5 ᠳ᠋ᠤᠭᠠᠷ ᠰᠠᠷ᠎ᠠ ᠶᠢᠨ 25 ᠤ ᠡᠳᠦᠷ ᠠᠷᠠᠳ ᠤᠨ ᠶᠠᠪᠤᠳᠠᠯ ᠤᠨ ᠶᠠᠮᠤᠨ ᠤ ᠬᠤᠷᠠᠯᠳᠤᠭᠤᠯᠤᠭᠰᠠᠨ ᠰᠣᠨᠢᠨ | ᠮᠡᠳᠡᠭᠡ ᠨᠡᠶᠢᠲᠡᠯᠡᠬᠦ ᠬᠤᠷᠠᠯ ᠠᠴᠠ ᠣᠶᠢᠯᠠᠭᠠᠭᠰᠠᠨ ᠢᠶᠠᠷ᠂ 2023 ᠣᠨ ᠤ 6 ᠳ᠋ᠤᠭᠠᠷ ᠰᠠᠷ᠎ᠠ ᠶᠢᠨ 1 ᠤ | ᠡᠳᠦᠷ ᠠᠴᠠ ᠡᠬᠢᠯᠡᠨ᠂ ᠪᠡᠭᠡᠵᠢᠩ᠂ ᠲᠢᠶᠠᠨᠵᠢᠨ᠂ ᠾᠧᠪᠸᠢ᠂ ᠦᠪᠦᠷ ᠮᠣᠩᠭᠤᠯ᠂ ᠯᠢᠶᠤᠤᠨᠢᠩ᠂ ᠱᠠᠩᠬᠠᠢ᠂ | ᠵᠢᠶᠠᠩᠰᠦ᠂ ᠵᠧᠵᠢᠶᠠᠩ᠂ ᠠᠨᠾᠦ᠋ᠢ᠂ ᠹᠦᠵᠢᠶᠠᠨ᠂ ᠵᠢᠶᠠᠩᠰᠢ᠂ ᠱᠠᠨᠳᠦ᠋ᠩ᠂ ᠾᠧᠨᠠᠨ᠂ ᠬᠤᠪᠸᠢ᠂ | ᠭᠤᠸᠠᠩᠳᠦ᠋ᠩ᠂ ᠭᠤᠸᠠᠩᠰᠢ᠂ ᠬᠠᠶᠢᠨᠠᠨ᠂ ᠴᠦᠩᠴᠢᠩ᠂ ᠰᠧᠴᠣᠸᠠᠨ᠂ ᠱᠠᠨᠰᠢ᠂ ᠨᠢᠩᠰᠢᠶᠠ ᠵᠡᠷᠭᠡ 21 | ᠮᠤᠵᠢ ︵ ᠣᠷᠤᠨ ᠂ ᠬᠤᠲᠠ︶ ᠳᠤ ᠲᠤᠲᠤᠷ ᠭᠠᠵᠠᠷ ᠤᠨ ᠰᠠᠭᠤᠭᠠᠯᠢ ᠠᠷᠠᠳ ᠤᠨ ᠤᠷᠤᠭ ᠤᠨ | ᠳᠠᠩᠰᠠᠯᠠᠭᠤᠯᠤᠯᠲᠠ ᠶᠢ 《 ᠮᠤᠵᠢ ᠠᠯᠤᠰᠯᠠᠨ ᠲᠤᠭᠤᠰᠢᠲᠠᠢ ᠭᠦᠢᠴᠡᠳᠭᠡᠬᠦ》 ᠲᠤᠷᠰᠢᠯᠲᠠ ᠶᠢ ᠬᠡᠷᠡᠭᠵᠢᠭᠦᠯᠦᠨ᠎ᠡ᠃ | ᠲᠤᠷᠰᠢᠯᠲᠠ ᠶᠢᠨ ᠴᠡᠭ ᠤᠨ ᠭᠠᠵᠠᠷ ᠣᠷᠤᠨ ᠤ ᠤᠷᠤᠭ ᠳᠠᠩᠰᠠᠯᠠᠬᠤ ᠪᠠᠶᠢᠭᠤᠯᠭ᠎ᠠ 《 ᠮᠤᠵᠢ ᠠᠯᠤᠰᠯᠠᠨ | ᠲᠤᠭᠤᠰᠢᠲᠠᠢ ᠭᠦᠢᠴᠡᠳᠭᠡᠬᠦ》 ᠵᠦᠢᠯᠡᠰ ᠢ ᠨᠢᠭᠡᠲᠦᠯᠲᠡᠢ ᠬᠦᠯᠢᠶᠡᠨ ᠠᠪᠴᠤ ᠰᠢᠢᠳᠪᠦᠷᠢᠯᠡᠨ᠎ᠡ᠂ ᠲᠤᠷᠰᠢᠯᠲᠠ ᠶᠢᠨ | ᠴᠡᠭ ᠪᠣᠯᠣᠭᠰᠠᠨ 21 ᠮᠤᠵᠢ ᠣᠷᠤᠨ ᠨᠢ ᠮᠠᠨ ᠤ ᠤᠯᠤᠰ ᠤᠨ ᠪᠦᠬᠦ ᠬᠦᠮᠦᠨ ᠠᠮᠠ ᠶᠢᠨ 78.5% ᠶᠢ | ᠬᠠᠮᠤᠷᠴᠤ᠂ ᠤᠯᠠᠨ ᠲᠦᠮᠡᠨ ᠤ ᠣᠨᠳᠤᠤ ᠭᠠᠵᠠᠷ ᠲᠤ ᠤᠷᠤᠭ ᠳᠠᠩᠰᠠᠯᠠᠭᠤᠯᠬᠤ ᠬᠡᠷᠡᠭᠴᠡᠭᠡ ᠶᠢ ᠦᠨᠳᠦᠰᠦᠨ | ᠳᠤ ᠪᠠᠨ ᠬᠠᠩᠭᠠᠵᠤ ᠳᠡᠶᠢᠯᠬᠦ ᠪᠣᠯᠣᠨ᠎ᠠ᠃ | ᠠᠷᠠᠳ ᠤᠨ ᠶᠠᠪᠤᠳᠠᠯ ᠤᠨ ᠶᠠᠮᠤᠨ ᠤ ᠲᠠᠨᠢᠯᠴᠠᠭᠤᠯᠤᠭᠰᠠᠨ ᠢᠶᠠᠷ᠂ ᠪᠦᠬᠦ ᠤᠯᠤᠰ ᠲᠤ ᠤᠳᠤᠬᠠᠨ ᠳᠤ ᠵᠢᠯ | ᠪᠦᠷᠢ ᠳᠤᠮᠳᠠᠴᠢ ᠪᠠᠷ 1800 ᠲᠦᠮᠡᠨ ᠬᠤᠣᠰ ᠤᠷᠤᠭᠯᠠᠬᠤ ︵ ᠰᠠᠯᠬᠤ︶ ᠭᠠᠷ ᠭᠦᠢᠴᠡᠳᠭᠡᠯ ᠪᠠ ᠤᠷᠤᠭ ᠤᠨ | ᠪᠠᠲᠤᠯᠠᠪᠤᠷᠢ ᠨᠦᠬᠦᠨ ᠠᠪᠴᠤ ᠪᠠᠶᠢᠨ᠎ᠠ᠃ ᠠᠵᠤ ᠠᠬᠤᠢ ᠨᠡᠶᠢᠭᠡᠮ ᠤᠨ ᠲᠦᠷᠭᠡᠨ ᠬᠦᠭᠵᠢᠯᠲᠡ ᠶᠢ ᠳᠠᠭᠠᠯᠳᠤᠨ᠂ | ᠬᠦᠮᠦᠨ ᠪᠠ ᠡᠷᠦᠬᠡ ᠠᠮᠠ ᠶᠢᠨ ᠳᠠᠩᠰᠠ ᠰᠠᠯᠤᠩᠭᠢᠷᠠᠬᠤ ᠦᠵᠡᠭᠳᠡᠯ ᠨᠡᠯᠢᠶᠡᠳ ᠲᠦᠭᠡᠮᠡᠯ ᠣᠷᠤᠰᠢᠵᠤ᠂ ᠤᠷᠲᠤ | ᠬᠤᠭᠤᠴᠠᠭ᠎ᠠ ᠪᠠᠷ ᠭᠠᠳᠠᠭᠰᠢ ᠭᠠᠷᠴᠣ ᠠᠵᠢᠯᠯᠠᠵᠤ ᠠᠮᠢᠳᠤᠷᠠᠭᠰᠠᠳ᠂ ᠰᠣᠷᠤᠯᠴᠠᠭᠰᠠᠳ ᠡᠷᠦᠬᠡ ᠠᠮᠠ ᠶᠢᠨ | ᠳᠠᠩᠰᠠ ᠪᠠᠶᠢᠭ᠎ᠠ ᠭᠠᠵᠠᠷ ᠲᠤ ᠪᠠᠨ ᠪᠤᠴᠠᠵᠤ ᠤᠷᠤᠭ ᠳᠠᠩᠰᠠᠯᠠᠭᠤᠯᠬᠤ ᠳᠤ ᠴᠠᠭ ᠬᠦᠴᠦ ᠮᠦᠩᠭᠦ ᠵᠣᠭᠤᠰ ᠢᠶᠠᠨ | ᠵᠠᠷᠤᠴᠠᠭᠤᠯᠬᠤ ᠪᠦᠭᠡᠳ ᠮᠠᠰᠢ ᠤᠯᠠᠨ ᠳᠦᠭᠦᠮ ᠦᠭᠡᠢ ᠪᠠᠶᠢᠳᠠᠯ ᠭᠠᠷᠳᠠᠭ᠃ ᠤᠯᠠᠨ ᠲᠦᠮᠡᠨ ᠤ ᠤᠨᠳᠤᠤ | ᠭᠠᠵᠠᠷ ᠲᠤ ᠤᠷᠤᠭ ᠳᠠᠩᠰᠠᠯᠠᠭᠤᠯᠬᠤ ᠬᠡᠷᠡᠭᠴᠡᠭᠡ ᠶᠢ ᠬᠠᠩᠭᠠᠬᠤ ᠶᠢᠨ ᠲᠦᠯᠦᠭᠡ᠂ 2021 ᠣᠨ ᠤ 6 ᠳ᠋ᠤᠭᠠᠷ | ᠰᠠᠷ᠎ᠠ ᠶᠢᠨ 1 ᠤ ᠡᠳᠦᠷ ᠠᠴᠠ ᠡᠬᠢᠯᠡᠨ᠂ ᠠᠷᠠᠳ ᠤᠨ ᠶᠠᠪᠤᠳᠠᠯ ᠤᠨ ᠶᠠᠮᠤᠨ ᠯᠢᠶᠤᠤᠨᠢᠩ᠂ ᠱᠠᠨᠳᠦ᠋ᠩ᠂ | ᠭᠤᠸᠠᠩᠳᠦ᠋ᠩ᠂ ᠴᠦᠩᠴᠢᠩ᠂ ᠰᠧᠴᠣᠸᠠᠨ ᠵᠡᠷᠭᠡ 5 ᠮᠤᠵᠢ ︵ᠬᠤᠲᠠ︶ ᠳᠤ ᠲᠤᠲᠤᠷ ᠭᠠᠵᠠᠷ ᠤᠨ | ᠰᠠᠭᠤᠭᠠᠯᠢ ᠠᠷᠠᠳ ᠤᠨ ᠤᠷᠤᠭᠯᠠᠬᠤ ᠪᠠ ᠤᠷᠤᠭ ᠰᠠᠯᠬᠤ ᠳᠠᠩᠰᠠᠯᠠᠭᠤᠯᠤᠯᠲᠠ ᠶᠢ 《 ᠮᠤᠵᠢ ᠠᠯᠤᠰᠯᠠᠨ | ᠲᠤᠭᠤᠰᠢᠲᠠᠢ ᠭᠦᠢᠴᠡᠳᠭᠡᠬᠦ》 ᠲᠤᠷᠰᠢᠯᠲᠠ ᠶᠠᠪᠤᠭᠳᠠᠭᠤᠯᠵᠤ᠂ ᠵᠢᠶᠠᠩᠰᠦ᠂ ᠾᠧᠨᠠᠨ᠂ ᠬᠤᠪᠸᠢ ᠶᠢᠨ ᠦᠬᠠᠨ᠂ | ᠱᠠᠨᠰᠢ ᠶᠢᠨ ᠰᠢ ᠠᠨ ᠵᠡᠷᠭᠡ 2 ᠮᠤᠵᠢ 2 ᠬᠤᠲᠠ ᠳᠤ ᠤᠷᠤᠭ ᠤᠨ ᠳᠠᠩᠰᠠᠯᠠᠭᠤᠯᠤᠯᠲᠠ ᠶᠢ 《 ᠮᠤᠵᠢ | ᠠᠯᠤᠰᠯᠠᠨ ᠲᠤᠭᠤᠰᠢᠲᠠᠢ ᠭᠦᠢᠴᠡᠳᠭᠡᠬᠦ》 ᠲᠤᠷᠰᠢᠯᠲᠠ ᠶᠠᠪᠤᠭᠳᠠᠭᠤᠯᠵᠠᠢ᠃ 2023 ᠣᠨ ᠤ 5 ᠳ᠋ᠤᠭᠠᠷ | ᠰᠠᠷ᠎ᠠ ᠶᠢᠨ 24 ᠤ ᠡᠳᠦᠷ ᠪᠣᠯᠲᠠᠯ᠎ᠠ᠂ ᠲᠤᠷᠰᠢᠯᠲᠠ ᠬᠢᠬᠦ ᠭᠠᠵᠠᠷ ᠣᠷᠤᠨ ᠳᠤ ᠨᠡᠶᠢᠲᠡ 125247 ᠬᠤᠣᠰ | ᠮᠤᠵᠢ ᠠᠯᠤᠰᠯᠠᠨ ᠤᠷᠤᠭ ᠳᠠᠩᠰᠠᠯᠠᠭᠤᠯᠪᠠ᠃ | ᠪᠦᠬᠦ ᠤᠯᠤᠰ ᠤᠨ ᠬᠡᠪᠴᠢᠶᠡᠨ ᠳᠤ ᠤᠷᠤᠭ ᠤᠨ ᠳᠠᠩᠰᠠᠯᠠᠭᠤᠯᠤᠯᠲᠠ ᠶᠢ 《 ᠮᠤᠵᠢ ᠠᠯᠤᠰᠯᠠᠨ ᠲᠤᠭᠤᠰᠢᠲᠠᠢ | ᠭᠦᠢᠴᠡᠳᠭᠡᠬᠦ》 ᠨᠦᠬᠦᠴᠡᠯ ᠬᠠᠷᠠᠬᠠᠨ ᠪᠦᠷᠢᠯᠳᠦᠭᠡᠳᠦᠢ ᠪᠠᠶᠢᠭᠰᠠᠭᠠᠷ᠃ | ᠤᠷᠤᠭ ᠤᠨ ᠳᠠᠩᠰᠠᠯᠠᠭᠤᠯᠤᠯᠲᠠ ᠶᠢ 《 ᠮᠤᠵᠢ ᠠᠯᠤᠰᠯᠠᠨ ᠲᠤᠭᠤᠰᠢᠲᠠᠢ ᠭᠦᠢᠴᠡᠳᠭᠡᠬᠦ》 ᠶᠢ ᠪᠦᠬᠦ | ᠤᠯᠤᠰ ᠤᠨ ᠬᠡᠪᠴᠢᠶᠡᠨ ᠳᠤ ᠬᠡᠵᠢᠶ᠎ᠡ ᠪᠡᠶᠡᠯᠡᠭᠦᠯᠬᠦ ᠲᠤᠬᠠᠢ ᠠᠷᠠᠳ ᠤᠨ ᠶᠠᠪᠤᠳᠠᠯ ᠤᠨ ᠶᠠᠮᠤᠨ ᠬᠠᠷᠢᠭᠤᠯᠬᠤ | ᠳᠤ ᠪᠠᠨ᠂ ᠣᠳᠤᠬᠠᠨ ᠳᠤ 《 ᠤᠷᠤᠭ ᠳᠠᠩᠰᠠᠯᠠᠭᠤᠯᠬᠤ ᠳᠦᠷᠢᠮ》 ᠳᠤ ᠬᠠᠷᠠᠬᠠᠨ ᠵᠠᠰᠠᠪᠤᠷᠢ ᠣᠷᠤᠭᠤᠯᠤᠭᠠᠳᠤᠢ | ᠪᠠᠶᠢᠵᠤ᠂ ᠪᠦᠬᠦ ᠤᠯᠤᠰ ᠲᠤ ᠲᠤᠭᠤᠰᠢᠲᠠᠢ ᠭᠦᠢᠴᠡᠳᠭᠡᠬᠦ ᠶᠢ ᠪᠡᠶᠡᠯᠡᠭᠦᠯᠬᠦ ᠳᠤ ᠵᠤᠬᠢᠬᠤ ᠬᠠᠤᠯᠢ ᠳᠣᠭᠲᠠᠭᠠᠯ ᠤᠨ | ᠬᠠᠷᠰᠢ ᠰᠠᠭᠠᠳ ᠤᠷᠤᠰᠢᠵᠤ ᠪᠠᠶᠢᠨ᠎ᠠ᠂ ᠡᠭᠦᠨ ᠤ ᠬᠠᠮᠲᠤ ᠰᠢᠰᠲ᠋ᠧᠮ᠂ ᠲᠤᠭ᠎ᠠ ᠪᠠᠷᠢᠮᠲᠠ᠂ ᠠᠵᠢᠯᠲᠠᠨ ᠵᠡᠷᠭᠡ | ᠰᠠᠭᠤᠷᠢ ᠶᠢ ᠪᠠᠰᠠ ᠤᠯᠠᠮ ᠨᠢᠭᠡ ᠠᠯᠬᠤᠮ ᠪᠠᠲᠤᠳᠬᠠᠬᠤ ᠴᠢᠬᠤᠯᠠᠲᠠᠢ ᠪᠠᠶᠢᠨ᠎ᠠ᠂ ᠨᠦᠬᠦᠴᠡᠯ ᠪᠦᠷᠢᠯᠳᠦᠭᠰᠡᠨ ᠤ | ᠳᠠᠷᠠᠭ᠎ᠠ᠂ ᠪᠦᠬᠦ ᠤᠯᠤᠰ ᠤᠨ ᠬᠡᠪᠴᠢᠶᠡᠨ ᠳᠤ ᠤᠷᠤᠭ ᠤᠨ ᠳᠠᠩᠰᠠᠯᠠᠭᠤᠯᠤᠯᠲᠠ ᠶᠢ 《 ᠮᠤᠵᠢ ᠠᠯᠤᠰᠯᠠᠨ | ᠲᠤᠭᠤᠰᠢᠲᠠᠢ ᠭᠦᠢᠴᠡᠳᠭᠡᠬᠦ》 ᠠᠵᠢᠯ ᠢ ᠴᠠᠭ ᠲᠤᠬᠠᠢ ᠳᠤ ᠨᠢ ᠠᠬᠢᠭᠤᠯᠤᠨ᠎ᠠ ᠭᠡᠵᠡᠢ᠃ | | | | | |