ᠠᠯᠬᠤᠮ ᠢᠶᠠᠷ ᠢᠶᠠᠨ ᠠᠷᠠᠳ ᠤᠨ  ᠬᠡᠷᠡᠭᠴᠡᠭᠡ ᠱᠠᠭᠠᠷᠳᠠᠯᠭ᠎ᠠ ᠶᠢ ᠬᠡᠮᠵᠢᠶᠡᠯᠡᠵᠦᠠᠷᠢᠭᠤᠨ  ᠬᠦᠳᠡᠯᠮᠦᠷᠢ ᠪᠠᠷ ᠢᠶᠠᠨ ᠠᠷᠠᠳ ᠤᠨ ᠦᠯᠮᠡᠢ ᠶᠢ ᠳᠤᠯᠠᠭᠠ᠊
ᠨᠡᠶᠢᠲᠡᠯᠡᠭᠰᠡᠨ ᠴᠠᠭ᠄
2022/7/29
   《ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ︵  ᠤᠤᠯ ᠤᠨ ᠦᠪᠦᠷ ᠮᠣᠩᠭᠤᠯ ᠤᠨ   ᠢᠷᠠᠭᠤ ᠠᠯᠳᠠᠷᠲᠤ  ᠴᠡᠷᠢᠭ ᠤᠨ ᠵᠡᠮᠳᠡᠭ ᠮᠦᠴᠢ ᠶᠢᠨ ᠡᠷᠡᠭᠦᠯᠵᠢᠯ ᠤᠨ  ᠲᠥᠪ  ︶  ᠮᠠᠨᠢ ᠨᠠᠳᠠ ᠳᠤ ᠪᠠᠨ 40  ᠭᠠᠷᠤᠢ ᠵᠢᠯ ᠬᠥᠯ ᠲᠡᠭᠰᠢᠷᠡᠭᠦᠯᠬᠦ ᠱᠠᠬᠠᠢ ᠦᠢᠯᠡᠳᠴᠦ ᠥᠭᠭᠦᠭᠰᠡᠨ ᠶᠤᠮ᠂  ᠥᠨᠦ ᠵᠢᠯ  ᠤᠨ ᠱᠠᠬᠠᠢ  ᠨᠢ ᠦᠯᠢᠭᠡᠷ ᠠᠪᠴᠤ  ᠬᠡᠪ  ᠢ ᠨᠢ ᠦᠭᠡᠷᠡᠴᠢᠯᠡᠬᠦ ᠪᠠᠷ ᠳᠠᠮᠵᠢᠨ ᠨᠡᠩ ᠬᠦᠩᠭᠡᠨ ᠠᠪᠰᠠᠷᠬᠠᠨ ᠲᠠᠭᠠᠯᠠᠮᠵᠢᠲᠠᠢ ᠪᠣᠯᠣᠭᠰᠠᠨ ᠶᠤᠮ 》 ᠭᠡᠵᠦ ᠴᠢᠤᠢ ᠶᠢᠨ ᠱᠧᠩ  ᠨᠠᠰᠤᠲᠠᠨ ᠰᠢᠯᠭᠠᠨ ᠪᠠᠶᠢᠴᠠᠭᠠᠬᠤ ᠰᠠᠯᠠᠭ᠎ᠠ ᠳᠤ ᠬᠡᠮᠡᠷᠯᠢᠭ ᠲᠤᠭ ᠬᠦᠷᠭᠡᠵᠦ ᠢᠷᠡᠬᠦ ᠳᠤ ᠪᠠᠨ ᠰᠡᠳᠭᠢᠯ ᠢᠭᠳᠦᠯᠦᠨ ᠶᠠᠷᠢᠭᠰᠠᠨ ᠪᠢᠯᠡ᠃       ᠴᠢᠤᠢ ᠶᠢᠨ ᠱᠧᠩ  ᠨᠠᠰᠤᠲᠠᠨ  ᠬᠦᠬᠡᠬᠤᠲᠠ ᠳᠤ ᠰᠠᠭᠤᠳᠠᠭ᠂  ᠠᠩᠬ᠎ᠠ ᠡᠷᠲᠡ ᠠᠭᠤᠷᠬᠠᠢ ᠶᠢᠨ ᠣᠷᠣᠨ ᠳᠤ ᠠᠵᠢᠯᠯᠠᠬᠤ ᠳᠤ ᠪᠠᠨ ᠠᠵᠢᠯ ᠠᠴᠠ ᠪᠣᠯᠣᠭᠰᠠᠨ ᠭᠡᠮᠲᠦᠯ ᠠᠴᠠ ᠪᠣᠯᠵᠤ  ᠬᠥᠯ  ᠤᠨ ᠬᠢ ᠨᠢ ᠳᠦᠷᠰᠦ ᠨᠢ ᠬᠤᠪᠢᠷᠠᠭᠠᠳ᠂ ᠤᠯᠠᠨ ᠵᠢᠯ ᠤᠨ ᠲᠤᠷᠰᠢᠳᠠ ᠡᠪᠡᠳᠴᠢᠨ ᠡᠮᠭᠡᠭ ᠲᠤ ᠳᠠᠷᠤᠭᠳᠠᠨ᠂  ᠬᠦᠨᠳᠦ ᠶᠢ  ᠡᠷᠭᠦᠬᠦ ᠠᠵᠢᠯ ᠢ  ᠬᠢᠵᠦ ᠳᠡᠶᠢᠯᠬᠦ ᠪᠠᠨ ᠪᠣᠯᠢᠵᠠᠢ᠃ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ  ᠠᠴᠠ ᠴᠢᠤᠢ ᠶᠢᠨ ᠱᠧᠩ  ᠨᠠᠰᠤᠲᠠᠨ ᠤ ᠪᠠᠶᠢᠳᠠᠯ ᠢ ᠣᠶᠢᠯᠠᠭᠠᠵᠤ ᠮᠡᠳᠡᠭᠰᠡᠨ ᠤ ᠳᠠᠷᠠᠭ᠎ᠠ᠂   ᠳᠡᠭᠡᠷ᠎ᠡ ᠵᠠᠭᠤᠨ ᠤ ᠳᠠᠯᠠᠭᠠᠳ ᠣᠨ ᠠᠴᠠ ᠠᠪᠤᠭᠠᠳ ᠵᠢᠯ ᠪᠣᠯᠭᠠᠨ ᠲᠡᠭᠦᠨ  ᠤ  ᠬᠥᠯ ᠨᠢ ᠳᠦᠷᠰᠦ ᠬᠤᠪᠢᠷᠠᠭᠰᠠᠨ ᠠᠴᠠ ᠪᠣᠯᠵᠤ  ᠠᠯᠬᠤᠵᠤ ᠬᠢᠰᠬᠢᠬᠦ ᠳᠤ ᠳᠦᠭᠦᠮ ᠦᠬᠡᠢ ᠪᠠᠶᠢᠳᠠᠯ ᠳᠤ ᠨᠢ ᠴᠢᠭᠯᠡᠭᠦᠯᠦᠨ ᠬᠥᠯ ᠲᠡᠭᠰᠢᠷᠡᠬᠦᠯᠭᠦ   ᠱᠠᠬᠠᠢ ᠦᠢᠯᠡᠳᠴᠦ ᠥᠭᠭᠦᠭᠰᠡᠨ ᠶᠤᠮ᠃ 2020 ᠣᠨ ᠳᠤ᠂ ᠰᠢᠯᠭᠠᠨ ᠪᠠᠶᠢᠴᠠᠭᠠᠬᠤ ᠰᠠᠯᠠᠭ᠎ᠠ  ᠠᠴᠠ 3D ᠮᠡᠷᠭᠡᠵᠢᠯ ᠢᠶᠠᠷ  ᠬᠥᠯ ᠢ  ᠪᠦᠬᠦ ᠲᠠᠯ᠎ᠠ  ᠪᠠᠷ ᠰᠢᠷᠪᠢᠨ ᠦᠢᠯᠡᠳᠦᠭᠰᠡᠨ ᠬᠥᠯ ᠲᠡᠭᠰᠢᠷᠡᠭᠦᠯᠬᠦ ᠱᠠᠬᠠᠢ ᠶᠢ ᠲᠡᠭᠦᠨ ᠳᠤ ᠬᠠᠩᠭᠠᠪᠠ᠃   ᠤᠯᠠᠮᠵᠢᠯᠠᠯᠲᠤ  ᠵᠤᠬᠢᠶᠠᠬᠤ ᠠᠷᠭ᠎ᠠ  ᠲᠠᠢ ᠢᠯᠭᠠᠭ᠎ᠠ ᠪᠦᠬᠦᠢ ᠡᠨᠡ ᠬᠦ ᠰᠢᠨ᠎ᠡ  ᠵᠠᠭᠪᠤᠷ ᠤᠨ ᠬᠥᠯ ᠲᠡᠭᠰᠢᠷᠡᠭᠦᠯᠬᠦ ᠱᠠᠬᠠᠢ  ᠶᠢ ᠰᠢᠨ᠎ᠡ  ᠬᠡᠪ ᠤᠨ ᠬᠦᠩᠭᠡᠨ ᠠᠪᠰᠠᠷᠬᠠᠨ ᠮᠠᠲ᠋ᠧᠷᠢᠶᠠᠯ ᠢᠶᠠᠷ ᠦᠢᠯᠡᠳᠦᠭᠰᠡᠨ ᠪᠠᠶᠢᠵᠤ᠂ ᠴᠢᠤᠢ ᠶᠢᠨ ᠱᠧᠩ  ᠨᠠᠰᠤᠲᠠᠨ ᠡᠨᠡ ᠱᠠᠬᠠᠢ ᠶᠢ ᠡᠮᠦᠰᠴᠦ ᠦᠵᠡᠭᠰᠡᠨ ᠤ ᠳᠠᠷᠠᠭ᠎ᠠ᠂  ᠲᠤᠰ ᠱᠠᠬᠠᠢ ᠨᠢ ᠬᠦᠩᠭᠡᠨ  ᠠᠪᠰᠠᠷᠬᠠᠨ ᠮᠦᠷᠲᠡᠭᠡᠨ ᠲᠠᠭᠠᠯᠠᠮᠵᠢᠲᠠᠢ᠂ ᠦᠩᠭᠡᠷᠡᠭᠰᠡᠨ ᠤ  ᠲᠡᠷᠡ ᠬᠦ ᠮᠠᠰᠢ ᠬᠦᠨᠳᠦ ᠮᠦᠷᠲᠡᠭᠡᠨ ᠲᠠᠭᠠᠯᠠᠮᠵᠢ ᠪᠠᠷ ᠳᠤᠤᠷ᠎ᠠ ᠵᠡᠷᠭᠡ ᠠᠰᠠᠭᠤᠳᠠᠯ ᠢ  ᠰᠢᠢᠳᠪᠦᠷᠢᠯᠡᠵᠦ ᠥᠭᠭᠦᠯ᠎ᠡ ᠭᠡᠵᠦ ᠰᠡᠳᠭᠢᠯ ᠳᠤᠭᠳᠤᠯᠤᠨ ᠶᠠᠷᠢᠭᠰᠠᠨ ᠠᠵᠢ᠃ 2021 ᠣᠨ ᠤ7 ᠳ᠋ᠤᠭᠠᠷ ᠰᠠᠷ᠎ᠠ ᠶᠢᠨ1 ᠤ ᠡᠳᠦᠷ᠂  ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ100 ᠵᠢᠯ ᠤᠨ ᠣᠢ  ᠲᠤᠬᠢᠶᠠᠯᠳᠤᠭᠰᠠᠨ ᠡᠨᠡ ᠡᠳᠦᠷ᠂  ᠴᠢᠤᠢ ᠶᠢᠨ ᠱᠧᠩ  ᠨᠠᠰᠤᠲᠠᠨ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ  ᠲᠤ ᠨᠢᠭᠡᠨ ᠬᠡᠮᠡᠷᠯᠢᠭ ᠲᠤᠭ ᠬᠦᠷᠭᠡᠨ ᠢᠷᠡᠵᠦ᠂  ᠬᠡᠮᠡᠷᠯᠢᠭ ᠲᠤᠭ ᠳᠡᠭᠡᠷᠡᠬᠢ 《ᠵᠡᠮᠳᠡᠭᠴᠦᠳ ᠢ ᠬᠠᠯᠠᠮᠵᠢᠯᠠᠨ ᠰᠡᠳᠭᠢᠯ ᠢ ᠳᠤᠯᠠᠭᠠᠯᠠᠵᠤ᠂ ᠨᠢᠮᠪᠠᠢ ᠦᠢᠯᠡᠴᠢᠯᠡᠨ ᠬᠠᠶᠢᠷ᠎ᠠ ᠪᠠᠨ ᠵᠤᠷᠢᠭᠤᠯᠪᠠᠢ》 ᠭᠡᠬᠦ ᠦᠰᠦᠭ ᠢᠶᠠᠷ ᠢᠶᠠᠨ  ᠲᠥᠪ ᠤᠨ ᠤᠯᠠᠨ ᠵᠢᠯ ᠤᠨ ᠲᠤᠷᠰᠢᠬᠢ ᠦᠢᠯᠡᠴᠢᠯᠡᠭᠡ ᠪᠣᠯᠣᠨ ᠳᠡᠮᠵᠢᠯᠭᠡ ᠳᠤ  ᠭᠦᠨ ᠲᠠᠯᠠᠷᠬᠠᠯ ᠢᠶᠠᠨ ᠢᠯᠡᠷᠬᠡᠶᠢᠯᠡᠭᠰᠡᠨ ᠪᠢᠯᠡ᠃       ᠨᠠᠮ ᠤᠨ ᠲᠡᠦᠬᠡ ᠶᠢᠨ ᠰᠣᠷᠣᠯᠴᠠᠯᠭ᠎ᠠ ᠬᠦᠮᠦᠵᠢᠯ ᠢ ᠦᠷᠨᠢᠭᠦᠯᠦᠭᠰᠡᠨ ᠠᠴᠠ ᠨᠠᠭᠠᠰᠢ᠂ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ 《 ᠨᠠᠮ ᠤᠨ ᠲᠡᠦᠬᠡ ᠶᠢ ᠰᠣᠷᠣᠯᠴᠠᠨ ᠶᠤᠰᠤ ᠤᠴᠢᠷ ᠢ  ᠣᠶᠢᠯᠠᠭᠠᠵᠤ᠂ ᠨᠠᠮ ᠤᠨ ᠲᠡᠦᠬᠡ ᠶᠢ ᠰᠣᠷᠣᠯᠴᠠᠨ ᠢᠲᠡᠭᠡᠯ ᠢᠶᠠᠨ ᠨᠡᠮᠡᠭᠳᠡᠭᠦᠯᠵᠦ᠂ ᠨᠠᠮ ᠤᠨ ᠲᠡᠦᠬᠡ ᠶᠢ ᠰᠣᠷᠣᠯᠴᠠᠨ ᠶᠤᠰᠤ ᠰᠤᠷᠲᠠᠬᠤᠨ ᠢ ᠳᠡᠭᠡᠳᠦᠯᠡᠵᠦ᠂ ᠨᠠᠮ ᠤᠨ ᠲᠡᠦᠬᠡ ᠶᠢ ᠰᠣᠷᠣᠯᠴᠠᠨ ᠴᠢᠷᠮᠠᠶᠢᠨ ᠦᠢᠯᠡᠳᠦᠯᠭᠡᠵᠢᠭᠦᠯᠬᠦ》 ᠶᠢᠨ ᠲᠤᠭᠤᠷᠢᠨ ᠳᠤ᠂  ᠠᠵᠢᠯ ᠤᠨ ᠴᠢᠳᠠᠮᠵᠢ ᠶᠢᠨ  ᠳᠠᠪᠠᠭᠤᠯᠢᠭ ᠢᠶᠠᠨ ᠭᠦᠢᠴᠡᠳ ᠪᠠᠳᠠᠷᠠᠭᠤᠯᠤᠨ᠂  ᠠᠷᠠᠳ ᠤᠨ ᠶᠠᠪᠤᠳᠠᠯ ᠤᠨ ᠬᠦᠷᠢᠶ᠎ᠡ ᠴᠠᠷᠠᠭᠠᠨ ᠳᠤ ᠬᠢ  ᠦᠢᠯᠡᠴᠢᠯᠡᠭᠡ ᠬᠦᠷᠲᠡᠭᠴᠢᠳ ᠤᠨ ᠢᠶᠠᠨ ᠲᠤᠯᠭᠠᠮᠳᠠᠯ ᠵᠣᠪᠠᠨᠢᠯ ᠪᠠᠷᠠᠯᠠᠯ ᠢ ᠲᠦᠪᠯᠡᠷᠡᠭᠦᠯᠵᠦ᠂  ᠨᠠᠮ ᠤᠨ ᠲᠡᠦᠬᠡ ᠶᠢᠨ ᠰᠣᠷᠣᠯᠴᠠᠯᠭ᠎ᠠ ᠬᠦᠮᠦᠵᠢᠯ  ᠢ  ᠠᠵᠢᠯ ᠢᠶᠠᠨ ᠠᠬᠢᠭᠤᠯᠬᠤ ᠲᠠᠢ  ᠨᠢᠭᠲᠠ ᠤᠶᠠᠯᠳᠤᠭᠤᠯᠤᠨ᠂ 《 ᠵᠣᠪᠠᠨᠢᠯ ᠢ ᠠᠷᠢᠯᠭᠠᠨ ᠰᠡᠳᠭᠢᠯ ᠢ ᠨᠢ ᠳᠤᠯᠠᠭᠠᠯᠠᠵᠤ ᠨᠠᠮ ᠤᠨ ᠠᠴᠢ ᠶᠢ ᠳᠠᠮᠵᠢᠭᠤᠯᠬᠤ》 ᠪᠠᠷ  ᠭᠤᠣᠯ ᠰᠡᠳᠦᠪ ᠢᠶᠠᠨ ᠪᠤᠯᠭᠠᠭᠰᠠᠨ 《 ᠪᠢ ᠣᠯᠠᠨ ᠲᠦᠮᠡᠨ ᠳᠤ ᠪᠣᠲᠠᠲᠤ ᠶᠠᠪᠤᠳᠠᠯ ᠬᠢᠵᠦ ᠥᠭᠭᠦᠨ᠎ᠡ》 ᠭᠡᠬᠦ  ᠦᠢᠯᠡᠳᠦᠯᠭᠡ ᠶᠢᠨ ᠠᠵᠢᠯᠯᠠᠭ᠎ᠠ ᠶᠢ ᠯᠠᠪᠳᠠᠭᠤᠨ ᠪᠠᠲᠤᠲᠠᠢ ᠦᠷᠨᠢᠭᠦᠯᠵᠦ᠂  ᠬᠦᠴᠢᠷᠲᠡᠯᠲᠡᠢ ᠤᠯᠠᠨ ᠲᠦᠮᠡᠨ ᠤ  ᠵᠣᠪᠠᠨᠢᠰᠢᠷᠠᠯᠲᠠᠢ ᠶᠠᠪᠤᠳᠠᠯ  ᠢ  ᠰᠡᠳᠭᠢᠯ ᠲᠠᠯᠪᠢᠨ ᠂ ᠬᠠᠶᠢᠷ᠎ᠠ ᠪᠠᠨ ᠵᠤᠷᠢᠭᠤᠯᠵᠤ᠂ ᠬᠦᠴᠦ ᠪᠠᠨ ᠵᠠᠷᠤᠴᠠᠭᠤᠯᠤᠨ ᠰᠢᠢᠳᠪᠦᠷᠢᠯᠡᠵᠦ ᠥᠭᠭᠦᠭᠰᠡᠨ ᠶᠤᠮ᠃  ᠡᠯ᠎ᠡ ᠲᠥᠷᠦᠯ ᠤᠨ ᠠᠷᠠᠳ ᠤᠨ ᠶᠠᠪᠤᠳᠠᠯ ᠤᠨ ᠦᠢᠯᠡᠴᠢᠯᠡᠭᠡ ᠬᠦᠷᠲᠡᠭᠡᠬᠦ ᠡᠲᠡᠭᠡᠳ ᠢᠶᠠᠨ ᠬᠦᠲᠦᠯᠦᠨ ᠳᠠᠭᠠᠭᠤᠯᠵᠤ᠂  ᠨᠠᠮ ᠤᠨ ᠠᠴᠢ ᠳᠤ ᠲᠠᠯᠠᠷᠬᠠᠨ᠂ ᠨᠠᠮ ᠤᠨ ᠢᠶᠠᠨ ᠦᠭᠡ ᠶᠢ ᠰᠣᠨᠣᠰᠴᠤ᠂  ᠨᠠᠮ ᠢᠶᠠᠨ ᠪᠠᠲᠤ ᠲᠠᠭᠠᠨ ᠤᠷᠤᠭᠰᠢᠯᠠᠭᠤᠯᠵᠤ᠂  ᠤᠯᠠᠨ ᠲᠦᠮᠡᠨ ᠤ  ᠬᠦᠷᠲᠡᠮᠵᠢ ᠶᠢᠨ ᠲᠦᠷᠦᠭᠳᠡᠯ᠂ ᠵᠣᠯ ᠵᠢᠷᠭᠠᠯᠲᠤ ᠲᠦᠷᠦᠭᠳᠡᠯ  ᠪᠠ ᠠᠮᠤᠷ ᠠᠮᠤᠭᠤᠯᠠᠩ ᠲᠦᠷᠦᠭᠳᠡᠯ ᠢ ᠨᠢ ᠦᠨᠡᠨ ᠬᠦ ᠨᠡᠮᠡᠭᠳᠡᠭᠦᠯᠦᠭᠰᠡᠨ ᠪᠠᠶᠢᠨ᠎ᠠ᠃    《 ᠪᠢ ᠣᠯᠠᠨ ᠲᠦᠮᠡᠨ ᠳᠤ ᠪᠣᠲᠠᠲᠤ ᠶᠠᠪᠤᠳᠠᠯ ᠬᠢᠵᠦ ᠥᠭᠭᠦᠨ᠎ᠡ》 ᠭᠡᠬᠦ  ᠦᠢᠯᠡᠳᠦᠯᠭᠡ ᠶᠢᠨ ᠠᠵᠢᠯᠯᠠᠭ᠎ᠠ ᠶᠢ ᠭᠦᠨᠵᠡᠭᠡᠶᠢᠷᠡᠭᠦᠯᠦᠨ ᠠᠬᠢᠭᠤᠯᠬᠤ ᠪᠠᠷ᠂ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ  ᠦᠪᠦᠷ ᠮᠣᠩᠭᠤᠯ ᠤᠨ ᠠᠷᠠᠳ ᠤᠨ ᠶᠠᠪᠤᠳᠠᠯ ᠤᠨ ᠲᠢᠩᠬᠢᠮ ᠤᠨ ᠳᠡᠮᠵᠢᠯᠭᠡ ᠪᠠᠷ᠂ ᠲᠥᠷᠦ ᠶᠢᠨ ᠪᠣᠳᠣᠯᠭ᠎ᠠ ᠪᠠᠷ ᠵᠤᠪᠠᠨᠢᠯ ᠢ ᠨᠢ ᠠᠷᠢᠯᠭᠠᠨ ᠬᠦᠴᠢᠷᠳᠡᠯ ᠢ ᠨᠢ ᠰᠢᠢᠳᠪᠦᠷᠢᠯᠡᠵᠦ᠂ 2021 ᠣᠨ  ᠠᠴᠠ ᠨᠠᠭᠠᠰᠢ᠂  ᠨᠦᠬᠦᠴᠡᠯ ᠳᠤ ᠨᠡᠶᠢᠴᠡᠭᠰᠡᠨ ᠵᠤᠬᠢᠬᠤ ᠨᠠᠰᠤᠨ ᠤ ᠬᠡᠦᠭᠡᠳ ᠢ   ᠬᠡᠦᠭᠡᠳ ᠤᠨ ᠬᠥᠯ ᠲᠡᠭᠰᠢᠷᠡᠭᠦᠯᠬᠦ ᠱᠠᠬᠠᠢ ᠶᠢ ᠣᠨᠣᠴᠠᠲᠠᠢ ᠪᠠᠷ ᠲᠣᠬᠢᠷᠠᠭᠤᠯᠤᠨ ᠲᠠᠭᠠᠷᠠᠭᠤᠯᠬᠤ  ᠬᠦᠷᠢᠶ᠎ᠡ ᠴᠠᠷᠠᠭᠠᠨ ᠳᠤ  ᠣᠷᠣᠭᠤᠯᠵᠣ᠂ 《 ᠭᠡᠦᠭᠡᠳ ᠪᠣᠯᠭᠠᠨ ᠦᠪᠡᠷ ᠤᠨ ᠭᠡᠰᠡᠨ ᠱᠠᠬᠠᠢ ᠲᠠᠢ ᠪᠠᠶᠢᠬᠤ》 ᠶᠢ ᠦᠨᠡᠨ  ᠬᠦ ᠪᠠᠲᠤᠯᠠᠭᠰᠠᠨ ᠶᠤᠮ᠃ ᠣᠳᠣ ᠪᠣᠯᠲᠠᠯ᠎ᠠ ᠪᠠᠨ᠂  ᠬᠥᠯ ᠲᠡᠭᠰᠢᠷᠡᠭᠦᠯᠬᠦ ᠱᠠᠬᠠᠢ ᠶᠢ ᠣᠨᠣᠴᠠᠲᠠᠢ ᠪᠠᠷ ᠲᠣᠬᠢᠷᠠᠭᠤᠯᠤᠨ ᠲᠠᠭᠠᠷᠠᠭᠤᠯᠬᠤ  ᠬᠦᠷᠢᠶ᠎ᠡ ᠴᠠᠷᠠᠭᠠᠨ ᠳᠤ  ᠣᠷᠣᠭᠤᠯᠤᠭᠰᠠᠨ ᠬᠡᠦᠭᠡᠳ 500 ᠪᠣᠯᠵᠠᠢ᠃  ᠦᠪᠦᠷ ᠮᠣᠩᠭᠤᠯ ᠤᠨ ᠠᠷᠠᠳ ᠤᠨ ᠶᠠᠪᠤᠳᠠᠯ ᠤᠨ ᠲᠢᠩᠬᠢᠮ  ᠨᠢ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ  ᠲᠠᠢ ᠬᠤᠯᠪᠣᠭᠠᠯᠠᠨ ᠴᠠᠭ ᠲᠤᠬᠠᠢ ᠳᠤ ᠨᠢ ᠠᠵᠢᠯᠲᠠᠨ ᠢᠶᠠᠨ ᠵᠤᠬᠢᠶᠠᠨ ᠪᠠᠶᠢᠭᠤᠯᠵᠤ ᠦᠨᠳᠦᠰᠦᠨ ᠱᠠᠲᠤᠨ ᠳᠤ ᠭᠦᠨᠵᠡᠭᠡᠶᠢᠷᠡᠨ᠂ ᠨᠢᠭᠡᠳᠦᠭᠡᠷ ᠹᠷᠣᠨᠲ ᠲᠤ ᠭᠦᠨᠵᠡᠭᠡᠶᠢᠷᠡᠨ᠂ ᠠᠰᠠᠷᠠᠮᠵᠢ ᠶᠢᠨ ᠬᠦᠷᠢᠶᠡᠯᠡᠩ ᠳᠤ ᠭᠦᠨᠵᠡᠭᠡᠶᠢᠷᠡᠵᠦ᠂  ᠠᠯᠬᠤᠮ ᠢᠶᠠᠷ ᠢᠶᠠᠨ ᠠᠷᠠᠳ ᠤᠨ ᠬᠡᠷᠡᠭᠴᠡᠭᠡ ᠱᠠᠭᠠᠷᠳᠠᠯᠭ᠎ᠠ ᠶᠢ ᠬᠡᠮᠵᠢᠶᠡᠯᠡᠵᠦ᠂ ᠡᠮᠦᠨᠡᠬᠢ ᠬᠤᠭᠤᠴᠠᠭᠠᠨ ᠤ ᠠᠩᠬ᠎ᠠ ᠠᠯᠬᠤᠮ  ᠤᠨ ᠰᠢᠭᠰᠢᠨ  ᠪᠠᠶᠢᠴᠠᠭᠠᠯᠲᠠ ᠳᠤ ᠪᠠᠨ ᠰᠠᠭᠤᠷᠢᠯᠠᠨ᠂ ᠤᠷᠤᠰᠢᠵᠤ ᠪᠠᠶᠢᠭ᠎ᠠ ᠠᠰᠠᠭᠤᠳᠠᠯ ᠢ ᠨᠢ ᠢᠯᠡᠷᠡᠭᠦᠯᠦᠨ ᠰᠢᠢᠳᠪᠦᠷᠢᠯᠡᠪᠡ᠃ ᠬᠠᠮᠢᠶ᠎ᠠ ᠪᠦᠬᠦᠢ ᠠᠵᠢᠯᠲᠠᠨ ᠨᠢᠭᠡᠨᠲᠡ ᠪᠦᠬᠦ ᠣᠷᠣᠨ ᠤ ᠡᠯ᠎ᠡ ᠠᠶᠢᠮᠠᠭ ᠬᠤᠲᠠ ᠶᠢᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ  ᠢᠶᠠᠷ ᠰᠤᠷᠪᠤᠯᠵᠢᠯᠠᠨ ᠶᠠᠪᠤᠵᠤ᠂ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ   ᠲᠦᠷᠦᠯᠬᠢ ᠶᠢᠨ  ᠲᠡᠨᠡᠭ ᠮᠣᠨᠤᠭ ᠡᠪᠡᠳᠴᠢᠨ᠂ ᠳᠠᠷᠢᠬᠢᠨ ᠤ ᠰᠠ ᠡᠪᠡᠳᠴᠢᠨ᠂ ᠦᠰᠦᠯᠲᠡ ᠪᠣᠶᠢᠵᠢᠯᠲᠠ ᠨᠢ ᠤᠳᠠᠭᠠᠨ ᠵᠡᠷᠭᠡ  ᠡᠪᠡᠳᠴᠢᠨ ᠤ ᠰᠢᠨᠵᠢ ᠲᠠᠢ ᠬᠡᠦᠭᠡᠳ ᠢ ᠨᠢᠭᠡᠳ ᠨᠢᠭᠡ ᠪᠠᠷ ᠬᠡᠮᠵᠢᠨ᠂ ᠬᠡᠪ  ᠠᠪᠣᠭᠰᠠᠨ ᠶᠤᠮ᠃ ᠳᠠᠷᠠᠭᠠᠴᠢ  ᠪᠠᠷ ᠵᠡᠮᠳᠡᠭ ᠬᠡᠦᠭᠡᠳ ᠤᠳ ᠲᠤ ᠬᠥᠯ ᠲᠡᠭᠰᠢᠷᠡᠭᠦᠯᠬᠦ ᠱᠠᠬᠠᠢ ᠶᠢ ᠣᠨᠣᠴᠠᠲᠠᠢ ᠪᠠᠷ ᠲᠣᠬᠢᠷᠠᠭᠤᠯᠤᠨ  ᠲᠠᠭᠠᠷᠠᠭᠤᠯᠵᠤ᠂  ᠬᠡᠦᠭᠡᠳ ᠤᠳ ᠲᠤ  ᠬᠥᠯ ᠢ ᠨᠢ ᠬᠡᠮᠵᠢᠨ ᠪᠠᠶᠢᠵᠤ ᠦᠢᠯᠡᠳᠦᠭᠰᠡᠨ ᠬᠥᠯ ᠲᠡᠭᠰᠢᠷᠡᠭᠦᠯᠬᠦ ᠱᠠᠬᠠᠢ  ᠡᠮᠦᠰᠦᠭᠦᠯᠵᠦ᠂  ᠦᠰᠦᠯᠲᠡ ᠪᠣᠶᠢᠵᠢᠯᠲᠠ ᠶᠢᠨ ᠶᠠᠪᠤᠴᠠ ᠳᠤ ᠨᠢ  ᠠᠯᠬᠤᠴᠠ ᠬᠢᠰᠬᠢᠴᠡ ᠵᠠᠢ ᠨᠢ ᠦᠨᠡᠨ ᠬᠦ ᠰᠠᠶᠢᠵᠢᠷᠠᠭᠤᠯᠤᠨ᠂ ᠠᠯᠭᠤᠷ ᠠᠭᠠᠵᠢᠮ ᠢᠶᠠᠷ ᠬᠡᠪ ᠤᠨ ᠪᠠᠶᠢᠳᠠᠯ ᠳᠤ ᠨᠢ ᠣᠷᠣᠭᠤᠯᠵᠤ᠂ ᠨᠡᠶᠢᠭᠡᠮ  ᠳᠤ  ᠨᠢ ᠪᠤᠴᠠᠭᠤᠯᠵᠤ᠂  ᠨᠡᠶᠢᠭᠡᠮ ᠤᠨ ᠠᠵᠢᠯᠯᠠᠭ᠎ᠠ ᠳᠤ ᠣᠷᠣᠯᠴᠠᠭᠤᠯᠬᠤ ᠪᠣᠯᠣᠨ᠎ᠠ᠃ 《ᠵᠤᠪᠠᠨᠢᠯ ᠢ ᠨᠢ ᠠᠷᠢᠯᠭᠠᠨ  ᠰᠡᠳᠭᠢᠯ ᠢ ᠨᠢ ᠳᠤᠯᠠᠭᠠᠯᠠᠵᠤ ᠨᠠᠮ ᠤᠨ ᠠᠴᠢ ᠶᠢ ᠳᠠᠮᠵᠢᠭᠤᠯᠬᠤ》 ᠠᠵᠢᠯᠯᠠᠭ᠎ᠠ ᠶᠢ ᠦᠷᠨᠢᠭᠦᠯᠦᠭᠰᠡᠨ ᠠᠴᠠ ᠨᠠᠭᠠᠰᠢ ᠂ ᠰᠢᠯᠭᠠᠨ ᠪᠠᠶᠢᠴᠠᠭᠠᠬᠤ ᠰᠠᠯᠠᠭ᠎ᠠ ᠣᠯᠠᠨ ᠵᠦᠢᠯ ᠤᠨ ᠠᠷᠭ᠎ᠠ ᠬᠡᠯᠪᠡᠷᠢ ᠪᠠᠷ  ᠬᠥᠯ ᠲᠡᠭᠰᠢᠷᠡᠭᠦᠯᠬᠦ ᠬᠡᠷᠡᠭᠴᠡᠭᠡ ᠱᠠᠭᠠᠷᠳᠠᠯᠭ᠎ᠠ ᠪᠦᠬᠦᠢ ᠬᠡᠦᠭᠡᠳ ᠲᠤ ᠪᠤᠳᠠᠳᠤ ᠶᠠᠪᠤᠳᠠᠯ ᠬᠢᠵᠦ᠂ ᠦᠶᠦᠭ ᠳᠤᠯᠠᠭᠠᠨ ᠬᠦᠷᠲᠠᠭᠡᠭᠰᠡᠨ ᠪᠢᠯᠡ᠃   ᠬᠡᠮᠵᠢᠯᠲᠡ ᠬᠢᠵᠦ ᠶᠠᠷᠢᠯᠴᠠᠬᠤ ᠶᠠᠪᠤᠴᠠ ᠳᠤ ᠪᠠᠨ᠂ ᠬᠡᠦᠭᠡᠳ ᠪᠣᠯᠣᠨ ᠬᠢᠨᠠᠨ ᠬᠠᠷᠠᠭᠠᠯᠵᠠᠭᠴᠢ ᠳᠤ  ᠬᠦᠷᠲᠡᠭᠰᠡᠨ ᠲᠤᠰᠠᠯᠠᠮᠵᠢ ᠶᠢᠨ ᠠᠷᠭ᠎ᠠ ᠵᠠᠮ ᠪᠠ ᠲᠤᠰᠠᠯᠠᠮᠵᠢ ᠶᠢᠨ ᠪᠠᠶᠢᠳᠠᠯ  ᠢ ᠨᠢ ᠳᠤᠳᠤᠷᠬᠠᠢ ᠮᠡᠳᠡᠭᠦᠯᠦᠨ᠂   ᠲᠤᠰᠠᠯᠠᠮᠵᠢ ᠶᠢᠨ  ᠨᠦᠬᠦᠴᠡᠯ ᠳᠤ ᠨᠡᠶᠢᠴᠡᠭᠰᠡᠨ  ᠬᠡᠦᠭᠡᠳ ᠢ ᠴᠠᠭ ᠲᠤᠬᠠᠢ  ᠳᠤ ᠨᠢ ᠪᠠᠲᠤᠯᠠᠭ᠎ᠠ ᠶᠢᠨ ᠬᠦᠷᠢᠶ᠎ᠡ ᠴᠠᠷᠠᠭᠠᠨ ᠳᠤ ᠣᠷᠣᠭᠤᠯᠣᠭᠰᠠᠨ ᠳ᠋ᠠᠭ᠃  ᠮᠦᠨ ᠬᠦ ᠬᠠᠶᠢᠷ᠎ᠠ ᠬᠠᠯᠠᠮᠵᠢ ᠶᠢᠨ ᠲᠤᠭᠳᠠᠯᠴᠠᠭ᠎ᠠ ᠶᠢ ᠪᠠᠶᠢᠭᠤᠯᠤᠨ᠂  ᠳᠤᠭᠲᠠᠭᠰᠠᠨ ᠬᠤᠭᠤᠴᠠᠭᠠᠨ ᠳᠤ ᠬᠠᠷᠢᠴᠠᠵᠦ᠂ ᠬᠥᠯ ᠲᠡᠭᠰᠢᠷᠡᠬᠦᠯᠬᠦ ᠱᠠᠬᠠᠢ ᠪᠠᠨ ᠲᠠᠭᠠᠷᠠᠭᠤᠯᠤᠨ ᠡᠮᠦᠰᠦᠭᠰᠡᠨ ᠪᠠᠶᠢᠳᠠᠯ ᠢ ᠨᠢ  ᠰᠠᠶᠢᠲᠤᠷ ᠡᠵᠡᠮᠳᠡᠨ᠂  ᠴᠠᠭ ᠲᠤᠬᠠᠢ ᠳᠤ ᠨᠢ ᠰᠣᠯᠢᠨ ᠥᠭᠴᠦ᠂   ᠬᠦᠳᠡᠯᠦᠩᠭᠦᠢ ᠬᠠᠮᠢᠶᠠᠷᠤᠯᠲᠠ ᠶᠢᠨ ᠤᠷᠲᠤ ᠬᠤᠭᠤᠴᠠᠭ᠎ᠠ  ᠬᠦᠴᠦᠨ ᠪᠦᠬᠦᠢ ᠲᠤᠭᠲᠠᠯᠴᠠᠭ᠎ᠠ ᠶᠢ ᠪᠠᠶᠢᠭᠤᠯᠵᠤ᠂ ᠰᠠᠨᠠᠭᠠᠴᠢᠯᠠᠭ᠎ᠠ ᠠᠴᠠ ᠪᠠᠨ ᠲᠤᠰᠠᠯᠠᠬᠤ᠂ ᠦᠶᠦᠭ ᠳᠤᠯᠠᠭᠠᠨ  ᠢᠶᠠᠷ ᠲᠤᠰᠠᠯᠠᠬᠤ  ᠶᠢ ᠪᠡᠶᠡᠯᠡᠭᠦᠯᠦᠭᠰᠡᠨ ᠪᠠᠶᠢᠨ᠎ᠠ᠃     ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠨᠠᠮ ᠤᠨ ᠵᠠᠭᠤᠨ ᠵᠢᠯ ᠤᠨ ᠲᠡᠦᠬᠡ ᠶᠢ ᠰᠣᠷᠣᠯᠴᠠᠬᠤ ᠪᠠᠷ ᠳᠠᠮᠵᠢᠨ᠂  ᠪᠦᠬᠦ ᠠᠵᠢᠯᠲᠠᠨ ᠢᠶᠠᠨ ᠬᠦᠲᠦᠯᠦᠨ ᠳᠠᠭᠠᠭᠤᠯᠵᠤ᠂  ᠢᠮᠠᠭᠲᠠ ᠦᠪᠡᠷ ᠤᠨ ᠪᠡᠶ᠎ᠡ ᠳᠤ ᠪᠠᠨ ᠡᠷᠡᠯᠬᠡᠭᠯᠡᠨ ᠬᠤᠪᠢᠰᠬᠠᠯ ᠬᠢᠬᠦ ᠵᠤᠷᠢᠭ ᠰᠠᠨᠠᠭ᠎ᠠ ᠪᠠᠷ ᠨᠠᠮᠴᠢ  ᠴᠢᠨᠠᠷ  ᠢ ᠨᠢ ᠳᠠᠪᠳᠠᠨ ᠪᠤᠯᠪᠠᠰᠤᠷᠠᠭᠤᠯᠵᠤ᠂  ᠲᠠᠰᠤᠷᠠᠯᠲᠠ ᠦᠬᠡᠢ  ᠦᠪᠡᠷ ᠪᠢ ᠪᠠᠨ  ᠠᠷᠢᠭᠤᠳᠬᠠᠨ᠂ ᠦᠪᠡᠷ ᠪᠢ ᠪᠠᠨ ᠳᠡᠭᠦᠯᠳᠡᠷᠵᠢᠭᠦᠯᠵᠦ᠂ ᠦᠪᠡᠷ ᠪᠢ ᠪᠠᠨ ᠦᠭᠡᠷᠡᠴᠢᠯᠡᠨ ᠰᠢᠨᠡᠴᠢᠯᠡᠵᠦ᠂  ᠦᠪᠡᠷ ᠪᠢ ᠪᠠᠨ  ᠳᠡᠭᠡᠭᠰᠢᠯᠡᠭᠦᠯᠦᠭᠰᠡᠨ ᠰᠡᠨᠵᠡᠢ᠃ ᠮᠦᠨ ᠬᠦ  ᠲᠥᠪ ᠤᠨ ᠡᠳ᠋ᠰᠢᠭᠦᠯᠦᠨ ᠦᠢᠯᠡᠳᠬᠦ ᠴᠢᠳᠠᠪᠤᠷᠢ ᠶᠢ   ᠴᠢᠷᠮᠠᠶᠢᠨ ᠳᠡᠭᠡᠭᠰᠢᠯᠡᠭᠦᠯᠵᠦ᠂  ᠰᠠᠭᠤᠷᠢ ᠡᠷᠡᠭᠦᠯᠵᠢᠯ ᠤᠨ ᠲᠤᠰᠠᠯᠠᠬᠤ ᠪᠠᠭᠠᠵᠢ  ᠨᠢ  ᠦᠪᠡᠷ ᠢᠶᠠᠨ ᠡᠵᠡᠨ ᠮᠡᠳᠡᠨ ᠦᠢᠯᠡᠳᠪᠦᠷᠢᠯᠡᠬᠦ ᠴᠢᠭᠯᠡᠯ ᠲᠡᠶᠢᠰᠢ ᠭᠦᠭᠵᠢᠨ᠂ ᠲᠡᠷᠢᠭᠦᠨ ᠤ ᠤᠷ᠎ᠠ ᠮᠡᠷᠭᠡᠵᠢᠯ ᠢ ᠰᠣᠷᠣᠯᠴᠠᠬᠤ ᠶᠢᠨ ᠵᠡᠷᠭᠡ  ᠪᠠᠷ ᠤᠯᠠᠮᠵᠢᠯᠠᠯᠲᠤ  ᠮᠡᠷᠭᠡᠰᠢᠯ ᠢᠶᠠᠨ ᠪᠠᠳᠠᠷᠠᠭᠤᠯᠵᠤ᠂ ᠦᠷᠡᠭᠡᠨ ᠳᠡᠯᠭᠡᠷ ᠲᠤᠬᠢᠷᠠᠭᠰᠠᠨ ᠬᠡᠷᠡᠭᠴᠡᠭᠡ ᠪᠦᠬᠦᠢ ᠰᠢᠨ᠎ᠡ ᠬᠡᠪ ᠤᠨ ᠬᠥᠯ ᠲᠡᠭᠰᠢᠷᠡᠭᠦᠯᠬᠦ ᠱᠠᠬᠠᠢ ᠶᠢ ᠰᠤᠳᠤᠯᠤᠨ ᠡᠭᠦᠳᠴᠦ᠂ ᠬᠡᠷᠡᠭᠴᠡᠭᠡ ᠱᠠᠭᠠᠷᠳᠠᠯᠭ᠎ᠠ ᠪᠦᠬᠦᠢ ᠵᠡᠮᠳᠡᠭᠴᠦᠳ  ᠲᠤ ᠤᠯᠠᠨ ᠠᠷᠭ᠎ᠠ ᠵᠠᠮ ᠢᠶᠠᠷ ᠦᠪᠦᠷ ᠮᠣᠩᠭᠤᠯ ᠤᠨ  ᠦᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠢ ᠣᠶᠢᠯᠠᠭᠠᠭᠤᠯᠵᠤ᠂ ᠨᠠᠮ ᠪᠣᠯᠣᠨ ᠠᠷᠠᠳ ᠲᠦᠮᠡᠨ ᠤ  ᠴᠢᠰᠤ ᠮᠢᠬᠠᠨ ᠤ ᠬᠠᠷᠢᠴᠠᠭ᠎ᠠ ᠶᠢ ᠤᠯᠠᠮ ᠴᠢᠩᠭᠠᠳᠬᠠᠨ᠂ ᠣᠯᠠᠨ  ᠲᠦᠮᠡᠨ ᠤ ᠵᠣᠯ ᠵᠢᠷᠭᠠᠯᠲᠤ ᠲᠥᠷᠦᠭᠳᠡᠯ ᠢ ᠦᠨᠡᠨ ᠬᠦ ᠨᠡᠮᠡᠭᠳᠡᠭᠦᠯᠬᠦ  ᠴᠢᠬᠤᠯᠠᠲᠠᠢ᠃
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号