ᠰᠢᠨ᠎ᠡ ᠪᠠᠷ ᠨᠠᠶᠢᠷᠠᠭᠤᠯᠤᠭᠰᠠᠨ《 ᠬᠤᠷᠢᠨ ᠳᠦᠷᠪᠡᠨ ᠠᠴᠢᠯᠠᠯ ᠡᠯᠪᠡᠷᠢᠯ ᠤᠨ  ᠦᠯᠢᠭᠡᠷ》 ᠤᠨ ᠠᠷᠪᠠ᠄ ᠦᠪᠡᠷ ᠢ  ᠪᠠᠨ  ᠬᠤᠳᠠᠯᠳᠤᠨ  ᠠᠪᠤ ᠪᠠᠨ ᠣᠷᠤᠰᠢᠭᠤᠯᠪᠡᠢ
ᠨᠡᠶᠢᠲᠡᠯᠡᠭᠰᠡᠨ ᠴᠠᠭ᠄
2024/5/29
    ᠳ᠋ᠦᠡᠭ  ᠶᠦᠩ ᠪᠣᠯ ᠵᠡᠭᠦᠨ ᠬᠠᠨ ᠤᠯᠤᠰ ᠤᠨ ᠦᠶ᠎ᠡ ᠶᠢᠨ  ᠴᠢᠶᠠᠨᠴᠧᠩ  ︵  ᠣᠳᠤ ᠶᠢᠨ   ᠱᠠᠨᠳᠦ᠋ᠩ  ᠮᠤᠵᠢ ᠶᠢᠨ  ᠪᠦᠸᠧᠰᠢᠩ ᠰᠢᠶᠠᠨ︶  ᠤᠨ ᠬᠦᠮᠦᠨ᠂  ᠬᠠᠷᠠᠬᠠᠨ ᠪᠠᠭ᠎ᠠ ᠳᠤ ᠨᠢ ᠡᠵᠢ ᠨᠢ ᠨᠠᠰᠤ ᠪᠠᠷᠠᠭᠰᠠᠨ ᠠᠴᠠ  ᠠᠪᠤ ᠨᠢ ᠲᠡᠭᠦᠨ ᠢ ᠦᠰᠭᠡᠵᠦ᠂  ᠳᠠᠶᠢᠨ ᠤ ᠬᠥᠯ ᠠᠴᠠ ᠵᠠᠶᠢᠯᠠᠬᠤ ᠪᠠᠷ  ᠬᠦᠦ ᠪᠠᠨ ᠠᠪᠴᠣ  ᠬᠤᠪᠸᠢ ᠶᠢᠨ ᠠᠨ ᠯᠦ  ᠳᠤ   ᠨᠡᠭᠦᠵᠡᠢ᠃    ᠠᠪᠤ ᠬᠦᠦ ᠬᠤᠶᠠᠭᠤᠯᠠ ᠪᠠᠨ ᠠᠲᠠᠷ ᠬᠠᠭᠠᠯᠪᠤᠷᠢᠯᠠᠨ ᠲᠠᠷᠢᠶ᠎ᠠ ᠲᠠᠷᠢᠭᠠᠳ  ᠠᠮᠢᠳᠤᠷᠠᠯ᠎ᠠ᠃  ᠬᠤᠵᠢᠮ ᠨᠢ  ᠠᠪᠤ  ᠨᠢ ᠨᠠᠰᠤ ᠠᠭᠰᠢᠷᠠᠨ ᠡᠪᠡᠳᠴᠢᠨ ᠳᠤ ᠳᠠᠷᠤᠯᠠᠭᠳᠠᠵᠤ ᠠᠯᠬᠤᠵᠤ ᠳᠡᠶᠢᠯᠬᠦ ᠪᠠᠨ ᠪᠤᠯᠢᠭᠰᠠᠨ ᠳᠤ ᠳ᠋ᠦᠡᠭ  ᠶᠦᠩ  ᠠᠪᠤ ᠪᠠᠨ ᠪᠤᠭᠤ  ᠬᠦᠯᠦᠭᠰᠡᠨ ᠲᠡᠷᠭᠡᠨ ᠳᠤ   ᠰᠠᠭᠤᠯᠭᠠᠨ  ᠭᠠᠳᠠᠭᠰᠢ ᠶᠠᠪᠤᠵᠤ ᠡᠮᠴᠢ ᠲᠤᠮᠴᠢ ᠡᠷᠢᠨ ᠡᠪᠡᠳᠴᠢᠨ ᠢ  ᠨᠢ ᠦᠵᠡᠭᠦᠯᠵᠡᠢ᠃ ᠡᠭᠦᠨ  ᠳᠤ ᠬᠠᠷᠠᠭᠰᠠᠨ  ᠬᠦᠮᠦᠨ ᠪᠤᠯᠭᠠᠨ 《 ᠡᠨᠡ ᠴᠢᠨᠢ  ᠪᠤᠭᠤ ᠬᠦᠯᠦᠭᠰᠡᠨ ᠲᠡᠷᠭᠡ ᠪᠠᠷ ᠠᠪᠤ ᠪᠠᠨ ᠲᠡᠭᠡᠭᠡᠭᠰᠡᠨ ᠳ᠋ᠦᠡᠭ  ᠶᠦᠩ ᠪᠠᠶᠢᠨ᠎ᠠ ᠰᠢᠳᠡ᠂   ᠠᠪᠤ ᠨᠢ  ᠦᠨᠡᠬᠡᠷ ᠠᠵᠠ ᠪᠤᠶᠠᠨ ᠲᠠᠢ》 ᠭᠡᠵᠦ ᠮᠠᠭᠲᠠᠵᠠᠭᠠᠨ᠎ᠠ᠃ᠳ᠋ᠦᠡᠭ  ᠶᠦᠩ ᠠᠪᠤ ᠶᠢᠨ ᠢᠶᠠᠨ ᠡᠪᠡᠳᠴᠢᠨ ᠢ ᠦᠵᠡᠭᠦᠯᠬᠦ ᠭᠡᠳ ᠪᠠᠶᠢᠳᠠᠭ ᠬᠦᠷᠦᠩᠭᠡ ᠪᠠᠨ ᠬᠦᠨᠲᠦᠷᠦᠭᠰᠡᠨ ᠲᠤᠯᠠ  ᠲᠡᠭᠦᠨ ᠳᠤ  ᠦᠬᠢᠨ ᠢᠶᠠᠨ ᠪᠤᠭᠲᠤᠯᠠᠬᠤ ᠬᠦᠮᠦᠨ ᠪᠠᠶᠢᠬᠤ ᠦᠬᠡᠢ ᠂ ᠲᠡᠷᠡ ᠭᠤᠴᠢ ᠬᠦᠷᠦᠭᠰᠡᠨ ᠴᠦ ᠭᠤᠩ ᠪᠡᠶ᠎ᠡ ᠭᠤᠵᠤᠩ ᠲᠤᠯᠤᠭᠠᠢ ᠪᠠᠶᠢᠯ᠎ᠠ᠃   ᠬᠡᠳᠦᠶᠢᠪᠡᠷ ᠬᠦᠦ ᠨᠢ ᠠᠴᠢᠯᠠᠯᠲᠠᠢ ᠴᠦ  ᠡᠩ ᠶᠢᠷᠲᠢᠨᠴᠦ ᠶᠢᠨ ᠵᠠᠩ ᠵᠢᠷᠤᠮ  ᠢ ᠬᠡᠨ ᠵᠦᠷᠢᠴᠡᠵᠦ ᠳᠡᠶᠢᠯᠬᠦ ᠠᠵᠢ ᠂ ᠳ᠋ᠦᠡᠭ  ᠶᠦᠩ ᠤᠨ ᠠᠪᠤ ᠨᠢ ᠡᠴᠦᠰ ᠲᠤ ᠪᠠᠨ ᠬᠠᠰᠢ ᠯᠡ ᠪᠤᠷᠬᠠᠨ ᠪᠣᠯᠴᠢᠬᠠᠯ᠎ᠠ᠃ ᠳ᠋ᠦᠡᠭ  ᠶᠦᠩ  ᠪᠡᠶ᠎ᠡ  ᠳᠤ ᠪᠠᠨ ᠰᠤᠬᠤᠷ ᠵᠣᠭᠤᠰ ᠴᠦ  ᠦᠬᠡᠢ ᠲᠤᠯᠠ  ᠪᠤᠯᠤᠮᠠᠷ ᠠᠪᠰᠠ ᠠᠪᠬᠤ ᠵᠤᠭᠤᠰ ᠭᠡᠵᠦ ᠦᠬᠡᠢ᠂  ᠮᠤᠬᠤᠷᠳᠠᠬᠤ ᠶᠢᠨ ᠲᠤᠶᠢᠯ ᠳᠤ ᠲᠤᠯᠬᠤ ᠳᠤ ᠪᠠᠨ ᠲᠡᠷᠡ ᠲᠤᠰ ᠭᠠᠵᠠᠷ ᠤᠨ ᠪᠠᠶᠠᠨ  ᠡᠷᠦᠬᠡ ᠶᠢ  ᠡᠷᠢᠨ ᠣᠴᠢᠵᠤ᠂  ᠲᠤᠷᠠᠲᠠᠶ᠎ᠠ  ᠦᠪᠡᠷ ᠢ ᠪᠠᠨ ᠬᠤᠳᠠᠯᠳᠤᠨ ᠪᠤᠭᠤᠯ ᠨᠢ  ᠪᠣᠯᠵᠤ᠂ ᠣᠯᠣᠭᠰᠠᠨ ᠵᠤᠭᠤᠰ ᠢᠶᠠᠷ ᠢᠶᠠᠨ ᠠᠪᠤ ᠪᠠᠨ ᠣᠷᠤᠰᠢᠭᠤᠯᠬᠤ ᠪᠠᠷ ᠭᠤᠶᠤᠴᠢᠯᠠᠪᠠ᠃   ᠲᠡᠷᠡ ᠭᠡᠷ ᠤᠨ ᠡᠵᠡᠨ  ᠲᠡᠭᠦᠨ ᠢ ᠥᠷᠦ ᠡᠪᠡᠳᠦᠨ ᠬᠦᠭᠡᠷᠦᠬᠦᠶᠢᠯᠡᠵᠦ ᠂  ᠠᠴᠢᠯᠠᠯᠲᠤ ᠬᠦᠪᠡᠭᠦᠨ ᠭᠡᠮᠡᠨ ᠪᠤᠳᠤᠭᠠᠳ᠂ ᠲᠡᠭᠦᠨ ᠳᠤ ᠲᠦᠮᠡᠨ ᠵᠤᠭᠤᠰ     ᠬᠠᠶᠢᠷᠠᠯᠠᠭᠰᠠᠨ ᠴᠦ ᠲᠡᠭᠦᠨ ᠢ ᠪᠤᠭᠤᠯ ᠪᠣᠯᠭᠠᠬᠤ ᠭᠡᠰᠡᠨ ᠦᠬᠡᠢ᠃ ᠳ᠋ᠦᠡᠭ  ᠶᠦᠩ  ᠭᠡᠷ ᠤᠨ ᠡᠵᠡᠨ ᠳᠤ ᠮᠠᠰᠢᠳᠠ ᠲᠠᠯᠠᠷᠬᠠᠵᠤ᠂   ᠠᠪᠤ ᠳᠤ ᠪᠠᠨ ᠭᠤᠷᠪᠠᠨ ᠵᠢᠯ ᠪᠡᠯᠪᠡᠰᠦᠷᠡᠵᠦ ᠭᠦᠢᠴᠡᠭᠰᠡᠨ ᠤ ᠪᠠᠨ ᠳᠠᠷᠠᠭ᠎ᠠ  ᠠᠳᠡ ᠢᠷᠡᠵᠦ ᠲᠡᠭᠦᠨ ᠤ ᠪᠤᠭᠤᠯ ᠪᠤᠯᠬᠤ ᠪᠠᠨ ᠢᠯᠡᠷᠬᠡᠶᠢᠯᠡᠪᠡ᠃   ᠭᠤᠷᠪᠠᠨ ᠵᠢᠯ ᠤᠨ ᠳᠠᠷᠠᠭ᠎ᠠ᠂ ᠳ᠋ᠦᠡᠭ  ᠶᠦᠩ   ᠡᠵᠡᠨ ᠤ ᠬᠢᠨ ᠳᠤ ᠣᠴᠢᠬᠤ ᠪᠠᠷ ᠶᠠᠪᠤᠬᠤ ᠵᠠᠮ ᠳᠤ ᠪᠠᠨ  ᠨᠢᠭᠡᠨ ᠲᠤᠮᠤ  ᠬᠤᠩᠭᠤᠷᠴᠤᠭᠲᠤ ᠮᠤᠳᠤᠨ ᠤ ᠳᠤᠤᠷ᠎ᠠ ᠤᠬᠢᠯᠠᠨ ᠰᠠᠭᠤᠭ᠎ᠠ ᠦᠬᠢᠨ ᠲᠠᠢ ᠲᠠᠭᠠᠷᠠᠯᠳᠤᠪᠠ᠃ ᠲᠡᠷᠡ  ᠳᠡᠷᠭᠡᠳᠡ ᠨᠢ ᠣᠴᠢᠭᠠᠳ  ᠤᠴᠢᠷ  ᠰᠢᠯᠲᠠᠭᠠᠨ  ᠢ ᠨᠢ ᠠᠰᠠᠭᠤᠭᠰᠠᠨ ᠴᠢᠨᠢ᠂  ᠦᠬᠢᠨ ᠦᠪᠡᠷ ᠢ ᠪᠠᠨ ᠣᠷᠤᠬᠤ ᠭᠡᠷ ᠤᠭᠤᠴᠢᠬᠤ ᠠᠶᠠᠭ᠎ᠠ ᠦᠭᠡᠢ ᠦᠨᠦᠴᠢᠨ ᠦᠬᠢᠨ ᠭᠡᠵᠦ  ᠭᠡᠯᠡᠭᠡᠳ  ᠠᠴᠢᠯᠠᠯᠲᠤ ᠬᠦᠪᠡᠭᠦᠨ ᠳ᠋ᠦᠡᠭ  ᠶᠦᠩ   ᠲᠠᠢ ᠬᠤᠷᠢᠮᠯᠠᠬᠤ ᠰᠠᠨᠠᠭᠠᠲᠠᠢ ᠪᠠᠶᠢᠭ᠎ᠠ ᠪᠠᠨ ᠴᠤᠬᠤᠶᠢᠯᠭᠠᠯ᠎ᠠ᠃ ᠲᠡᠭᠡᠭᠡᠳ  ᠬᠤᠶᠠᠭᠤᠯᠠ ᠪᠠᠨ ᠬᠤᠷᠢᠮᠯᠠᠨ ᠡᠷ᠎ᠡ ᠡᠮ᠎ᠡ ᠪᠣᠯᠵᠤ᠂ ᠳ᠋ᠦᠡᠭ  ᠶᠦᠩ ᠤᠨ ᠰᠠᠨᠠᠭ᠎ᠠ ᠰᠡᠳᠭᠢᠯ  ᠴᠦ ᠲᠠᠶᠢᠪᠤᠰᠢᠷᠠᠵᠤ  ᠢᠷᠡᠯ᠎ᠠ᠃ ᠦᠬᠢᠨ ᠬᠠᠷᠢᠨ ᠪᠥᠰ ᠨᠡᠬᠡᠬᠦ ᠳᠤ ᠪᠠᠨ ᠭᠠᠷᠮᠠᠭᠠᠢ ᠪᠠᠶᠢᠵᠤ᠂  ᠡᠷ᠎ᠡ ᠪᠠᠨ ᠪᠤᠭᠤᠯ ᠪᠤᠯᠭᠠᠬᠤ ᠦᠭᠡᠢ ᠶᠢᠨ ᠲᠦᠯᠦᠭᠡ ᠨᠢᠭᠡ ᠯᠡ ᠰᠠᠷ᠎ᠠ ᠶᠢᠨ ᠲᠤᠳᠣᠷ᠎ᠠ  ᠭᠤᠷᠪᠠᠨ ᠵᠠᠭᠤᠨ  ᠪᠤᠭᠤᠯᠲᠠ ᠬᠡᠮᠡᠷᠯᠢᠭ ᠨᠡᠭᠡᠴᠢᠬᠡᠯ᠎ᠡ᠃ ᠡᠨᠡ ᠨᠢ ᠳ᠋ᠦᠡᠭ  ᠶᠦᠩ  ᠢ ᠰᠤᠯᠠᠯᠠᠵᠤ ᠭᠠᠷᠭᠠᠬᠤ ᠳᠤ ᠭᠦᠢᠴᠡᠬᠦ ᠯᠡ ᠬᠡᠷᠡᠭ᠃   ᠡᠷ᠎ᠡ ᠡᠮ᠎ᠡ  ᠬᠤᠶᠠᠭᠤᠯᠠ ᠪᠠᠨ  ᠪᠠᠶᠠᠷ ᠬᠦᠷ ᠲᠠᠢ ᠪᠠᠷ  ᠭᠡᠷ ᠲᠤ ᠬᠠᠷᠢᠬᠤ ᠵᠠᠮ ᠳᠤ  ᠲᠡᠷᠡ ᠬᠦ ᠲᠤᠮᠤ  ᠬᠤᠩᠭᠤᠷᠴᠤᠭᠲᠤ ᠮᠤᠳᠤᠨ ᠤ ᠬᠠᠵᠠᠭᠤ ᠪᠠᠷ ᠦᠩᠭᠡᠷᠡᠬᠦ ᠦᠶᠡᠰ ᠦᠬᠢᠨ᠄《 ᠪᠢ ᠪᠣᠯ   ᠲᠡᠭᠷᠢ ᠶᠢᠨ   ᠬᠠᠭᠠᠨ ᠤ ᠦᠬᠢᠨ ᠶᠤᠮᠰᠠᠨ᠂ ᠲᠡᠭᠷᠢ ᠶᠢᠨ   ᠬᠠᠭᠠᠨ  ᠲᠠᠨ ᠤ  ᠠᠴᠢᠯᠠᠯᠲᠤ ᠦᠢᠯᠡ  ᠶᠢ ᠲᠠᠭᠠᠰᠢᠶᠠᠵᠤ᠂ ᠨᠠᠮ᠎ᠠ ᠶᠢ  ᠳᠣᠣᠷ᠎ᠠ ᠶᠢᠷᠲᠢᠨᠴᠦ ᠳᠤ ᠪᠠᠭᠤᠯᠭᠠᠨ ᠲᠠᠨ  ᠳᠤ ᠲᠤᠰᠠᠯᠠᠭᠤᠯᠵᠠᠢ᠃ ᠡᠳᠦᠭᠡ ᠡᠭᠦᠷᠭᠡ ᠪᠠᠨ  ᠭᠦᠢᠴᠡᠳᠭᠡᠭᠰᠡᠨ ᠲᠤᠯᠠ  ᠲᠡᠭᠷᠢ  ᠳᠤ ᠪᠠᠨ ᠪᠤᠴᠠᠬᠤ ᠪᠣᠯᠣᠯ᠎ᠠ》 ᠭᠡᠵᠦ ᠦᠨᠡᠨ ᠦᠭᠡ ᠪᠠᠨ ᠦᠴᠢᠯ᠎ᠡ᠃  ᠦᠬᠢᠨ ᠡᠭᠦᠨ ᠢ ᠬᠡᠯᠡᠵᠦ ᠪᠠᠷᠠᠮᠠᠭᠴᠠ ᠪᠠᠨ ᠬᠤᠩᠭᠤᠷᠴᠤᠭᠲᠤ ᠮᠤᠳᠤᠨ ᠤ ᠳᠣᠣᠷ᠎ᠠ ᠪᠠᠷ᠎ᠠ ᠲᠠᠰᠤ ᠠᠷᠢᠯᠵᠤ  ᠣᠳᠤᠯ᠎ᠠ᠃  ᠡᠭᠦᠨ ᠠᠴᠠ ᠬᠤᠶᠢᠰᠢ ᠡᠨᠡ ᠭᠠᠵᠠᠷ ᠢ 《 ᠰᠢᠶᠤᠤ ᠭᠠᠨ ︵ᠠᠴᠢᠯᠠᠯ  ᠢᠶᠠᠷ  ᠤᠶᠠᠷᠠᠭᠤᠯᠬᠤᠢ︶》 ︵《孝感》︶ ᠭᠡᠮᠡᠨ ᠨᠡᠷᠡᠶᠢᠳᠴᠦ᠂  ᠡᠳᠦᠭᠡ ᠳᠤ ᠲᠤᠯᠲᠠᠯ᠎ᠠ ᠡᠨᠡ ᠨᠡᠷ᠎ᠡ ᠶᠢ ᠬᠡᠷᠡᠭᠯᠡᠭᠰᠡᠭᠡᠷ ᠢᠷᠡᠵᠡᠢ᠃ᠡᠨᠡ ᠦᠯᠢᠭᠡᠷ ᠠᠷᠠᠳ ᠤᠨ ᠳᠤᠮᠳᠠ ᠠᠮᠠ ᠳᠠᠮᠵᠢᠨ ᠤᠯᠠᠮᠵᠢᠯᠠᠭᠳᠠᠨ ᠳᠡᠯᠭᠡᠷᠡᠵᠦ᠂   ᠤᠯᠠᠷᠢᠨ ᠬᠤᠪᠢᠰᠤᠭᠰᠠᠭᠠᠷ᠂ ᠤᠳᠬ᠎ᠠ ᠠᠭᠤᠯᠭ᠎ᠠ ᠨᠢ ᠠᠴᠢᠯᠠᠯ ᠡᠯᠪᠡᠷᠢᠯ ᠠᠴᠠ ᠪᠠᠨ ᠬᠤᠪᠢᠷᠠᠭᠠᠳ ᠢᠨᠠᠭ ᠳᠤᠷᠠᠯᠠᠯ ᠲᠡᠶᠢᠰᠢ ᠰᠢᠯᠵᠢᠨ᠂  ᠬᠤᠸᠠᠩ ᠮᠸᠢ ᠰᠢ ᠵᠦᠴᠦᠭᠡ 《 ᠲᠡᠭᠷᠢ ᠶᠢᠨ ᠳᠠᠬᠢᠨᠢ ᠶᠢᠨ ᠪᠠᠷᠢᠯᠳᠤᠯᠭ᠎ᠠ》 ᠪᠤᠯᠤᠨ ᠬᠤᠪᠢᠷᠠᠵᠤ᠂  ᠦᠯᠢᠭᠡᠷ ᠲᠤ  ᠬᠢ ᠦᠬᠢᠨ ᠴᠦ 《 ᠳᠤᠯᠤᠳᠤᠭᠠᠷ ᠳᠠᠬᠢᠨᠢ》 ᠭᠡᠮᠡᠨ ᠨᠡᠷᠡᠯᠡᠭᠳᠡᠵᠡᠢ᠃《ᠳ᠋ᠦᠡᠭ  ᠶᠦᠩ ᠪᠣᠯᠣᠨ ᠳᠤᠯᠤᠳᠤᠭᠠᠷ ᠳᠠᠬᠢᠨᠢ 》 ᠶᠢᠨ ᠦᠯᠢᠭᠡᠷ  ᠠᠷᠠᠳ ᠤᠨ ᠳᠤᠮᠳᠠ ᠦᠷᠭᠡᠨ ᠳᠡᠯᠭᠡᠷᠡᠵᠦ᠂ ᠳᠠᠶᠠᠩ ᠳᠡᠯᠡᠬᠡᠢ ᠳᠤ ᠲᠠᠷᠬᠠᠨ ᠲᠦᠭᠡᠵᠦ᠂  ᠮᠧᠩ ᠵᠢᠶᠠᠩ ᠨᠢᠦᠢ ᠤᠷᠲᠤ ᠴᠠᠭᠠᠨ ᠬᠡᠷᠡᠮ ᠳᠤᠷ ᠤᠬᠢᠯᠠᠭᠰᠠᠨ᠂  ᠦᠬᠡᠷᠴᠢᠨ ᠬᠦᠦ ᠨᠡᠬᠡᠮᠡᠯᠴᠢᠨ ᠦᠬᠢᠨ᠂  ᠯᠢᠶᠠᠩ ᠱᠠᠨ ᠪᠦᠸᠧ ᠬᠢᠭᠡᠳ ᠵᠦ  ᠶᠢᠩ ᠲᠠᠢ ᠵᠡᠷᠭᠡ ᠦᠯᠢᠭᠡᠷ ᠲᠠᠢ ᠬᠠᠮᠲᠤ ᠪᠠᠷ ᠳᠤᠮᠳᠠᠳᠤ ᠤᠯᠤᠰ ᠤᠨ  ᠠᠷᠠᠳ ᠤᠨ ᠳᠤᠮᠳᠠᠬᠢ ᠳᠦᠷᠪᠡᠨ ᠶᠡᠭᠡ ᠢᠨᠠᠭ ᠳᠤᠷᠠᠯᠠᠯ ᠤᠨ ᠦᠯᠢᠭᠡᠷ ᠭᠡᠮᠡᠨ  ᠠᠯᠳᠠᠷᠰᠢᠭᠰᠠᠨ ᠶᠤᠮ᠃  ᠡᠨᠡ ᠦᠯᠢᠭᠡᠷ ᠨᠢ ᠬᠠᠷᠢᠨ  ᠠᠴᠢᠯᠠᠯᠲᠤ ᠬᠦᠪᠡᠭᠦᠨ ᠳ᠋ᠦᠡᠭ  ᠶᠦᠩ ᠤᠨ ᠦᠪᠡᠷ ᠢ ᠪᠠᠨ ᠬᠤᠳᠠᠯᠳᠤᠨ ᠠᠪᠤ ᠪᠠᠨ ᠤᠷᠤᠰᠢᠭᠤᠯᠤᠭᠰᠠᠨ ᠦᠯᠢᠭᠡᠷ ᠠᠴᠠ   ᠡᠭᠦᠰᠦᠯ ᠲᠠᠢ ᠰᠢᠦ ᠳ᠋ᠠ᠃
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号