| ᠰᠠᠶᠢ᠊ · ᠰᠡᠴᠡᠨᠪᠠᠭᠠᠳᠤᠷ ᠰᠤᠷᠪᠤᠯᠵᠢᠯᠠᠪᠠ | ᠤᠤᠯ ᠤᠨ ︽ᠤᠷᠤᠭ ᠬᠡᠷ ᠪᠦᠯᠢ ᠨᠡᠶᠢᠬᠡᠮ︾ ᠰᠡᠳᠬᠦᠯ ᠢ ᠡᠬᠦᠰᠬᠡᠨ ᠪᠠᠶᠢᠭᠤᠯᠤᠬᠴᠢ ᠂ ᠲᠤᠰ ᠰᠡᠳᠭᠦᠯ ᠤᠨ | ᠤᠤᠭᠠᠨ ᠶᠡᠷᠦᠩᠬᠡᠢ ᠨᠠᠶᠢᠷᠠᠭᠤᠯᠤᠭᠴᠢ ᠨᠠᠰᠤᠨᠳᠠᠯᠠᠢ᠂ 1948 ᠤᠨ ᠤ 12 ᠳ᠋ᠤᠭᠠᠷ ᠰᠠᠷ᠎ᠠ ᠳᠤ ᠤᠤᠯ ᠤᠨ ᠶᠡᠭᠡ | ᠵᠣᠣ ᠠᠶᠢᠮᠠᠭ ᠤᠨ ᠦᠤᠰᠢᠨ ᠬᠤᠰᠢᠭᠤᠨ ᠤ ᠱᠠᠷᠯᠢᠭ ᠰᠤᠮᠤᠨ ᠳᠤ ᠲᠦᠷᠤᠵᠡᠢ᠃ ᠶᠡᠭᠡ ᠰᠤᠷᠭᠠᠭᠤᠯᠢ ᠶᠢᠨ | ᠰᠤᠷᠤᠯᠭ᠎ᠠ ᠶᠢᠨ ᠨᠠᠮᠳᠠᠷ ᠲᠠᠢ᠂ 1968 ᠤᠨ ᠳᠤ ᠠᠵᠢᠯ ᠳᠤ ᠤᠷᠤᠵᠤ᠂ 1970 ᠤᠨ ᠳᠤ ᠲᠤᠮᠳᠠᠳᠤ ᠤᠯᠤᠰ | ᠤᠨ ᠡᠪ ᠬᠠᠮᠳᠤ ᠨᠠᠮ ᠳᠤ ᠡᠯᠰᠡᠭᠳᠡᠪᠡ᠃ 1968 ᠤᠨ ᠠᠴᠠ 1973 ᠤᠨ ᠤ ᠬᠤᠭᠤᠷᠤᠨᠳᠤ ᠴᠡᠷᠢᠭ ᠤᠨ ᠠᠯᠪᠠ | ᠬᠠᠭᠠᠵᠤ᠂ 1973 ᠤᠨ ᠠᠴᠠ 1976 ᠤᠨ ᠤ ᠬᠤᠭᠤᠷᠤᠨᠳᠤ ᠦᠪᠤᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠳᠤ ᠰᠤᠷᠤᠯᠴᠠᠵᠠᠢ᠃ 1976 ᠤᠨ ᠠᠴᠠ1981 ᠤᠨ ᠪᠤᠯᠳᠠᠯ᠎ᠠ ᠤᠯᠠᠭᠠᠨᠴᠠᠪ ᠠᠶᠢᠮᠠᠭ ᠤᠨ | ᠲᠦᠷᠪᠡᠳ ᠬᠤᠰᠢᠭᠤᠨ ᠤ ᠰᠤᠶᠤᠯ ᠰᠤᠷᠭᠠᠨ ᠬᠦᠮᠤᠵᠢᠯ ᠤᠨ ᠲᠤᠪᠴᠢᠶᠠᠨ ᠳᠤ ᠠᠵᠢᠯᠯᠠᠵᠤ᠂ 1981 ᠤᠨ ᠠᠴᠠ | 1983 ᠤᠨ ᠪᠤᠯᠳᠠᠯ᠎ᠠ ᠦᠪᠤᠷ ᠮᠤᠩᠭᠤᠯ ᠤᠨ ᠠᠷᠠᠳ ᠤᠨ ᠶᠠᠪᠤᠳᠠᠯ ᠤᠨ ᠲᠢᠩᠭᠢᠮ ᠤᠨ ᠴᠡᠷᠢᠭ ᠠᠴᠠ | ᠬᠠᠯᠠᠭᠳᠠᠭᠰᠠᠳ ᠢ ᠲᠣᠬᠢᠷᠠᠭᠤᠯᠬᠤ ᠠᠯᠪᠠᠨ ᠭᠡᠷ ᠲᠤ ᠠᠵᠢᠯᠯᠠᠪᠠ ᠃ 1983 ᠤᠨ ᠠᠴᠠ 1986 ᠤᠨ | ᠪᠤᠯᠳᠠᠯ᠎ᠠ ᠦᠪᠤᠷ ᠮᠤᠩᠭᠤᠯ ᠤᠨ ᠠᠷᠠᠳ ᠤᠨ ᠶᠠᠪᠤᠳᠠᠯ ᠤᠨ ᠲᠢᠩᠭᠢᠮ ᠤᠨ ᠠᠷᠠᠳ ᠤᠨ ᠶᠠᠪᠤᠳᠠᠯ ᠤᠨ ᠭᠠᠵᠠᠷ ᠤᠨ | ᠲᠡᠳ᠋ ᠳᠠᠷᠤᠭ᠎ᠠ ᠪᠠᠷ ᠠᠵᠢᠯ ᠡᠷᠬᠢᠯᠡᠵᠦ ᠪᠠᠶᠢᠬᠰᠠᠨ ᠢᠶᠠᠨ 1986 ᠤᠨ ᠠᠴᠠ1999 ᠤᠨ ᠪᠤᠯᠳᠠᠯ᠎ᠠ ᠤᠷᠢᠳ | ᠬᠤᠵᠢᠳ ᠦᠪᠤᠷ ᠮᠤᠩᠭᠤᠯ ᠤᠨ ᠠᠷᠠᠳ ᠤᠨ ᠶᠠᠪᠤᠳᠠᠯ ᠤᠨ ᠲᠢᠩᠭᠢᠮ ᠤᠨ ᠠᠷᠠᠳ ᠤᠨ ᠶᠠᠪᠤᠳᠠᠯ ᠤᠨ ᠭᠠᠵᠠᠷ᠂ | ᠵᠠᠰᠠᠭ ᠵᠠᠬᠢᠷᠭᠠᠨ ᠤ ᠤᠷᠤᠨ ᠬᠤᠪᠢᠶᠠᠷᠢᠯᠠᠯ ᠤᠨ ᠭᠠᠵᠠᠷ᠂ ᠨᠡᠶᠢᠬᠡᠮ ᠤᠨ ᠪᠦᠯᠬᠦᠮ ᠤᠨ ᠭᠠᠵᠠᠷ᠂ ᠦᠨᠳᠤᠰᠤᠨ | ᠱᠠᠳᠤᠨ ᠤ ᠵᠠᠰᠠᠭ ᠤᠨ ᠡᠷᠬᠡ ᠶᠢᠨ ᠭᠠᠵᠠᠷ᠂ ᠨᠡᠶᠢᠬᠡᠮ ᠤᠨ ᠶᠠᠪᠤᠳᠠᠯ ᠤᠨ ᠭᠠᠵᠠᠷ᠂ ᠬᠦᠳᠡᠭᠡ ᠲᠤᠰᠬᠤᠨ ᠮᠠᠯᠵᠢᠬᠤ | ᠤᠷᠤᠨ ᠤ ᠨᠠᠰᠤᠵᠢᠯ ᠤᠨ ᠲᠠᠭᠠᠳᠬᠠᠯ ᠤᠨ ᠭᠠᠵᠠᠷ ᠤᠨ ᠲᠠᠷᠤᠭ᠎ᠠ ᠪᠠ ︽ᠤᠷᠤᠭ ᠬᠡᠷ ᠪᠦᠯᠢ ᠨᠡᠶᠢᠬᠡᠮ︾ ᠰᠡᠳᠬᠦᠯ | ᠤᠨ ᠶᠡᠷᠤᠩᠭᠡᠢ ᠨᠠᠶᠢᠷᠠᠭᠤᠯᠤᠬᠴᠢ ᠶᠢᠨ ᠲᠣᠰᠢᠶᠠᠯ ᠢ ᠡᠬᠦᠷᠬᠡᠯᠡᠭᠰᠡᠨ ᠪᠠᠶᠢᠨ᠎ᠠ᠃ 1999 ᠤᠨ ᠠᠴᠠ 2007 ᠤᠨ | ᠪᠤᠯᠳᠠᠯ᠎ᠠ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠬᠦᠮᠦᠨ ᠤ ᠬᠦᠴᠤᠨ ᠤ ᠡᠬᠢ ᠪᠠᠶᠠᠯᠢᠭ ᠪᠠ | ᠨᠡᠶᠢᠬᠡᠮ ᠤᠨ ᠪᠠᠳᠤᠯᠠᠭ᠎ᠠ ᠶᠢᠨ ᠲᠢᠩᠬᠢᠮ ᠤᠨ ᠠᠵᠢᠯᠳᠠᠨ ᠤ ᠶᠠᠪᠤᠳᠠᠯ ᠤᠨ ᠰᠤᠷᠭᠠᠨᠨ ᠬᠦᠮᠤᠵᠢᠯ ᠤᠨ ᠭᠠᠵᠠᠷ ᠤᠨ | ᠲᠠᠷᠤᠭ᠎ᠠ ᠪᠠᠷ ᠠᠵᠢᠯᠯᠠᠵᠤ᠂ 2007 ᠤᠨ ᠠᠴᠠ 2010 ᠤᠨ ᠪᠤᠯᠳᠠᠯ᠎ᠠ ᠦᠪᠤᠷ ᠮᠤᠩᠭᠤᠯ ᠤᠨ ᠰᠠᠬᠢᠯᠭ᠎ᠠ ᠪᠠᠳᠤ | ᠪᠠᠶᠢᠴᠠᠭᠠᠬᠤ ᠬᠤᠷᠢᠶ᠎ᠠ ᠶᠢᠨ ᠬᠦᠮᠦᠨ ᠤ ᠬᠦᠴᠤᠨ ᠤ ᠡᠬᠢ ᠪᠠᠶᠠᠯᠢᠭ ᠪᠠ ᠨᠡᠶᠢᠬᠡᠮ ᠤᠨ ᠪᠠᠳᠤᠯᠠᠭ᠎ᠠ ᠶᠢᠨ ᠲᠢᠩᠬᠢᠮ | ᠳᠤ ᠰᠠᠭᠤᠭ᠎ᠠ ᠰᠠᠬᠢᠯᠭ᠎ᠠ ᠪᠠᠳᠤ ᠪᠠᠶᠢᠴᠠᠭᠠᠬᠤ ᠲᠤᠭᠤᠶᠢᠯᠠᠩ ᠤᠨ ᠲᠡᠳ᠋ ᠲᠠᠷᠤᠭ᠎ᠠ ᠪᠠ ᠪᠠᠶᠢᠴᠠᠭᠠᠬᠤ ᠲᠠᠰᠤᠭ ᠤᠨ | ᠡᠷᠬᠢᠯᠡᠭᠴᠢ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠪᠠ᠃ 2010 ᠤᠨ ᠳᠤ ᠠᠵᠢᠯ ᠠᠴᠠ ᠪᠠᠨ | ᠲᠠᠷᠬᠠᠯᠠᠬᠳᠠᠬᠰᠠᠨ ᠤ ᠬᠤᠶᠢᠨ᠎ᠠ ᠦᠪᠤᠷ ᠮᠤᠩᠭᠤᠯ ᠤᠨ ᠰᠤᠶᠤᠯ ᠺᠢᠨᠣ᠋ ᠲᠧᠯᠸᠢᠰ ᠤᠷᠠᠯᠢᠭ ᠤᠨ ᠨᠡᠶᠢᠭᠡᠮᠯᠢᠭ ᠤᠨ | ᠪᠠᠶᠢᠡᠭᠭᠤ ᠶᠢᠨ ᠲᠡᠳ᠋ ᠬᠡᠷᠡᠭ ᠳᠠᠷᠤᠭ᠎ᠠ ᠪᠠ ᠨᠠᠶᠢᠷᠠᠭᠤᠯᠬᠤ ᠺᠣᠮᠢᠰ ᠤᠨ ᠲᠡᠳ᠋ ᠡᠷᠬᠢᠯᠡᠭᠴᠢ᠂ ᠦᠪᠤᠷ ᠮᠤᠩᠭᠤᠯ ᠤᠨ | ᠤ ᠬᠦᠳᠡᠯᠮᠤᠷᠢ ᠶᠢᠨ ᠪᠠᠳᠤᠯᠠᠭ᠎ᠠ ᠶᠢᠨ ᠨᠡᠶᠢᠬᠡᠮᠯᠢᠭ ᠤᠨ ᠲᠡᠳ᠋ ᠨᠠᠷᠢᠨ ᠪᠢᠴᠢᠭ ᠤᠨ ᠲᠠᠷᠤᠭ᠎ᠠ ᠪᠠ ︽ᠦᠪᠤᠷ ᠮᠤᠩᠭᠤᠯ | ᠤᠨ ᠬᠦᠳᠡᠯᠮᠤᠷᠢ ᠶᠢᠨ ᠪᠠᠳᠤᠯᠠᠭ᠎ᠠ︾ ᠰᠡᠳᠬᠦᠯ ᠤᠨ ᠲᠡᠳ᠋ ᠶᠡᠷᠤᠩᠭᠡᠢ ᠨᠠᠶᠢᠷᠠᠭᠤᠯᠤᠬᠴᠢ ᠶᠢᠨ ᠲᠤᠰᠢᠶᠠᠯ ᠢ | ᠬᠠᠪᠰᠤᠷᠭᠠᠨ ᠬᠠᠷᠢᠭᠤᠴᠠᠪᠡ᠃ | ᠰᠠᠶᠢ᠊ · ᠰᠡᠴᠡᠨᠪᠠᠭᠠᠳᠤᠷ᠄ ᠨᠠᠰᠤᠳᠠᠨ ᠲᠠ ᠰᠠᠶᠢᠬᠠᠨ ᠡᠪᠤᠯᠵᠢᠵᠤ ᠪᠠᠶᠢᠨ᠎ᠠ ᠤᠤ︖ ᠦᠨᠤ ᠵᠢᠯ ᠮᠠᠨ ᠤ ︽ | ᠨᠡᠶᠢᠬᠡᠮ︾ ᠰᠡᠳᠬᠦᠯ ᠳᠤ ᠲᠤᠭᠤᠷᠭ᠎ᠠ ᠪᠠᠨ ᠪᠤᠰᠬᠠᠨ ᠲᠤᠯᠭ᠎ᠠ ᠪᠠᠨ ᠮᠠᠨᠠᠬᠰᠠᠨ ᠪᠦᠳᠤᠨ ᠭᠤᠴᠢᠨ ᠵᠢᠯ ᠤᠨ ᠤᠢ | ᠲᠤᠬᠢᠶᠠᠵᠤ ᠪᠠᠶᠢᠭ᠎ᠠ ᠶᠢ ᠲᠠ ᠠᠨᠳᠠᠬᠤ ᠦᠬᠡᠢ ᠮᠡᠳᠡᠨ᠎ᠡ ᠳ᠋ᠠ᠃ ᠦᠨᠤᠳᠤᠷ ︽ᠨᠡᠶᠢᠬᠡᠮ︾ ᠰᠡᠳᠬᠦᠯ ᠤᠨ ᠬᠤᠷᠢᠶᠠᠨ | ᠲᠠᠷᠤᠭ᠎ᠠ᠂ ᠶᠡᠷᠤᠩᠭᠡᠢ ᠨᠠᠶᠢᠷᠠᠭᠤᠯᠤᠬᠴᠢ ᠬᠠᠢ ᠹᠸᠡᠭ ᠨᠦᠬᠦᠷ ᠲᠠᠢ ᠬᠠᠮᠳᠤ ᠲᠠᠨ ᠢ ᠪᠤᠯᠭᠤᠭᠠᠨ ᠲᠤᠬᠤᠨᠢᠭᠤᠯᠬᠤ ᠪᠠᠷ | ᠢᠷᠡᠭᠰᠡᠨ ᠲᠠᠰᠢᠷᠠᠮ ᠢᠶᠠᠷ ᠭᠤᠴᠢᠨ ᠵᠢᠯ ᠤᠨ ᠡᠮᠤᠨᠡᠬᠢ ᠪᠠᠶᠢᠳᠠᠯ ᠢ ᠲᠠᠨ ᠠᠴᠠ ᠤᠶᠢᠯᠠᠭᠠᠬᠤ ᠬᠦᠰᠡᠯ ᠲᠠᠢ ᠢᠷᠡᠭᠰᠡᠨ | ᠶᠤᠮ ᠳ᠋ᠠ᠃ | ᠨᠠᠰᠤᠨᠳᠠᠯᠠᠢ᠄ ᠪᠤᠯᠤᠯ ᠦᠬᠡᠢ ᠶᠠᠭᠠᠬᠢᠬᠤ ᠪᠤᠢ︖ ᠴᠠᠭ ᠬᠤᠭᠤᠴᠠᠭ᠎ᠠ ᠭᠡᠵᠤ ᠦᠨᠡᠬᠡᠷ ᠬᠠᠷᠪᠤᠬᠰᠠᠨ ᠰᠤᠮᠤ | ᠮᠡᠳᠤ ᠲᠦᠷᠬᠡᠨ ᠶᠤᠮ ᠪᠠᠶᠢᠨ᠎ᠠ᠃ ᠨᠢᠬᠡ ᠮᠡᠳᠡᠬᠦᠯ᠎ᠡ ︽ᠤᠷᠤᠭ ᠬᠡᠷ ᠪᠦᠯᠢ ᠨᠡᠶᠢᠬᠡᠮ︾ ᠰᠡᠳᠬᠦᠯ ᠭᠤᠴᠢᠨ | ᠨᠠᠰᠤᠯᠠᠴᠢᠬᠠᠬᠰᠠᠨ ᠠᠵᠢ᠃ ᠪᠣᠳᠣᠪᠠᠯ ᠪᠢ ᠴᠢᠨᠢ ᠠᠵᠢᠯ ᠠᠴᠠ ᠲᠠᠷᠬᠠᠯᠠᠬᠳᠠᠭᠠᠳ ᠪᠠᠰᠨ ᠪᠦᠳᠤᠨ ᠠᠷᠪᠠᠨ ᠵᠢᠯ | ᠪᠤᠯᠴᠢᠬᠠᠯ᠎ᠠ᠃ | 1987 ᠤᠨ ᠳᠤ ᠠᠯᠠᠱᠨ ᠠᠶᠢᠮᠠᠭ ᠠᠴᠠ ᠦᠪᠤᠷ ᠮᠤᠩᠭᠤᠯ ᠤᠨ ᠠᠷᠠᠳ ᠤᠨ ᠶᠠᠪᠤᠳᠠᠯ ᠤᠨ ᠲᠢᠩᠭᠢᠮ ᠳᠤ | ᠠᠵᠢᠯ ᠰᠢᠯᠵᠢᠵᠤ ᠢᠷᠡᠭᠰᠡᠨ ᠲᠢᠩᠭᠢᠮ ᠤᠨ ᠲᠠᠷᠤᠭ᠎ᠠ ᠯᠢᠤ ᠰᠢᠶᠤᠤ ᠸᠠᠩ ᠨᠢᠬᠡ ᠤᠳᠠᠭ᠎ᠠ ᠨᠠᠳᠠ ᠳᠤ᠄ ︽ᠬᠦᠮᠦᠰ | ᠤᠨ ᠠᠩᠬᠠᠷᠤᠯ ᠲᠠᠯᠪᠢᠳᠠᠭ ᠤᠷᠤᠭ ᠬᠡᠷ ᠪᠦᠯᠢ ᠨᠡᠶᠢᠬᠡᠮ ᠤᠨ ᠬᠠᠮᠢᠶ᠎ᠠ ᠲᠠᠢ ᠠᠭᠤᠯᠭ᠎ᠠ ᠶᠢ ᠪᠠᠭᠳᠠᠭᠠᠬᠰᠠᠨ ᠮᠠᠯᠴᠢᠨ | ᠲᠠᠷᠢᠶᠠᠴᠢᠨ ᠳᠤ ᠬᠠᠨᠳᠤᠭᠤᠯᠤᠬᠰᠠᠨ ᠮᠤᠩᠭᠤᠯ ᠰᠡᠳᠬᠦᠯ ᠭᠠᠷᠭᠠᠪᠠᠯ ᠶᠠᠮᠠᠷ︖︾ ᠬᠡᠰᠡᠨ ᠰᠠᠨᠠᠭᠤᠯᠭ᠎ᠠ ᠲᠠᠯᠪᠢᠪᠠ᠃ | ᠢᠡᠭᠭᠢᠬᠡᠳ ᠯᠨ ᠮᠠᠨ ᠤ ᠰᠡᠳᠬᠦᠯ ᠡᠷᠬᠢᠯᠡᠬᠦ ᠠᠶᠠᠨ ᠤ ᠭᠠᠷᠤᠭ᠎ᠠ ᠡᠬᠢᠯᠡᠵᠢ ᠪᠢᠯᠨ᠃ | ᠲᠡᠷᠨ ᠦᠶ᠎ᠡ ᠳᠤ ᠰᠡᠳᠬᠦᠯ ᠤᠨ ᠳ᠋ᠤᠭᠠᠷ ᠤᠯᠬᠤ ᠶᠢ ᠪᠠᠶᠢᠴᠢᠬ᠎ᠠ᠂ ᠵᠠᠷᠢᠮ ᠰᠤᠨᠢᠨ ᠰᠡᠳᠬᠦᠯ ᠢ ᠬᠠᠰᠤᠬᠤ ᠶᠢ | ᠨᠢ ᠬᠠᠰᠤᠵᠤ ᠨᠡᠶᠢᠯᠡᠬᠦᠯᠬᠦ ᠶᠢ ᠨᠡᠶᠢᠯᠡᠬᠦᠯᠵᠤ ᠪᠠᠶᠢᠬᠰᠠᠨ ᠦᠶ᠎ᠡ ᠪᠤᠯᠬᠤᠷ ᠰᠡᠳᠬᠦᠯ ᠡᠷᠬᠢᠯᠡᠬᠦ ᠡᠷᠬᠡ ᠶᠢ ᠤᠯᠬᠤ ᠳᠤ | ᠲᠡᠶᠢᠮᠤ ᠠᠮᠠᠷ ᠦᠬᠡᠢ᠃ ᠤᠭ ᠨᠢ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠵᠦᠪᠰᠢᠶ᠋ᠷᠡᠬᠦ ᠡᠷᠬᠡ ᠲᠠᠢ | ᠪᠠᠶᠢᠬᠰᠠᠨ ᠪᠤᠯᠪᠠᠴᠤ ᠲᠡᠷᠨ ᠦᠶ᠎ᠡ ᠳᠤ ᠲᠦᠪ ᠤᠨ ᠰᠤᠨᠢᠨ ᠮᠡᠳᠡᠭᠡ ᠬᠡᠪᠯᠡᠯ ᠤᠨ ᠶᠡᠷᠤᠩᠭᠡᠢ ᠵᠠᠬᠢᠷᠭ᠎ᠠ ᠠᠴᠠ | ᠵᠦᠪᠰᠢᠶᠡᠷᠡᠯ ᠠᠪᠳᠠᠭ ᠪᠤᠯᠵᠠᠢ᠃ ᠡᠬᠢᠯᠡᠬᠡᠳ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ | ᠶᠠᠪᠤᠳᠠᠯ ᠤᠨ ᠲᠢᠩᠭᠢᠮ ᠢᠶᠠᠷ ᠵᠦᠪᠰᠢᠶ᠋ᠷᠡᠬᠦᠯᠵᠤ᠂ ᠦᠪᠤᠷ ᠮᠤᠩᠭᠤᠯ ᠤᠨ ᠠᠷᠠᠳ ᠤᠨ ᠵᠠᠰᠠᠭ ᠤᠨ ᠤᠷᠳᠤᠨ ᠳᠤ | ᠮᠡᠳᠡᠬᠦᠯᠦᠭᠰᠡᠨ ᠳᠤ ᠠᠵᠤ ᠠᠬᠤᠢ ᠶᠢᠨ ᠵᠠᠷᠤᠳᠠᠯ ᠪᠠ ᠤᠷᠤᠨ ᠲᠤᠭ᠎ᠠ ᠶᠢ ᠰᠢᠢᠳᠪᠤᠷᠢᠯᠡᠵᠤ ᠲᠡᠶᠢᠯᠬᠦ ᠦᠬᠡᠢ᠂ | ᠬᠡᠪᠡᠴᠤ ᠵᠦᠪᠰᠢᠶᠡᠷᠡᠬᠦᠯᠦᠬᠡᠳ ᠦᠪᠡᠷ ᠢᠶᠠᠨ ᠬᠢᠵᠤ ᠪᠤᠯᠤᠨ᠎ᠠ ᠬᠡᠪᠡ᠃ ᠢᠡᠭᠭᠢᠬᠡᠳ ᠦᠪᠤᠷ ᠮᠤᠩᠭᠤᠯ ᠤᠨ ᠰᠤᠨᠢᠨ | ᠮᠡᠳᠡᠭᠡ ᠬᠡᠪᠯᠡᠯ ᠤᠨ ᠳᠣᠪᠴᠢᠶ᠎ᠠ ᠪᠠᠷ ᠵᠦᠪᠰᠢᠶᠡᠷᠡᠬᠦᠯᠦᠭᠰᠡᠨ ᠤ ᠲᠠᠷᠠᠭ᠎ᠠ ᠦᠪᠤᠷ ᠮᠤᠩᠭᠤᠯ ᠤᠨ ᠨᠠᠮ ᠤᠨ | ᠬᠤᠷᠢᠶᠠᠨ ᠤ ᠤᠬᠠᠭᠤᠯᠬᠤ ᠬᠡᠯᠳᠡᠰ ᠤᠨ ᠵᠦᠪᠰᠢᠶᠡᠷᠡᠯ ᠢ ᠠᠪᠤᠭᠠᠳ ᠰᠤᠨᠢᠨ ᠮᠡᠳᠡᠭᠡ ᠬᠡᠪᠯᠡᠯ ᠤᠨ ᠶᠡᠷᠦᠩᠬᠡᠢ | ᠵᠠᠬᠢᠷᠭ᠎ᠠ ᠳᠤ ᠬᠡᠳᠤᠨᠳᠡ ᠬᠦᠶᠤᠵᠤ ᠪᠠᠶᠢᠮᠠᠨ ᠵᠦᠪᠰᠢᠶᠡᠷᠡᠬᠦᠯᠵᠤ᠂ ᠰᠡᠳᠬᠦᠯ ᠤᠨ ᠳ᠋ᠤᠭᠠᠷ ᠢ ᠤᠯᠤᠬᠰᠠᠨ ᠶᠤᠮ᠃ | ᠠᠩᠬᠠᠨ ᠤ ᠳ᠋ᠤᠭᠠᠷ ᠢ ᠲᠦᠰᠦᠪᠯᠡᠨ ᠬᠢᠬᠦ ᠶᠠᠪᠤᠴᠨ ᠳᠤ ᠪᠢ ᠭᠠᠵᠠᠷ ᠤᠨ ᠲᠠᠷᠤᠭ᠎ᠠ ᠪᠠᠶᠢᠬᠰᠠᠨ ᠪᠤᠯᠬᠤᠷ | ᠰᠡᠳᠬᠦᠯ ᠤᠨ ᠠᠵᠢᠯ ᠢ ᠭᠠᠷᠳᠠᠵᠤ ᠬᠢᠬᠦ ᠵᠠᠪ ᠠᠯᠠᠭ᠎ᠠ ᠲᠤᠯᠨ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠢᠨ | ᠤ ᠬᠤᠯᠪᠤᠭ᠎ᠠ ᠠᠴᠠ ᠮᠦᠡᠭᠭᠡᠨᠠᠰᠤᠨ ᠢ ᠵᠢᠭᠡᠯᠡᠨ ᠠᠪᠴᠢᠷᠠᠵᠤ ᠵᠠᠷᠤᠪᠠ᠃ ᠬᠡᠬᠦ ᠳᠤ ᠪᠠᠨ ᠶᠠᠮᠠᠷ ᠶᠠᠮᠠᠷ ᠪᠤᠯᠤᠩ | ᠭᠠᠷᠭᠠᠬᠤ᠂ ᠪᠤᠯᠤᠩ ᠤᠨ ᠠᠭᠤᠯᠭ᠎ᠠ ᠶᠢ ᠬᠡᠷᠬᠢᠨ ᠲᠤᠬᠢᠷᠠᠭᠤᠯᠬᠤ᠂ ᠨᠢᠭᠤᠷ ᠬᠠᠪᠢᠰᠦ ᠶᠢ ᠶᠠᠭᠠᠬᠢᠵᠤ ᠬᠢᠬᠦ ᠠᠵᠢᠯ | ᠳᠤ ᠪᠢ ᠪᠡᠶᠡᠳᠡᠨ ᠤᠷᠤᠯᠴᠠᠬᠰᠠᠨ ᠪᠦᠬᠡᠳ ᠰᠡᠳᠬᠦᠯ ᠤᠨ ᠭᠠᠳᠠᠷ ᠬᠠᠪᠢᠰᠤ ᠶᠢ ᠦᠪᠤᠷ ᠮᠤᠩᠭᠤᠯ ᠤᠨ ᠪᠠᠭᠰᠢ | ᠶᠢᠨ ᠶᠡᠭᠡ ᠰᠤᠷᠭᠠᠭᠤᠯᠢ ᠶᠢᠨ ᠬᠮᠠᠳᠤ ᠰᠤᠷᠤᠬᠴᠢ᠂ ᠲᠤᠬᠠᠢ ᠶᠢᠨ ᠦᠶ᠎ᠡ ᠳᠤ ︽ᠦᠪᠤᠷ ᠮᠤᠩᠭᠤᠯ ᠤᠨ ᠡᠳᠤᠷ ᠤᠨ | ᠰᠤᠨᠢᠨ︾ ᠤ ᠬᠤᠷᠢᠶᠠᠨ ᠤ ᠵᠢᠷᠤᠭ ᠤᠨ ᠨᠠᠶᠢᠷᠠᠭᠤᠯᠤᠬᠴᠢ ᠪᠠᠶᠢᠬᠰᠠᠨ ᠮᠦᠡᠭᠭᠡᠨᠠᠰᠤᠨ ᠢᠶᠠᠷ ᠬᠢᠯᠭᠡᠭᠰᠡᠨ ᠶᠤᠮ᠃ | ᠰᠡᠳᠬᠦᠯ ᠡᠷᠬᠢᠯᠡᠬᠦ ᠲᠤᠰᠬᠠᠢ ᠪᠡᠯᠨ ᠮᠦᠡᠭᠭᠦ ᠦᠬᠡᠢ᠂ ᠠᠵᠢᠯᠳᠠᠨ ᠤ ᠤᠷᠤᠨ ᠲᠤᠭ᠎ᠠ ᠦᠬᠡᠢ ᠨᠦᠬᠦᠴᠡᠯ | ᠪᠠᠶᠢᠳᠠᠯ ᠲᠤᠤᠷ᠎ᠠ᠂ 1991 ᠳᠤ ︽ᠤᠷᠤᠭ ᠬᠡᠷ ᠪᠦᠯᠢ ᠨᠡᠶᠢᠬᠡᠮ︾ ᠬᠡᠮᠡᠬᠦ ᠰᠡᠳᠬᠦᠯ ᠤᠨ ᠤᠤᠭᠠᠨ ᠳ᠋ᠤᠭᠠᠷ | ᠤᠡᠭᠰᠢᠬᠴᠢᠳ ᠲᠠᠢ ᠵᠤᠯᠭᠠᠯ᠎ᠠ᠃ ᠲᠦᠮᠡᠨ ᠠᠯᠬᠤᠮ ᠤᠨ ᠲᠦᠷᠤᠬᠦᠤ ᠠᠯᠬᠤᠮ ᠬᠡᠴᠡᠬᠦᠤ ᠪᠤᠯᠪᠠᠴᠤ ᠤᠯᠠᠨ ᠤ | ᠬᠦᠴᠤᠨ ᠳᠤ ᠤᠪᠤᠭ᠎ᠠ ᠪᠤᠰᠤᠨ᠎ᠠ ᠬᠡᠳᠡᠭ ᠡᠨᠡ ᠳ᠋ᠠ᠃ | ᠰᠠᠶᠢ᠊ · ᠰᠡᠴᠡᠨᠪᠠᠭᠠᠳᠤᠷ᠄ ︽ᠤᠷᠤᠭ ᠬᠡᠷ ᠪᠦᠯᠢ ᠨᠡᠶᠢᠬᠡᠮ︾ ᠰᠡᠳᠬᠦᠯ ᠮᠠᠨᠢ ᠤᠳᠤ ︽ᠨᠡᠶᠢᠬᠡᠮ︾ ᠬᠡᠬᠦ | ᠲᠦᠬᠦᠮ ᠠᠪᠰᠠᠷᠬᠠᠨ ᠨᠡᠷ᠎ᠡ ᠲᠠᠢ ᠪᠤᠯᠵᠤ᠂ ᠠᠷᠪᠠᠭᠠᠳ ᠬᠦᠮᠦᠨ ᠲᠠᠢ ᠪᠤᠯᠵᠤ ᠴᠠᠭ ᠦᠶ᠎ᠡ ᠲᠠᠢ ᠠᠯᠬᠤᠭ᠎ᠠ ᠨᠡᠶᠢᠯᠡᠨ | ᠤᠷᠤᠬᠰᠢᠯᠠᠵᠤ ᠪᠠᠶᠢᠨ᠎ᠠ᠃ ᠶᠠᠷᠢᠬᠤ ᠠᠴᠠ ᠠᠷᠪᠠᠭᠠᠳ ᠬᠦᠮᠦᠨ ᠪᠤᠯᠤᠨ ᠬᠦᠭᠵᠢᠳᠡᠯᠡ ᠶᠠᠭᠤ ᠶᠢ ᠲᠤᠭᠤᠯᠪᠠ︖ | ᠨᠠᠰᠤᠨᠳᠠᠯᠠᠢ᠄ 1991 ᠤᠨ ᠤ ᠶᠢᠰᠤᠨ ᠰᠠᠷ᠎ᠠ ᠳᠤ ᠮᠢᠨᠤ ᠲᠠᠷᠠᠭ᠎ᠠ ᠶᠡᠷᠤᠩᠭᠡᠢ ᠨᠠᠶᠢᠷᠠᠭᠤᠯᠤᠬᠴᠢ ᠪᠤᠯᠤᠬᠰᠠᠨ | ᠮᠦᠡᠭᠭᠡᠨᠠᠰᠤᠨ ᠢ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠠᠵᠢᠯ ᠰᠢᠯᠵᠢᠬᠦᠯᠵᠤ | ᠠᠪᠴᠢᠷᠠᠬᠰᠠᠨ᠃ ᠲᠠᠷᠠᠭ᠎ᠠ ᠨᠢ ᠪᠡᠰᠤᠳᠠᠢ ᠬᠠᠰᠪᠢᠯᠢᠭ᠌ ᠴᠦ ᠮᠠᠨ ᠤ ᠠᠳᠡ ᠠᠵᠢᠯ ᠬᠤᠪᠢᠶᠠᠬᠳᠠᠵᠤ ᠢᠷᠡᠭᠰᠡᠨ᠃ ᠪᠢ | ᠬᠡᠳᠦᠶᠢᠪᠡᠷ ᠶᠡᠷᠤᠩᠭᠡᠢ ᠨᠠᠶᠢᠷᠠᠭᠤᠯᠤᠬᠴᠢ ᠪᠤᠯᠪᠠᠴᠤ ᠡᠨᠡ ᠬᠤᠶᠠᠷ ᠵᠠᠯᠠᠭᠤ ᠶᠡᠭᠡ ᠴᠢᠷᠮᠠᠶᠢᠬᠰᠠᠨ᠃ ᠮᠡᠷᠬᠡᠵᠢᠯ ᠨᠢ | ᠨᠠᠳᠠ ᠠᠴᠠ ᠦᠨᠳᠤᠷ ᠲᠤᠯᠨ ᠭᠤᠤᠯ ᠨᠢ ᠲᠡᠷᠨ ᠬᠤᠶᠠᠷ ᠢ ᠲᠦᠰᠢᠭᠯᠡᠵᠤ ᠪᠠᠶᠢᠪᠠ᠃ ᠳᠡᠭᠡᠷ᠎ᠡ ᠵᠠᠭᠤᠨ ᠤ ᠶᠡᠷᠡᠬᠡᠳ | ᠤᠨ ᠳᠤ ᠤᠯᠵᠤ ᠠᠯᠳᠠᠬᠤ ᠪᠠᠨ ᠦᠪᠡᠷ ᠢᠶᠠᠨ ᠬᠠᠷᠢᠭᠤᠴᠠᠵᠤ ᠪᠠᠶᠢᠬᠰᠠᠨ ᠪᠤᠯᠬᠤᠷ ᠰᠡᠳᠬᠦᠯ ᠤᠨ ᠲᠠᠷᠬᠠᠭᠠᠯᠳᠠ | ᠬᠠᠮᠤᠭ ᠤᠯᠠᠨ ᠳᠤ ᠪᠠᠨ ᠬᠤᠶᠠᠷ ᠲᠦᠮᠨ ᠰᠢᠬᠠᠵᠤ ᠪᠠᠶᠢᠯ᠎ᠠ ᠰᠢᠤ᠃ ᠮᠤᠩᠭᠤᠯ ᠰᠡᠳᠬᠦᠯ ᠤᠨ ᠬᠤᠪᠢ ᠳᠤ ᠡᠨᠡ | ᠪᠤᠯ ᠮᠤᠨᠳᠠᠭ ᠲᠤᠭ᠎ᠠ᠃ ᠰᠡᠬᠦᠯᠡᠷ ᠨᠢ ᠰᠡᠴᠡᠩᠭᠤᠸ᠎ᠠ᠂ ᠰᠡᠴᠡᠨ ᠬᠤᠶᠠᠷ ᠢᠷᠡᠬᠡᠳ ᠮᠥᠨ ᠰᠠᠶᠢᠨ ᠠᠵᠢᠯᠯᠠᠬᠰᠠᠨ | ᠶᠤᠮ ᠳ᠋ᠠ᠃ | ᠬᠡᠨ ᠬᠡᠨ ᠶᠠᠭᠠᠬᠢᠵᠤ ᠴᠢᠷᠮᠠᠶᠢᠯ᠎ᠠ ᠭᠡᠵᠤ ᠬᠡᠯᠡᠬᠦ ᠶᠢᠨ ᠴᠠᠭᠠᠨ᠎ᠠ ᠨᠠᠮ ᠵᠠᠰᠠᠭ᠂ ᠤᠳᠤᠷᠢᠳᠤᠯᠭ᠎ᠠ ᠶᠢᠨ | ᠲᠡᠮᠵᠢᠯᠬᠡ ᠶᠢ ᠶᠠᠷᠢᠬᠤ ᠦᠬᠡᠢ ᠪᠠᠶᠢᠵᠤ ᠪᠤᠯᠬᠤ ᠦᠬᠡᠢ ᠰᠢᠤ᠃ ᠮᠠᠨ ᠤ ᠰᠡᠳᠬᠦᠯ ᠪᠤᠯ ᠨᠠᠮ ᠤᠨ ᠦᠨᠳᠤᠰᠤᠳᠡᠨ ᠤ | ᠲᠦᠷᠤ ᠶᠢᠨ ᠪᠤᠳᠤᠯᠭ᠎ᠠ ᠶᠢᠨ ᠲᠤᠶᠠᠭᠠᠯᠠᠯ ᠲᠤᠤᠷ᠎ᠠ ᠮᠡᠨᠳᠤᠯᠡᠭᠰᠡᠨ ᠶᠤᠮ ᠡ᠃ | ᠰᠠᠶᠢ᠊ · ᠰᠡᠴᠡᠨᠪᠠᠭᠠᠳᠤᠷ᠄ ᠲᠠ ᠴᠠᠭ ᠵᠠᠪ ᠢᠶᠠᠷ ᠢᠶᠠᠨ ︽ᠨᠡᠶᠢᠬᠡᠮ︾ ᠰᠡᠳᠬᠦᠯ ᠢᠶᠠᠨ ᠤᠡᠭᠰᠢᠵᠤ ᠪᠠᠶᠢᠨ᠎ᠠ ᠤᠤ | ︖ | ᠨᠠᠰᠤᠨᠳᠠᠯᠠᠢ᠄ ᠬᠠᠭᠤᠳᠠᠰᠤ ᠲᠠᠷᠠᠭᠠᠯᠠᠨ ᠤᠡᠭᠰᠢᠵᠤ ᠪᠠᠶᠢᠨ᠎ᠠ ᠬᠡᠪᠡᠯ ᠬᠤᠳᠠᠯ ᠦᠬᠡ᠃ ᠬᠡᠬᠦ ᠳᠤ ᠤᠯᠳᠠᠬᠤ ᠶᠢᠨ | ᠬᠢᠷᠢ ᠪᠠᠷ ᠤᠷᠪᠠᠭᠤᠯᠵᠤ ᠯᠨ ᠪᠠᠶᠢᠨ᠎ᠠ᠃ ᠰᠡᠳᠬᠦᠯ ᠤᠨ ᠦᠡᠭᠭᠡ ᠲᠦᠷᠰᠤ᠂ ᠠᠭᠤᠯᠭ᠎ᠠ ᠠᠴᠠ ᠡᠬᠢᠯᠡᠬᠡᠳ ᠶᠡᠬᠡᠬᠡᠨ | ᠬᠤᠪᠢᠷᠠᠯᠳᠠ ᠲᠠᠢ ᠪᠦᠬᠡᠳ ᠠᠷᠠᠳ ᠤᠨ ᠶᠠᠪᠤᠳᠠᠯ ᠲᠠᠢ ᠶᠠᠪᠤᠬᠤ ᠲᠤᠳᠤᠮ ᠤᠶᠢᠷ᠎ᠠ ᠰᠢᠳᠠᠷ ᠪᠤᠯᠵᠤ ᠪᠠᠶᠢᠨ᠎ᠠ᠂ ᠡᠨᠡ | ᠲᠠᠭᠠᠷᠠᠨ᠎ᠠ᠃ ᠰᠡᠳᠬᠦᠯ ᠳᠤ ᠦᠪᠡᠷ ᠦᠪᠡᠷ ᠤᠨ ᠤᠨᠴᠠᠯᠢᠭ ᠰᠢᠨᠵᠢ᠂ ᠪᠠᠶᠢᠷᠢ ᠲᠤᠬᠳᠠᠭᠠᠯᠳᠠ ᠪᠠᠶᠢᠬᠤ ᠬᠡᠷᠡᠭᠳᠡᠢ᠂ | ᠵᠢᠱᠢᠶᠡᠯᠡᠬᠡᠳ ᠬᠡᠯᠡᠬᠦ ᠳᠤ ︽ᠦᠪᠤᠷ ᠮᠤᠩᠭᠤᠯ ᠶᠢᠨ ᠮᠠᠯ ᠠᠵᠤ ᠠᠬᠤᠢ︾ ᠮᠠᠯ ᠠᠵᠤ ᠠᠬᠤᠢ ᠶᠢ ᠤᠬᠠᠭᠤᠯᠤᠭ᠂ | ᠪᠢᠳᠡ ᠬᠠᠷᠢᠨ ᠠᠷᠠᠳ ᠤᠨ ᠶᠠᠪᠤᠳᠠᠯ ᠲᠠᠢ ᠬᠤᠯᠪᠤᠬᠳᠠᠬᠰᠠᠨ ᠵᠦᠢᠯ ᠢ ᠭᠤᠤᠯ ᠪᠤᠯᠭᠠᠬᠤ ᠨᠢ ᠴᠢᠬᠤᠯᠨ᠃ ᠠᠷᠠᠳ | ᠤᠨ ᠶᠠᠪᠤᠳᠠᠯ ᠢ ᠤᠬᠠᠭᠤᠯᠬᠤ ᠪᠤᠯ ︽ᠨᠡᠶᠢᠬᠡᠮ︾ ᠰᠡᠳᠬᠦᠯ ᠤᠨ ᠲᠠᠷᠬᠠᠨ ᠡᠬᠦᠷᠬᠡ ᠶᠤᠮ ᠃ | ᠲᠠᠰᠢᠷᠠᠮ ᠳᠤ ᠵᠦᠪᠯᠡᠬᠦ ᠳᠤ᠄ ᠮᠠᠯᠴᠢᠨ ᠲᠠᠷᠢᠶᠠᠴᠢᠨ ᠳᠤ ᠠᠷᠠᠳ ᠤᠨ ᠶᠠᠪᠤᠳᠠᠯ ᠲᠠᠢ ᠬᠤᠯᠪᠤᠬᠳᠠᠬᠰᠠᠨ ᠲᠦᠷᠤ | ᠶᠢᠨ ᠪᠤᠳᠤᠯᠭ᠎ᠠ ᠶᠢᠨ ᠬᠠᠷᠠᠭᠠᠯᠵᠠᠯ᠂ ᠨᠦᠬᠦᠪᠤᠷᠢ ᠶᠢᠨ ᠵᠦᠢᠯ ᠢ ᠲᠠᠨᠢᠯᠴᠠᠭᠤᠯᠬᠤ ᠠᠴᠠ ᠭᠠᠳᠠᠨ᠎ᠠ᠂ ᠬᠡᠷ ᠪᠦᠯᠢ ᠶᠢᠨ | ᠬᠦᠮᠤᠵᠢᠯ᠂ ᠬᠡᠷ ᠪᠦᠯᠢ ᠶᠢᠨ ᠬᠠᠮᠢᠶᠠᠷᠤᠯᠳᠠ᠂ ᠬᠡᠷ ᠪᠦᠯᠢ ᠶᠢᠨ ᠡᠵᠡᠩᠨᠡᠯᠳᠡ᠂ ᠬᠡᠷ ᠪᠦᠯᠢ ᠶᠢᠨ ᠬᠦᠮᠦᠰ ᠤᠨ | ᠬᠤᠭᠤᠷᠤᠨᠳᠤᠬᠢ ᠬᠠᠷᠢᠴᠠᠭ᠎ᠠ᠂ ᠡᠬᠦᠨ ᠠᠴᠠ ᠠᠬᠢᠭᠤᠯᠤᠭᠠᠳ ᠪᠠᠶᠢᠭᠠᠯᠢ ᠠᠬᠤᠢ ᠪᠠᠨ ᠬᠠᠮᠠᠭᠠᠯᠠᠬᠤ ᠲᠤᠬᠠᠢ ᠪᠠᠭ᠎ᠠ | ᠰᠠᠭ᠎ᠠ ᠴᠦ ᠪᠤᠯᠪᠠ ᠤᠬᠠᠭᠤᠯᠵᠤ ᠪᠠᠶᠢᠭᠠᠷᠠᠢ᠂ ᠠᠭᠠᠵᠢᠮ ᠳᠤ ᠪᠠᠨ ᠶᠡᠭᠡ ᠶᠠᠭᠤᠮ᠎ᠠ ᠪᠤᠯᠤᠨ᠎ᠠ᠃ | ᠰᠠᠶᠢ᠊ · ᠰᠡᠴᠡᠨᠪᠠᠭᠠᠳᠤᠷ᠄ ᠴᠠᠭ ᠤᠷᠤᠢ ᠪᠤᠯᠵᠤ ᠪᠠᠶᠢᠭ᠎ᠠ ᠤᠴᠢᠷ ᠠᠴᠠ ᠰᠤᠷᠪᠤᠯᠵᠢᠯᠠᠭ᠎ᠠ ᠪᠠᠨ ᠠᠳᠡ | ᠬᠦᠷᠤᠬᠡᠳ ᠦᠨᠳᠤᠷᠯᠡᠬᠦᠯᠤᠶᠡ᠃ ᠤᠯᠳᠤᠢ ᠰᠤᠷᠪᠤᠯᠵᠢᠯᠠᠭ᠎ᠠ ᠶᠢ ᠮᠠᠨᠨᠢ ᠬᠦᠯᠢᠶᠡᠭᠰᠡᠨ ᠲᠠᠨ ᠳᠤ ᠮᠠᠰᠢᠳᠠ ᠪᠠᠶᠠᠷᠯᠠᠯ᠎ᠠ᠃ | ᠲᠠᠨ ᠤ ᠪᠡᠶ᠎ᠡ ᠶᠢᠨ ᠯᠠᠭᠱᠠᠨ᠂ ᠪᠢᠯᠢᠭ ᠤᠨ ᠰᠠᠷᠠᠭᠤᠯ ᠢ ᠲᠠᠭᠠᠳᠬᠠᠶ᠎ᠠ᠃ | ᠨᠠᠰᠤᠨᠳᠠᠯᠠᠢ᠄ ᠵᠠ᠂ ᠪᠠᠶᠠᠷᠯᠠᠯ᠎ᠠ᠃ ᠰᠡᠳᠬᠦᠯ ᠤᠨ ᠴᠠᠭᠠᠨ ᠪᠤᠶᠠᠨ ᠲᠡᠯᠬᠡᠷᠡᠨ ᠲᠡᠯᠬᠡᠷᠡᠬᠦ ᠪᠤᠯᠳᠤᠭᠠᠢ︕ | 2021 ᠤᠨ ᠤ 12 ᠳ᠋ᠤᠭᠠᠷ ᠰᠠᠷ᠎ᠠ ᠶᠢᠨ 17 ᠤ ᠦᠳᠡ ᠶᠢᠨ ᠬᠤᠶᠢᠨ᠎ᠠ | |