ᠭᠤᠷᠪᠠᠳᠤᠭᠠᠷ ᠳᠠᠬᠢᠨᠢ ᠸᠠᠩ ᠮᠤ᠋ ᠨᠢᠶᠠᠩ ᠨᠢᠶᠠᠩ ᠤᠨ ᠲᠦᠷᠦᠭᠰᠡᠨ ᠡᠳᠦᠷ ᠤᠨ ᠤᠢ ᠶᠢᠨ ᠨᠠᠶᠢᠷ ᠳᠡᠭᠡᠷ᠎ᠡ | ᠤᠰᠤᠯ ᠭᠠᠷᠭᠠᠨ ᠬᠤᠸ᠋ᠨᠱᠠᠨ ᠠᠭᠤᠯᠠᠨ ᠤ ᠬᠤᠷᠮᠤᠢ ᠳᠤ ᠬᠢ ᠴᠠᠰᠤᠳᠤ ᠤᠷᠳᠤ ᠳᠤ ᠴᠦᠯᠡᠭᠳᠡᠪᠡ᠃ ᠭᠤᠷᠪᠠᠳᠤᠭᠠᠷ | ᠳᠠᠬᠢᠨᠢ ᠭᠡᠵᠤ ᠡᠯ ᠯᠠᠩ ᠲᠡᠭᠷᠢ ᠶᠢᠨ ᠦᠬᠢᠨ ᠳᠡᠬᠦᠦ ᠪᠠᠶᠢᠭᠰᠠᠨ ᠠᠵᠢ᠃ ᠭᠤᠷᠪᠠᠳᠤᠭᠠᠷ ᠳᠠᠬᠢᠨᠢ ᠳᠤ ᠰᠢᠳᠢᠳᠦ | ᠪᠠᠳᠮᠠᠨ ᠳ᠋ᠸᠡᠭ ᠲᠠᠢ᠃ ᠦᠨᠦᠬᠢ ᠪᠠᠳᠮᠠᠨ ᠳ᠋ᠸᠡᠭ ᠨᠢ ᠳᠤᠬᠠᠢ ᠶᠢᠨ ᠵᠢᠯ ᠨᠢᠤᠢ ᠸᠨ ᠶᠢᠨ ᠲᠡᠭᠷᠢ ᠨᠦᠬᠦᠬᠦ ᠳᠤ ᠪᠠᠨ | ᠭᠡᠷᠡᠭᠯᠡᠭᠰᠡᠨ ᠬᠤᠪᠢᠯᠭᠠᠨ ᠭᠠᠯ ᠠᠴᠠ ᠬᠤᠪᠢᠯᠤᠭᠰᠠᠨ ᠭᠠᠶᠢᠬᠠᠮᠰᠢᠭᠳᠤ ᠡᠷᠳᠡᠨᠢ ᠪᠠᠶᠢᠪᠠ᠃ | ᠡᠮᠦᠨ᠎ᠡ ᠨᠢ ᠬᠤᠸ᠋ᠨᠱᠠᠨ ᠠᠭᠤᠯᠠᠨ ᠤ ᠬᠤᠷᠮᠤᠢ ᠳᠤ ᠠᠮᠢᠳᠤᠷᠠᠳᠠᠭ ᠬᠦᠮᠦᠨ ᠠᠮᠢᠲᠠᠨ ᠲᠠᠩᠳᠠ ᠬᠢᠵᠢᠭ ᠲᠠᠬᠤᠯ | ᠤᠨ ᠬᠡᠢ ᠳᠤ ᠬᠤᠤᠷᠳᠠᠭᠳᠠᠨ ᠵᠢᠯ ᠪᠦᠷᠢ ᠴᠦᠭᠡᠨ ᠪᠤᠰᠤ ᠬᠦᠮᠦᠨ ᠠᠮᠢᠲᠠᠨ ᠠᠮᠢ ᠪᠠᠨ ᠠᠯᠳᠠᠳᠠᠭ ᠪᠠᠶᠢᠵᠠᠢ᠃ | ᠭᠤᠷᠪᠠᠳᠤᠭᠠᠷ ᠳᠠᠬᠢᠨᠢ ᠴᠠᠰᠤᠳᠤ ᠤᠷᠳᠤ ᠳᠤ ᠴᠦᠯᠡᠭᠳᠡᠨ ᠢᠷᠡᠵᠦ ᠰᠠᠭᠤᠷᠢᠰᠢᠭᠰᠠᠨ ᠤ ᠳᠠᠷᠠᠭ᠎ᠠ ᠰᠢᠳᠢᠳᠦ ᠪᠠᠳᠮᠠᠨ | ᠳ᠋ᠸᠡᠭ ᠢᠶᠠᠷ ᠢᠶᠠᠨ ᠬᠢᠵᠢᠭ ᠲᠠᠬᠤᠯ ᠤᠨ ᠬᠡᠢ ᠶᠢ ᠠᠷᠢᠯᠭᠠᠵᠤ᠂ ᠬᠦᠮᠦᠨ ᠠᠮᠢᠲᠠᠨ ᠳᠤ ᠬᠡᠪ ᠤᠨ ᠲᠠᠶᠢᠪᠤᠡᠭ | ᠠᠮᠢᠳᠤᠷᠠᠯ ᠤᠯᠭᠤᠪᠠ᠃ ᠲᠡᠭᠦᠨ ᠠᠴᠠ ᠰᠡᠬᠦᠯᠡᠷ ᠤᠶᠢᠷ᠎ᠠ ᠲᠤᠭᠤᠷᠢᠨ ᠤ ᠬᠦᠮᠦᠰ ᠶᠠᠮᠠᠷ ᠨᠢᠭᠡᠨ ᠡᠪᠡᠳᠴᠢᠨ | ᠵᠤᠪᠠᠯᠠᠩ ᠳᠤ ᠲᠤᠯᠭᠠᠷᠠᠪᠠᠯ ᠪᠦᠷ ᠭᠤᠷᠪᠠᠳᠤᠭᠠᠷ ᠳᠠᠬᠢᠨᠢ ᠶᠢ ᠡᠷᠢᠨ ᠢᠷᠡᠵᠦ᠂ ᠠᠪᠤᠷᠠᠯ ᠲᠤᠰᠠᠯᠠᠮᠵᠢ ᠬᠦᠰᠡᠳᠡᠭ | ᠪᠤᠯᠵᠠᠢ᠃ ᠭᠤᠷᠪᠠᠳᠤᠭᠠᠷ ᠳᠠᠬᠢᠨᠢ ᠴᠤ ᠠᠯᠢ ᠴᠢᠳᠠᠬᠤ ᠪᠠᠷ ᠲᠡᠳᠡᠨ ᠢ ᠲᠤᠰᠠᠯᠠᠳᠠᠭ ᠪᠤᠯᠬᠤᠷ ᠲᠡᠭᠦᠨ ᠤ ᠨᠡᠷ᠎ᠡ | ᠠᠯᠲᠠᠷ ᠶᠠᠪᠤᠬᠤ ᠲᠤᠳᠤᠮ ᠤᠶᠢᠷ᠎ᠠ ᠶᠢᠨ ᠬᠦᠮᠦᠨ ᠤ ᠠᠮᠠᠨ ᠳᠤ ᠲᠠᠩᠳᠠ ᠶᠠᠷᠢᠭᠳᠠᠵᠤ᠂ ᠬᠤᠯᠨ ᠶᠢᠨ ᠬᠦᠮᠦᠨ ᠤ | ᠴᠢᠬᠢᠨ ᠳᠤ ᠵᠦᠡᠭᠳᠡᠭᠡᠨ ᠲᠤᠭᠤᠯᠳᠠᠳᠠᠭ ᠪᠤᠯᠪᠠ᠃ | ᠨᠢᠭᠡᠨ ᠡᠳᠦᠷ ᠯᠢᠤ ᠶᠠᠨ ᠴᠠᠩ ᠭᠡᠭᠴᠢ ᠪᠢᠴᠢᠭ ᠤᠨ ᠬᠦᠮᠦᠨ ᠨᠡᠶᠢᠰᠯᠡᠯ ᠬᠤᠲᠠ ᠳᠤ ᠰᠢᠯᠭᠠᠭᠤᠯᠢ ᠳᠤ | ᠤᠷᠤᠯᠴᠠᠬᠤ ᠪᠠᠷ ᠠᠶᠠᠯᠠᠬᠤ ᠳᠤ ᠪᠠᠨ ᠴᠠᠰᠤᠳᠤ ᠤᠷᠳᠤ ᠶᠢᠨ ᠬᠠᠪᠢ ᠪᠠᠷ ᠦᠡᠭᠭᠡᠷᠡᠵᠡᠢ᠃ ᠲᠡᠷᠨ ᠵᠠᠮ ᠤᠨ ᠬᠦᠮᠦᠨ | ᠠᠴᠠ ᠮᠡᠳᠡᠬᠦ ᠦᠭᠡᠢ ᠶᠠᠭᠤᠮ᠎ᠠ ᠴᠢᠳᠠᠬᠤ ᠦᠭᠡᠢ ᠵᠦᠢᠯ ᠭᠡᠵᠤ ᠪᠠᠶᠢᠳᠠᠭ ᠦᠭᠡᠢ ᠮᠡᠷᠭᠡᠨ ᠴᠢᠳᠠᠪᠤᠷᠢ ᠲᠠᠢ | ᠭᠤᠷᠪᠠᠳᠤᠭᠠᠷ ᠳᠠᠬᠢᠨᠢ ᠶᠢᠨ ᠳᠤᠬᠠᠢ ᠰᠤᠨᠤᠰᠤᠭᠠᠳ ᠦᠪᠡᠷ ᠤᠨ ᠢᠷᠡᠭᠡᠳᠦᠢ ᠶᠠᠮᠠᠷ ᠪᠤᠯᠬᠤ ᠶᠢ ᠠᠰᠠᠭᠤᠵᠤ ᠦᠵᠡᠮᠡᠷ | ᠰᠠᠨᠠᠭᠳᠠᠪᠠ᠃ | ᠯᠢᠤ ᠶᠠᠨ ᠴᠠᠩ ᠴᠠᠰᠤᠳᠤ ᠤᠷᠳᠤ ᠳᠤ ᠤᠷᠤᠬᠤ ᠳᠤ ᠭᠤᠷᠪᠠᠳᠤᠭᠠᠷ ᠳᠠᠬᠢᠨᠢ ᠪᠠᠶᠢᠭ᠎ᠠ ᠦᠭᠡᠢ᠂ ᠰᠢᠪᠡᠭᠴᠢᠨ ᠠᠴᠠ | ᠨᠢ ᠠᠰᠠᠭᠤᠬᠤ ᠳᠤ ᠠᠶᠢᠯ ᠤᠨ ᠳᠠᠶᠢᠯᠠᠯᠭ᠎ᠠ ᠳᠤ ᠤᠷᠢᠭᠳᠠᠨ ᠶᠠᠪᠤᠭᠰᠠᠨ ᠭᠡᠵᠡᠢ᠃ ᠯᠢᠤ ᠶᠠᠨ ᠴᠠᠩ ᠤᠲᠠᠲᠠᠯ᠎ᠠ | ᠬᠦᠯᠢᠶᠡᠭᠰᠡᠨ ᠪᠤᠯᠪᠠᠴᠦ ᠭᠤᠷᠪᠠᠳᠤᠭᠠᠷ ᠳᠠᠬᠢᠨᠢ ᠪᠤᠴᠠᠨ ᠢᠷᠡᠭᠡ ᠦᠭᠡᠢ ᠪᠤᠯᠬᠤᠷ ᠪᠠᠭ᠋ᠠᠨ ᠳᠤᠷ᠎ᠠ ᠦᠭᠡᠶᠢᠴᠡᠵᠦ | ᠰᠢᠪᠡᠭᠴᠢᠨ ᠠᠴᠠ ᠨᠢ᠄ | ︽ᠡᠵᠡᠨ ᠠᠴᠠ ᠲᠠᠨᠢ ᠪᠢ ᠰᠢᠯᠭᠠᠭᠤᠯᠢ ᠳᠤ ᠤᠷᠤᠯᠴᠠᠭᠰᠠᠨ ᠤ ᠳᠠᠷᠠᠭ᠎ᠠ ᠤᠷᠤᠭᠰᠠᠳ ᠪᠤᠯᠵᠤ ᠳᠡᠶᠢᠯᠬᠦ ᠡᠰᠡᠬᠦ | ᠪᠠᠨ ᠠᠰᠠᠭᠤᠶ᠎ᠠ ᠭᠡᠰᠡᠨ ᠶᠤᠮ᠂ ᠮᠡᠳᠡᠳᠡᠭ ᠶᠤᠮ ᠪᠤᠯ ᠤᠤ︖︾ ᠭᠡᠵᠤ ᠠᠰᠠᠭᠤᠪᠠ᠃ ᠰᠢᠪᠡᠭᠴᠢᠨ ᠨᠢ᠄ | ︽ᠲᠡᠭᠦᠨ ᠢ ᠮᠠᠨ ᠤ ᠡᠵᠡᠨ ᠶᠠᠭᠠᠬᠢᠨ ᠮᠡᠳᠡᠬᠦ ᠪᠤᠢ᠂ ᠲᠠᠨ ᠤ ᠪᠤᠶᠠᠨ ᠯᠠ ᠮᠡᠳᠡᠨ᠎ᠡ︾ ᠭᠡᠬᠦ ᠳᠤ ᠯᠢᠤ ᠶᠠᠨ ᠴᠠᠩ | ᠠᠭᠤᠷᠯᠠᠵᠤ ᠪᠢᠷ ᠰᠢᠭᠦᠷᠡᠨ ᠠᠪᠤᠭᠠᠳ ᠭᠡᠷᠡᠮ ᠳᠡᠭᠡᠷ᠎ᠡ ᠨᠢ ᠭᠤᠷᠪᠠᠳᠤᠭᠠᠷ ᠳᠠᠬᠢᠨᠢ ᠶᠢ ᠮᠡᠭᠡᠯᠡᠭᠴᠢ ᠭᠡᠵᠤ | ᠶᠦᠭᠡᠳᠡᠭᠰᠡᠨ ᠰᠢᠯᠦᠭ ᠪᠢᠴᠢᠵᠦ ᠤᠷᠬᠢᠭᠠᠳ ᠬᠠᠨᠴᠤᠢ ᠰᠠᠵᠢᠨ ᠶᠠᠪᠤᠵᠤ ᠤᠳᠪᠠ᠃ | ᠭᠤᠷᠪᠠᠳᠤᠭᠠᠷ ᠳᠠᠬᠢᠨᠢ ᠪᠤᠴᠠᠨ ᠢᠷᠡᠭᠰᠡᠨ ᠤ ᠳᠠᠷᠠᠭ᠎ᠠ ᠭᠡᠷᠡᠮ ᠳᠡᠭᠡᠷᠡᠬᠢ ᠰᠢᠯᠦᠭ ᠢ ᠤᠡᠭᠰᠢᠭᠠᠳ ᠶᠡᠭᠡᠳᠡ ᠠᠭᠤᠷᠯᠠᠪᠠ | ᠃ ᠲᠡᠷᠨ ᠠᠶᠤᠩᠭ᠎ᠠ ᠴᠠᠬᠢᠯᠭᠠᠨ ᠤ ᠬᠤᠶᠠᠷ ᠰᠠᠬᠢᠭᠤᠯᠰᠤᠨ ᠢ ᠲᠠᠭᠤᠳᠠᠨ ᠠᠪᠴᠢᠷᠠᠭᠠᠳ ᠵᠠᠮ ᠬᠦᠭᠡᠭᠡᠵᠦ ᠶᠠᠪᠤᠭᠰᠠᠨ | ᠯᠢᠤ ᠶᠠᠨ ᠴᠠᠩ ᠤᠨ ᠳᠡᠭᠡᠷ᠎ᠡ ᠪᠤᠷᠤᠭᠠᠨ ᠴᠢᠳᠬᠤᠯᠠᠭᠤᠯᠪᠠ᠃ | ᠶᠠᠭ ᠰᠠᠶᠢᠬᠠᠨ ᠠᠭᠤᠯᠠᠨ ᠳᠤᠮᠳᠠᠭᠤᠷ ᠵᠠᠮ ᠬᠦᠭᠡᠭᠡᠵᠦ ᠶᠠᠪᠤᠭᠰᠠᠨ ᠯᠢᠤ ᠶᠠᠨ ᠴᠠᠩ ᠬᠡᠨᠡᠤᠡᠲᠡ ᠨᠢᠭᠤᠷ ᠨᠢᠳᠦ | ᠦᠭᠡᠢ ᠠᠰᠬᠠᠷᠠᠨ ᠴᠢᠳᠬᠤᠯᠠᠭᠰᠠᠨ ᠪᠤᠷᠤᠭᠠᠨ ᠳᠤ ᠱᠠᠯᠠᠪ ᠨᠤᠷᠴᠤ ᠤᠰᠤᠨ ᠳᠤ ᠤᠨᠠᠭᠰᠠᠨ ᠪᠤᠷᠤᠭᠴᠢᠨ | ᠭᠤᠷᠭᠤᠤᠯ ᠠᠳᠠᠯᠢ ᠪᠤᠯᠴᠢᠬᠠᠵᠠᠢ᠃ ᠵᠠᠮ ᠬᠦᠭᠡᠭᠡᠭᠡᠳ ᠶᠠᠳᠠᠷᠠᠵᠤ ᠦᠯᠦᠰᠴᠦ ᠶᠠᠪᠤᠭᠰᠠᠨ ᠯᠢᠤ ᠶᠠᠨ ᠴᠠᠩ ᠠᠭᠠᠲᠠᠷ | ᠪᠤᠷᠤᠭᠠᠨ ᠳᠤᠮᠳᠠᠭᠤᠷ ᠠᠡᠳᠠᠷ ᠰᠠᠡᠳᠤᠷ ᠠᠯᠬᠤᠯᠠᠬᠤ ᠳᠤ ᠪᠠᠨ ᠰᠢᠪᠠᠷ ᠱᠠᠯᠴᠢᠭ ᠲᠤ ᠬᠠᠯᠲᠤᠷᠢᠨ ᠤᠨᠠᠭᠠᠳ ᠬᠦᠯ | ᠢᠶᠠᠨ ᠪᠡᠷᠲᠡᠬᠦᠯᠴᠢᠭᠡᠪᠡ᠃ | ᠯᠢᠤ ᠶᠠᠨ ᠴᠠᠩ ᠤᠰᠤ ᠱᠠᠯᠪᠠᠭ ᠪᠤᠯᠤᠭᠰᠠᠨ ᠬᠦᠢᠲᠡᠨ ᠭᠠᠵᠠᠷ ᠳᠡᠭᠡᠷ᠎ᠡ ᠠᠴᠠ ᠪᠤᠰᠴᠦ ᠵᠤᠭᠰᠤᠬᠤ ᠶᠢ ᠰᠠᠨᠠᠭᠰᠠᠨ | ᠪᠤᠯᠪᠠᠴᠦ ᠪᠡᠷᠲᠡᠭᠰᠡᠨ ᠬᠦᠯ ᠢᠶᠠᠨ ᠬᠦᠳᠡᠯᠭᠡᠵᠦ ᠳᠡᠶᠢᠯᠦᠭᠡ ᠦᠭᠡᠢ ᠶᠢ ᠶᠠᠭᠠᠬᠢᠨ᠎ᠠ᠃ ᠬᠦᠯ ᠨᠢ ᠵᠢᠷᠦᠭᠡᠨ ᠳᠤ ᠨᠢ | ᠤᠷᠤᠲᠠᠯ᠎ᠠ ᠵᠢᠮᠵᠢᠬᠢᠨᠡᠨ ᠡᠪᠡᠳᠴᠦ ᠪᠠᠶᠢᠯ᠎ᠠ᠃ | ᠯᠢᠤ ᠶᠠᠨ ᠴᠠᠩ ᠭᠡᠵᠤ ᠬᠠᠨᠭ᠍ᠬᠢᠶᠠᠯ ᠳᠠᠩᠬᠢᠶᠠᠯ ᠪᠡᠶ᠎ᠡ ᠲᠠᠢ ᠪᠢᠴᠢᠭ ᠤᠨ ᠬᠦᠮᠦᠨ ᠪᠤᠯᠬᠤᠷ ᠶᠠᠭᠠᠬᠢᠨ ᠡᠨᠡ ᠮᠡᠳᠦ | ᠡᠪᠡᠳᠬᠦ ᠶᠢᠨ ᠵᠤᠪᠠᠯᠠᠩ ᠢ ᠳᠠᠭᠠᠭᠠᠵᠤ ᠳᠡᠶᠢᠯᠬᠦ ᠪᠤᠢ ᠳ᠋ᠠ᠂ ᠲᠡᠷᠨ ᠡᠴᠦᠰ ᠲᠤ ᠪᠠᠨ ᠮᠡᠳᠡᠭᠡ ᠠᠯᠲᠠᠨ ᠮᠠᠨᠠᠷᠠᠪᠠ᠃ | ᠭᠤᠷᠪᠠᠳᠤᠭᠠᠷ ᠳᠠᠬᠢᠨᠢ ᠳᠠᠯᠲᠠ ᠠᠴᠠ ᠯᠢᠤ ᠶᠠᠨ ᠴᠠᠩ ᠢ ᠬᠠᠷᠠᠭᠰᠠᠭᠠᠷ ᠪᠠᠶᠢᠵᠦ ᠦᠷᠦ ᠡᠪᠡᠳᠴᠦ ᠪᠠᠶᠢᠭᠰᠠᠨ | ᠠᠴᠠ ᠪᠠᠨ ᠰᠢᠪᠠᠷ ᠱᠠᠯᠴᠢᠭ ᠳᠤᠮᠳᠠ ᠮᠠᠨᠠᠷᠠᠨ ᠤᠨᠠᠬᠤ ᠳᠤ ᠨᠢ ᠶᠡᠭᠡᠳᠡ ᠰᠠᠡᠳᠤᠷᠪᠠ᠃ ᠲᠡᠷᠨ ᠤᠪᠠᠳᠢᠰ ᠭᠡᠷᠡᠭᠯᠡᠨ | ᠨᠢᠳᠦ ᠴᠠᠪᠴᠢᠬᠤ ᠶᠢᠨ ᠵᠠᠭᠤᠷ᠎ᠠ ᠵᠠᠮ ᠤᠨ ᠬᠠᠵᠠᠭᠤ ᠳᠤ ᠰᠠᠶᠢᠬᠠᠨ ᠪᠠᠶᠢᠰᠢᠩ ᠪᠤᠰᠬᠠᠭᠠᠳ᠂ ᠰᠢᠪᠡᠭᠴᠢᠨ ᠬᠡᠤᠭᠡᠨ | ᠢᠶᠠᠨ ᠢᠯᠡᠭᠡᠨ ᠯᠢᠤ ᠶᠠᠨ ᠴᠠᠩ ᠢ ᠡᠷᠭᠦᠬᠦᠯᠵᠦ ᠲᠡᠳᠬᠦᠬᠦᠯᠦᠨ ᠦᠷᠦᠭᠡᠨ ᠳᠤ ᠤᠷᠤᠭᠤᠯᠵᠤ ᠬᠡᠪᠲᠡᠭᠦᠯᠦᠭᠡᠳ | ᠰᠢᠷᠬ᠎ᠠ ᠶᠢ ᠨᠢ ᠰᠤᠪᠢᠯᠠᠭᠤᠯᠪᠠ᠃ | ᠭᠤᠷᠪᠠᠳᠤᠭᠠᠷ ᠳᠠᠬᠢᠨᠢ ᠯᠢᠤ ᠶᠠᠨ ᠴᠠᠩ ᠤᠨ ᠠᠷᠤᠤᠬᠠᠨ ᠭᠡᠭᠡᠨᠴᠢᠷ ᠵᠢᠰᠦ ᠴᠢᠷᠠᠢ᠂ ᠠᠰᠬᠠᠮᠠ ᠴᠠᠯᠬᠢᠮ᠎ᠠ | ᠠᠪᠢᠶᠠᠰ ᠪᠢᠯᠢᠭ ᠢ ᠨᠢᠭᠡᠮᠦᠰᠦᠨ ᠲᠤᠭᠤᠴᠢᠬᠠᠵᠠᠢ᠃ ᠰᠢᠪᠡᠭᠴᠢᠨ ᠲᠡᠳᠡ ᠬᠤᠶᠠᠭᠤᠯᠨ ᠶᠢᠨ ᠰᠠᠨᠠᠭ᠎ᠠ ᠶᠢ ᠬᠠᠷᠢᠯᠴᠠᠨ | ᠳᠠᠮᠵᠢᠭᠤᠯᠵᠤ ᠪᠠᠶᠢᠭᠠᠳ ᠡᠴᠦᠰ ᠲᠤ ᠨᠢ ᠲᠤᠭᠤᠷᠭᠠᠳᠤ ᠭᠡᠷ ᠲᠤ ᠲᠤᠯᠤᠭᠠᠢ ᠬᠤᠯᠪᠤᠭᠤᠯᠵᠤ᠂ ᠲᠤᠭᠤᠭ᠎ᠠ ᠲᠠᠢ | ᠬᠤᠭᠤᠯᠠᠨ ᠳᠤ ᠬᠤᠰᠢᠭᠤ ᠬᠤᠯᠪᠤᠭᠤᠯᠪᠠ᠃ | ᠢᠷᠡᠬᠦ ᠵᠢᠯ ᠳᠤ ᠨᠢ ᠲᠡᠳᠡ ᠠᠩᠭ᠎ᠠ ᠲᠠᠢ ᠪᠤᠯᠵᠤ᠂ ᠠᠭᠠᠷᠤ ᠭᠡᠳᠡᠭ ᠨᠡᠷ᠎ᠡ ᠬᠠᠶᠢᠷᠠᠯᠠᠵᠠᠢ᠃ ᠠᠩᠭ᠎ᠠ ᠪᠠᠨ ᠰᠠᠷ᠎ᠠ | ᠳᠦᠬᠦᠷᠬᠦ ᠠᠴᠠ ᠤᠷᠢᠳ ᠯᠢᠤ ᠶᠠᠨ ᠴᠠᠩ ᠲᠤᠰ ᠵᠢᠯ ᠤᠨ ᠰᠢᠯᠭᠠᠭᠤᠯᠢ ᠳᠤ ᠤᠷᠤᠯᠴᠠᠬᠤ ᠪᠠᠷ ᠨᠡᠶᠢᠰᠯᠡᠯ ᠬᠤᠲᠠ | ᠵᠦᠭ ᠮᠤᠷᠳᠠᠪᠠ᠃ | ᠠᠭᠠᠷᠤ ᠶᠢᠨ ᠰᠠᠷ᠎ᠠ ᠳᠦᠬᠦᠷᠤᠭ᠍ᠰᠡᠨ ᠡᠳᠦᠷ ᠤᠶᠢᠷ᠎ᠠ ᠲᠤᠭᠤᠷᠢᠨ ᠤ ᠤᠯᠠᠨ ᠬᠦᠮᠦᠨ ᠴᠠᠰᠤᠳᠤ ᠤᠷᠳᠤ ᠳᠤ | ᠬᠦᠷᠦᠯᠴᠡᠨ ᠢᠷᠡᠵᠦ ᠪᠠᠶᠠᠷ ᠬᠦᠷᠭᠡᠪᠡ᠃ ᠬᠦᠷᠦᠯᠴᠡᠨ ᠢᠷᠡᠭᠰᠡᠨ ᠬᠦᠮᠦᠰ ᠨᠢᠯᠬ᠎ᠠ ᠬᠡᠤᠭᠡᠳ ᠤᠨ ᠡᠷᠡᠬᠦᠯ ᠰᠠᠷᠠᠭᠤᠯ | ᠦᠰᠦᠨ ᠪᠤᠶᠢᠵᠢᠬᠤ ᠶᠢ ᠵᠦᠡᠭᠨᠡᠨ ᠢᠷᠦᠭᠡᠵᠦ᠂ ᠨᠠᠶᠢᠷ ᠤᠨ ᠰᠢᠷᠡᠭᠡᠨ ᠳᠤ ᠰᠠᠭᠠᠲᠠᠨ ᠠᠮᠲᠠᠲᠠᠢ ᠶᠢ ᠵᠤᠭᠤᠭᠯᠠᠨ | ᠰᠢᠮᠠᠲᠠᠢ ᠶᠢ ᠤᠤᠭᠤᠵᠤ ᠴᠠᠰᠤᠳᠤ ᠤᠷᠳᠤ ᠶᠢ ᠬᠦᠷ ᠬᠦᠭᠵᠢᠶᠡᠨ ᠢᠶᠠᠷ ᠳᠦᠬᠦᠷᠭᠡᠵᠡᠢ᠃ | ᠶᠠᠭ ᠡᠨᠡ ᠦᠶ᠎ᠡ ᠳᠤ ᠡᠯ ᠯᠠᠩ ᠲᠡᠭᠷᠢ ᠶᠢᠨ ᠬᠤᠳᠠᠴᠢ ᠨᠤᠬᠠᠢ ᠨᠢ ᠮᠢᠬ᠎ᠠ ᠲᠤᠰᠤᠨ ᠤ ᠦᠨᠦᠷ ᠢᠶᠠᠷ ᠴᠠᠰᠤᠳᠤ | ᠤᠷᠳᠤ ᠳᠤ ᠰᠢᠩᠰᠢᠯᠡᠨ ᠢᠷᠡᠵᠦ ᠭᠤᠷᠪᠠᠳᠤᠭᠠᠷ ᠳᠠᠬᠢᠨᠢ ᠶᠢᠨ ᠳᠤᠤᠷ᠎ᠠ ᠶᠢᠷᠲᠢᠡᠴᠦ ᠶᠢᠨ ᠬᠦᠮᠦᠨ ᠲᠠᠢ ᠤᠷᠤᠭᠯᠠᠵᠤ | ᠬᠦᠦ ᠲᠠᠢ ᠪᠤᠯᠤᠭᠰᠠᠨ ᠤᠴᠢᠷ ᠢ ᠮᠡᠳᠡᠴᠢᠭᠡᠪᠡ᠃ ᠬᠤᠲᠠᠴᠢ ᠨᠤᠬᠠᠢ ᠲᠡᠷᠨ ᠳᠤᠤᠷ᠎ᠠ ᠨᠢ ᠲᠡᠭᠷᠢ ᠳᠤ ᠪᠠᠨ ᠪᠤᠴᠠᠵᠤ | ᠬᠤᠪᠢᠯᠭᠠᠨ ᠡᠯ ᠯᠠᠩ ᠳᠤ ᠦᠬᠢᠨ ᠳᠡᠬᠦᠦ ᠶᠢᠨ ᠬᠢᠨᠢ ᠪᠠᠶᠢᠳᠠᠯ ᠢ ᠮᠡᠳᠡᠬᠦᠯᠪᠡ᠃ | ᠡᠯ ᠯᠠᠩ ᠲᠡᠭᠷᠢ ᠠᠭᠤᠰᠬᠢ ᠪᠠᠨ ᠳᠡᠯᠪᠡᠷᠡᠮᠡᠷ ᠪᠤᠯᠲᠠᠯ᠎ᠠ ᠠᠭᠤᠷᠯᠠᠵᠤ᠄ | ︽ᠶᠠᠭᠤ︖ ᠡᠷᠬᠢᠮᠰᠦᠭ ᠳᠠᠬᠢᠨᠢ ᠪᠠᠶᠢᠭᠠᠳ ᠡᠭᠡᠯ ᠬᠦᠮᠦᠨ ᠲᠠᠢ ᠤᠷᠤᠭᠯᠠᠨ᠎ᠠ ᠭᠡᠳᠡᠭ ᠴᠢᠨᠢ ᠲᠡᠭᠷᠢ ᠶᠢᠨ | ᠵᠢᠷᠦᠮ ᠢ ᠲᠠᠷᠰᠯᠡᠭᠰᠡᠨ ᠤᠴᠢᠷ ᠪᠢᠰᠢ ᠤᠤ︕ ᠪᠢ ᠲᠡᠳᠡᠨ ᠢ ᠵᠦᠭᠡᠷ ᠲᠠᠯᠪᠢᠬᠤ ᠦᠭᠡᠢ︾ ᠭᠡᠵᠤ ᠪᠠᠷᠬᠢᠷᠠᠪᠠ᠃ | ᠡᠯ ᠯᠠᠩ ᠲᠡᠭᠷᠢ ᠬᠤᠲᠠᠴᠢ ᠨᠤᠬᠠᠢ ᠪᠠᠨ ᠳᠠᠭᠠᠭᠤᠯᠤᠨ ᠴᠠᠰᠤᠳᠤ ᠤᠷᠳᠤ ᠳᠤ ᠢᠷᠡᠵᠦ ᠦᠬᠢᠨ ᠳᠡᠬᠦᠦ ᠪᠠᠨ | ᠵᠠᠩᠨᠠᠨ᠄ | ︽ᠴᠢ ᠲᠡᠭᠷᠢ ᠶᠢᠨ ᠳᠠᠬᠢᠨᠢ ᠪᠠᠶᠢᠵᠦ ᠳᠤᠤᠷ᠎ᠠ ᠶᠢᠷᠲᠢᠡᠴᠦ ᠶᠢᠨ ᠬᠦᠮᠦᠨ ᠲᠠᠢ ᠠᠶᠢᠯ ᠭᠡᠷ ᠪᠤᠰᠬᠠᠨ᠎ᠠ ᠭᠡᠭᠴᠢ | ᠰᠠᠮᠠᠭᠤᠷᠠᠵᠤ ᠪᠠᠶᠢᠭ᠎ᠠ ᠪᠢᠰᠢ ᠤᠤ︕ ᠡᠷ᠎ᠡ ᠨᠦᠬᠦᠷ ᠴᠢᠨᠢ ᠬᠠᠮᠢᠭ᠎ᠠ ᠪᠠᠶᠢᠬᠤ ᠪᠤᠢ︖︾ ᠭᠡᠯ᠎ᠠ᠃ | ᠭᠤᠷᠪᠠᠳᠤᠭᠠᠷ ᠳᠠᠬᠢᠨᠢ ᠠᠬ᠎ᠠ ᠪᠠᠨ ᠴᠢᠷᠠᠶᠢᠴᠢᠯᠠᠨ᠄ | ︽ᠠᠬ᠎ᠠ ᠡ᠂ ᠪᠢ ᠲᠡᠭᠦᠨ ᠳᠤ ᠳᠤᠷᠠᠲᠠᠢ ᠮᠤᠷᠲᠠᠭᠰᠠᠨ ᠰᠢᠤ᠃ ᠲᠠ ᠮᠠᠨ ᠢ ᠠᠮᠤᠷ ᠲᠠᠶᠢᠪᠤᠡᠭ | ᠠᠮᠢᠳᠤᠷᠠᠭᠤᠯᠴᠢᠬᠠ ᠳ᠋ᠠ︾ ᠭᠡᠵᠤ ᠭᠤᠶᠤᠴᠢᠯᠠᠬᠤ ᠳᠤ ᠬᠤᠪᠢᠯᠭᠠᠨ ᠡᠯ ᠯᠠᠩ ᠴᠢᠷᠠᠢ ᠪᠠᠨ ᠪᠠᠷᠤᠶᠢᠯᠭᠠᠨ᠄ | ︽ᠴᠢ ᠡᠷ᠎ᠡ ᠨᠦᠬᠦᠷ ᠢᠶᠠᠨ ᠭᠠᠷᠭᠠᠵᠤ ᠦᠭᠭᠦ ᠦᠭᠡᠢ ᠪᠤᠯ ᠨᠠᠮ᠎ᠠ ᠶᠢ ᠳᠠᠭᠠᠵᠤ ᠤᠴᠢᠭᠠᠳ ᠬᠠᠭᠠᠨ ᠬᠤᠷᠮᠤᠰᠲᠠ | ᠳᠤ ᠤᠰᠤᠯ ᠶᠠᠯ᠎ᠠ ᠪᠠᠨ ᠬᠦᠯᠢᠶᠡ᠃ ᠦᠭᠡᠷ᠎ᠡ ᠢᠯᠡᠬᠦᠴᠠ ᠦᠭᠡ ᠬᠡᠯᠡᠬᠦ ᠭᠡᠷᠡᠭ ᠦᠭᠡᠢ︾ ᠭᠡᠵᠡᠢ᠃ | ᠭᠤᠷᠪᠠᠳᠤᠭᠠᠷ ᠳᠠᠬᠢᠨᠢ ᠭᠤᠮᠤᠳᠠᠬᠤ ᠶᠢᠨ ᠡᠷᠭᠡ ᠪᠠᠷ ᠨᠢᠳᠦᠨ ᠠᠴᠠ ᠪᠠᠨ ᠨᠢᠯᠪᠤᠰᠤ ᠪᠦᠮᠪᠦᠷᠢᠬᠦᠯᠵᠦ ᠰᠢᠳᠢᠳᠦ | ᠪᠠᠳᠮᠠᠨ ᠳ᠋ᠸᠡᠭ ᠢᠶᠠᠨ ᠭᠠᠷᠭᠠᠭᠠᠳ᠄ | ︽ᠭᠡᠨ ᠠᠶᠤᠮᠰᠢᠭ ᠦᠭᠡᠢ ᠮᠠᠨ ᠲᠠᠢ ᠬᠠᠯᠳᠠᠪᠠᠯ ᠪᠢ ᠨᠠᠶᠢᠷ ᠬᠠᠶᠠᠬᠤ ᠦᠭᠡᠢ ᠰᠢᠤ︾ ᠭᠡᠪᠡ᠃ | ᠡᠯ ᠯᠠᠩ ᠲᠡᠭᠷᠢ ᠠᠬᠠᠰᠬᠢᠨ ᠠᠭᠤᠷᠯᠠᠵᠤ ᠦᠬᠢᠨ ᠳᠡᠬᠦᠦ ᠪᠠᠨ ᠪᠠᠷᠢᠪᠴᠢᠯᠠᠬᠤ ᠪᠠᠷ ᠱᠤᠩᠭᠤᠯᠠᠨ ᠢᠷᠡᠭᠰᠡᠨ ᠳᠤ | ᠭᠤᠷᠪᠠᠳᠤᠭᠠᠷ ᠳᠠᠬᠢᠨᠢ ᠰᠢᠳᠢᠳᠦ ᠪᠠᠳᠮᠠᠨ ᠳ᠋ᠸᠡᠭ ᠤᠨ ᠢᠶᠠᠨ ᠭᠡᠷᠡᠯ ᠢᠶᠠᠷ ᠠᠬ᠎ᠠ ᠶᠢᠨ ᠢᠶᠠᠨ ᠨᠢᠳᠦ ᠶᠢ ᠬᠢᠯᠪᠠᠭᠤᠯᠤᠨ | ᠦᠪᠡᠷ ᠲᠠᠢ ᠨᠢ ᠣᠶᠢᠷᠠᠳᠴᠣ ᠴᠢᠳᠠᠬᠤ ᠦᠭᠡᠢ ᠪᠤᠯᠭᠠᠪᠠ᠃ | ᠡᠯ ᠯᠠᠩ ᠲᠡᠭᠷᠢ ᠠᠷᠭ᠎ᠠ ᠪᠤᠰᠤ᠄ | ︽ᠬᠦᠯᠢᠶᠡᠵᠦ ᠪᠠᠢ᠂ ᠡᠷᠲᠡ ᠤᠷᠤᠢ ᠦᠭᠡᠢ ᠴᠢᠮ᠎ᠠ ᠶᠢ ᠰᠢᠢᠳᠭᠡᠨ᠎ᠠ︾ ᠭᠡᠵᠤ ᠦᠬᠢᠨ ᠳᠡᠬᠦᠦ ᠪᠠᠨ ᠵᠠᠨᠤᠭᠠᠳ | ᠪᠤᠷᠤ ᠮᠦᠷ ᠢᠶᠠᠷ ᠢᠶᠠᠨ ᠶᠠᠪᠤᠵᠤ ᠤᠳᠴᠠᠢ᠃ | ᠬᠤᠶᠠᠷ ᠬᠤᠨᠤᠭ ᠤᠨ ᠳᠠᠷᠠᠭ᠎ᠠ ᠡᠯ ᠯᠠᠩ ᠲᠡᠭᠷᠢ ᠬᠤᠲᠠᠴᠢ ᠨᠤᠬᠠᠢ ᠪᠠᠨ ᠢᠯᠡᠭᠡᠨ ᠭᠤᠷᠪᠠᠳᠤᠭᠠᠷ ᠳᠠᠬᠢᠨᠢ ᠶᠢᠨ | ᠰᠢᠳᠢᠳᠦ ᠪᠠᠳᠮᠠᠨ ᠳ᠋ᠸᠡᠭ ᠢ ᠬᠤᠯᠠᠭᠠᠶᠢᠯᠠᠭᠤᠯᠪᠠ᠃ ᠬᠤᠲᠠᠴᠢ ᠨᠤᠬᠠᠢ ᠨᠢ ᠦᠨᠡᠭᠡᠷ ᠰᠢᠳᠢᠳᠦ ᠪᠠᠳᠮᠠᠨ ᠳ᠋ᠸᠡᠭ ᠢ | ᠬᠤᠯᠠᠭᠠᠶᠢᠯᠠᠨ ᠠᠪᠠᠴᠢᠵᠦ ᠬᠤᠪᠢᠯᠭᠠᠨ ᠡᠯ ᠯᠠᠩ ᠳᠤ ᠲᠤᠰᠢᠶᠠᠵᠠᠢ᠃ | ᠡᠯ ᠯᠠᠩ ᠲᠡᠭᠷᠢ ᠰᠢᠳᠢᠳᠦ ᠪᠠᠳᠮᠠᠨ ᠳ᠋ᠸᠡᠭ ᠢ ᠤᠯᠤᠮᠠᠭᠴᠠ ᠬᠤᠸᠠᠱᠠᠨ ᠠᠭᠤᠯᠠᠨ ᠳᠤ ᠳᠠᠬᠢᠨ ᠬᠦᠷᠴᠦ ᠢᠷᠡᠪᠡ᠃ | ᠠᠬ᠎ᠠ ᠨᠢ ᠬᠦᠷᠴᠦ ᠢᠷᠡᠭᠰᠡᠨ ᠢ ᠮᠡᠳᠡᠮᠡᠭᠴᠡ ᠭᠤᠷᠪᠠᠳᠤᠭᠠᠷ ᠳᠠᠬᠢᠨᠢ ᠬᠦᠦ ᠪᠠᠨ ᠰᠢᠪᠡᠭᠴᠢᠨ ᠳᠤ ᠪᠠᠨ ᠲᠤᠰᠢᠶᠠᠵᠤ | ᠰᠡᠮ ᠲᠤᠲᠠᠭᠠᠯᠭᠠᠵᠠᠢ᠃ | ᠡᠯ ᠯᠠᠩ ᠲᠡᠭᠷᠢ ᠭᠤᠷᠪᠠᠳᠤᠭᠠᠷ ᠳᠠᠬᠢᠨᠢ ᠶᠢ ᠪᠠᠷᠢᠪᠴᠢᠯᠠᠭᠠᠳ ᠬᠤᠸᠠᠱᠠᠨ ᠠᠭᠤᠯᠠᠨ ᠤ ᠪᠠᠷᠠᠭᠠᠨ ᠡᠬᠦᠯᠡᠳᠦ | ᠠᠭᠤᠢ ᠳᠤ ᠬᠤᠷᠢᠵᠦ ᠤᠷᠬᠢᠪᠠ ᠁ | ᠠᠭᠠᠷᠤ ᠨᠠᠢᠮᠠᠨ ᠨᠠᠰᠤᠯᠠᠭᠰᠠᠨ ᠤ ᠳᠠᠷᠠᠭ᠎ᠠ ᠠᠪᠤ ᠠᠴᠠ ᠪᠠᠨ ᠡᠵᠢ ᠨᠢ ᠬᠤᠸᠠᠱᠠᠨ ᠠᠭᠤᠯᠠᠨ ᠤ ᠪᠠᠷᠠᠭᠠᠨ | ᠡᠬᠦᠯᠡᠳᠦ ᠠᠭᠤᠢ ᠳᠤ ᠬᠤᠷᠢᠭᠳᠠᠵᠤ ᠪᠠᠶᠢᠭ᠎ᠠ ᠤᠴᠢᠷ ᠢ ᠰᠤᠨᠤᠰᠴᠠᠢ᠃ | ᠨᠠᠰᠤ ᠪᠠᠭ᠎ᠠ ᠴᠤ ᠰᠦᠰᠦ ᠶᠡᠭᠡᠲᠡᠢ ᠠᠭᠠᠷᠤ ᠶᠠᠭᠠᠬᠢᠭᠰᠠᠨ ᠴᠤ ᠡᠵᠢ ᠪᠠᠨ ᠠᠪᠤᠷᠠᠨ᠎ᠠ ᠭᠡᠵᠤ ᠵᠤᠷᠢᠭ ᠰᠢᠢᠳᠪᠠ᠃ | ᠨᠢᠭᠡᠨ ᠡᠳᠦᠷ᠂ ᠠᠭᠠᠷᠤ ᠬᠤᠸᠠᠱᠠᠨ ᠠᠭᠤᠯᠠᠨ ᠳᠤ ᠳᠤᠤᠷ᠎ᠠ ᠢᠷᠡᠵᠦ ᠡᠵᠢ ᠶᠢᠨ ᠢᠶᠠᠨ ᠬᠤᠷᠢᠭᠳᠠᠵᠤ ᠪᠠᠶᠢᠭ᠎ᠠ | ᠠᠭᠤᠢ ᠶᠢ ᠡᠷᠢᠪᠠ᠃ ᠭᠡᠪᠡᠴᠦ ᠪᠠᠷᠠᠭᠠᠨ ᠡᠬᠦᠯᠡᠳᠦ ᠠᠭᠤᠢ ᠶᠢ ᠬᠠᠲᠠ ᠴᠢᠯᠠᠭᠤ ᠪᠠᠷ ᠪᠦᠭᠯᠡᠵᠦ ᠤᠷᠬᠢᠭᠰᠠᠨ ᠪᠤᠯᠬᠤᠷ | ᠡᠷᠢᠵᠦ ᠤᠯᠬᠤ ᠳᠤ ᠪᠡᠷᠭᠡᠲᠡᠢ ᠪᠤᠯᠵᠠᠢ᠃ ᠠᠭᠠᠷᠤ ᠠᠭᠤᠯᠠᠨ ᠳᠤᠮᠳᠠᠭᠤᠷ ᠭᠡᠴᠢᠨᠡᠭᠡᠨ ᠡᠷᠢᠭᠰᠡᠨ ᠪᠤᠯᠪᠠᠴᠦ ᠬᠠᠷ᠎ᠠ | ᠡᠬᠦᠯᠡᠳᠦ ᠠᠭᠤᠢ ᠶᠢᠨ ᠠᠮᠠᠰᠠᠷ ᠢ ᠡᠷᠢᠵᠦ ᠤᠯᠤᠭ᠎ᠠ ᠦᠭᠡᠢ᠃ ᠲᠡᠷᠨ ᠪᠠᠴᠢᠮᠳᠠᠨ ᠵᠤᠪᠠᠭ᠋ᠤ ᠳᠤ ᠪᠠᠨ ᠤᠬᠢᠯᠠᠵᠤ | ᠡᠬᠢᠯᠡᠪᠡ᠃ | ᠠᠶᠤᠩᠭ᠎ᠠ ᠶᠢᠨ ᠰᠠᠬᠢᠭᠤᠯᠰᠤᠨ ᠠᠭᠠᠷᠤ ᠶᠢᠨ ᠡᠪᠭᠡᠷᠡᠯᠲᠡᠢ ᠤᠬᠢᠯᠠᠬᠤ ᠶᠢ ᠰᠤᠨᠤᠰᠤᠭᠠᠳ ᠲᠡᠷᠭᠡᠳᠡ ᠨᠢ ᠬᠦᠷᠴᠦ | ᠢᠷᠡᠵᠡᠢ᠃ ᠠᠶᠤᠩᠭ᠎ᠠ ᠶᠢᠨ ᠰᠠᠬᠢᠭᠤᠯᠰᠤᠨ ᠠᠩᠬᠠᠨ ᠠᠴᠠ ᠪᠠᠨ ᠠᠭᠠᠷᠤ ᠶᠢᠨ ᠡᠵᠢ ᠲᠠᠢ ᠨᠠᠶᠢᠷᠰᠠᠭ ᠶᠠᠪᠤᠯᠴᠠᠳᠠᠭ | ᠪᠠᠶᠢᠭᠰᠠᠨ ᠪᠤᠯᠬᠤᠷ ᠬᠦᠭᠡᠷᠦᠬᠦᠢ ᠬᠦᠦ ᠶᠢ ᠨᠢ ᠲᠤᠰᠠᠯᠠᠬᠤ ᠶᠢ ᠪᠤᠳᠤᠵᠤ᠄ | ︽ᠬᠡᠤᠭᠡ ᠡ᠂ ᠴᠢ ᠡᠵᠢ ᠪᠠᠨ ᠠᠪᠤᠷᠠᠬᠤ ᠰᠠᠨᠠᠭᠠᠲᠠᠢ ᠪᠠᠶᠢᠭ᠎ᠠ ᠶᠤᠮ ᠤᠤ︖︾ ᠭᠡᠪᠡ᠃ ᠠᠭᠠᠷᠤ ᠨᠢᠯᠪᠤᠰᠤ | ᠪᠠᠨ ᠠᠷᠴᠢᠭᠠᠳ ᠡᠪᠦᠭᠡᠨ ᠢ ᠰᠢᠷᠲᠡᠭᠰᠡᠭᠡᠷ᠄ | ︽ᠲᠡᠶᠢᠮᠦ ᠡ︾ ᠭᠡᠵᠡᠢ᠃ | ︽ᠡᠳᠦᠭᠡ ᠨᠠᠰᠤ ᠴᠢᠨᠢ ᠪᠠᠭ᠎ᠠ᠂ ᠴᠢᠰᠦ ᠴᠢᠨᠢ ᠰᠢᠩᠭᠡᠨ᠂ ᠶᠠᠰᠤ ᠴᠢᠨᠢ ᠬᠡᠪᠡᠷᠡᠭ ᠪᠠᠶᠢᠭᠰᠠᠭᠠᠷ ᠡ᠃ ᠴᠢ ᠡᠷ᠎ᠡ | ᠶᠢᠨ ᠴᠡᠭᠡᠯ ᠳᠤ ᠬᠦᠷᠬᠦ ᠪᠠᠨ ᠬᠦᠯᠢᠶᠡᠬᠦ ᠬᠡᠷᠡᠭᠲᠡᠢ᠂ ᠭᠡᠬᠦ ᠳᠤ ᠪᠠᠨ ᠡᠷᠬᠡᠪᠰᠢ ᠵᠡᠪᠰᠡᠭ ᠤᠨ ᠡᠷᠳᠡᠮ ᠰᠤᠷᠬᠤ ᠬᠡᠷᠡᠭᠲᠡᠢ | ᠃ ᠮᠡᠳᠡᠪᠡ ᠤᠤ︖︾ | ︽ᠠ︖ ᠪᠢ ᠭᠡᠨ ᠠᠴᠠ ᠵᠡᠪᠰᠡᠭ ᠤᠨ ᠡᠷᠳᠡᠮ ᠰᠤᠷᠬᠤ ᠪᠤᠢ︖︾ | ︽ᠨᠠᠳᠠ ᠠᠴᠠ ᠰᠤᠷᠴᠦ ᠪᠤᠯᠤᠨ᠎ᠠ᠃︾ | ︽ᠲᠠᠨ ᠠᠴᠠ ᠵᠡᠪᠰᠡᠭ ᠤᠨ ᠡᠷᠳᠡᠮ ᠰᠤᠷᠪᠠᠯ ᠡᠵᠢ ᠪᠠᠨ ᠠᠪᠤᠷᠠᠵᠤ ᠳᠡᠶᠢᠯᠦᠨ᠎ᠡ ᠤᠤ︖︾ | ︽ᠲᠡᠭᠦᠨ ᠢ ᠪᠠᠲᠤᠲᠠᠢ ᠬᠡᠯᠡᠬᠦ ᠶᠢᠨ ᠠᠷᠭ᠎ᠠ ᠦᠭᠡᠢ᠃ ᠭᠡᠪᠡᠴᠦ ᠴᠢ ᠵᠡᠪᠰᠡᠭ ᠤᠨ ᠡᠷᠳᠡᠮ ᠰᠤᠷᠬᠤ ᠦᠭᠡᠢ ᠪᠤᠯ | ᠡᠵᠢ ᠪᠠᠨ ᠠᠪᠤᠷᠠᠬᠤ ᠦᠭᠡᠷ᠎ᠡ ᠠᠷᠭ᠎ᠠ ᠠᠯᠠᠭ᠎ᠠ᠃︾ | ᠡᠬᠦᠨ ᠢ ᠰᠤᠨᠤᠰᠤᠭᠠᠳ ᠠᠭᠠᠷᠤ ︽ᠲᠦᠰ︾ ᠬᠢᠲᠡᠯ᠎ᠡ ᠭᠠᠵᠠᠷ ᠰᠦᠬᠦᠳᠴᠦ᠄ | ︽ᠪᠠᠭᠰᠢ ᠡ᠂ ᠪᠢ ᠲᠠᠨ ᠠᠴᠠ ᠳᠤᠷᠠᠲᠠᠶᠢᠶ᠎ᠠ ᠵᠡᠪᠰᠡᠭ ᠤᠨ ᠡᠷᠳᠡᠮ ᠰᠤᠷᠤᠨ᠎ᠠ︾ ᠭᠡᠪᠡ᠃ | ᠲᠡᠶᠢᠨ ᠬᠦ ᠠᠶᠤᠩᠭ᠎ᠠ ᠶᠢᠨ ᠰᠠᠬᠢᠭᠤᠯᠰᠤᠨ ᠠᠭᠠᠷᠤ ᠶᠢ ᠦᠪᠡᠷ ᠤᠨ ᠰᠠᠭᠤᠳᠠᠭ ᠯᠢᠩ ᠲᠠᠢ ᠠᠭᠤᠯᠠᠨ ᠳᠤ ᠪᠠᠨ | ᠳᠠᠭᠠᠭᠤᠯᠤᠨ ᠠᠪᠠᠴᠢᠪᠠ᠃ ᠲᠡᠭᠦᠨ ᠠᠴᠠ ᠰᠡᠬᠦᠯᠡᠷ ᠠᠭᠠᠷᠤ ᠡᠳᠦᠷ ᠪᠦᠷᠢ ᠠᠶᠤᠩᠭ᠎ᠠ ᠶᠢᠨ ᠰᠠᠬᠢᠭᠤᠯᠰᠤᠨ ᠠᠴᠠ | ᠵᠡᠪᠰᠡᠭ ᠤᠨ ᠡᠷᠳᠡᠮ ᠰᠤᠷᠳᠠᠭ ᠪᠤᠯᠵᠠᠢ᠃ | ᠨᠠᠢᠮᠠᠨ ᠵᠢᠯ ᠤᠨ ᠳᠠᠷᠠᠭ᠎ᠠ ᠠᠭᠠᠷᠤ ᠠᠷᠪᠠᠨ ᠵᠢᠷᠭᠤᠭᠠᠨ ᠨᠠᠰᠤᠯᠠᠪᠠ᠃ ᠲᠡᠭᠦᠨ ᠤ ᠨᠠᠰᠤ ᠨᠢ ᠦᠰᠴᠦ᠂ ᠶᠠᠰᠤ ᠨᠢ | ᠤᠪᠤᠭ᠎ᠠ ᠬᠠᠲᠠᠭᠤᠷᠠᠭᠰᠠᠨ ᠮᠦᠷᠲᠡᠭᠡᠨ ᠵᠡᠪᠰᠡᠭ ᠤᠨ ᠡᠷᠳᠡᠮ ᠳᠤ ᠴᠤ ᠨᠡᠯᠢᠶᠡᠳ ᠴᠠᠭᠠᠷᠠᠭᠰᠠᠨ ᠪᠤᠯᠬᠤᠷ ᠤᠳᠤᠬᠠᠨ | ᠤᠴᠢᠵᠦ ᠡᠵᠢ ᠪᠠᠨ ᠠᠪᠤᠷᠠᠬᠤ ᠪᠠᠷ ᠵᠤᠷᠢᠭ ᠰᠢᠢᠳᠴᠠᠢ᠃ ᠠᠶᠤᠩᠭ᠎ᠠ ᠶᠢᠨ ᠰᠠᠬᠢᠭᠤᠯᠰᠤᠨ ᠲᠡᠭᠦᠨ ᠳᠤ ᠰᠢᠳᠢᠳᠦ | ᠰᠦᠭᠡ ᠪᠡᠯᠡᠭᠯᠡᠵᠦ᠄ | ︽ᠡᠨᠡ ᠰᠦᠭᠡ ᠠᠯᠲᠠᠨ ᠯᠤᠤ ᠬᠤᠪᠢᠯᠵᠤ ᠠᠯᠢ ᠰᠠᠨᠠᠭᠰᠠᠨ ᠭᠠᠵᠠᠷ ᠲᠤ ᠴᠢᠨᠢ ᠬᠦᠷᠭᠡᠨ ᠦᠭᠭᠦ ᠪᠤᠯᠤᠨ᠎ᠠ᠃ | ᠲᠡᠷᠨ ᠮᠦᠷᠲᠡᠭᠡᠨ ᠠᠲᠠᠭᠠᠲᠠᠨ ᠲᠠᠶᠢᠰᠤᠨ ᠢᠶᠠᠨ ᠳᠠᠷᠤᠵᠤ᠂ ᠠᠭᠤᠯᠨ ᠬᠠᠳᠠ ᠴᠠᠪᠴᠢᠬᠤ ᠳᠤ ᠴᠢᠨᠢ ᠲᠤᠰᠠᠯᠠᠨ᠎ᠠ︾ | ᠭᠡᠵᠡᠢ᠃ | ᠠᠭᠠᠷᠤ ᠬᠤᠸᠠᠱᠠᠨ ᠠᠭᠤᠯᠠᠨ ᠤ ᠡᠩᠭᠡᠷ ᠲᠤ ᠢᠷᠡᠭᠡᠳ ᠬᠤᠭᠤᠯᠠᠢ ᠶᠢᠨ ᠢᠶᠠᠨ ᠴᠢᠨᠡᠭᠡ ᠪᠠᠷ ᠪᠠᠷᠬᠢᠷᠠᠨ ᠡᠵᠢ ᠪᠠᠨ | ᠲᠠᠭᠤᠳᠠᠪᠠ᠃ ᠡᠵᠢ ᠨᠢ ᠬᠦᠦ ᠶᠢᠨ ᠢᠶᠠᠨ ᠲᠠᠭᠤᠳᠠᠬᠤ ᠶᠢ ᠤᠯᠵᠤ ᠰᠤᠨᠤᠰᠤᠭᠠᠳ ᠴᠢᠬᠢ ᠪᠠᠨ ᠢᠲᠡᠭᠡᠵᠦ ᠶᠠᠳᠠᠨ᠄ | ︽ᠬᠦᠦ ᠮᠢᠨᠢ ᠡ᠂ ᠴᠢ ᠬᠦᠷᠦᠭᠡᠳ ᠢᠷᠡᠴᠢᠭᠡᠪᠡ ᠤᠤ︖︾ ᠭᠡᠵᠤ ᠠᠮᠠᠰᠠᠷ ᠨᠢ ᠪᠢᠲᠡᠬᠦᠮᠵᠢᠯᠡᠭᠳᠡᠭᠰᠡᠨ | ᠪᠠᠷᠠᠭᠠᠨ ᠡᠬᠦᠯᠡᠳᠦ ᠠᠭᠤᠢ ᠲᠤᠲᠤᠷ᠎ᠠ ᠠᠴᠠ ᠪᠠᠷᠬᠢᠷᠠᠪᠠ᠃ ᠠᠭᠠᠷᠤ᠄ | ︽ᠲᠡᠶᠢᠮᠦ ᠡ᠂ ᠡᠵᠢ ᠡ᠂ ᠪᠢ ᠬᠦᠦ ᠴᠢᠨᠢ ᠪᠠᠶᠢᠨ᠎ᠠ᠃ ᠪᠢ ᠲᠠᠨ ᠢ ᠠᠪᠤᠷᠠᠬᠤ ᠪᠠᠷ ᠢᠷᠡᠭᠰᠡᠨ︾ ᠭᠡᠬᠦ ᠳᠤ ᠡᠵᠢ | ᠨᠢ᠄ | ︽ᠴᠢ ᠨᠠᠮ᠎ᠠ ᠶᠢ ᠶᠠᠭᠠᠬᠢᠨ ᠠᠪᠤᠷᠠᠬᠤ ᠶᠤᠮ ᠪᠤᠢ︖︾ ᠭᠡᠪᠡ᠃ | ︽ᠨᠠᠳᠠ ᠳᠤ ᠪᠠᠭᠰᠢ ᠶᠢᠨ ᠪᠡᠯᠡᠭᠯᠡᠭᠰᠡᠨ ᠰᠢᠳᠢᠳᠦ ᠰᠦᠭᠡ ᠪᠤᠢ᠃ ᠪᠢ ᠲᠡᠭᠦᠨ ᠢᠶᠠᠷ ᠠᠭᠤᠯᠨ ᠶᠢ ᠴᠠᠪᠴᠢᠨ ᠲᠠᠨ | ᠢ ᠠᠪᠤᠷᠠᠬᠤ ᠳᠤ ᠠᠰᠠᠭᠤᠳᠠᠯ ᠦᠭᠡᠢ᠃︾ | ︽ᠪᠤᠯᠬᠤ ᠦᠭᠡᠢ᠂ ᠬᠦᠦ ᠮᠢᠨᠢ᠃ ᠨᠠᠭᠠᠴᠦ ᠠᠪᠤ ᠴᠢᠨᠢ ᠮᠡᠳᠡᠪᠡᠯ ᠮᠠᠨ ᠢ ᠪᠦᠷ ᠠᠯᠠᠨ᠎ᠠ ᠰᠢᠤ᠃ ᠲᠡᠭᠡᠬᠦ ᠪᠠᠷ | ᠢᠶᠠᠨ ᠴᠢ ᠨᠠᠭᠠᠴᠦ ᠠᠪᠤ ᠪᠠᠨ ᠡᠷᠢᠵᠦ ᠤᠴᠢᠭᠠᠳ ᠡᠵᠢ ᠶᠢ ᠮᠠᠨᠢ ᠦᠷᠦᠰᠢᠶᠡᠨ ᠠᠭᠤᠢ ᠠᠴᠠ ᠭᠠᠷᠭᠠᠵᠤ ᠠᠯᠢ ᠭᠡᠵᠤ | ᠭᠤᠶᠤᠭᠠᠴᠢ᠃︾ | ᠠᠭᠠᠷᠤ ᠨᠠᠭᠠᠴᠦ ᠠᠪᠤ ᠪᠠᠨ ᠪᠤᠳᠤᠮᠠᠭᠴᠠ ᠠᠬᠠᠰᠬᠢᠨ ᠠᠭᠤᠷᠯᠠᠪᠠ᠃ ᠡᠵᠢ ᠶᠢ ᠨᠢ ᠡᠴᠢᠨᠡᠭᠡᠨ ᠵᠢᠯ ᠠᠭᠤᠢ ᠳᠤ | ᠬᠤᠷᠢᠵᠦ ᠲᠠᠮᠤᠯᠠᠨ᠂ ᠡᠴᠢᠭᠡ ᠬᠦᠦ ᠬᠤᠶᠠᠷ ᠢ ᠴᠤ ᠦᠢᠯᠨ ᠵᠤᠪᠠᠯᠠᠩ ᠠᠮᠰᠠᠭᠤᠯᠤᠭᠰᠠᠨ ᠨᠠᠭᠠᠴᠦ ᠠᠪᠤ ᠲᠠᠢ ᠪᠠᠨ | ᠲᠠᠩᠰᠠ ᠴᠠᠶᠢᠷᠠᠭᠤᠯᠬᠤ ᠶᠤᠰᠤᠲᠠᠢ᠃ ᠠᠭᠠᠷᠤ ᠲᠤᠲᠤᠷ᠎ᠠ ᠪᠠᠨ ︽ᠶᠠᠭᠤᠲᠠᠢ ᠴᠤ ᠭᠡᠰᠡᠨ ᠡᠵᠢ ᠶᠢᠨ ᠦᠭᠡ ᠪᠠᠷ | ᠨᠠᠭᠠᠴᠦ ᠠᠪᠤ ᠶᠢ ᠡᠷᠢᠨ ᠤᠴᠢᠵᠦ ᠭᠤᠶᠤᠬᠤ ᠪᠠᠨ ᠭᠤᠶᠤᠶ᠎ᠠ᠂ ᠭᠤᠶᠤᠭᠠᠳ ᠪᠦᠲᠦᠬᠦ ᠦᠭᠡᠢ ᠪᠤᠯ ᠤᠡᠳᠤᠤ ᠠᠷᠭ᠎ᠠ | ᠪᠤᠳᠤᠶ᠎ᠠ︾ ᠭᠡᠵᠤ ᠪᠤᠳᠤᠭᠠᠳ᠄ | ︽ᠲᠡᠭᠡᠶ᠎ᠡ᠂ ᠡᠵᠢ ᠡ᠃ ᠪᠢ ᠨᠠᠭᠠᠴᠦ ᠠᠪᠤ ᠶᠢᠨ ᠲᠡᠡᠳᠡ ᠤᠴᠢᠭᠠᠳ ᠢᠷᠡᠶ᠎ᠡ︾ ᠭᠡᠳ ᠰᠢᠳᠢᠳᠦ ᠰᠦᠭᠡ ᠪᠠᠨ | ᠠᠯᠲᠠᠨ ᠯᠤᠤ ᠬᠤᠪᠢᠯᠭᠠᠨ ᠤᠨᠤᠭᠠᠳ ᠨᠠᠭᠠᠴᠦ ᠠᠪᠤ ᠪᠠᠨ ᠡᠷᠢᠬᠦ ᠪᠠᠷ ᠤᠴᠢᠪᠠ᠃ | ᠠᠭᠠᠷᠤ ᠨᠠᠭᠠᠴᠦ ᠠᠪᠤ ᠲᠠᠢ ᠪᠠᠨ ᠵᠤᠯᠭᠠᠭᠠᠳ᠄ | ︽ᠨᠠᠭᠠᠴᠦ ᠠᠪᠤ ᠡ᠂ ᠲᠠ ᠡᠵᠢ ᠶᠢ ᠮᠢᠨᠢ ᠠᠭᠤᠢ ᠠᠴᠠ ᠭᠠᠷᠭᠠᠵᠤ ᠠᠯᠢ︾ ᠭᠡᠵᠤ ᠭᠡᠴᠢᠨᠡᠭᠡᠨ ᠭᠤᠶᠤᠭᠰᠠᠨ | ᠪᠤᠯᠪᠠᠴᠦ ᠴᠠᠭᠠᠳᠤᠬᠢ ᠨᠢ ᠵᠦᠪᠰᠢᠶᠡᠷᠡᠭᠡ ᠦᠭᠡᠢ᠂ ᠲᠡᠷᠨ ᠮᠦᠷᠲᠡᠭᠡᠨ ᠠᠭᠠᠷᠤ ᠶᠢ ᠠᠯᠠᠬᠤ ᠭᠡᠵᠤ ᠵᠡᠪᠰᠡᠭ ᠳᠠᠯᠠᠶᠢᠨ | ᠢᠷᠡᠪᠡ᠃ | ᠨᠠᠭᠠᠴᠦ ᠠᠪᠤ ᠳᠤ ᠪᠠᠨ ᠭᠤᠮᠤᠳᠠᠨ ᠬᠤᠷᠤᠰᠴᠦ ᠶᠠᠪᠤᠭᠰᠠᠨ ᠠᠭᠠᠷᠤ ᠨᠢᠭᠡᠮᠦᠰᠦᠨ ᠠᠭᠤᠷᠯᠠᠵᠤ ᠨᠢᠳᠦᠨ ᠠᠴᠠ ᠪᠠᠨ | ᠬᠢᠯᠢᠩ ᠤᠨ ᠭᠠᠯ ᠪᠠᠲᠠᠷᠠᠭᠤᠯᠤᠨ ᠰᠢᠳᠢᠳᠦ ᠰᠦᠭᠡ ᠪᠠᠨ ᠳᠠᠯᠠᠶᠢᠨ ᠤᠭᠳᠤᠨ ᠲᠤᠯᠤᠯᠳᠤᠪᠠ᠃ | ᠡᠯ ᠯᠠᠩ ᠲᠡᠭᠷᠢ ᠵᠢᠭᠡ ᠬᠦᠦ ᠶᠢᠨ ᠢᠶᠠᠨ ᠰᠢᠳᠢᠳᠦ ᠰᠦᠭᠡ ᠶᠢᠨ ᠬᠦᠴᠦ ᠶᠢ ᠳᠠᠭᠠᠭᠠᠯ ᠦᠭᠡᠢ ᠬᠤᠶᠠᠷᠬᠠᠨ | ᠵᠦᠷᠢᠮᠡᠭᠴᠡ ᠭᠤᠳ ᠭᠠᠷᠴᠦ ᠲᠤᠲᠠᠭᠠᠪᠠ᠃ ᠠᠭᠠᠷᠤ ᠂ ᠡᠯ ᠯᠠᠩ ᠲᠡᠭᠷᠢ ᠤᠨ ᠬᠤᠶᠢᠨ᠎ᠠ ᠠᠴᠠ ᠳᠠᠷᠤᠨ | ᠨᠡᠭᠡᠮᠵᠢᠯᠡᠵᠦ ᠡᠵᠢ ᠶᠢᠨ ᠢᠶᠠᠨ ᠰᠢᠳᠢᠳᠦ ᠪᠠᠳᠮᠠᠨ ᠳ᠋ᠸᠡᠭ ᠢ ᠪᠤᠯᠢᠶᠠᠨ ᠠᠪᠴᠠᠢ᠃ | ᠠᠭᠠᠷᠤ ᠬᠤᠸᠠᠱᠠᠨ ᠠᠭᠤᠯᠠᠨ ᠳᠤ ᠪᠤᠴᠠᠨ ᠤᠴᠢᠭᠠᠳ ᠰᠢᠳᠢᠳᠦ ᠰᠦᠭᠡ ᠪᠠᠷ ᠢᠶᠠᠨ ᠠᠭᠤᠯᠨ ᠶᠢ ᠳᠡᠯᠪᠡ ᠳᠡᠯᠪᠡ | ᠂ ᠬᠠᠳᠠ ᠶᠢ ᠬᠠᠭ᠎ᠠ ᠬᠠᠭ᠎ᠠ ᠴᠠᠪᠴᠢᠵᠦ ᠡᠵᠢ ᠪᠠᠨ ᠪᠢᠲᠡᠬᠦᠦ ᠠᠭᠤᠢ ᠠᠴᠠ ᠭᠠᠷᠭᠠᠨ ᠠᠪᠤᠪᠠ᠃ ᠡᠵᠢ ᠨᠢ ᠬᠦᠦ | ᠪᠠᠨ ᠦᠵᠡᠮᠡᠭᠴᠡ ᠲᠠᠰᠤ ᠲᠡᠪᠡᠷᠢᠨ ᠠᠪᠴᠦ ᠨᠢᠳᠦᠨ ᠠᠴᠠ ᠪᠠᠨ ᠨᠢᠯᠪᠤᠰᠤ ᠠᠰᠬᠠᠷᠠᠭᠤᠯᠤᠨ᠄ | ︽ᠬᠦᠦ ᠮᠢᠨᠢ᠂ ᠡᠵᠢ ᠨᠢ ᠡᠳᠦᠷ ᠪᠦᠷᠢ ᠴᠢᠮ᠎ᠠ ᠶᠢ ᠬᠦᠯᠢᠶᠡᠳᠡᠭ ᠪᠠᠶᠢᠭᠰᠠᠨ ᠰᠢᠤ᠂ ᠡᠵᠢ ᠪᠠᠨ ᠠᠪᠤᠷᠠᠬᠤ ᠪᠠᠷ | ᠢᠷᠡᠨ᠎ᠡ ᠭᠡᠳᠡᠭ ᠢ ᠴᠢᠨᠢ ᠢᠲᠡᠭᠡᠳᠡᠭ ᠪᠠᠶᠢᠭᠰᠠᠨ ᠁︾ ᠭᠡᠪᠡ᠃ | ᠲᠡᠭᠦᠨ ᠠᠴᠠ ᠰᠡᠬᠦᠯᠡᠷ ᠠᠭᠠᠷᠤ ᠡᠵᠢ ᠠᠪᠤ ᠲᠠᠢ ᠪᠠᠨ ᠭᠤᠷᠪᠠᠭᠤᠯᠨ ᠡᠩᠭᠡ ᠠᠮᠤᠷ ᠵᠢᠷᠭᠠᠨ ᠠᠮᠢᠳᠤᠷᠠᠵᠠᠢ᠃ | | |