠳᠡᠭᠡᠭᠡᠵᠦ᠂ | ᠨᠢᠭᠡ ᠬᠡᠦᠭᠡᠳ ᠢ ᠭᠦᠢᠴᠡᠳ ᠲᠡᠩᠭᠡᠷᠡᠭᠦᠯᠬᠦ 〉 ᠪᠠᠷ ᠠᠨᠳᠠᠭᠠᠶᠢᠯᠠᠭᠰᠠᠨ ᠶᠤᠮ᠃》 | ᠡᠭᠦᠨ ᠤ ᠳᠠᠷᠣᠶᠢᠬᠠᠨ᠂ ᠰᠢᠯᠢ ᠶᠢᠨ ᠭᠤᠣᠯ ᠠᠶᠢᠮᠠᠭ ᠤᠨ ᠬᠢᠨ ᠡᠮᠦᠨᠡᠲᠦ ᠣᠷᠣᠨ ᠤ ᠥᠨᠥᠴᠢᠨ ᠬᠡᠦᠭᠡᠳ ᠢ | ᠲᠣᠰᠴᠣ ᠠᠪᠴᠢᠷᠠᠬᠤ ᠪᠡᠯᠡᠳᠭᠡᠯ ᠠᠵᠢᠯ ᠢᠶᠠᠨ ᠬᠢᠵᠦ ᠡᠬᠢᠯᠡᠪᠡ᠃ ᠡᠭᠦᠨ ᠳᠤ᠂ ᠲᠣᠰᠬᠠᠢ ᠵᠦᠪᠯᠡᠯ ᠪᠠᠶᠢᠭᠤᠯᠬᠤ᠂ | ᠲᠠᠪᠤᠨ ᠬᠡᠦᠭᠡᠳ ᠠᠰᠠᠷᠠᠬᠤ ᠬᠦᠷᠢᠶᠡᠯᠡᠩ ᠢ ᠪᠦᠲᠦᠭᠡᠨ ᠪᠠᠶᠢᠭᠤᠯᠬᠤ᠂ ᠬᠡᠦᠭᠡᠳ ᠠᠰᠠᠷᠠᠭᠴᠢ ᠡᠯᠰᠡᠨ ᠬᠦᠮᠦᠵᠢᠭᠦᠯᠬᠦ | ᠂ ᠬᠡᠦᠭᠡᠳ ᠤᠨ ᠬᠤᠪᠴᠠᠰᠣ ᠬᠤᠨᠠᠷ ᠪᠠ ᠡᠳ᠋ ᠬᠡᠷᠡᠭᠰᠡᠯ ᠢ ᠠᠮᠵᠢᠨ ᠲᠣᠬᠢᠷᠠᠭᠤᠯᠬᠤ ᠵᠡᠷᠭᠡ ᠠᠵᠢᠯ ᠪᠣᠢ᠃ | ᠡᠮᠦᠨᠡᠲᠦ ᠣᠷᠣᠨ ᠤ ᠥᠨᠥᠴᠢᠨ ᠬᠡᠦᠭᠡᠳ ᠣᠮᠠᠷᠠᠰᠢ ᠮᠣᠷᠳᠠᠬᠤ ᠭᠠᠯᠲᠤ ᠲᠡᠷᠭᠡᠨ ᠳᠤ ᠭᠠᠷᠣᠯ᠎ᠠ | 1960 ᠣᠨ ᠤ 9 ᠰᠠᠷ᠎ᠠ ᠳᠤ᠂ ᠵᠢᠶᠠᠩ ᠶᠦᠩ ᠯᠦ ᠮᠡᠳᠡᠭᠳᠡᠯ ᠢ ᠲᠣᠰᠴᠣ᠂ ᠲᠣᠰ ᠮᠡᠳᠡᠭᠳᠡᠯ ᠳᠤ᠂ | ᠲᠡᠭᠦᠨ ᠢ ᠰᠢᠯᠢ ᠶᠢᠨ ᠭᠤᠣᠯ ᠠᠶᠢᠮᠠᠭ ᠤᠨ ᠡᠮᠦᠨᠡᠲᠦ ᠣᠷᠣᠨ ᠤ ᠥᠨᠥᠴᠢᠨ ᠬᠡᠦᠭᠡᠳ ᠢ ᠲᠣᠰᠴᠣ ᠵᠦᠭᠡᠭᠡᠪᠦᠷᠢᠯᠡᠬᠦ | ᠪᠠᠭ᠎ᠠ ᠳᠣᠭᠤᠶᠢᠯᠠᠩ ᠤᠨ ᠳᠠᠭᠠᠭᠤᠯᠣᠭᠴᠢ ᠪᠠᠷ ᠱᠠᠩᠬᠠᠢ ᠳᠤ ᠬᠦᠷᠴᠦ ᠦᠨᠦᠴᠢᠨ ᠬᠡᠦᠭᠡᠳ ᠤᠳ ᠢ | ᠲᠣᠰᠣᠭᠤᠯᠬᠤ ᠪᠠᠷ ᠱᠠᠭᠠᠷᠳᠠᠭᠰᠠᠨ ᠠᠵᠢ᠃《 ᠮᠠᠨᠣᠰ ᠨᠡᠶᠢᠲᠡ16 ᠬᠦᠮᠦᠨ ᠣᠴᠢᠵᠠᠢ᠂ ᠡᠮᠴᠢ ᠰᠣᠪᠢᠯᠠᠭᠴᠢ | ᠬᠢᠭᠡᠳ ᠠᠰᠠᠷᠠᠭᠴᠢ ᠪᠦᠷ ᠪᠣᠢ》 ᠭᠡᠵᠦ ᠲᠡᠷᠡ ᠪᠠᠷ ᠶᠠᠷᠢᠵᠤ ᠭᠠᠷᠣᠨ᠎ᠠ᠃ | 《ᠱᠠᠩᠬᠠᠢ ᠳᠤ ᠬᠦᠷᠦᠭᠡᠳ ᠬᠡᠦᠭᠡᠳ ᠤᠳ ᠢ ᠦᠵᠡᠭᠰᠡᠨ ᠴᠢᠨᠢ ᠪᠦᠷ ᠭᠡᠳᠡᠰᠦ ᠨᠢ ᠬᠠᠮᠰᠢᠢᠨ᠂ ᠶᠠᠰᠣᠨ | ᠭᠤᠵᠣᠩ ᠪᠣᠯᠴᠢᠬᠠᠵᠣ᠂ ᠲᠠᠮᠢᠷ ᠲᠡᠩᠭᠡᠭᠡ ᠪᠠᠷ ᠠᠨᠠᠢ ᠪᠠᠶᠢᠵᠣ᠂ ᠪᠢ ᠲᠣᠬᠠᠢ ᠶᠢᠨ ᠦᠶᠡᠰ ᠮᠠᠰᠢ ᠶᠡᠭᠡ ᠰᠠᠨᠠᠭ᠎ᠠ | ᠪᠣᠯᠵᠤ ᠪᠠᠶᠢᠭᠰᠠᠨ ᠶᠤᠮ》 ᠭᠡᠵᠦ ᠵᠢᠶᠠᠩ ᠶᠦᠩ ᠯᠦ ᠨᠠᠰᠣᠲᠠᠨ ᠡᠷᠭᠢᠴᠡᠭᠦᠯᠦᠨ᠎ᠡ᠃ ᠭᠡᠪᠡᠴᠦ ᠳᠡᠳᠡᠨ ᠤ ᠲᠣᠰᠴᠣ | ᠵᠦᠭᠡᠭᠡᠪᠦᠷᠢᠯᠡᠬᠦ ᠪᠠᠭ᠎ᠠ ᠳᠣᠭᠤᠶᠢᠯᠠᠩ ᠤᠨ ᠬᠢᠨ ᠳᠠᠷᠣᠶᠢᠬᠠᠨ ᠠᠵᠢᠯ ᠢᠶᠠᠨ ᠦᠷᠨᠢᠭᠦᠯᠵᠦ᠂ ᠠᠰᠠᠷᠠᠭᠴᠢ ᠠᠨᠢᠶ᠎ᠠ ᠠᠴᠠ | ᠲᠣᠷᠰᠢᠨ ᠰᠣᠷᠣᠯᠴᠠᠬᠤ ᠶᠢᠨ ᠵᠡᠷᠭᠡ ᠪᠠᠷ ᠨᠢᠭᠡ ᠪᠦᠯᠦᠭ ᠡᠮ ᠲᠠᠩ ᠪᠣᠯᠣᠨ ᠬᠦᠴᠢᠯᠳᠦ᠋ᠷᠦᠭᠴᠢ ᠶᠢᠨ ᠯᠣᠩᠬᠤ | ᠵᠡᠷᠭᠡ ᠵᠠᠪᠠᠯ ᠪᠡᠯᠡᠳᠭᠡᠬᠦ ᠡᠮ ᠡᠮᠨᠡᠯᠭᠡ ᠶᠢᠨ ᠪᠠᠭᠠᠵᠢ ᠬᠡᠷᠡᠭᠰᠡᠯ ᠤᠳ ᠢ ᠬᠤᠳᠠᠯᠳᠣᠨ ᠠᠪᠴᠣ᠂ ᠵᠣᠬᠢᠬᠤ | ᠪᠡᠯᠡᠳᠭᠡᠯ ᠢᠶᠠᠨ ᠰᠠᠶᠢᠲᠣᠷ ᠠᠮᠵᠢᠨ ᠬᠢᠵᠡᠭᠡᠯ᠎ᠡ᠃ | 《 ᠡᠳᠡᠭᠡᠷ ᠬᠡᠦᠭᠡᠳ ᠤᠨ ᠳᠣᠳᠣᠷ᠎ᠠ᠂ ᠬᠠᠮᠤᠭ ᠤᠨ ᠶᠡᠭᠡ ᠨᠢ ᠳᠣᠯᠤᠭ᠎ᠠ ᠨᠠᠢᠮᠠᠨ ᠨᠠᠰᠣᠲᠠᠢ᠂ ᠬᠠᠮᠤᠭ ᠤᠨ | ᠪᠠᠭ᠎ᠠ ᠨᠢ ᠰᠠᠶ᠋ᠢ ᠬᠡᠳᠦᠬᠡᠨ ᠰᠠᠷ᠎ᠠ ᠪᠤᠯᠵᠤ ᠪᠠᠶᠢᠪᠠ ᠃ ᠲᠡᠮᠦᠷ ᠵᠠᠮ ᠤᠨ ᠰᠠᠯᠠᠭ᠎ᠠ ᠮᠦᠴᠢᠷ ᠠᠴᠠ ᠲᠣᠰᠬᠠᠶᠢᠯᠠᠨ | ᠭᠠᠯᠲᠤ ᠲᠡᠷᠭᠡᠨ ᠤ ᠬᠠᠮᠤᠭ ᠤᠨ ᠰᠡᠭᠦᠯ ᠤᠨ ᠬᠤᠶᠠᠷ ᠸᠠᠭᠤᠨ ᠢ ᠮᠠᠨᠣᠰ ᠲᠤ ᠲᠣᠬᠢᠷᠠᠭᠤᠯᠣᠨ ᠥᠭᠴᠦ᠂ ᠠᠶᠠᠨ ᠤ | ᠳᠣᠮᠳᠠ ᠲᠡᠮᠦᠷ ᠵᠠᠮ ᠤᠨ ᠦᠢᠯᠡᠴᠢᠯᠡᠭᠴᠢ ᠠᠴᠠ ᠤᠰᠤ᠂ ᠰᠢᠩᠬᠡᠨ ᠪᠣᠳᠠᠭ᠎ᠠ ᠬᠦᠷᠭᠡᠨ᠂ ᠨᠢᠭᠡ ᠵᠠᠮ ᠰᠠᠶᠢᠬᠠᠨ | ᠬᠠᠷᠠᠭᠠᠯᠵᠠᠭᠰᠠᠨ ᠶᠤᠮ᠃ ᠭᠠᠯᠲᠤ ᠲᠡᠷᠭᠡᠨ ᠳᠤ ᠰᠠᠭᠤᠳᠠᠯ ᠲᠣᠭᠠᠲᠠᠢ ᠲᠤᠯᠠ ᠪᠢᠳᠡ ᠭᠡᠦᠭᠡᠳ ᠤᠳ ᠢ ᠰᠠᠭᠤᠳᠠᠯ | ᠳᠡᠭᠡᠷ᠎ᠡ ᠲᠠᠯᠪᠢᠵᠦ᠂ ᠮᠠᠨᠣᠰ ᠤᠨ ᠠᠵᠢᠯᠳᠠᠨ ᠨᠠᠷ ᠪᠦᠷ ᠸᠠᠭᠤᠨ ᠤ ᠱᠠᠯᠠᠨ ᠳᠡᠭᠡᠷ᠎ᠡ ᠬᠡᠪᠲᠡᠳᠡᠭ ᠶᠤᠮ》 ᠭᠡᠮᠡᠨ | ᠵᠢᠶᠠᠩ ᠶᠦᠩ ᠯᠦ ᠨᠠᠰᠤᠳᠠᠨ ᠬᠠᠭᠤᠴᠢᠯᠠᠨ᠎ᠠ᠃ | ᠲᠠᠯ᠎ᠠ ᠨᠤᠲᠤᠭ ᠲᠤ ᠪᠠᠨ ᠡᠩᠬᠡ ᠲᠣᠩᠬᠠ ᠦᠰᠴᠦ ᠲᠣᠷᠨᠢᠭᠰᠠᠨ ᠨᠢ | ᠡᠮᠦᠨ᠎ᠡ ᠨᠢ 1958 ᠣᠨ ᠳᠤ ᠠᠨᠾᠦ᠋ᠢ ᠮᠤᠵᠢ ᠶᠢᠨ ᠥᠨᠥᠴᠢᠨ ᠬᠡᠦᠭᠡᠳ ᠦᠪᠦᠷ ᠮᠣᠩᠭᠤᠯ ᠳᠤ | ᠢᠷᠡᠭᠡᠳ ᠴᠠᠭ ᠠᠭᠤᠷ ᠵᠣᠬᠢᠴᠠᠬᠤ ᠦᠬᠡᠢ ᠠᠴᠠ ᠪᠤᠯᠵᠤ᠂ ᠭᠡᠨᠡᠳᠲᠡ ᠪᠠᠷ ᠡᠪᠡᠳᠴᠢᠯᠡᠵᠡᠭᠡᠭᠰᠡᠨ ᠲᠣᠷᠰᠢᠯᠭ᠎ᠠ | ᠰᠣᠷᠭᠠᠮᠵᠢ ᠲᠠᠢ ᠪᠤᠯᠬᠤᠷ᠂ ᠡᠨᠡ ᠣᠳᠠᠭ᠎ᠠ ᠬᠡᠦᠭᠡᠳ ᠤᠳ ᠦᠪᠦᠷ ᠮᠣᠩᠭᠤᠯ ᠳᠤ ᠢᠷᠡᠭᠰᠡᠨ ᠤ ᠳᠠᠷᠠᠭ᠎ᠠ ᠳᠡᠳᠡᠨ ᠢ | ᠬᠠᠮᠤᠭ ᠤᠨ ᠲᠦᠷᠦᠭᠦᠨ ᠳᠤ ᠡᠮᠨᠡᠯᠭᠡ ᠳᠤ ᠠᠪᠠᠴᠢᠨ ᠪᠡᠶ᠎ᠡ ᠶᠢ ᠨᠢ ᠪᠠᠶᠢᠴᠠᠭᠠᠨ ᠡᠮᠨᠡᠨ ᠵᠠᠰᠠᠭᠰᠠᠨ ᠤ ᠰᠡᠭᠦᠯᠡᠷ ᠰᠠᠶ᠋ᠢ | ᠠᠰᠠᠷᠠᠮᠵᠢ ᠶᠢᠨ ᠬᠦᠷᠢᠶᠡᠯᠡᠩ ᠳᠤ ᠠᠪᠠᠴᠢᠨ ᠲᠡᠩᠭᠡᠷᠡᠭᠦᠯᠦᠭᠰᠡᠨ ᠤ ᠳᠠᠷᠠᠭ᠎ᠠ ᠰᠠᠶ᠋ᠢ ᠮᠠᠯᠴᠢᠳ ᠲᠤ ᠦᠭᠴᠦ | ᠲᠡᠵᠢᠭᠡᠯᠭᠡᠭᠰᠡᠨ ᠠᠵᠢ᠃ | ᠡᠳᠡᠭᠡᠷ《 ᠣᠯᠣᠰ ᠤᠨ ᠬᠡᠦᠭᠡᠳ》 ᠠᠰᠠᠷᠠᠮᠵᠢ ᠶᠢᠨ ᠬᠦᠷᠢᠶᠡᠯᠡᠩ ᠳᠤ ᠪᠠᠶᠢᠭᠰᠠᠨ ᠨᠢᠭᠡ ᠵᠢᠯ ᠳᠤ ᠪᠠᠨ | ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠠᠶᠢᠷ᠎ᠠ ᠬᠠᠯᠠᠮᠵᠢ ᠶᠢ ᠶᠡᠬᠡᠬᠡᠨ ᠬᠦᠷᠳᠡᠭᠰᠡᠨ ᠶᠤᠮ᠃ ᠵᠢᠶᠠᠩ ᠶᠦᠩ ᠯᠦ | ᠨᠠᠰᠣᠲᠠᠨ ᠳᠤ ᠬᠠᠮᠤᠭ ᠤᠨ ᠭᠦᠨ ᠰᠠᠭᠤᠭᠳᠠᠭᠰᠠᠨ ᠨᠢ ᠨᠢᠭᠡᠨ ᠮᠠᠯᠴᠢᠨ ᠤ《 ᠬᠦᠯᠳᠡᠭᠦᠦ ᠰᠦ ᠭᠦᠷᠭᠡᠨ | ᠭᠠᠴᠢᠭ ᠠᠴᠠ ᠠᠪᠣᠷᠠᠭᠰᠠᠨ》 ᠶᠠᠪᠣᠳᠠᠯ ᠪᠣᠯᠣᠨ᠎ᠠ᠃1960 ᠣᠨ ᠤ ᠡᠪᠦᠯ ᠠᠰᠠᠷᠠᠮᠵᠢ ᠶᠢᠨ ᠬᠦᠷᠢᠶᠡᠯᠡᠩ ᠳᠤ | ᠰᠦᠨ ᠲᠠᠯᠬ᠎ᠠ ᠳᠣᠲᠠᠭᠳᠠᠭᠰᠠᠨ ᠪᠠᠶᠢᠵᠠᠢ᠃《 ᠶᠠᠭ ᠪᠢᠳᠡᠨ ᠢ ᠭᠠᠷ ᠮᠣᠬᠤᠷᠳᠠᠵᠣ ᠮᠠᠯᠴᠢᠨ ᠢ ᠡᠷᠢᠵᠦ | ᠬᠠᠪᠰᠣᠷᠣᠭᠤᠯᠬᠤ ᠪᠠᠷ ᠪᠠᠵᠠᠭᠠᠵᠤ ᠪᠠᠶᠢᠭ᠎ᠠ ᠳᠤ ᠨᠢᠭᠡᠨ ᠨᠤᠲᠤᠭ ᠤᠨ ᠮᠠᠯᠴᠢᠨ ᠬᠠᠰᠠᠭ ᠲᠡᠷᠭᠡ ᠪᠠᠨ ᠭᠡᠯᠢᠭᠡᠳ | ᠢᠷᠡᠯ᠎ᠡ᠃ ᠲᠡᠷᠭᠡᠨ ᠳᠡᠭᠡᠷ᠎ᠡ ᠨᠢ ᠢᠰᠡᠭᠡᠢ ᠪᠠᠷ ᠪᠣᠭᠤᠭᠰᠠᠨ ᠬᠦᠯᠳᠡᠭᠦᠦ ᠰᠦ ᠠᠴᠢᠵᠤ᠂ ᠵᠠᠷᠢᠮ ᠨᠢ ᠠᠶᠠᠭᠠᠨ ᠬᠢᠷᠢ | ᠂ ᠵᠠᠷᠢᠮ ᠨᠢ ᠶᠣᠰᠣᠲᠠᠢ ᠲᠣᠭᠤᠭᠠᠨ ᠤ ᠬᠢᠷᠢ ᠲᠣᠮᠣ᠃ ᠦᠵᠡᠬᠦ ᠳᠤ᠂ ᠣᠯᠠᠨ ᠭᠡᠷ ᠬᠤᠲᠠᠯᠠᠭᠠᠷ ᠤᠨ ᠬᠢᠨ | ᠴᠣᠭᠯᠠᠭᠤᠯᠵᠣ ᠬᠠᠨᠳᠢᠪᠯᠠᠭᠰᠠᠨ ᠨᠢ ᠢᠯᠡᠬᠡᠨ》 ᠭᠡᠵᠦ ᠵᠢᠶᠠᠩ ᠨᠠᠰᠣᠲᠠᠨ ᠰᠡᠳᠭᠢᠯ ᠳᠣᠭᠳᠣᠯᠣᠩᠭᠤᠢ ᠶᠠᠷᠢᠬᠤ ᠶᠤᠮ | ᠃ | ᠡᠭᠦᠨ ᠳᠤ᠂ ᠵᠢᠶᠠᠩ ᠶᠦᠩ ᠯᠦ ᠠᠯᠠᠰᠬᠢᠨ ᠪᠠᠶᠠᠷᠯᠠᠵᠤ᠂ ᠬᠦᠯᠳᠡᠭᠦᠦ ᠰᠦ ᠶᠢ ᠨᠢ ᠲᠡᠷᠭᠡᠨ ᠠᠴᠠ ᠨᠢ | ᠪᠠᠭᠤᠯᠭᠠᠵᠤ ᠠᠪᠣᠭᠠᠳ᠂ ᠮᠠᠯᠴᠢᠨ ᠳᠤ ᠲᠣᠭᠠᠴᠠᠭ᠎ᠠ ᠬᠢᠬᠦ ᠭᠡᠬᠦᠯᠡᠷ᠂ ᠴᠠᠭᠠᠳᠣᠬᠢ ᠨᠢ ᠬᠠᠷᠢᠨ ᠠᠭᠤᠷᠯᠠᠵᠣ᠄《 | ᠡᠳᠡ ᠨᠠᠷ ᠴᠢᠨᠢ〈 ᠤᠯᠤᠰ ᠤᠨ ᠬᠡᠦᠭᠡᠳ 〉ᠪᠢᠰᠢ ᠦᠦ᠂ ᠡᠨᠡ ᠬᠦᠯᠳᠡᠭᠦᠦ ᠰᠦ ᠶᠢ ᠪᠣᠯ ᠣᠯᠠᠨ ᠢᠶᠠᠷ ᠢᠶᠠᠨ | ᠨᠠᠳᠠ ᠳᠤ ᠨᠠᠶᠢᠳᠠᠨ〈 ᠤᠯᠤᠰ ᠤᠨ ᠬᠡᠦᠭᠡᠳ〉 ᠲᠤ ᠬᠦᠷᠭᠡᠯᠭᠡᠭᠰᠡᠨ ᠶᠤᠮ᠂ ᠶᠠᠮᠠᠷ ᠬᠤᠳᠠᠯᠳᠣᠬᠤ ᠪᠠᠷ ᠢᠷᠡᠭᠰᠡᠨ | ᠪᠢᠰᠢ ᠰᠢᠦ︕》 ᠭᠡᠯᠡ᠃ | ᠨᠢᠭᠡ ᠵᠢᠯ ᠤᠨ ᠳᠠᠷᠠᠭ᠎ᠠ᠃ ᠬᠡᠦᠭᠡᠳ ᠤᠳ ᠤᠨ ᠪᠡᠶ᠎ᠡ ᠬᠡᠪ ᠲᠤ ᠪᠠᠨ ᠣᠷᠣᠭᠠᠳ᠂ ᠮᠠᠯᠴᠢᠳ ᠲᠤ | ᠦᠷᠡᠴᠢᠯᠡᠭᠳᠡᠨ ᠲᠡᠵᠢᠭᠡᠭᠳᠡᠵᠦ ᠡᠬᠢᠯᠡᠯ᠎ᠡ᠃《 ᠦᠷᠡᠴᠢᠯᠡᠵᠦ ᠲᠡᠵᠢᠭᠡᠬᠦ ᠳᠤ ᠨᠢ ᠮᠦᠨ ᠮᠠᠰᠢ ᠴᠢᠩᠭ᠎ᠠ ᠨᠦᠬᠦᠴᠡᠯ | ᠪᠣᠢ᠂ ᠶᠠᠭᠤᠨ ᠤ ᠡᠮᠦᠨ᠎ᠡ ᠬᠡᠦᠭᠡᠳ ᠦᠬᠡᠢ ᠮᠠᠯᠴᠢᠳ ᠰᠠᠶ᠋ᠢ ᠡᠷᠡᠮᠡᠯᠵᠡᠯᠡᠵᠦ ᠪᠣᠯᠣᠨ᠎ᠠ᠃ ᠳᠠᠷᠠᠭ᠎ᠠ ᠳᠤ ᠨᠢ᠂ | ᠦᠷᠡᠴᠢᠯᠡᠨ ᠲᠡᠵᠢᠭᠡᠬᠦ ᠨᠦᠬᠦᠴᠡᠯ ᠰᠠᠶᠢᠲᠠᠢ ᠪᠠᠶᠢᠬᠤ ᠭᠡᠷᠡᠭᠳᠡᠢ᠂ ᠦᠷᠡᠴᠢᠯᠡᠨ ᠲᠡᠵᠢᠭᠡᠭᠰᠡᠨ ᠤ ᠳᠠᠷᠠᠭ᠎ᠠ ᠬᠠᠮᠢᠶ᠎ᠠ | ᠪᠦᠬᠦᠢ ᠰᠠᠯᠠᠭ᠎ᠠ ᠮᠦᠴᠢᠷ ᠠᠴᠠ ᠬᠡᠦᠭᠡᠳ ᠤᠳ ᠤᠨ ᠠᠮᠢᠳᠣᠷᠠᠯ ᠠᠬᠤᠢ ᠶᠢ ᠨᠢ ᠮᠦᠷᠳᠡᠨ ᠰᠣᠷᠠᠭᠯᠠᠳᠠᠭ》 ᠭᠡᠵᠦ | ᠵᠢᠶᠠᠩ ᠨᠠᠰᠣᠲᠠᠨ ᠬᠠᠭᠤᠴᠢ ᠳᠡᠯᠭᠡᠨ᠎ᠡ᠃ | ᠮᠣᠩᠭᠤᠯ᠂ ᠬᠢᠲᠠᠳ ᠦᠨᠳᠦᠰᠦᠳᠡᠨ ᠤ ᠬᠠᠶᠢᠷ᠎ᠠ ᠰᠡᠳᠭᠢᠯᠭᠡ ᠭᠦᠨ ᠠᠴᠠ ᠭᠦᠨ | ᠶᠡᠭᠡ ᠬᠠᠶᠢᠷ᠎ᠠ ᠶᠢᠨ ᠲᠤᠤᠯᠢ ᠬᠠᠶᠢᠯᠠᠨ ᠬᠠᠶᠢᠯᠠᠭᠳᠠᠨᠠ | 《ᠣᠳᠣ ᠳᠣᠷᠠᠳᠬᠠᠪᠠᠯ᠂ ᠮᠠᠨᠣᠰ ᠤᠨ ᠡᠮᠦᠨᠡᠲᠦ ᠣᠷᠣᠨ ᠤ ᠦᠨᠦᠴᠢᠨ ᠬᠡᠦᠭᠡᠳ ᠢ ᠦᠷᠡᠴᠢᠯᠡᠨ | ᠲᠡᠵᠢᠭᠡᠭᠰᠡᠨ ᠨᠢ ᠠᠮᠵᠢᠯᠲᠠ ᠪᠦᠲᠦᠮᠵᠢ ᠲᠠᠢ ᠳᠤ ᠪᠠᠨ ᠲᠣᠭᠠᠴᠠᠭᠳᠠᠨ᠎ᠠ᠂ ᠡᠳᠡᠭᠡᠷ ᠬᠡᠦᠭᠡᠳ ᠡᠷᠡᠭᠦᠯ ᠡᠩᠭᠡ | ᠲᠣᠩᠬᠠ ᠦᠭᠡᠯᠡᠢ ᠪᠣᠯᠣᠭᠰᠠᠨ ᠤ ᠬᠤᠶᠢᠨ᠎ᠠ᠂ ᠴᠡᠷᠢᠭ ᠲᠤ ᠮᠣᠷᠳᠠᠭᠰᠠᠨ ᠤ ᠪᠠᠶᠢᠨ᠎ᠠ᠂ ᠡᠮᠴᠢ ᠰᠣᠪᠢᠯᠠᠭᠴᠢ | ᠪᠣᠯᠣᠭᠰᠠᠨ ᠤ ᠪᠠᠶᠢᠨ᠎ᠠ᠂ ᠢᠨᠵᠧᠨᠧᠷ ᠪᠣᠯᠣᠭᠰᠠᠨ ᠤ ᠪᠠᠶᠢᠨ᠎ᠠ᠂ ᠵᠠᠷᠢᠮ ᠨᠢ ᠮᠠᠯᠴᠢᠨ ᠪᠣᠯᠵᠤ ᠲᠠᠯ᠎ᠠ ᠨᠣᠲᠤᠭ | ᠲᠤ ᠪᠠᠨ ᠠᠮᠢᠳᠣᠷᠠᠭᠰᠠᠨ ᠴᠦ ᠪᠠᠶᠢᠨ᠎ᠠ》 ᠭᠡᠴᠢᠬᠡᠭᠡᠳ ᠵᠢᠶᠠᠩ ᠶᠦᠩ ᠯᠦ ᠨᠠᠰᠣᠲᠠᠨ ᠪᠣᠰᠣᠳ ᠲᠠᠢ | ᠠᠳᠠᠯᠢᠬᠠᠨ ᠢᠶᠠᠷ ᠦᠨᠦᠴᠢᠨ ᠬᠡᠦᠭᠡᠳ ᠤᠳ ᠤᠨ ᠠᠵᠢᠯ ᠠᠮᠢᠳᠣᠷᠠᠯ ᠢ ᠬᠠᠯᠠᠮᠵᠢᠯᠠᠭᠰᠠᠭᠠᠷ ᠪᠦᠭᠡᠳ ᠲᠡᠳᠡ | ᠨᠠᠷ ᠤᠨ ᠢᠶᠠᠨ ᠡᠮᠦᠨ᠎ᠡ ᠠᠴᠠ ᠪᠠᠶᠠᠷᠯᠠᠨ ᠣᠮᠣᠭᠰᠢᠭᠰᠠᠭᠠᠷ ᠢᠷᠡᠵᠠᠢ᠃ | ᠦᠪᠦᠷ ᠮᠣᠩᠭᠤᠯ ᠳᠤ ᠪᠠᠨ ᠬᠠᠮᠤᠭ ᠤᠨ ᠡᠷᠲᠡ ᠡᠮᠦᠨᠡᠲᠦ ᠣᠷᠣᠨ ᠤ ᠦᠨᠦᠴᠢᠨ ᠬᠡᠦᠭᠡᠳ ᠢ ᠬᠦᠯᠢᠶᠡᠨ | ᠠᠪᠣᠭᠰᠠᠨ ᠭᠠᠵᠠᠷ ᠣᠷᠣᠨ ᠪᠣᠯᠣᠭᠰᠠᠨ ᠤ ᠬᠤᠪᠢ ᠳᠤ᠂ ᠰᠢᠯᠢ ᠶᠢᠨ ᠭᠤᠣᠯ ᠠᠶᠢᠮᠠᠭ ᠤᠷᠢᠳ ᠬᠤᠷᠢᠳ ᠭᠤᠷᠪᠠᠨ | ᠮᠢᠩᠭᠠᠨ ᠦᠨᠦᠴᠢᠨ ᠬᠡᠦᠭᠡᠳ ᠤᠨ ᠨᠠᠢᠮᠠᠨ ᠵᠠᠭᠤ ᠢᠯᠡᠭᠦᠦ ᠶᠢ ᠨᠢ ᠬᠦᠯᠢᠶᠡᠨ ᠠᠪᠴᠣ ᠦᠷᠡᠴᠢᠯᠡᠨ ᠲᠡᠵᠢᠭᠡᠭᠰᠡᠨ | ᠶᠤᠮ᠃ ᠤᠯᠤᠰ ᠭᠡᠷ ᠣᠨᠴᠠᠭᠠᠢ ᠬᠦᠴᠢᠷᠳᠡᠯ ᠳᠤ ᠲᠣᠯᠭᠠᠷᠠᠭᠰᠠᠨ ᠦᠶ᠎ᠡ ᠳᠤ᠂ ᠲᠠᠯ᠎ᠠ ᠨᠤᠲᠤᠭ ᠬᠠᠨᠠᠭᠠᠷ ᠶᠡᠭᠡ | ᠥᠷᠥᠴᠡ ᠪᠠᠨ ᠳᠡᠯᠭᠡᠨ ᠡᠳᠡᠭᠡᠷ ᠡᠮᠦᠨ᠎ᠡ ᠣᠷᠣᠨ ᠤ ᠦᠨᠦᠴᠢᠨ ᠬᠡᠦᠭᠡᠳ ᠲᠤ ᠥᠶᠥᠭ ᠳᠣᠯᠠᠭᠠᠨ ᠭᠡᠷ ᠣᠯᠭᠤᠪᠠ᠂ | ᠡᠨᠡ ᠪᠣᠯ ᠨᠢᠭᠡᠨ ᠠᠮᠢ ᠨᠠᠰᠤᠨ ᠤ ᠢᠷᠠᠭᠤ ᠳᠠᠭᠤᠯᠠᠯ ᠮᠦᠷᠲᠡᠭᠡᠨ ᠦᠨᠳᠦᠰᠦᠳᠡᠨ ᠤ ᠪᠦᠯᠬᠦᠮᠳᠡᠯ ᠤᠨ ᠰᠣᠨᠣᠷ | ᠮᠢᠯᠢᠶᠠᠭᠰᠠᠨ ᠰᠠᠶᠢᠬᠠᠨ ᠦᠯᠢᠭᠡᠷ ᠪᠣᠯᠣᠨ᠎ᠠ᠃ | ᠬᠡᠳᠦᠶᠢᠪᠡᠷ ᠲᠣᠬᠠᠢ ᠶᠢᠨ ᠵᠢᠯ ᠤᠨ ᠦᠨᠦᠴᠢᠨ ᠬᠡᠦᠭᠡᠳ ᠤᠳ ᠣᠳᠤ ᠨᠠᠰᠤ ᠪᠦᠷ ᠵᠢᠷᠠ ᠶᠢ ᠵᠣᠭᠤᠭᠯᠠᠵᠤ | ᠂ ᠡᠳᠡᠭᠡᠷ ᠬᠡᠦᠭᠡᠳ ᠢ ᠬᠠᠪᠰᠣᠷᠣᠨ ᠳᠡᠳᠭᠦᠵᠦ ᠲᠡᠵᠢᠭᠡᠨ ᠦᠷᠡᠴᠢᠯᠡᠭᠰᠡᠨ《 ᠳᠣᠲᠣᠨᠣ ᠬᠦᠮᠦᠰ》 ᠨᠢ ᠨᠠᠰᠤ | ᠠᠬᠢᠵᠤ ᠵᠠᠭᠠᠯ ᠪᠣᠭᠤᠷᠣᠯ ᠪᠣᠯᠣᠭᠰᠠᠨ ᠴᠦ᠂ ᠡᠨᠡ ᠬᠦ ᠴᠢᠰᠣᠨ ᠲᠦᠷᠦᠯ᠂ ᠭᠠᠵᠠᠷ ᠣᠷᠣᠨ᠂ ᠴᠠᠭ | ᠬᠤᠭᠤᠴᠠᠭ᠎ᠠ ᠶᠢ ᠬᠡᠳᠦᠶᠢᠳᠦᠨ ᠳᠠᠪᠠᠭᠰᠠᠨ ᠠᠭᠤᠣ ᠶᠡᠭᠡ ᠬᠠᠶᠢᠷ᠎ᠠ ᠰᠡᠳᠭᠢᠯᠭᠡ ᠨᠢ ᠥᠨᠢ ᠮᠦᠩᠭᠡ ᠮᠢᠯᠠᠷᠠᠨ | ᠪᠠᠯᠠᠷᠠᠰᠢ ᠦᠬᠡᠢ ᠂ ᠡᠨᠡ ᠬᠦ《 ᠮᠣᠩᠭᠤᠯ᠂ ᠬᠢᠲᠠᠳ ᠦᠨᠳᠦᠰᠦᠳᠡᠨ ᠨᠢᠭᠡ ᠭᠡᠷ ᠤᠨ ᠬᠢᠨ ᠮᠡᠲᠦ ᠣᠶᠢᠷ᠎ᠠ | ᠲᠣᠳᠣᠨᠣ》 ᠪᠠᠶᠢᠬᠤ ᠢᠷᠠᠭᠤ ᠲᠠᠩᠰᠤᠭ ᠲᠣᠣᠯᠢᠰ ᠨᠢ ᠦᠨᠢᠳᠡ ᠬᠠᠶᠢᠯᠠᠭᠳᠠᠭᠰᠠᠭᠠᠷ ᠪᠠᠶᠢᠬᠤ ᠪᠣᠯᠣᠨ᠎ᠠ᠃ | |