ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠦᠬᠡᠷ᠎ᠤᠨ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ ᠵᠢᠨ ᠵᠢᠷᠤᠮ
ᠨᠡᠶ᠋ᠢᠲᠡᠯᠡᠭᠰᠡᠨ ᠴᠠᠭ᠄ 2020-04-18

      ᠦᠬᠡᠷ᠎ᠤᠨ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ ᠵᠢᠨ ᠵᠢᠷᠤᠮ
                    农医发 [2010] 27号
     1. ᠬᠡᠷᠡᠭᠯᠡᠬᠦ ᠬᠦᠷᠢᠶ᠎ᠡ ᠬᠡᠪᠴᠢᠶ᠎ᠡ᠂ ᠡᠨᠡ ᠵᠢᠷᠤᠮ᠎ᠳᠤ ᠦᠬᠡᠷ᠎ᠢ ᠨᠢᠲᠤᠯᠭ᠋ᠠᠨ᠎ᠤ ᠲᠠᠯᠠᠪᠤᠷ (ᠦᠢ᠍ᠯᠡᠳᠪᠦᠷᠢ᠂ ᠴᠢᠭ)᠎ᠲᠤ ᠣᠷᠣᠭᠤᠯᠬᠤ ᠵᠢ ᠬᠢᠨᠠᠵᠤ ᠰᠢᠯᠭ᠋ᠠᠬᠤ᠂ ᠨᠢᠲᠤᠯᠭ᠋ᠠᠨ᠎ᠤ ᠡᠮᠦᠨᠡᠬᠢ ᠦᠵᠡᠯᠭᠡ᠂ ᠬᠠᠮᠲᠤ᠎ᠳᠤ᠎ᠨᠢ ᠬᠢᠵᠢᠭ ᠪᠠᠶ᠋ᠢᠴᠠᠭ᠋ᠠᠯᠲᠠ᠂ ᠬᠢᠵᠢᠭ ᠪᠠᠶ᠋ᠢᠴᠠᠭ᠋ᠠᠯᠲᠠ ᠵᠢᠨ ᠦᠷ᠎ᠡ ᠳ᠋ᠦᠩ᠎ᠤᠨ ᠰᠢᠢ᠍ᠳᠪᠦᠷᠢᠯᠡᠯᠲᠡ ᠪᠣᠯᠣᠨ ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ ᠵᠡᠷᠭᠡ ᠦᠢ᠍ᠯᠡ ᠠᠵᠢᠯᠯᠠᠭ᠋ᠠᠨ᠎ᠤ ᠵᠢᠷᠤᠮ᠎ᠢ ᠲᠣᠭᠲᠠᠭ᠋ᠠᠪᠠ᠃ ᠡᠨᠡ ᠵᠢᠷᠤᠮ᠎ᠢ ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠢᠵᠠᠭ᠋ᠠᠷ᠎ᠲᠤ ᠪᠠᠶ᠋ᠢᠬᠤ ᠦᠬᠡᠷ᠎ᠤᠨ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ᠎ᠳᠤ ᠬᠡᠷᠡᠭᠯᠡᠨ᠎ᠡ᠃
     2. ᠬᠢᠵᠢᠭ ᠪᠠᠶ᠋ᠢᠴᠠᠭ᠋ᠠᠯᠲᠠ ᠵᠢᠨ ᠣᠸᠶᠧᠺᠲ ᠬᠥᠯ ᠠᠮᠠᠨ᠎ᠤ ᠡᠪᠡᠳᠴᠢᠨ᠂ ᠦᠬᠡᠷ᠎ᠤᠨ ᠬᠠᠯᠳᠠᠪᠤᠷᠢᠲᠤ ᠴᠡᠭᠡᠵᠢᠨ᠎ᠤ ᠭᠢᠯᠲᠠᠩ ᠠᠭᠤᠰᠬᠢ ᠵᠢᠨ ᠦᠷᠪᠢᠰᠦᠯ᠂ ᠦᠬᠡᠷ᠎ᠤᠨ ᠲᠠᠷᠢᠬᠢᠨ᠎ᠤ ᠬᠥᠭᠡᠰᠦᠨᠴᠡᠷ ᠡᠪᠡᠳᠴᠢᠨ᠂ ᠪᠷᠤᠼᠧᠯᠯᠶᠣᠽ᠂ ᠦᠬᠡᠷ᠎ᠤᠨ ᠰᠦᠷᠢᠶ᠎ᠡ᠂ ᠬᠠᠷᠠᠤ᠂ ᠦᠬᠡᠷ᠎ᠤᠨ ᠦᠷᠪᠢᠰᠦᠯ᠎ᠤᠨ ᠴᠢᠨᠠᠷ᠎ᠲᠠᠢ ᠬᠠᠮᠠᠷ ᠬᠤᠭᠤᠯᠠᠢ ᠵᠢᠨ ᠦᠷᠪᠢᠰᠦᠯ᠂ ᠶᠠᠫᠤᠨ᠎ᠤ ᠴᠢᠰᠤ ᠰᠣᠷᠣᠭᠴᠢ ᠵᠢᠨ ᠬᠤᠮᠬᠠᠭ᠎ᠠ᠃
     3. ᠬᠢᠵᠢᠭ ᠪᠠᠶ᠋ᠢᠴᠠᠭ᠋ᠠᠯᠲᠠ ᠵᠢᠨ ᠬᠢᠷᠢ᠎ᠳᠤ ᠬᠦᠷᠬᠦ ᠪᠠᠷᠢᠮᠵᠢᠶ᠎ᠠ
     3.1 ᠲᠠᠯᠠᠪᠤᠷ (ᠦᠢ᠍ᠯᠡᠳᠪᠦᠷᠢ᠂ ᠴᠢᠭ)᠎ᠲᠤ ᠣᠷᠣᠭᠤᠯᠬᠤ ᠦᠶ᠎ᠡ᠎ᠳᠤ ᠬᠦᠴᠦᠨ ᠪᠦᠬᠦᠢ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ᠎ᠳᠤ ᠬᠢᠷᠢ᠎ᠳᠤ ᠨᠡᠶ᠋ᠢᠴᠡᠭᠰᠡᠨ ᠦᠨᠡᠮᠯᠡᠬᠦ》 ᠵᠢ ᠪᠦᠷᠢᠳᠦᠭᠦᠯᠦᠭᠰᠡᠨ ᠪᠠᠶ᠋ᠢᠬᠤ ᠬᠡᠷᠡᠭᠲᠡᠢ᠃ ᠮᠠᠯ ᠰᠢᠪᠠᠭᠤᠨ᠎ᠤ ᠱᠣᠰᠢᠭ᠎ᠠ᠎ᠨᠢ ᠤᠯᠤᠰ᠎ᠤᠨ ᠳᠦᠷᠢᠮ ᠲᠣᠭᠲᠠᠭ᠋ᠠᠯ᠎ᠤᠨ ᠳᠠᠭ᠋ᠠᠤ ᠪᠠᠶ᠋ᠢᠬᠤ ᠬᠡᠷᠡᠭᠲᠡᠢ᠃
     3.2 ᠵᠢᠷᠤᠮᠵᠢᠯ ᠦᠭᠡᠢ ᠬᠠᠯᠳᠠᠪᠤᠷᠢᠲᠤ ᠡᠪᠡᠳᠴᠢᠨ ᠪᠣᠯᠣᠨ ᠰᠢᠮᠡᠭᠴᠢ ᠬᠤᠷᠣᠬᠠᠢ ᠵᠢᠨ ᠡᠪᠡᠳᠴᠢᠨ᠃
     3.3 ᠬᠢᠵᠢᠭ ᠲᠠᠬᠤᠯ᠎ᠢ ᠯᠠᠪᠤᠷᠠᠲ᠋ᠣᠷᠢ᠎ᠳᠤ ᠬᠢᠭᠰᠡᠨ ᠰᠢᠨᠵᠢᠯᠡᠭᠡᠨ᠎ᠤ ᠳ᠋ᠦᠩ᠎ᠢ ᠬᠦᠯᠢᠶᠡᠨ ᠵᠥᠪᠰᠢᠶᠡᠷᠡᠨ᠎ᠡ᠃
     3.4 ᠲᠤᠰ ᠵᠢᠷᠤᠮ᠎ᠳᠤ ᠲᠣᠭᠲᠠᠭ᠋ᠠᠭᠰᠠᠨ ᠬᠢᠵᠢᠭ ᠪᠠᠶ᠋ᠢᠴᠠᠭ᠋ᠠᠯᠲᠠ ᠵᠢᠨ ᠠᠯᠬᠤᠮ ᠳᠠᠷᠠᠭ᠎ᠠ᠎ᠪᠠᠷ ᠭᠦᠢ᠍ᠴᠡᠳᠬᠡᠪᠡᠯ ᠬᠢᠵᠢᠭ ᠪᠠᠶ᠋ᠢᠴᠠᠭ᠋ᠠᠯᠲᠠ ᠵᠢᠨ ᠦᠷ᠎ᠡ ᠳ᠋ᠦᠩ᠎ᠨᠢ ᠲᠣᠭᠲᠠᠭ᠋ᠠᠯ᠎ᠳᠤ ᠨᠡᠶ᠋ᠢᠴᠡᠨ᠎ᠡ᠃

     4. ᠲᠠᠯᠠᠪᠤᠷ (ᠦᠢ᠍ᠯᠡᠳᠪᠦᠷᠢ᠂ ᠴᠢᠭ)᠎ᠲᠤ ᠣᠷᠣᠭᠤᠯᠬᠤ ᠰᠢᠯᠭ᠋ᠠᠨ ᠪᠠᠶ᠋ᠢᠴᠠᠭ᠋ᠠᠯᠲᠠ ᠵᠢ ᠬᠢᠨᠠᠬᠤ
     4.1 ᠲᠠᠯᠠᠪᠤᠷ (ᠦᠢ᠍ᠯᠡᠳᠪᠦᠷᠢ᠂ ᠴᠢᠭ)᠎ᠲᠤ ᠨᠡᠪᠲᠡᠷᠡᠭᠦᠯᠬᠦ ᠠᠮᠢᠲᠠᠨ᠎ᠤ ᠭᠡᠷᠡᠴᠢ ᠲᠡᠮᠳᠡᠭ᠂ ᠡᠳ᠋ ᠵᠦᠢ᠍ᠯ᠂ ᠦᠬᠡᠷ᠎ᠤᠨ 《ᠠᠮᠢᠲᠠᠨ᠎ᠤ ᠬᠢᠵᠢᠭ ᠪᠠᠶ᠋ᠢᠴᠠᠭ᠋ᠠᠯᠲᠠ ᠵᠢᠨ ᠬᠢᠷᠢ᠎ᠳᠤ ᠨᠡᠶ᠋ᠢᠴᠡᠭᠰᠡᠨ ᠦᠨᠡᠮᠯᠡᠬᠦ》 ᠪᠣᠯᠣᠨ ᠵᠡᠭᠦᠭᠰᠡᠨ ᠱᠣᠰᠢᠭ᠎ᠠ ᠲᠡᠮᠳᠡᠭ᠎ᠢ ᠰᠢᠯᠭ᠋ᠠᠨ᠎ᠠ᠃
     4.2 ᠦᠬᠡᠷ᠎ᠤᠨ ᠵᠠᠮ ᠲᠡᠭᠡᠭᠡᠪᠦᠷᠢᠯᠡᠯᠲᠡ ᠵᠢᠨ ᠳᠤᠮᠳᠠᠬᠢ ᠪᠠᠶ᠋ᠢᠳᠠᠯ᠎ᠢ ᠠᠰᠠᠭᠤᠵᠤ ᠯᠠᠪᠯᠠᠨ᠎ᠠ᠃
     4.3 ᠺᠯᠢᠨᠢᠺ᠎ᠤᠨ ᠦᠵᠡᠯᠭᠡ᠎ᠪᠠᠷ ᠦᠬᠡᠷ᠎ᠤᠨ ᠰᠦᠷᠦᠭ᠎ᠤᠨ ᠴᠤᠭ ᠵᠣᠯᠪᠣᠭ᠎ᠠ᠂ ᠭᠠᠳᠠᠷ ᠪᠠᠶ᠋ᠢᠳᠠᠯ᠂ ᠠᠮᠢᠰᠬᠤᠯ ᠪᠣᠯᠣᠨ ᠢᠯᠭ᠋ᠠᠳᠠᠰᠤ ᠵᠡᠷᠭᠡ ᠪᠠᠶ᠋ᠢᠳᠠᠯ᠎ᠢ ᠰᠢᠯᠭ᠋ᠠᠨ᠎ᠠ᠃
     4.4 ᠦᠷ᠎ᠡ ᠳ᠋ᠦᠩ᠎ᠢ ᠰᠢᠢ᠍ᠳᠬᠦ
     4.4.1 ᠬᠦᠴᠦᠨ ᠲᠡᠭᠦᠯᠳᠡᠷ ᠪᠦᠬᠦᠢ 《ᠠᠮᠢᠲᠠᠨ᠎ᠤ ᠬᠢᠵᠢᠭ᠎ᠤᠨ ᠪᠠᠶ᠋ᠢᠴᠠᠭ᠋ᠠᠯᠲᠠ ᠵᠢᠨ ᠬᠢᠷᠢ᠎ᠳᠤ ᠨᠡᠶ᠋ᠢᠴᠡᠭᠰᠡᠨ ᠦᠨᠡᠮᠯᠡᠬᠦ》᠂ ᠭᠡᠷᠡᠴᠢ ᠪᠠᠷᠢᠮᠲᠠ ᠡᠳ᠋ ᠵᠦᠢ᠍ᠯ᠎ᠨᠢ ᠬᠤᠭᠤᠷᠣᠨᠳᠤ᠎ᠪᠠᠨ ᠠᠪᠴᠠᠯᠳᠤᠭᠰᠠᠨ᠂ ᠮᠠᠯ ᠰᠢᠪᠠᠭᠤᠨ᠎ᠤ ᠱᠣᠰᠢᠭ᠎ᠠ᠎ᠨᠢ ᠱᠠᠭ᠋ᠠᠷᠳᠠᠯᠭ᠎ᠠ᠎ᠳᠤ ᠨᠡᠶ᠋ᠢᠴᠡᠭᠰᠡᠨ᠂ ᠺᠯᠢᠨᠢᠺ᠎ᠤᠨ ᠦᠵᠡᠯᠭᠡ᠎ᠪᠠᠷ ᠡᠷᠡᠭᠦᠯ ᠮᠡᠨᠳᠦ ᠭᠠᠷᠤᠭᠰᠠᠨ ᠪᠠᠶ᠋ᠢᠪᠠᠯ᠂ ᠲᠠᠯᠠᠪᠤᠷ᠎ᠲᠤ ᠣᠷᠣᠭᠤᠯᠬᠤ ᠵᠢ ᠵᠥᠪᠰᠢᠶᠡᠷᠡᠵᠦ᠂ ᠲᠡᠭᠦᠨᠴᠢᠯᠡᠨ 《ᠠᠮᠢᠲᠠᠨ᠎ᠤ ᠬᠢᠵᠢᠭ᠎ᠤᠨ ᠪᠠᠶ᠋ᠢᠴᠠᠭ᠋ᠠᠯᠲᠠ ᠬᠢᠷᠢ᠎ᠳᠤ ᠨᠡᠶ᠋ᠢᠴᠡᠭᠰᠡᠨ ᠦᠨᠡᠮᠯᠡᠬᠦ》 ᠵᠢ ᠬᠤᠷᠢᠶᠠᠮᠵᠢᠯᠠᠨ ᠠᠪᠤᠨ᠎ᠠ᠃ ᠲᠠᠯᠠᠪᠤᠷ (ᠦᠢ᠍ᠯᠡᠳᠪᠦᠷᠢ᠂ ᠴᠢᠭ)᠎ᠨᠢ ᠦᠬᠡᠷ᠎ᠤᠨ ᠤᠤᠯ ᠭᠠᠷᠤᠯᠲᠠ ᠵᠢᠨ ᠵᠦᠭ᠎ᠠᠴᠠ ᠨᠢᠲᠤᠯᠭ᠋ᠠᠨ᠎ᠤ ᠬᠠᠰᠢᠶᠠᠨ᠎ᠳᠤ ᠣᠷᠣᠭᠤᠯᠬᠤ᠎ᠳᠠᠭᠠᠨ ᠠᠳᠠᠯᠢ ᠪᠤᠰᠤ ᠡᠵᠡᠳ᠎ᠤᠨ᠂ ᠠᠳᠠᠯᠢ ᠪᠤᠰᠤ ᠵᠥᠪᠰᠢᠶᠡᠷᠡᠯ ᠵᠶ᠋ᠠᠷ ᠪᠠᠲᠤᠯᠠᠭᠳᠠᠭᠰᠠᠨ ᠦᠬᠡᠷ᠎ᠤᠨ ᠰᠦᠷᠦᠭ᠎ᠢ ᠬᠤᠭᠤᠷᠣᠨᠳᠤ᠎ᠨᠢ ᠬᠤᠯᠢᠵᠤ ᠬᠤᠳᠬᠤᠵᠤ ᠪᠣᠯᠬᠤ ᠦᠭᠡᠢ᠃
     4.4.2 ᠬᠢᠷᠢ᠎ᠳᠤ ᠬᠦᠷᠬᠦ ᠦᠭᠡᠢ᠂ ᠨᠥᠬᠦᠴᠡᠯ᠎ᠳᠤ ᠲᠣᠬᠢᠷᠠᠭᠰᠠᠨ ᠦᠭᠡᠢ ᠵᠢ ᠤᠯᠤᠰ᠎ᠤᠨ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
     4.5 ᠪᠠᠷᠠᠭ᠎ᠠ ᠡᠵᠡᠮᠰᠢᠭᠴᠢ ᠪᠠᠷᠠᠭ᠎ᠠ᠎ᠪᠠᠨ ᠪᠠᠭᠤᠯᠭ᠋ᠠᠭᠰᠠᠨ ᠬᠤᠶ᠋ᠢᠨ᠎ᠠ ᠲᠡᠭᠡᠭᠡᠪᠦᠷᠢ ᠵᠢᠨ ᠪᠠᠭ᠋ᠠᠵᠢ ᠬᠡᠷᠡᠭᠰᠡᠯ ᠪᠣᠯᠣᠨ ᠬᠤᠯᠪᠣᠭᠳᠠᠬᠤ ᠡᠳ᠋ ᠵᠦᠢ᠍ᠯ᠎ᠢ ᠠᠷᠢᠭᠤᠳᠬᠠᠯ ᠬᠢᠬᠦ᠎ᠳᠤ ᠬᠢᠨᠠᠯᠲᠠ ᠲᠠᠯᠪᠢᠨ᠎ᠠ᠃
     5. ᠬᠢᠵᠢᠭ ᠪᠠᠶ᠋ᠢᠴᠠᠭ᠋ᠠᠯᠲᠠ ᠵᠢᠨ ᠡᠷᠭᠦᠳᠡᠯ
     5.1 ᠡᠷᠭᠦᠳᠡᠯ᠎ᠢ ᠬᠦᠯᠢᠶᠡᠵᠦ ᠠᠪᠤᠭᠰᠠᠨ ᠲᠠᠯᠠᠪᠤᠷ (ᠦᠢ᠍ᠯᠡᠳᠪᠦᠷᠢ᠂ ᠴᠢᠭ)᠎ᠨᠢ ᠨᠢᠲᠤᠯᠭ᠋ᠠᠨ᠎ᠠᠴᠠ ᠵᠢᠷᠭᠤᠭ᠋ᠠᠨ ᠴᠠᠭ᠎ᠤᠨ ᠡᠮᠦᠨ᠎ᠡ ᠬᠢᠵᠢᠭ ᠪᠠᠶ᠋ᠢᠴᠠᠭ᠋ᠠᠯᠭ᠋ᠠᠬᠤ᠎ᠪᠠᠷ ᠮᠡᠳᠡᠭᠦᠯᠭᠡ ᠭᠠᠷᠭ᠋ᠠᠵᠤ᠂ ᠬᠢᠵᠢᠭ ᠲᠠᠬᠤᠯ᠎ᠠᠴᠠ ᠤᠷᠢᠳᠴᠢᠯᠠᠨ ᠰᠡᠷᠭᠡᠶ᠋ᠢᠯᠡᠬᠦ ᠮᠠᠶᠢᠭᠲᠤ ᠵᠢ ᠪᠥᠭᠯᠡᠨ᠎ᠡ᠃ ᠠᠯᠪᠠᠨ ᠶᠣᠰᠣᠨ᠎ᠤ ᠮᠠᠯ᠎ᠤᠨ ᠡᠮᠴᠢ ᠬᠢᠵᠢᠭ ᠪᠠᠶ᠋ᠢᠴᠠᠭ᠋ᠠᠯᠭ᠋ᠠᠬᠤ ᠡᠷᠭᠦᠳᠡᠯ᠎ᠢ ᠣᠯᠣᠭᠰᠠᠨ᠎ᠤ ᠳᠠᠷᠠᠭ᠎ᠠ᠂ ᠬᠤᠯᠪᠣᠭᠳᠠᠯ ᠪᠦᠬᠦᠢ ᠪᠠᠶ᠋ᠢᠳᠠᠯ᠎ᠢ ᠦᠨᠳᠦᠰᠦᠯᠡᠵᠦ ᠬᠦᠯᠢᠶᠡᠨ ᠠᠪᠬᠤ ᠡᠰᠡᠬᠦ ᠵᠢ ᠲᠣᠭᠲᠠᠭ᠋ᠠᠨ᠎ᠠ᠃ ᠬᠦᠯᠢᠶᠡᠨ ᠠᠪᠤᠭᠰᠠᠨ ᠪᠣᠯ ᠴᠠᠭ ᠲᠤᠬᠠᠢ᠎ᠳᠤ᠎ᠨᠢ ᠨᠢᠲᠤᠯᠭ᠋ᠠᠨ᠎ᠠᠴᠠ ᠡᠮᠦᠨᠡᠬᠢ ᠪᠠᠶ᠋ᠢᠴᠠᠭ᠋ᠠᠯᠲᠠ ᠬᠢᠨ᠎ᠡ; ᠬᠦᠯᠢᠶᠡᠵᠦ ᠠᠪᠤᠭᠰᠠᠨ ᠦᠭᠡᠢ ᠪᠣᠯ ᠤᠴᠢᠷ ᠰᠢᠯᠲᠠᠭ᠋ᠠᠨ᠎ᠢ᠎ᠨᠢ ᠲᠣᠳᠣᠷᠬᠠᠶ᠋ᠢᠯᠠᠬᠤ ᠬᠡᠷᠡᠭᠲᠡᠢ᠃
     5.2 ᠡᠷᠭᠦᠳᠡᠯ᠎ᠤᠨ ᠬᠡᠯᠪᠡᠷᠢ ᠭᠠᠵᠠᠷ᠎ᠲᠤ᠎ᠨᠢ ᠡᠷᠭᠦᠳᠡᠯ ᠵᠶ᠋ᠠᠨ ᠲᠤᠰᠢᠶᠠᠨ᠎ᠠ᠃
     6. ᠨᠢᠲᠤᠯᠭ᠋ᠠᠨ᠎ᠤ ᠡᠮᠦᠨᠡᠬᠢ ᠪᠠᠶ᠋ᠢᠴᠠᠭ᠋ᠠᠯᠲᠠ
     6.1 ᠨᠢᠲᠤᠯᠭ᠋ᠠᠨ᠎ᠠᠴᠠ ᠡᠮᠦᠨᠡᠬᠢ ᠬᠤᠶᠠᠷ ᠴᠠᠭ᠎ᠤᠨ ᠳᠣᠲᠣᠷ᠎ᠠ ᠠᠯᠪᠠᠨ ᠶᠣᠰᠣᠨ᠎ᠤ ᠮᠠᠯ᠎ᠤᠨ ᠡᠮᠴᠢ 《ᠬᠡᠪᠢᠭᠴᠢ ᠠᠮᠢᠲᠠᠨ᠎ᠤ ᠤᠤᠯ ᠭᠠᠷᠤᠯᠲᠠ ᠵᠢᠨ ᠭᠠᠵᠠᠷ᠎ᠤᠨ ᠬᠢᠵᠢᠭ ᠪᠠᠶ᠋ᠢᠴᠠᠭ᠋ᠠᠯᠲᠠ ᠵᠢᠨ ᠵᠢᠷᠤᠮ》 ᠳᠣᠲᠣᠷᠠᠬᠢ 《ᠺᠯᠢᠨᠢᠺ᠎ᠤᠨ ᠦᠵᠡᠯᠭᠡ》 ᠵᠢᠨ ᠳᠠᠭ᠋ᠠᠤ》 ᠬᠡᠰᠡᠭᠴᠢᠯᠡᠭᠰᠡᠨ ᠰᠢᠯᠭ᠋ᠠᠯᠲᠠ ᠬᠢᠨ᠎ᠡ᠃
     6.2 ᠦᠷ᠎ᠡ ᠳ᠋ᠦᠩ᠎ᠢ ᠰᠢᠢ᠍ᠳᠬᠦ
     6.2.1 ᠬᠢᠷᠢ᠎ᠳᠤ ᠬᠦᠷᠦᠭᠰᠡᠨ᠎ᠢ ᠨᠢᠲᠤᠯᠭ᠋ᠠᠨ᠎ᠳᠤ ᠪᠡᠯᠡᠳᠬᠡᠨ᠎ᠡ᠃
     6.2.2 ᠬᠢᠷᠢ᠎ᠳᠤ ᠬᠦᠷᠦᠭᠰᠡᠨ ᠦᠭᠡᠢ ᠵᠢ ᠳᠠᠷᠠᠭ᠋ᠠᠬᠢ ᠲᠣᠭᠲᠠᠭ᠋ᠠᠯ ᠵᠶ᠋ᠠᠷ ᠰᠢᠢ᠍ᠳᠪᠦᠷᠢᠯᠡᠨ᠎ᠡ᠃
     6.2.2.1 ᠬᠥᠯ ᠠᠮᠠᠨ᠎ᠤ ᠡᠪᠡᠳᠴᠢᠨ᠂ ᠦᠬᠡᠷ᠎ᠤᠨ ᠬᠠᠯᠳᠠᠪᠤᠷᠢᠲᠤ ᠴᠢᠨᠠᠷ᠎ᠲᠠᠢ ᠴᠡᠭᠡᠵᠢᠨ᠎ᠤ ᠭᠢᠯᠲᠠᠩ ᠠᠭᠤᠰᠬᠢ ᠵᠢᠨ ᠦᠷᠪᠢᠰᠦᠯ᠂ ᠦᠬᠡᠷ᠎ᠤᠨ ᠲᠠᠷᠢᠬᠢᠨ᠎ᠤ ᠬᠥᠭᠡᠰᠦᠨᠴᠡᠷ ᠡᠪᠡᠳᠴᠢᠨ ᠪᠣᠯᠣᠨ ᠬᠠᠷᠠᠤ ᠵᠡᠷᠭᠡ ᠡᠪᠡᠳᠴᠢᠨ᠎ᠤ ᠪᠠᠶ᠋ᠢᠳᠠᠯ ᠢᠯᠡᠷᠡᠭᠰᠡᠨ ᠪᠠᠶ᠋ᠢᠪᠠᠯ ᠰᠢᠯᠵᠢᠭᠦᠯᠬᠦ ᠵᠢ ᠬᠢᠵᠠᠭ᠋ᠠᠷᠯᠠᠵᠤ ᠲᠡᠭᠦᠨᠴᠢᠯᠡᠨ 《ᠠᠮᠢᠲᠠᠨ᠎ᠤ ᠬᠢᠵᠢᠭ᠎ᠠᠴᠠ ᠤᠷᠢᠳᠴᠢᠯᠠᠨ ᠰᠡᠷᠭᠡᠶ᠋ᠢᠯᠡᠬᠦ ᠬᠠᠤᠯᠢ》᠂ 《ᠬᠦᠨᠳᠦ ᠨᠣᠴᠢᠲᠠᠢ ᠬᠢᠵᠢᠭ᠎ᠤᠨ ᠪᠠᠶ᠋ᠢᠳᠠᠯ᠎ᠢ ᠪᠠᠴᠢᠮ ᠠᠷᠭ᠋ᠠᠴᠠᠭ᠋ᠠᠬᠤ ᠳᠦᠷᠢᠮ》᠂ 《ᠠᠮᠢᠲᠠᠨ᠎ᠤ ᠬᠢᠵᠢᠭ᠎ᠤᠨ ᠪᠠᠶ᠋ᠢᠳᠠᠯ᠎ᠤᠨ ᠮᠡᠳᠡᠭᠦᠯᠦᠯᠲᠡ ᠵᠢᠨ ᠬᠠᠮᠢᠶᠠᠷᠤᠯᠲᠠ ᠵᠢᠨ ᠠᠷᠭ᠎ᠠ ᠬᠡᠮᠵᠢᠶ᠎ᠡ》 ᠪᠣᠯᠣᠨ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》 (GB16548) ᠵᠡᠷᠭᠡ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
     6.2.2.2 ᠪᠷᠤᠼᠧᠯᠯᠶᠣᠽ᠂ ᠦᠬᠡᠷ᠎ᠤᠨ ᠰᠦᠷᠢᠶ᠎ᠡ᠂ ᠦᠬᠡᠷ᠎ᠤᠨ ᠦᠷᠪᠢᠰᠦᠯ᠎ᠤᠨ ᠴᠢᠨᠠᠷ᠎ᠲᠠᠢ ᠬᠠᠮᠠᠷ ᠬᠤᠭᠤᠯᠠᠢ ᠵᠢᠨ ᠦᠷᠪᠢᠰᠦᠯ ᠵᠡᠷᠭᠡ ᠡᠪᠡᠳᠴᠢᠨ᠎ᠤ ᠪᠠᠶ᠋ᠢᠳᠠᠯ ᠢᠯᠡᠷᠡᠭᠰᠡᠨ ᠪᠠᠶ᠋ᠢᠪᠠᠯ᠂ ᠡᠪᠡᠳᠴᠢᠲᠡᠢ ᠦᠬᠡᠷ᠎ᠢ ᠬᠤᠯᠪᠣᠭᠳᠠᠯ ᠪᠦᠬᠦᠢ ᠬᠢᠵᠢᠭ ᠲᠠᠬᠤᠯ᠎ᠢ ᠰᠡᠷᠭᠡᠶ᠋ᠢᠯᠡᠬᠦ ᠲᠧᠭᠨᠢᠭ᠎ᠤᠨ ᠦᠵᠡᠭᠦᠯᠦᠯᠲᠡ᠎ᠤᠨ ᠳᠠᠭ᠋ᠠᠤ ᠰᠢᠢ᠍ᠳᠪᠦᠷᠢᠯᠡᠵᠦ᠂ ᠰᠦᠷᠦᠭ᠎ᠲᠠᠬᠢ ᠪᠤᠰᠤᠳ ᠦᠬᠡᠷ᠎ᠢ ᠲᠤᠰᠠᠭ᠋ᠠᠷᠯᠠᠨ ᠠᠵᠢᠭᠯᠠᠵᠤ᠂ ᠰᠡᠵᠢᠭ ᠦᠭᠡᠢ ᠭᠡᠳᠡᠭ᠎ᠢ ᠨᠤᠲᠠᠯᠠᠭᠰᠠᠨ ᠬᠤᠶ᠋ᠢᠨ᠎ᠠ᠂ ᠨᠢᠲᠤᠯᠭ᠋ᠠᠨ᠎ᠳᠤ ᠥᠭᠬᠦ ᠵᠢ ᠵᠥᠪᠰᠢᠶᠡᠷᠡᠨ᠎ᠡ᠂
     6.2.2.3 ᠲᠤᠰ ᠵᠢᠷᠤᠮ᠎ᠳᠤ ᠵᠢᠭ᠋ᠠᠭᠰᠠᠨ ᠡᠪᠡᠳᠴᠢᠨ᠎ᠳᠤ ᠨᠡᠷᠪᠡᠭᠳᠡᠭᠰᠡᠨ ᠰᠡᠵᠢᠭ᠎ᠲᠠᠢ ᠪᠤᠶᠤ ᠺᠯᠢᠨᠢᠺ᠎ᠤᠨ ᠦᠵᠡᠯᠭᠡ᠎ᠪᠠᠷ ᠪᠤᠰᠤᠳ ᠬᠡᠪ᠎ᠤᠨ ᠪᠤᠰᠤ ᠪᠠᠶ᠋ᠢᠳᠠᠯ ᠢᠯᠡᠷᠡᠭᠰᠡᠨ ᠪᠠᠶ᠋ᠢᠪᠠᠯ᠂ ᠬᠤᠯᠪᠣᠭᠳᠠᠬᠤ ᠬᠢᠵᠢᠭ ᠰᠡᠷᠭᠡᠶ᠋ᠢᠯᠡᠬᠦ ᠲᠧᠭᠨᠢᠭ᠎ᠤᠨ ᠦᠵᠡᠭᠦᠯᠦᠯᠲᠡ ᠵᠢᠨ ᠳᠠᠭ᠋ᠠᠤ ᠯᠠᠪᠤᠷᠠᠲ᠋ᠣᠷᠢ ᠵᠢᠨ ᠰᠢᠨᠵᠢᠯᠡᠭᠡ᠎ᠪᠠᠷ ᠰᠢᠯᠭ᠋ᠠᠨ ᠲᠣᠭᠲᠠᠭ᠋ᠠᠵᠤ ᠬᠠᠮᠲᠤ᠎ᠳᠤ᠎ᠨᠢ ᠮᠡᠳᠡᠭᠦᠯᠭᠡ ᠵᠢᠨ ᠪᠢᠴᠢᠭ ᠭᠠᠷᠭ᠋ᠠᠵᠤ ᠥᠭᠬᠦ ᠬᠡᠷᠡᠭᠲᠡᠢ᠃ ᠯᠠᠪᠤᠷᠠᠲ᠋ᠣᠷᠢ ᠵᠢᠨ ᠰᠢᠨᠵᠢᠯᠡᠭᠡ ᠵᠢ ᠡᠷᠬᠡᠪᠰᠢ ᠣᠷᠣᠨ᠎ᠤ ᠳᠡᠰ᠎ᠤᠨ ᠠᠮᠢᠲᠠᠨ᠎ᠤ ᠡᠷᠡᠭᠦᠯ ᠬᠠᠮᠠᠭ᠋ᠠᠯᠠᠯ᠎ᠤᠨ ᠬᠢᠨᠠᠯᠲᠠ ᠵᠢᠨ ᠠᠯᠪᠠᠨ᠎ᠠᠴᠠ ᠲᠣᠭᠲᠠᠭ᠋ᠠᠭᠰᠠᠨ ᠬᠢᠷᠢ ᠲᠦᠪᠰᠢᠨ ᠪᠦᠬᠦᠢ ᠯᠠᠪᠤᠷᠠᠲ᠋ᠣᠷᠢ᠎ᠪᠠᠷ ᠭᠦᠢ᠍ᠴᠡᠳᠬᠡᠨ᠎ᠡ᠃
     6.2.2.4 ᠲᠤᠰ ᠵᠢᠷᠤᠮ᠎ᠳᠤ ᠵᠢᠭ᠋ᠠᠭᠰᠠᠨ᠎ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶ᠋ᠢᠪᠠᠯ ᠲᠤᠰᠠᠭ᠋ᠠᠷᠯᠠᠨ ᠠᠵᠢᠭᠯᠠᠵᠤ᠂ ᠰᠡᠵᠢᠭ ᠦᠭᠡᠢ ᠭᠡᠳᠡᠭ᠎ᠢ ᠨᠤᠲᠠᠯᠠᠭᠰᠠᠨ ᠬᠤᠶ᠋ᠢᠨ᠎ᠠ ᠨᠢᠲᠤᠯᠭ᠋ᠠᠨ᠎ᠳᠤ ᠥᠭᠬᠦ ᠵᠢ ᠵᠥᠪᠰᠢᠶᠡᠷᠡᠨ᠎ᠡ; ᠲᠤᠰᠠᠭ᠋ᠠᠷᠯᠠᠭᠰᠠᠨ ᠬᠤᠭᠤᠴᠠᠭ᠋ᠠᠨ᠎ᠳᠤ ᠬᠡᠪ᠎ᠤᠨ ᠪᠤᠰᠤ ᠪᠠᠶ᠋ᠢᠳᠠᠯ ᠢᠯᠡᠷᠡᠪᠡᠯ᠂ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》 (GB16548) ᠵᠡᠷᠭᠡ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
     6.2.2.5 ᠮᠢᠬᠠᠨ᠎ᠤ ᠠᠶᠤᠯ ᠦᠭᠡᠢ ᠪᠠᠶ᠋ᠢᠳᠠᠯ᠎ᠳᠤ ᠬᠤᠣᠷ ᠨᠥᠯᠥᠭᠡ ᠦᠵᠡᠭᠦᠯᠬᠦ ᠦᠭᠡᠢ ᠵᠢᠨ ᠲᠤᠯᠠᠳᠠ ᠦᠬᠦᠭᠰᠡᠨ ᠦᠬᠡᠷ ᠮᠠᠯ᠎ᠲᠠᠢ ᠣᠶ᠋ᠢᠷᠠᠲᠤᠭᠰᠠᠨ ᠦᠬᠡᠷ᠎ᠢ ᠪᠠᠶ᠋ᠢᠳᠠᠯ᠎ᠢ ᠦᠵᠡᠵᠦ ᠪᠠᠴᠢᠮ ᠨᠢᠲᠤᠯᠭ᠋ᠠᠨ᠎ᠳᠤ ᠣᠷᠣᠭᠤᠯᠤᠨ᠎ᠠ᠃
     6.3 ᠲᠠᠯᠠᠪᠤᠷ (ᠦᠢ᠍ᠯᠡᠳᠪᠦᠷᠢ᠂ ᠴᠢᠭ)᠎ᠤᠨ ᠠᠯᠠᠰᠢᠨ᠎ᠳᠤ ᠭᠠᠷᠭ᠋ᠠᠭᠰᠠᠨ ᠡᠪᠡᠳᠴᠢᠨ᠎ᠲᠠᠢ ᠦᠬᠡᠷ᠎ᠤᠨ ᠨᠢᠲᠤᠯᠬᠤ᠎ᠪᠠᠷ ᠪᠡᠯᠡᠳᠬᠡᠭᠰᠡᠨ ᠬᠠᠰᠢᠶᠠᠯᠠᠭ᠎ᠠ᠂ ᠪᠠᠴᠢᠮ ᠨᠢᠲᠤᠯᠬᠤ ᠬᠠᠰᠢᠶᠠᠯᠠᠭ᠎ᠠ᠂ ᠲᠤᠰᠠᠭ᠋ᠠᠷᠯᠠᠬᠤ ᠬᠠᠰᠢᠶᠠᠯᠠᠭ᠎ᠠ ᠵᠡᠷᠭᠡ᠎ᠳᠤ ᠬᠢᠬᠦ ᠠᠷᠢᠭᠤᠳᠬᠠᠯ᠎ᠳᠤ ᠬᠠᠷᠠᠭ᠎ᠠ ᠬᠢᠨᠠᠯᠲᠠ ᠲᠠᠯᠪᠢᠨ᠎ᠠ᠃
     7. ᠬᠢᠵᠢᠭ ᠪᠠᠶ᠋ᠢᠴᠠᠭ᠋ᠠᠯᠲᠠ ᠪᠣᠯᠣᠨ ᠨᠢᠲᠤᠯᠭ᠋ᠠᠨ᠎ᠤ ᠦᠢ᠍ᠯᠡᠳᠦᠯ᠎ᠨᠢ ᠬᠠᠷᠢᠯᠴᠠᠨ ᠵᠣᠬᠢᠴᠠᠯᠳᠤᠭᠰᠠᠨ ᠪᠠᠶ᠋ᠢᠬᠤ ᠬᠡᠷᠡᠭᠲᠡᠢ᠃ ᠨᠢᠭᠡ ᠦᠬᠡᠷ᠎ᠤᠨ ᠲᠣᠯᠣᠭ᠋ᠠᠢ᠂ ᠰᠢᠭᠢᠷ᠎ᠡ᠂ ᠳᠣᠲᠣᠷ᠎ᠠ ᠴᠤᠯᠤ᠂ ᠭᠤᠯᠤᠤᠵᠠ ᠵᠡᠷᠭᠡ ᠵᠢ ᠨᠢᠭᠡᠳᠦᠯ᠎ᠲᠠᠢ ᠳ᠋ᠤᠭ᠋ᠠᠷᠯᠠᠵᠤ ᠬᠢᠵᠢᠭ ᠪᠠᠶ᠋ᠢᠴᠠᠭ᠋ᠠᠯᠲᠠ ᠬᠢᠬᠦ ᠬᠡᠷᠡᠭᠲᠡᠢ᠃
     7.1 ᠲᠣᠯᠣᠭ᠋ᠠᠢ ᠰᠢᠭᠢᠷ᠎ᠡ᠎ᠳᠤ ᠬᠢᠬᠦ ᠦᠵᠡᠯᠭᠡ
     7.1.1 ᠲᠣᠯᠣᠭ᠋ᠠᠢ᠎ᠳᠤ ᠬᠢᠬᠦ ᠪᠠᠶ᠋ᠢᠴᠠᠭ᠋ᠠᠯᠲᠠ᠎ᠳᠤ ᠬᠠᠮᠠᠷ᠎ᠤᠨ ᠲᠤᠩᠭ᠋ᠠᠯᠠᠭ ᠪᠦᠷᠬᠦᠪᠴᠢ᠂ ᠪᠤᠶ᠋ᠢᠯᠠ ᠪᠣᠯᠣᠨ ᠬᠡᠯᠡᠨ᠎ᠤ ᠥᠩᠭᠡᠨ᠎ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ ᠪᠠᠶ᠋ᠢᠬᠤ ᠡᠰᠡᠬᠦ; ᠬᠤᠭᠤᠯᠠᠢ ᠵᠢᠨ ᠳᠣᠲᠣᠷ᠎ᠠ ᠲᠠᠯ᠎ᠠ ᠵᠢᠨ ᠨᠢᠭᠡ ᠲᠠᠯ᠎ᠠ ᠵᠢᠨ ᠯᠢᠮᠹᠠ ᠵᠢᠨ ᠪᠤᠯᠴᠢᠷᠬᠠᠢ ᠪᠣᠯᠣᠨ ᠬᠤᠶᠠᠷ ᠬᠠᠵᠠᠭᠤ ᠵᠢᠨ ᠳᠣᠣᠷᠠᠳᠤ ᠬᠡᠰᠡᠭ᠎ᠤᠨ ᠯᠢᠮᠹᠠ ᠵᠢᠨ ᠪᠤᠯᠴᠢᠷᠬᠠᠢ ᠵᠢ ᠲᠤᠶᠠᠴᠢᠵᠤ ᠰᠢᠯᠭ᠋ᠠᠬᠤ ᠵᠢᠨ ᠬᠠᠮᠲᠤ ᠬᠤᠭᠤᠯᠠᠢ ᠵᠢᠨ ᠰᠠᠯᠢᠰᠤᠨ ᠪᠦᠷᠬᠦᠪᠴᠢ ᠪᠣᠯᠣᠨ ᠪᠤᠶ᠋ᠢᠯᠠᠰᠤᠨ ᠪᠤᠯᠴᠢᠷᠬᠠᠢ᠎ᠳᠤ ᠡᠪᠡᠳᠴᠢᠨ᠎ᠤ ᠬᠤᠪᠢᠷᠠᠯᠲᠠ ᠪᠠᠶ᠋ᠢᠬᠤ ᠡᠰᠡᠬᠦ ᠵᠢ ᠰᠢᠯᠭ᠋ᠠᠨ᠎ᠠ᠃
     7.1.2 ᠰᠢᠭᠢᠷ᠎ᠡ᠎ᠳᠤ ᠬᠢᠬᠦ ᠪᠠᠶ᠋ᠢᠴᠠᠭ᠋ᠠᠯᠲᠠ᠎ᠳᠤ ᠲᠤᠭᠤᠷᠠᠢ ᠵᠢᠨ ᠦᠶ᠎ᠡ ᠵᠢᠨ ᠳᠣᠲᠣᠭ᠋ᠠᠳᠤ ᠬᠡᠰᠡᠭ᠂ ᠰᠠᠯᠠᠭ᠎ᠠ ᠲᠤᠭᠤᠷᠠᠢ ᠵᠢᠨ ᠥᠩᠭᠡᠨ ᠲᠠᠯ᠎ᠠ᠎ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ᠂ ᠲᠠᠪᠯᠠᠭ᠋ᠠᠰᠤ ᠪᠠᠶ᠋ᠢᠬᠤ ᠡᠰᠡᠬᠦ ᠵᠢ ᠰᠢᠯᠭ᠋ᠠᠨ᠎ᠠ᠃
     7.2 ᠳᠣᠲᠣᠷ᠎ᠠ ᠡᠷᠬᠡᠲᠡᠨ᠎ᠤ ᠪᠠᠶ᠋ᠢᠴᠠᠭ᠋ᠠᠯᠲᠠ᠎ᠳᠤ ᠳᠣᠲᠣᠷ᠎ᠠ ᠡᠷᠬᠡᠲᠡᠨ᠎ᠢ ᠠᠪᠬᠤ᠎ᠠᠴᠠ ᠡᠮᠦᠨ᠎ᠡ ᠬᠡᠬᠦᠳᠡᠭ᠂ ᠬᠡᠪᠡᠯᠢ ᠵᠢᠨ ᠬᠥᠨᠳᠡᠢ᠎ᠳᠤ ᠬᠤᠷᠠᠭᠰᠠᠨ ᠤᠰᠤ᠂ ᠨᠠᠭ᠋ᠠᠯᠳᠤᠭᠰᠠᠨ ᠬᠡᠰᠡᠭ᠂ ᠰᠢᠷᠬᠡᠭᠯᠢᠭ ᠮᠡᠲᠦ ᠵᠢᠨ ᠨᠡᠪᠴᠢᠯᠲᠡ ᠪᠣᠳᠠᠰ ᠪᠠᠶ᠋ᠢᠬᠤ ᠡᠰᠡᠬᠦ ᠵᠢ ᠠᠵᠢᠭᠯᠠᠨ᠎ᠠ᠃ ᠵᠢᠷᠦᠬᠡ᠂ ᠠᠭᠤᠰᠬᠢ᠂ ᠡᠯᠢᠭᠡ᠂ ᠬᠤᠳᠣᠭᠤᠳᠤ ᠭᠡᠳᠡᠰᠦ᠂ ᠳᠡᠯᠢᠭᠦᠦ᠂ ᠪᠥᠭᠡᠷ᠎ᠡ ᠵᠡᠷᠭᠡ ᠵᠢ ᠪᠠᠶ᠋ᠢᠴᠠᠭ᠋ᠠᠵᠤ᠂ ᠴᠢᠴᠠᠷᠬᠠᠢ ᠵᠢᠨ ᠯᠢᠮᠹᠠ ᠵᠢᠨ ᠪᠤᠯᠴᠢᠷᠬᠠᠢ᠂ ᠰᠠᠯᠪᠤᠷᠢ ᠮᠥᠭᠡᠷᠰᠦᠨ ᠬᠤᠭᠤᠯᠠᠢ ᠵᠢᠨ ᠯᠢᠮᠹᠠ ᠵᠢᠨ ᠪᠤᠯᠴᠢᠷᠬᠠᠢ᠂ ᠡᠯᠢᠭᠡᠨ᠎ᠤ ᠠᠮᠠᠰᠠᠷ᠎ᠤᠨ ᠯᠢᠮᠹᠠ ᠵᠢᠨ ᠪᠤᠯᠴᠢᠷᠬᠠᠢ ᠵᠢ ᠬᠠᠭ᠋ᠠᠯᠤᠨ ᠰᠢᠯᠭ᠋ᠠᠵᠤ ᠡᠪᠡᠳᠴᠢᠨ᠎ᠤ ᠬᠤᠪᠢᠷᠠᠯᠲᠠ ᠪᠤᠶᠤ ᠪᠤᠰᠤᠳ ᠬᠡᠪ᠎ᠤᠨ ᠪᠤᠰᠤ ᠵᠦᠢ᠍ᠯ ᠪᠠᠶ᠋ᠢᠬᠤ ᠡᠰᠡᠬᠦ ᠵᠢ ᠦᠵᠡᠨ᠎ᠡ᠃
     7.2.1 ᠵᠢᠷᠦᠬᠡᠨ᠎ᠤ ᠪᠠᠶ᠋ᠢᠴᠠᠭ᠋ᠠᠯᠲᠠ᠎ᠳᠤ ᠵᠢᠷᠦᠬᠡᠨ᠎ᠤ ᠬᠡᠯᠪᠡᠷᠢ᠂ ᠶᠡᠭᠡ ᠪᠠᠭ᠎ᠠ᠂ ᠥᠩᠭᠡ ᠲᠤᠶᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ ᠪᠠᠶ᠋ᠢᠬᠤ ᠡᠰᠡᠬᠦ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠦᠩᠬᠦᠯᠴᠡᠭ᠎ᠢ ᠨᠡᠭᠡᠭᠡᠵᠦ᠂ ᠵᠢᠷᠦᠬᠡᠨ᠎ᠤ ᠪᠦᠷᠬᠦᠪᠴᠢ᠂ ᠵᠢᠷᠦᠬᠡᠨ ᠪᠦᠷᠬᠦᠪᠴᠢ ᠵᠢᠨ ᠰᠢᠩᠭᠡᠨ ᠪᠣᠯᠣᠨ ᠵᠢᠷᠦᠬᠡᠨ᠎ᠤ ᠪᠤᠯᠴᠢᠩ ᠬᠡᠪ᠎ᠤᠨ ᠡᠰᠡᠬᠦ ᠵᠢ ᠰᠢᠯᠭ᠋ᠠᠨ᠎ᠠ᠃
     7.2.2 ᠠᠭᠤᠰᠬᠢᠨ᠎ᠤ ᠪᠠᠶ᠋ᠢᠴᠠᠭ᠋ᠠᠯᠲᠠ᠎ᠳᠤ ᠬᠤᠶᠠᠷ ᠲᠠᠯ᠎ᠠ ᠵᠢᠨ ᠠᠭᠤᠰᠬᠢ ᠵᠢᠨ ᠰᠠᠯᠪᠢᠩ᠂ ᠥᠩᠭᠡ ᠲᠤᠶᠠᠭ᠎ᠠ᠂ ᠬᠡᠪ ᠪᠠᠶ᠋ᠢᠳᠠᠯ᠂ ᠶᠡᠭᠡ ᠪᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ᠂ ᠢᠳᠡᠭᠡ ᠰᠢᠭᠦᠰᠦ᠂ ᠪᠣᠳᠠᠲᠠᠢ ᠬᠤᠪᠢᠷᠠᠯ᠂ ᠬᠠᠲᠠᠭᠤᠷᠠᠯ᠂ ᠨᠠᠭ᠋ᠠᠯᠳᠤᠭᠰᠠᠨ ᠬᠡᠰᠡᠭ᠂ ᠰᠢᠮᠡᠭᠴᠢ ᠬᠤᠷᠣᠬᠠᠢ ᠪᠠᠶ᠋ᠢᠬᠤ ᠡᠰᠡᠬᠦ ᠵᠢ ᠰᠢᠯᠭ᠋ᠠᠨ᠎ᠠ᠃ ᠨᠢᠭᠡ ᠲᠠᠯ᠎ᠠ ᠵᠢᠨ ᠰᠠᠯᠪᠤᠷᠢ ᠮᠥᠭᠡᠷᠰᠦᠨ ᠬᠤᠭᠤᠯᠠᠢ ᠵᠢ ᠬᠠᠭ᠋ᠠᠯᠵᠤ ᠯᠢᠮᠹᠠ ᠵᠢᠨ ᠪᠤᠯᠴᠢᠷᠬᠠᠢ᠂ ᠣᠭᠲᠣᠯᠣᠭ᠋ᠠᠰᠤ ᠵᠢᠨ ᠬᠡᠰᠡᠭ᠎ᠲᠤ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ ᠪᠠᠶ᠋ᠢᠬᠤ ᠡᠰᠡᠬᠦ ᠵᠢ ᠰᠢᠯᠭ᠋ᠠᠨ᠎ᠠ᠃ ᠴᠢᠬᠤᠯᠠ᠎ᠲᠠᠢ ᠦᠶ᠎ᠡ᠎ᠳᠤ ᠮᠥᠭᠡᠷᠰᠦᠨ ᠬᠤᠭᠤᠯᠠᠢ᠂ ᠪᠣᠯᠴᠤᠤ ᠵᠢᠨ ᠵᠦᠢ᠍ᠯ᠎ᠢ ᠬᠠᠭ᠋ᠠᠯᠵᠤ ᠰᠢᠯᠭ᠋ᠠᠨ᠎ᠠ᠃
     7.2.3 ᠡᠯᠢᠭᠡᠨ᠎ᠤ ᠪᠠᠶ᠋ᠢᠴᠠᠭ᠋ᠠᠯᠲᠠ᠎ᠳᠤ ᠡᠯᠢᠭᠡᠨ᠎ᠤ ᠶᠡᠭᠡ ᠪᠠᠭ᠎ᠠ᠂ ᠥᠩᠭᠡ ᠲᠤᠶᠠᠭ᠎ᠠ᠂ ᠬᠦᠷᠦᠯᠴᠡᠬᠦᠢ ᠵᠢᠨ ᠬᠠᠷᠢᠮᠠᠬᠠᠢ ᠴᠢᠨᠠᠷ ᠪᠣᠯᠣᠨ ᠬᠠᠲᠠᠭᠤ ᠵᠢᠨ ᠬᠡᠮᠵᠢᠶ᠎ᠡ ᠵᠢ ᠪᠠᠶ᠋ᠢᠴᠠᠭ᠋ᠠᠵᠤ᠂ ᠡᠯᠢᠭᠡᠨ᠎ᠤ ᠠᠮᠠᠰᠠᠷ᠎ᠤᠨ ᠯᠢᠮᠹᠠ ᠵᠢᠨ ᠪᠤᠯᠴᠢᠷᠬᠠᠢ᠂ ᠴᠢᠰᠤ ᠠᠯᠳᠠᠭᠳᠠᠯ᠂ ᠴᠢᠰᠤᠨ᠎ᠤ ᠴᠢᠨᠦᠷᠡᠯ᠂ ᠬᠠᠪᠤᠳᠠᠷ ᠬᠠᠪᠤᠨ᠂ ᠨᠧᠺᠷᠣᠽ ᠵᠡᠷᠭᠡ ᠵᠢ ᠰᠢᠯᠭ᠋ᠠᠨ᠎ᠠ᠃ ᠴᠢᠬᠤᠯᠠ᠎ᠲᠠᠢ ᠦᠶ᠎ᠡ᠎ᠳᠤ ᠡᠯᠢᠭᠡ ᠵᠢ ᠬᠠᠭ᠋ᠠᠯᠵᠤ᠂ ᠰᠥᠰᠥ ᠪᠣᠯᠣᠨ ᠰᠥᠰᠥᠨ᠎ᠤ ᠭᠤᠤᠷᠰᠤ᠂ ᠬᠠᠲᠠᠭᠤᠷᠠᠯ᠂ ᠠᠪᠴᠢᠯᠲᠠ᠂ ᠶᠠᠫᠤᠨ᠎ᠤ ᠴᠢᠰᠤ ᠰᠣᠷᠣᠭᠴᠢ ᠵᠢᠨ ᠬᠤᠮᠬᠠᠭ᠎ᠠ ᠵᠡᠷᠭᠡ ᠵᠢ ᠰᠢᠯᠭ᠋ᠠᠨ᠎ᠠ᠃
     7.2.4 ᠳᠣᠲᠣᠷ᠎ᠠ ᠪᠥᠭᠡᠷ᠎ᠡ ᠵᠢᠨ ᠪᠠᠶ᠋ᠢᠴᠠᠭ᠋ᠠᠯᠲᠠ᠎ᠳᠤ ᠲᠡᠭᠦᠨ᠎ᠤ ᠬᠠᠷᠢᠮᠠᠬᠠᠢ ᠴᠢᠨᠠᠷ ᠪᠣᠯᠣᠨ ᠬᠠᠲᠠᠭᠤᠷᠠᠯ ᠵᠢᠴᠢ ᠴᠢᠰᠤ ᠠᠯᠳᠠᠭᠳᠠᠯ᠂ ᠴᠢᠰᠤᠨ᠎ᠤ ᠴᠢᠨᠦᠷᠡᠯ ᠪᠠᠶ᠋ᠢᠬᠤ ᠡᠰᠡᠬᠦ ᠵᠢ ᠪᠠᠶ᠋ᠢᠴᠠᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠪᠥᠭᠡᠷ᠎ᠡ ᠵᠢ ᠬᠠᠭ᠋ᠠᠯᠵᠤ ᠬᠠᠯᠢᠰᠤᠨ ᠪᠦᠷᠬᠦᠪᠴᠢ᠂ ᠪᠥᠭᠡᠷᠡᠨ᠎ᠤ ᠵᠥᠭᠡᠯᠡᠨ ᠡᠳ᠋᠂ ᠪᠥᠭᠡᠷᠡᠨ᠎ᠤ ᠬᠥᠨᠳᠡᠢ ᠳᠣᠲᠣᠷ᠎ᠠ ᠴᠢᠰᠤ ᠠᠯᠳᠠᠭᠳᠠᠯ᠂ ᠬᠠᠪᠤᠳᠠᠷ ᠬᠠᠪᠤᠨ ᠪᠠᠶ᠋ᠢᠬᠤ ᠡᠰᠡᠬᠦ ᠵᠡᠷᠭᠡ ᠵᠢ ᠰᠢᠯᠭ᠋ᠠᠨ᠎ᠠ᠃
     7.2.5 ᠳᠡᠯᠢᠭᠦᠦ ᠵᠢᠨ ᠪᠠᠶ᠋ᠢᠴᠠᠭ᠋ᠠᠯᠲᠠ᠎ᠳᠤ ᠬᠠᠷᠢᠮᠠᠬᠠᠢ ᠴᠢᠨᠠᠷ᠂ ᠥᠩᠭᠡ᠂ ᠶᠡᠭᠡ ᠪᠠᠭ᠎ᠠ ᠵᠡᠷᠭᠡ ᠵᠢ ᠪᠠᠶ᠋ᠢᠴᠠᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠳᠡᠯᠢᠭᠦᠦ ᠵᠢ ᠬᠠᠭ᠋ᠠᠯᠵᠤ ᠰᠢᠯᠭ᠋ᠠᠨ᠎ᠠ᠃
     7.2.6 ᠬᠤᠳᠣᠭᠤᠳᠤ ᠪᠣᠯᠣᠨ ᠭᠡᠳᠡᠰᠦᠨ᠎ᠤ ᠪᠠᠶ᠋ᠢᠴᠠᠭ᠋ᠠᠯᠲᠠ᠎ᠳᠤ ᠭᠡᠳᠡᠰᠦᠨ᠎ᠤ ᠨᠤᠭᠤᠯᠤᠭ᠎ᠠ᠂ ᠭᠡᠳᠡᠰᠦᠨ᠎ᠤ ᠰᠧᠷᠣᠽ᠎ᠢ ᠪᠠᠶ᠋ᠢᠴᠠᠭ᠋ᠠᠨ᠎ᠠ᠃ ᠴᠢᠴᠠᠷᠬᠠᠢ ᠵᠢᠨ ᠯᠢᠮᠹᠠ ᠵᠢᠨ ᠪᠤᠯᠴᠢᠷᠬᠠᠢ ᠵᠢ ᠬᠠᠭ᠋ᠠᠯᠵᠤ ᠬᠡᠯᠪᠡᠷᠢ ᠳᠦᠷᠰᠦ᠂ ᠥᠩᠭᠡ ᠲᠤᠶᠠᠭ᠎ᠠ ᠪᠣᠯᠣᠨ ᠬᠠᠪᠤᠳᠠᠷ ᠬᠠᠪᠤᠨ᠂ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠠᠭ᠋ᠠᠯᠳᠤᠭᠰᠠᠨ ᠬᠡᠰᠡᠭ᠂ ᠬᠠᠲᠠᠭᠤᠷᠠᠯ ᠪᠠᠶ᠋ᠢᠬᠤ ᠡᠰᠡᠬᠦ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠦᠶ᠎ᠡ᠎ᠳᠤ ᠬᠤᠳᠣᠭᠤᠳᠤ ᠭᠡᠳᠡᠰᠦ ᠵᠢ ᠬᠠᠭ᠋ᠠᠯᠵᠤ᠂ ᠳᠣᠲᠣᠷ᠎ᠠ᠎ᠨᠢ ᠪᠠᠶ᠋ᠢᠭ᠎ᠠ ᠵᠦᠢ᠍ᠯ᠂ ᠰᠠᠯᠢᠰᠤᠨ ᠪᠦᠷᠬᠦᠪᠴᠢ ᠪᠣᠯᠣᠨ ᠴᠢᠰᠤ ᠠᠯᠳᠠᠭᠳᠠᠯ᠂ ᠬᠠᠲᠠᠭᠤᠷᠠᠯ᠂ ᠰᠢᠮᠡᠭᠴᠢ ᠬᠤᠷᠣᠬᠠᠢ ᠪᠠᠶ᠋ᠢᠬᠤ ᠡᠰᠡᠬᠦ ᠵᠢ ᠰᠢᠯᠭ᠋ᠠᠨ᠎ᠠ᠃
     7.2.7 ᠰᠠᠪᠠ ᠪᠣᠯᠣᠨ ᠲᠥᠮᠦᠰᠦᠭ᠎ᠤᠨ ᠪᠠᠶ᠋ᠢᠴᠠᠭ᠋ᠠᠯᠲᠠ᠎ᠳᠤ ᠦᠨᠢᠶᠡᠨ᠎ᠤ ᠰᠠᠪᠠᠨ᠎ᠤ ᠰᠧᠷᠣᠽ᠎ᠳᠤ ᠴᠢᠰᠤ ᠠᠯᠳᠠᠭᠳᠠᠯ᠂ ᠰᠠᠯᠢᠰᠤᠨ ᠪᠦᠷᠬᠦᠪᠴᠢ᠎ᠳᠤ ᠴᠠᠭ᠋ᠠᠨ ᠰᠢᠷ᠎ᠠ ᠥᠩᠭᠡᠲᠦ ᠵᠦᠢ᠍ᠯ ᠪᠤᠶᠤ ᠪᠢᠰᠢᠯᠠᠭ᠎ᠤᠨ ᠬᠡᠯᠪᠡᠷᠢᠲᠦ ᠬᠠᠲᠠᠭᠤᠷᠠᠯ ᠪᠠᠶ᠋ᠢᠬᠤ ᠡᠰᠡᠬᠦ ᠵᠢ ᠰᠢᠯᠭ᠋ᠠᠨ᠎ᠠ᠃ ᠪᠤᠬ᠎ᠠ ᠵᠢᠨ ᠲᠥᠮᠥᠰᠥᠨ᠎ᠳᠤ ᠬᠠᠪᠤᠳᠠᠷ ᠬᠠᠪᠤᠨ᠂ ᠲᠥᠮᠦᠰᠦᠭ᠂ ᠲᠥᠮᠦᠰᠦᠭ᠎ᠤᠨ ᠬᠡᠲᠡ᠎ᠳᠤ ᠢᠳᠡᠭᠡ ᠰᠢᠭᠦᠰᠦ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
     7.3 ᠭᠤᠯᠤᠤᠵᠠ ᠵᠢᠨ ᠰᠢᠯᠭ᠋ᠠᠯᠲᠠ
     7.3.1 ᠪᠦᠬᠦᠯᠢ ᠴᠣᠭᠴᠠ ᠵᠢᠨ ᠪᠠᠶ᠋ᠢᠴᠠᠭ᠋ᠠᠯᠲᠠ᠎ᠳᠤ ᠠᠷᠠᠰᠤᠨ᠎ᠤ ᠳᠣᠣᠷᠠᠬᠢ ᠬᠡᠰᠡᠭ᠂ ᠥᠭᠡᠬᠦ᠂ ᠪᠤᠯᠴᠢᠩ᠂ ᠯᠢᠮᠹᠠ ᠵᠢᠨ ᠪᠤᠯᠴᠢᠷᠬᠠᠢ ᠪᠣᠯᠣᠨ ᠬᠡᠬᠦᠳᠡᠭ᠂ ᠬᠡᠪᠡᠯᠢ ᠵᠢᠨ ᠬᠥᠨᠳᠡᠢ ᠵᠢᠨ ᠰᠧᠷᠣᠽ᠎ᠳᠤ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠴᠥᠪᠥᠷᠢᠭᠦᠦ᠂ ᠬᠠᠪᠤᠳᠠᠷ ᠬᠠᠪᠤᠨ ᠪᠣᠯᠣᠨ ᠪᠤᠰᠤᠳ ᠬᠡᠪ᠎ᠤᠨ ᠪᠤᠰᠤ ᠵᠦᠢ᠍ᠯ ᠪᠠᠶ᠋ᠢᠬᠤ ᠡᠰᠡᠬᠦ ᠵᠢ ᠰᠢᠯᠭ᠋ᠠᠨ᠎ᠠ᠃
     7.3.2 ᠯᠢᠮᠹᠠ ᠵᠢᠨ ᠪᠤᠯᠴᠢᠷᠬᠠᠢ ᠵᠢᠨ ᠪᠠᠶ᠋ᠢᠴᠠᠭ᠋ᠠᠯᠲᠠ
     7.3.2.1 ᠬᠦᠵᠦᠭᠦᠨ᠎ᠤ ᠭᠦᠶᠦᠬᠡᠨ ᠲᠠᠯ᠎ᠠ ᠵᠢᠨ ᠯᠢᠮᠹᠠ ᠵᠢᠨ ᠪᠤᠯᠴᠢᠷᠬᠠᠢ (ᠳᠠᠯᠤ ᠵᠢᠨ ᠡᠮᠦᠨᠡᠬᠢ ᠯᠢᠮᠹᠠ ᠵᠢᠨ ᠪᠤᠯᠴᠢᠷᠬᠠᠢ) ᠳᠠᠯᠤ ᠵᠢᠨ ᠡᠮᠦᠨ᠎ᠡ ᠬᠡᠰᠡᠭ᠎ᠠᠴᠠ ᠵᠢᠭ᠋ᠠᠬᠠᠨ ᠳᠡᠭᠡᠳᠦ ᠲᠠᠯ᠎ᠠ ᠵᠢᠨ ᠪᠤᠭᠤᠯᠤᠭ᠎ᠤᠨ ᠪᠤᠯᠴᠢᠩ᠂ ᠳᠠᠯᠤ ᠵᠢᠨ ᠮᠥᠷᠥ ᠵᠢᠨ ᠳᠣᠣᠷᠠᠳᠤ ᠬᠡᠰᠡᠭ᠎ᠤᠨ ᠬᠦᠵᠦᠭᠦᠨ᠎ᠤ ᠭᠦᠶᠦᠬᠡᠨ ᠲᠠᠯ᠎ᠠ ᠵᠢᠨ ᠯᠢᠮᠹᠠ ᠵᠢᠨ ᠪᠤᠯᠴᠢᠷᠬᠠᠢ᠂ ᠬᠠᠭ᠋ᠠᠯᠤᠭᠰᠠᠨ ᠲᠠᠯ᠎ᠠ ᠵᠢᠨ ᠬᠡᠯᠪᠡᠷᠢ᠂ ᠥᠩᠭᠡ ᠲᠤᠶᠠᠭ᠎ᠠ ᠪᠣᠯᠣᠨ ᠬᠠᠪᠤᠳᠠᠷ ᠬᠠᠪᠤᠨ᠂ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
     7.3.2.2 ᠲᠠᠰᠢᠶᠠᠨ᠎ᠤ ᠯᠢᠮᠹᠠ ᠵᠢᠨ ᠪᠤᠯᠴᠢᠷᠬᠠᠢ (ᠭᠤᠶ᠎ᠠ ᠵᠢᠨ ᠡᠮᠦᠨ᠎ᠡ ᠬᠡᠰᠡᠭ᠎ᠤᠨ ᠯᠢᠮᠹᠠ ᠵᠢᠨ ᠪᠤᠯᠴᠢᠷᠬᠠᠢ᠂ ᠡᠪᠦᠳᠦᠭ᠎ᠤᠨ ᠯᠢᠮᠹᠠ ᠵᠢᠨ ᠪᠤᠯᠴᠢᠷᠬᠠᠢ) ᠨᠢᠭᠡ ᠲᠠᠯ᠎ᠠ ᠵᠢᠨ ᠯᠢᠮᠹᠠ ᠵᠢᠨ ᠪᠤᠯᠴᠢᠷᠬᠠᠢ ᠵᠢ ᠬᠠᠭ᠋ᠠᠯᠵᠤ᠂ ᠬᠠᠭ᠋ᠠᠯᠤᠭᠰᠠᠨ ᠲᠠᠯ᠎ᠠ ᠵᠢᠨ ᠬᠡᠯᠪᠡᠷᠢ᠂ ᠥᠩᠭᠡ ᠲᠤᠶᠠᠭ᠎ᠠ᠂ ᠶᠡᠭᠡ ᠪᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
     7.3.2.3 ᠱᠠᠭ᠋ᠠᠷᠳᠠᠯᠭ᠎ᠠ᠎ᠲᠠᠢ ᠪᠣᠯ ᠭᠤᠶ᠎ᠠ ᠵᠢᠨ ᠳᠣᠲᠣᠷ᠎ᠠ ᠲᠠᠯ᠎ᠠ ᠵᠢᠨ ᠭᠦᠨ᠎ᠳᠠᠬᠢ ᠯᠢᠮᠹᠠ ᠵᠢᠨ ᠪᠤᠯᠴᠢᠷᠬᠠᠢ ᠵᠢ ᠬᠠᠭ᠋ᠠᠯᠵᠤ ᠰᠢᠯᠭ᠋ᠠᠨ᠎ᠠ᠃
     7.4 ᠳᠠᠪᠲᠠᠨ ᠪᠠᠶ᠋ᠢᠴᠠᠭ᠋ᠠᠬᠤ᠎ᠳᠤ ᠠᠯᠪᠠᠨ ᠶᠣᠰᠣᠨ᠎ᠤ ᠮᠠᠯ᠎ᠤᠨ ᠡᠮᠴᠢ ᠳᠡᠭᠡᠷ᠎ᠡ ᠳᠤᠷᠠᠳᠤᠭᠰᠠᠨ ᠬᠢᠵᠢᠭ ᠪᠠᠶ᠋ᠢᠴᠠᠭ᠋ᠠᠯᠲᠠ ᠵᠢ ᠳᠠᠪᠲᠠᠨ ᠪᠠᠶ᠋ᠢᠴᠠᠭ᠋ᠠᠵᠤ᠂ ᠬᠢᠵᠢᠭ ᠪᠠᠶ᠋ᠢᠴᠠᠭ᠋ᠠᠯᠲᠠ ᠵᠢᠨ ᠦᠷ᠎ᠡ ᠳ᠋ᠦᠩ᠎ᠢ ᠪᠦᠬᠦᠯᠢ ᠴᠣᠭᠴᠠ᠎ᠠᠴᠠ᠎ᠨᠢ ᠮᠠᠭ᠋ᠠᠳᠯᠠᠯ ᠬᠢᠨ᠎ᠡ᠃
     7.5 ᠦᠷ᠎ᠡ ᠳ᠋ᠦᠩ᠎ᠢ ᠰᠢᠢ᠍ᠳᠬᠦ
     7.5.1 ᠬᠢᠷᠢ᠎ᠳᠤ ᠬᠦᠷᠦᠭᠰᠡᠨ᠎ᠢ ᠠᠯᠪᠠᠨ ᠶᠣᠰᠣᠨ᠎ᠤ ᠮᠠᠯ᠎ᠤᠨ ᠡᠮᠴᠢ᠎ᠠᠴᠠ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ ᠬᠢᠷᠢ᠎ᠳᠤ ᠨᠡᠶ᠋ᠢᠴᠡᠭᠰᠡᠨ ᠦᠨᠡᠮᠯᠡᠬᠦ》 ᠣᠯᠭᠤᠵᠤ᠂ ᠲᠠᠮᠠᠭ᠎ᠠ ᠳᠠᠷᠤᠨ ᠪᠠᠲᠤᠯᠠᠵᠤ᠂ ᠰᠠᠪᠠᠯᠠᠭᠰᠠᠨ ᠮᠢᠬᠠᠨ ᠪᠦᠲᠦᠭᠡᠭᠳᠡᠬᠦᠨ᠎ᠳᠤ ᠬᠢᠵᠢᠭ ᠪᠠᠶ᠋ᠢᠴᠠᠭ᠋ᠠᠯᠲᠠ ᠵᠢᠨ ᠲᠡᠮᠳᠡᠭ᠎ᠢ ᠬᠡᠷᠡᠭᠯᠡᠨ᠎ᠡ᠃
     7.5.2 ᠬᠢᠷᠢ᠎ᠳᠤ ᠬᠦᠷᠦᠭᠡ ᠦᠭᠡᠢ ᠵᠢ ᠠᠯᠪᠠᠨ ᠶᠣᠰᠣᠨ᠎ᠤ ᠮᠠᠯ᠎ᠤᠨ ᠡᠮᠴᠢ᠎ᠠᠴᠠ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ ᠵᠢᠨ ᠮᠡᠳᠡᠭᠳᠡᠯ》 ᠪᠠᠭᠤᠯᠭ᠋ᠠᠵᠤ ᠳᠠᠷᠠᠭ᠋ᠠᠬᠢ ᠪᠠᠶ᠋ᠢᠳᠠᠯ ᠵᠶ᠋ᠠᠷ ᠰᠢᠢ᠍ᠳᠪᠦᠷᠢᠯᠡᠨ᠎ᠡ᠃
     7.5.2.1 ᠲᠤᠰ ᠵᠢᠷᠤᠮ᠎ᠳᠤ ᠵᠢᠭ᠋ᠠᠭᠰᠠᠨ ᠡᠪᠡᠳᠴᠢᠨ ᠳᠠᠷᠬᠠᠯᠠᠯ ᠢᠯᠡᠷᠡᠭᠰᠡᠨ ᠪᠠᠶ᠋ᠢᠪᠠᠯ 6.2.2.1᠂ 6.2.2.2 ᠪᠣᠯᠣᠨ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
     7.5.2.2 ᠲᠤᠰ ᠵᠢᠷᠤᠮ᠎ᠳᠤ ᠵᠢᠭ᠋ᠠᠭᠰᠠᠨ᠎ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶ᠋ᠢᠪᠠᠯ ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ (ᠦᠢ᠍ᠯᠡᠳᠪᠦᠷᠢ᠂ ᠴᠢᠭ)᠎ᠤᠨ᠎ᠬᠢᠨ ᠦᠬᠡᠷ᠎ᠤᠨ ᠶᠡᠭᠡ ᠪᠡᠶ᠎ᠡ (ᠭᠤᠤᠯᠤᠵᠠ) ᠪᠣᠯᠣᠨ ᠳᠠᠭ᠋ᠠᠯᠳᠤᠬᠤ ᠪᠦᠲᠦᠭᠡᠭᠳᠡᠬᠦᠨ᠎ᠢ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》᠎ᠤᠨ ᠳᠠᠭ᠋ᠠᠤ ᠰᠢᠢ᠍ᠳᠪᠦᠷᠢᠯᠡᠵᠦ᠂ ᠪᠣᠬᠢᠷᠳᠠᠭᠰᠠᠨ ᠲᠠᠯᠠᠪᠤᠷ᠂ ᠪᠠᠭ᠋ᠠᠵᠢ ᠬᠡᠷᠡᠭᠰᠡᠯ᠎ᠢ ᠲᠣᠭᠲᠠᠭ᠋ᠠᠯ᠎ᠤᠨ ᠳᠠᠭ᠋ᠠᠤ ᠠᠷᠢᠭᠤᠳᠬᠠᠵᠤ᠂ ᠲᠡᠭᠦᠨᠴᠢᠯᠡᠨ 《ᠠᠮᠢᠳᠤ ᠪᠣᠳᠠᠰ᠎ᠤᠨ ᠠᠶᠤᠯ ᠦᠭᠡᠢ ᠰᠢᠢ᠍ᠳᠪᠦᠷᠢᠯᠡᠯᠲᠡ ᠵᠢᠨ ᠲᠡᠮᠳᠡᠭᠯᠡᠯ》᠎ᠢ ᠰᠠᠶ᠋ᠢᠨ ᠬᠢᠭᠰᠡᠨ ᠪᠠᠶ᠋ᠢᠬᠤ ᠬᠡᠷᠡᠭᠲᠡᠢ᠃
     7.5.3 ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ (ᠦᠢ᠍ᠯᠡᠳᠪᠦᠷᠢ᠂ ᠴᠢᠭ)᠎ᠤᠨ᠎ᠬᠢᠨ ᠡᠪᠡᠳᠴᠢᠨ ᠳᠠᠷᠬᠠᠯᠠᠯ᠎ᠳᠤ ᠠᠪᠲᠠᠭᠰᠠᠨ ᠠᠮᠢᠲᠠᠨ ᠪᠤᠶᠤ ᠬᠠᠶᠠᠭᠳᠠᠯ ᠵᠦᠢ᠍ᠯ᠎ᠢ ᠬᠤᠣᠷᠳᠠᠯ ᠦᠭᠡᠢ ᠰᠢᠢ᠍ᠳᠪᠦᠷᠢᠯᠡᠬᠦ ᠠᠵᠢᠯ᠎ᠢ ᠰᠠᠶ᠋ᠢᠨ ᠬᠢᠬᠦ ᠬᠡᠷᠡᠭᠲᠡᠢ᠃
     7.6 ᠠᠯᠪᠠᠨ ᠶᠣᠰᠣᠨ᠎ᠤ ᠮᠠᠯ᠎ᠤᠨ ᠡᠮᠴᠢ ᠨᠠᠷ ᠨᠢᠭᠡᠨ ᠵᠡᠷᠭᠡ ᠬᠢᠵᠢᠭ ᠪᠠᠶ᠋ᠢᠴᠠᠭ᠋ᠠᠯᠲᠠ ᠵᠢᠨ ᠶᠠᠪᠤᠴᠠ ᠳᠤᠮᠳᠠ ᠡᠷᠡᠭᠦᠯ ᠬᠠᠮᠠᠭ᠋ᠠᠯᠠᠯ ᠠᠶᠤᠯ ᠦᠭᠡᠢ ᠪᠠᠶ᠋ᠢᠳᠠᠯ᠎ᠢ ᠰᠠᠶ᠋ᠢᠨ ᠬᠢᠬᠦ ᠬᠡᠷᠡᠭᠲᠡᠢ᠃
     8. ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ
     8.1 ᠠᠯᠪᠠᠨ ᠶᠣᠰᠣᠨ᠎ᠤ ᠮᠠᠯ᠎ᠤᠨ ᠡᠮᠴᠢ ᠨᠠᠷ ᠨᠢᠲᠤᠯᠭ᠋ᠠᠨ᠎ᠤ ᠲᠠᠯᠠᠪᠤᠷ (ᠦᠢ᠍ᠯᠡᠳᠪᠦᠷᠢ᠂ ᠴᠢᠭ)᠎ᠤᠨ ᠠᠯᠠᠰᠢᠨ᠎ᠳᠤ ᠭᠠᠷᠭ᠋ᠠᠭᠰᠠᠨ᠂ ᠪᠠᠴᠢᠮ ᠨᠢᠲᠤᠯᠬᠤ᠂ ᠠᠮᠢᠳᠤ ᠪᠣᠳᠠᠰ᠎ᠤᠨ ᠠᠶᠤᠯ ᠦᠭᠡᠢ ᠰᠢᠢ᠍ᠳᠪᠦᠷᠢᠯᠡᠯᠲᠡ ᠵᠢᠨ ᠬᠤᠯᠪᠣᠭᠳᠠᠯ ᠪᠦᠬᠦᠢ ᠲᠡᠮᠳᠡᠭᠯᠡᠯ᠎ᠳᠤ ᠬᠠᠷᠠᠭ᠎ᠠ ᠬᠢᠨᠠᠯᠲᠠ ᠲᠠᠯᠪᠢᠵᠤ ᠬᠥᠲᠥᠯᠥᠨ ᠤᠳᠤᠷᠢᠳᠤᠨ᠎ᠠ᠃
     8.2 ᠠᠯᠪᠠᠨ ᠶᠣᠰᠣᠨ᠎ᠤ ᠮᠠᠯ᠎ᠤᠨ ᠡᠮᠴᠢ ᠨᠠᠷ ᠲᠠᠯᠠᠪᠤᠷ᠎ᠲᠤ ᠨᠡᠪᠲᠡᠷᠡᠭᠦᠯᠬᠦ ᠰᠢᠯᠭ᠋ᠠᠨ ᠪᠠᠶ᠋ᠢᠴᠠᠭ᠋ᠠᠯᠲᠠ ᠵᠢ ᠬᠢᠨᠠᠬᠤ᠂ ᠬᠢᠵᠢᠭ ᠪᠠᠶ᠋ᠢᠴᠠᠭ᠋ᠠᠯᠲᠠ ᠵᠢᠨ ᠡᠷᠭᠦᠳᠡᠯ᠂ ᠨᠢᠲᠤᠯᠭ᠋ᠠᠨ᠎ᠤ ᠡᠮᠦᠨᠡᠬᠢ ᠪᠠᠶ᠋ᠢᠴᠠᠭ᠋ᠠᠯᠲᠠ᠂ ᠬᠢᠵᠢᠭ ᠪᠠᠶ᠋ᠢᠴᠠᠭ᠋ᠠᠯᠲᠠ ᠵᠡᠷᠭᠡ ᠲᠠᠯ᠎ᠠ᠎ᠤᠳ᠎ᠤᠨ ᠲᠡᠮᠳᠡᠭᠯᠡᠯ᠎ᠢ ᠬᠠᠮᠲᠤ᠎ᠳᠤ᠎ᠨᠢ ᠰᠠᠶ᠋ᠢᠲᠤᠷ ᠬᠢᠬᠦ ᠬᠡᠷᠡᠭᠲᠡᠢ᠃
     8.3 ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ᠎ᠢ 10 ᠵᠢᠯ᠎ᠠᠴᠠ ᠳᠡᠭᠡᠭᠰᠢ ᠬᠠᠳᠠᠭ᠋ᠠᠯᠠᠬᠤ ᠬᠡᠷᠡᠭᠲᠡᠢ᠃


     (ᠢᠷᠡᠯᠲᠡ᠄ 《ᠦᠪᠦᠷ ᠮᠣᠩᠭᠣᠯ᠎ᠤᠨ ᠠᠮᠢᠲᠠᠨ᠎ᠤ ᠡᠷᠡᠭᠦᠯ ᠬᠠᠮᠠᠭ᠋ᠠᠯᠠᠯ᠎ᠤᠨ ᠬᠢᠨᠠᠯᠲᠠ》 ᠮᠣᠩᠭᠣᠯ ᠰᠦᠯᠵᠢᠶ᠎ᠡ᠎ᠠᠴᠠ ᠰᠢᠯᠵᠢᠭᠦᠯᠪᠡ᠃)

ᠢᠷᠡᠯᠲᠡ᠄ 《ᠦᠪᠦᠷ ᠮᠣᠩᠭᠣᠯ᠎ᠤᠨ ᠠᠮᠢᠲᠠᠨ᠎ᠤ ᠡᠷᠡᠭᠦᠯ ᠬᠠᠮᠠᠭ᠋ᠠᠯᠠᠯ᠎ᠤᠨ ᠬᠢᠨᠠᠯᠲᠠ》 ᠮᠣᠩᠭᠣᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠭᠠᠭ᠍ᠠᠢ ᠵᠢᠨ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ ᠵᠢᠨ ᠵᠢᠷᠤᠮ
ᠠᠹᠷᠢᠺᠠ ᠵᠢᠨ ᠭᠠᠬᠠᠶ ᠵᠢᠨ ᠬᠢᠵᠢᠭ᠎ᠤᠨ ᠪᠠᠴᠢᠮ ᠪᠠᠶ᠋ᠢᠳᠠᠯ᠎ᠢ ᠠᠷᠭ᠋ᠠᠴᠠᠬᠤ ᠬᠡᠷᠡᠭᠵᠢᠭᠦᠯᠬᠦ ᠲᠥᠰᠦᠯ (2020 ᠣᠨ᠎ᠤ ᠬᠡᠪᠯᠡᠯ)
ᠠᠹᠷᠢᠺᠠ ᠵᠢᠨ ᠭᠠᠬᠠᠢ ᠵᠢᠨ ᠬᠢᠵᠢᠭ᠎ᠢ ᠪᠠᠴᠢᠮ ᠠᠷᠭ᠋ᠠᠴᠠᠭ᠋ᠠᠬᠤ ᠤᠷᠢᠳᠴᠢᠯᠠᠭᠰᠠᠨ ᠲᠥᠰᠥᠪ
ᠬᠤᠨᠢ ᠢᠮᠠᠭ᠋ᠠᠨ᠎ᠤ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ ᠵᠢᠨ ᠵᠢᠷᠤᠮ
ᠪᠦᠬᠦᠳᠡ ᠨᠠᠶ᠋ᠢᠷᠠᠮᠳᠠᠬᠤ ᠲᠤᠮᠳᠠᠳᠦ ᠠᠷᠠᠳ ᠤᠯᠤᠰ᠎ᠤᠨ ᠮᠠᠯ ᠠᠵᠦ ᠠᠬᠤᠢ ᠵᠢᠨ ᠬᠠᠦᠯᠢ
 
            