ᠣᠢ᠌ᠷ᠎ᠠ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠠᠯᠪᠠᠨ ᠲᠢᠩᠬᠢᠮ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠠᠯᠪᠠᠨ ᠲᠢᠩᠬᠢᠮ 《ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠲᠣᠭᠲᠠᠭ᠋ᠠᠯ》᠎ᠢ ᠳᠠᠷᠤᠮᠠᠯᠯᠠᠨ ᠲᠠᠷᠬᠠᠭ᠋ᠠᠭᠰᠠᠨ ᠪᠥᠭᠡᠳ ᠮᠡᠳᠡᠭᠳᠡᠯ ᠪᠠᠭᠤᠯᠭ᠋ᠠᠵᠤ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠨᠠᠷᠢᠨ ᠬᠢᠨᠠᠮᠠᠭ᠋ᠠᠢ ᠵᠢᠷᠤᠮᠯᠠᠨ ᠬᠡᠷᠡᠭᠵᠢᠭᠦᠯᠬᠦ ᠬᠡᠷᠡᠭᠲᠡᠢ ᠭᠡᠵᠦ ᠱᠠᠭ᠋ᠠᠷᠳᠠᠪᠠ᠃
《ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠲᠣᠭᠲᠠᠭ᠋ᠠᠯ》᠎ᠤᠨ ᠪᠦᠭᠦ ᠠᠭᠤᠯᠭ᠎ᠠ᠎ᠨᠢ ᠳᠣᠣᠷᠠᠬᠢ ᠮᠡᠲᠦ᠃
ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠲᠣᠭᠲᠠᠭ᠋ᠠᠯ
(2011 ᠣᠨ᠎ᠤ 4 ᠰᠠᠷ᠎ᠠ ᠵᠢᠨ 28᠎ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ
ᠬᠣᠷᠢᠶ᠎ᠠ ᠵᠢᠨ ᠤᠯᠤᠰ ᠲᠦᠷᠦ ᠵᠢᠨ ᠲᠣᠪᠴᠢᠶ᠎ᠠ ᠵᠢᠨ ᠪᠠᠢ᠌ᠩᠭᠤ ᠵᠢᠨ ᠬᠣᠷᠢᠶ᠎ᠠ ᠵᠢᠨ ᠬᠤᠷᠠᠯ᠎ᠠᠴᠠ ᠬᠢᠨᠠᠨ ᠵᠥᠪᠯᠡᠵᠦ ᠵᠥᠪᠰᠢᠶᠡᠷᠡᠪᠡ 2011 ᠣᠨ᠎ᠤ 5 ᠰᠠᠷ᠎ᠠ ᠵᠢᠨ 23᠎ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠠᠯᠪᠠᠨ ᠲᠢᠩᠬᠢᠮ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠠᠯᠪᠠᠨ ᠲᠢᠩᠬᠢᠮ᠎ᠠᠴᠠ ᠨᠡᠢ᠌ᠲᠡᠯᠡᠪᠡ 2025 ᠣᠨ᠎ᠤ 3 ᠰᠠᠷ᠎ᠠ ᠵᠢᠨ 28᠎ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠠᠴᠠ ᠵᠠᠰᠠᠪᠤᠷᠢ ᠣᠷᠣᠭᠤᠯᠪᠠ 2025 ᠣᠨ᠎ᠤ 3 ᠰᠠᠷ᠎ᠠ ᠵᠢᠨ 28᠎ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠠᠯᠪᠠᠨ ᠲᠢᠩᠬᠢᠮ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠠᠯᠪᠠᠨ ᠲᠢᠩᠬᠢᠮ᠎ᠠᠴᠠ ᠨᠡᠢ᠌ᠲᠡᠯᠡᠪᠡ)
ᠨᠢᠭᠡᠳᠦᠭᠡᠷ ᠪᠦᠯᠦᠭ ᠶᠡᠷᠦᠩᠬᠡᠢ ᠳᠦᠷᠢᠮ
ᠨᠢᠭᠡᠳᠦᠭᠡᠷ ᠵᠦᠢ᠍ᠯ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠠᠬᠢᠭᠤᠯᠵᠤ᠂ ᠬᠥᠳᠡᠭᠡ ᠲᠣᠰᠬᠣᠨ᠎ᠤ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢ᠌ᠭᠤᠯᠤᠯᠲᠠ ᠪᠣᠯᠣᠨ ᠢᠯᠵᠠᠷᠠᠯ᠎ᠢ ᠡᠰᠡᠷᠭᠦᠴᠡᠬᠦ ᠠᠵᠢᠯ᠎ᠢ ᠴᠢᠩᠭ᠋ᠠᠳᠬᠠᠬᠤ ᠵᠢᠨ ᠲᠤᠰᠠᠳᠠ᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠷᠢᠭᠤᠨ ᠴᠢᠬᠡᠴᠢ᠎ᠪᠠᠷ ᠥᠪᠡᠷ᠎ᠢ᠎ᠪᠠᠨ ᠱᠠᠭ᠋ᠠᠷᠳᠠᠬᠤ ᠳᠦᠷᠢᠮ》᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠠᠮ᠎ᠤᠨ ᠳᠣᠲᠣᠭ᠋ᠠᠳᠤ ᠵᠢᠨ ᠬᠢᠨᠠᠯᠲᠠ ᠲᠠᠯᠪᠢᠬᠤ ᠳᠦᠷᠢᠮ》 ᠵᠡᠷᠭᠡ ᠨᠠᠮ᠎ᠤᠨ ᠳᠣᠲᠣᠭ᠋ᠠᠳᠤ ᠵᠢᠨ ᠬᠠᠤᠯᠢ ᠲᠣᠭᠲᠠᠭ᠋ᠠᠯ ᠪᠣᠯᠣᠨ 《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠢᠨᠠᠨ ᠪᠠᠢ᠌ᠴᠠᠭ᠋ᠠᠬᠤ ᠬᠠᠤᠯᠢ》 ᠵᠡᠷᠭᠡ ᠬᠠᠤᠯᠢ ᠴᠠᠭ᠋ᠠᠵᠠ ᠵᠢ ᠦᠨᠳᠦᠰᠦᠯᠡᠨ᠂ ᠲᠤᠰ ᠲᠣᠭᠲᠠᠭ᠋ᠠᠯ᠎ᠢ ᠲᠣᠭᠲᠠᠭ᠋ᠠᠪᠠ᠃
ᠬᠣᠶᠠᠳᠤᠭ᠋ᠠᠷ ᠵᠦᠢ᠍ᠯ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠠᠵᠢᠯ᠎ᠢ ᠴᠢᠩᠭ᠋ᠠᠳᠬᠠᠬᠤ᠎ᠳᠤ᠂ ᠡᠷᠬᠡᠪᠰᠢ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠤᠯᠭ᠋ᠠᠬᠤ ᠵᠢ ᠪᠠᠷᠢᠮᠲᠠᠯᠠᠵᠤ᠂ ᠨᠠᠮ᠎ᠤᠨ ᠪᠦᠭᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠲᠠᠯᠠᠨ ᠴᠢᠩᠭ᠋ᠠᠳᠬᠠᠵᠤ᠂ ᠬᠥᠳᠡᠭᠡ ᠲᠣᠰᠬᠣᠨ᠎ᠤ ᠡᠷᠬᠡ ᠵᠢ ᠬᠡᠷᠡᠭᠵᠢᠭᠦᠯᠬᠦ᠎ᠳᠤ ᠬᠢᠨᠠᠯᠲᠠ ᠲᠠᠯᠪᠢᠬᠤ ᠲᠣᠭᠲᠠᠴᠠ ᠵᠢ ᠲᠡᠭᠦᠯᠳᠡᠷᠵᠢᠭᠦᠯᠵᠦ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠵᠢ ᠦᠨᠳᠦᠰᠦᠨ ᠱᠠᠲᠤ ᠲᠡᠢ᠌ᠰᠢ ᠭᠦᠨᠵᠡᠭᠡᠢ᠌ᠷᠡᠭᠦᠯᠬᠦ᠂ ᠤᠯᠠᠨ ᠲᠦᠮᠡᠨ᠎ᠤ ᠳᠡᠷᠭᠡᠳᠡ ᠭᠦᠷᠲᠡᠯ᠎ᠡ ᠥᠷᠭᠡᠳᠬᠡᠬᠦ ᠵᠢ ᠠᠬᠢᠭᠤᠯᠵᠤ᠂ ᠬᠥᠳᠡᠭᠡ ᠲᠣᠰᠬᠣᠨ᠎ᠢ ᠪᠦᠭᠦ ᠲᠠᠯ᠎ᠠ᠎ᠪᠠᠷ ᠬᠥᠭᠵᠢᠭᠦᠯᠦᠨ ᠮᠠᠨᠳᠤᠭᠤᠯᠬᠤ ᠵᠢ ᠠᠬᠢᠭᠤᠯᠬᠤ᠎ᠳᠤ ᠪᠠᠲᠤ ᠴᠢᠩᠭ᠎ᠠ ᠪᠠᠲᠤᠯᠠᠭ᠎ᠠ ᠬᠠᠩᠭ᠋ᠠᠬᠤ ᠬᠡᠷᠡᠭᠲᠡᠢ᠃
ᠭᠤᠷᠪᠠᠳᠤᠭ᠋ᠠᠷ ᠵᠦᠢ᠍ᠯ ᠲᠤᠰ ᠲᠣᠭᠲᠠᠭ᠋ᠠᠯ᠎ᠳᠤ ᠬᠡᠯᠡᠵᠦ ᠪᠠᠢ᠌ᠭ᠎ᠠ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠲᠤ ᠪᠠᠭᠲᠠᠬᠤ᠎ᠨᠢ᠄
(ᠨᠢᠭᠡ) ᠰᠢᠶᠠᠩ ᠪᠠᠯᠭ᠋ᠠᠰᠤᠨ᠎ᠤ ᠨᠠᠮ᠎ᠤᠨ ᠬᠣᠷᠢᠶ᠎ᠠ ᠪᠠ ᠵᠠᠰᠠᠭ᠎ᠤᠨ ᠣᠷᠳᠣᠨ᠎ᠤ ᠤᠳᠤᠷᠢᠳᠬᠤ ᠪᠠᠭ᠎ᠤᠨ ᠪᠦᠷᠢᠯᠳᠦᠭᠦᠨ᠂ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠡᠷᠢᠭᠦᠯᠡᠭᠴᠢᠳ᠎ᠤᠨ ᠪᠦᠯᠭᠦᠮ᠎ᠤᠨ ᠬᠠᠷᠢᠭᠤᠴᠠᠯᠭ᠋ᠠᠲᠠᠨ ᠵᠢᠴᠢ ᠰᠢᠶᠠᠩ ᠪᠠᠯᠭ᠋ᠠᠰᠤᠨ᠎ᠤ ᠪᠤᠰᠤᠳ ᠠᠵᠢᠯᠲᠠᠨ;
(ᠬᠣᠶᠠᠷ) ᠰᠢᠰᠲᠸᠮ᠎ᠤᠨ ᠬᠠᠮᠢᠶᠠᠷᠤᠯᠲᠠ ᠪᠤᠶᠤ ᠳᠠᠪᠬᠤᠷ ᠤᠳᠤᠷᠢᠳᠤᠯᠭ᠎ᠠ ᠵᠢ ᠬᠦᠯᠢᠶᠡᠬᠦ ᠵᠢ ᠬᠡᠷᠡᠭᠵᠢᠭᠦᠯᠬᠦ ᠵᠢᠨ ᠬᠠᠮᠲᠤ ᠳᠡᠭᠡᠳᠦ ᠱᠠᠲᠤᠨ᠎ᠤ ᠨᠢᠭᠡᠴᠢ ᠵᠢᠨ ᠤᠳᠤᠷᠢᠳᠤᠯᠭ᠎ᠠ᠎ᠪᠠᠷ ᠭᠣᠣᠯ ᠪᠤᠯᠭ᠋ᠠᠬᠰᠠᠨ ᠨᠢᠭᠡᠴᠢ᠂ ᠰᠢᠶᠠᠨ᠎ᠤ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠰᠢᠶᠠᠩ ᠪᠠᠯᠭ᠋ᠠᠰᠤ ᠵᠢᠨ ᠪᠠᠢ᠌ᠭᠤᠯᠤᠮᠵᠢ᠎ᠳᠤ ᠲᠣᠮᠢᠯᠠᠨ ᠰᠠᠭᠤᠭ᠎ᠠ ᠠᠵᠢᠯᠲᠠᠨ;
(ᠭᠤᠷᠪᠠ) ᠲᠣᠰᠬᠣᠨ᠎ᠤ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠤᠳᠤᠷᠢᠳᠬᠤ ᠪᠠᠭ᠎ᠤᠨ ᠪᠦᠷᠢᠯᠳᠦᠭᠦᠨ᠂ ᠲᠣᠰᠬᠣᠨ᠎ᠤ ᠠᠷᠠᠳ᠎ᠤᠨ ᠵᠥᠪᠯᠡᠯ᠎ᠤᠨ ᠪᠦᠷᠢᠯᠳᠦᠭᠦᠨ᠂ ᠲᠣᠰᠬᠣᠨ᠎ᠤ ᠶᠠᠪᠤᠳᠠᠯ᠎ᠳᠤ ᠬᠢᠨᠠᠯᠲᠠ ᠲᠠᠯᠪᠢᠬᠤ ᠵᠥᠪᠯᠡᠯ ᠪᠣᠯᠣᠨ ᠪᠤᠰᠤᠳ ᠭᠡᠯᠪᠡᠷᠢ ᠵᠢᠨ ᠲᠣᠰᠬᠣᠨ᠎ᠤ ᠶᠠᠪᠤᠳᠠᠯ᠎ᠳᠤ ᠬᠢᠨᠠᠯᠲᠠ ᠲᠠᠯᠪᠢᠬᠤ ᠪᠠᠢ᠌ᠭᠤᠯᠤᠮᠵᠢ ᠵᠢᠨ ᠪᠦᠷᠢᠯᠳᠦᠭᠦᠨ᠂ ᠲᠣᠰᠬᠣᠨ᠎ᠤ ᠠᠷᠠᠳ᠎ᠤᠨ ᠳᠤᠭᠤᠢ᠌ᠯᠠᠩ᠎ᠤᠨ ᠬᠠᠷᠢᠭᠤᠴᠠᠯᠭ᠋ᠠᠲᠠᠨ ᠵᠢᠴᠢ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ᠂ ᠠᠵᠢᠯᠯᠠᠬᠤ ᠠᠩᠭᠢ ᠵᠢᠨ ᠭᠡᠰᠢᠭᠦᠨ;
(ᠳᠥᠷᠪᠡ) ᠬᠥᠳᠡᠭᠡ ᠲᠣᠰᠬᠣᠨ᠎ᠤ ᠬᠠᠮᠲᠤ ᠵᠢᠨ ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ᠎ᠳᠠᠬᠢ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠤᠳᠤᠷᠢᠳᠬᠤ ᠪᠠᠭ᠎ᠤᠨ ᠪᠦᠷᠢᠯᠳᠦᠭᠦᠨ᠂ ᠬᠥᠳᠡᠭᠡ ᠲᠣᠰᠬᠣᠨ᠎ᠤ ᠬᠠᠮᠲᠤ ᠵᠢᠨ ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ ᠵᠢᠨ ᠬᠡᠷᠡᠭ ᠡᠷᠭᠢᠯᠡᠭᠴᠢᠳ᠎ᠤᠨ ᠬᠤᠷᠠᠯ᠎ᠤᠨ ᠪᠦᠷᠢᠯᠳᠦᠭᠦᠨ᠂ ᠬᠢᠨᠠᠭᠴᠢᠳ᠎ᠤᠨ ᠵᠥᠪᠯᠡᠯ᠎ᠤᠨ ᠪᠦᠷᠢᠯᠳᠦᠭᠦᠨ ᠪᠤᠶᠤ ᠬᠢᠨᠠᠭᠴᠢ᠂ ᠭᠣᠣᠯ ᠪᠤᠯᠬᠤ ᠡᠵᠡᠩᠨᠡᠯᠲᠡ ᠬᠠᠮᠢᠶᠠᠷᠤᠯᠲᠠ ᠵᠢᠨ ᠠᠵᠢᠯᠳᠠᠨ;
(ᠲᠠᠪᠤ) ᠰᠢᠶᠠᠩ ᠪᠠᠯᠭ᠋ᠠᠰᠤ ᠪᠠ ᠭᠠᠴᠠᠭ᠋ᠠᠨ᠎ᠤ ᠱᠠᠲᠤᠨ᠎ᠤ ᠬᠡᠷᠡᠭ ᠶᠠᠪᠤᠳᠠᠯ᠎ᠢ ᠬᠠᠮᠢᠶᠠᠷᠬᠤ ᠪᠤᠰᠤᠳ ᠠᠵᠢᠯᠲᠠᠨ᠃
ᠬᠥᠳᠡᠭᠡ ᠲᠣᠰᠬᠣᠨ᠎ᠤ ᠬᠠᠮᠲᠤ ᠵᠢᠨ ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ᠎ᠲᠠᠢ ᠵᠡᠭᠡᠯᠢ ᠭᠤᠳᠤᠮᠵᠢ᠂ ᠨᠡᠢ᠌ᠭᠡᠮ ᠲᠣᠭᠣᠷᠢᠭ ᠵᠡᠷᠭᠡ ᠬᠠᠮᠢᠶ᠎ᠠ ᠪᠦᠬᠦᠢ ᠬᠠᠮᠢᠶᠠᠷᠤᠯᠲᠠ ᠵᠢᠨ ᠠᠵᠢᠯᠲᠠᠨ᠎ᠳᠤ ᠲᠣᠰ ᠲᠣᠭᠲᠠᠭ᠋ᠠᠯ᠎ᠢ ᠯᠠᠪᠯᠠᠯᠲᠠ ᠪᠣᠯᠭ᠋ᠠᠨ
ᠬᠡᠷᠡᠭᠯᠡᠨ᠎ᠡ᠃
ᠳᠥᠷᠪᠡᠳᠦᠭᠡᠷ ᠵᠦᠢ᠍ᠯ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ᠎ᠳᠡᠭᠡᠨ ᠪᠡᠶᠡᠯᠡᠭᠦᠯᠬᠦ ᠴᠢᠬᠤᠯᠠᠲᠠᠢ᠎ᠨᠢ᠄
(ᠨᠢᠭᠡ) ᠬᠦᠰᠡᠯᠡᠩ ᠢᠲᠡᠭᠡᠯ ᠵᠣᠷᠢᠭ ᠵᠶ᠋ᠠᠨ ᠪᠠᠲᠤᠳᠬᠠᠵᠤ᠂ ᠠᠷᠠᠳ ᠲᠦᠮᠡᠨ ᠵᠶ᠋ᠡᠷ ᠭᠣᠣᠯ ᠪᠤᠯᠭ᠋ᠠᠬᠤ ᠵᠢ ᠪᠠᠷᠢᠮᠲᠠᠯᠠᠵᠤ᠂ ᠤᠯᠠᠨ ᠲᠦᠮᠡᠨ᠎ᠤ ᠦᠨᠳᠦᠰᠦᠨ ᠠᠰᠢᠭ ᠲᠤᠰᠠ ᠵᠢ ᠰᠠᠢ᠌ᠲᠤᠷ ᠪᠡᠶᠡᠯᠡᠭᠦᠯᠵᠦ᠂ ᠰᠠᠢ᠌ᠲᠤᠷ ᠬᠠᠮᠠᠭ᠋ᠠᠯᠠᠵᠤ᠂ ᠰᠠᠢ᠌ᠲᠤᠷ ᠬᠥᠭᠵᠢᠭᠦᠯᠬᠦ ᠭᠡᠷᠡᠭᠲᠡᠢ;
(ᠬᠣᠶᠠᠷ) ᠨᠠᠮ᠎ᠤᠨ ᠢᠷᠠᠭᠤ ᠠᠯᠳᠠᠷᠲᠤ ᠤᠯᠠᠮᠵᠢᠯᠠᠯ ᠪᠠ ᠰᠢᠯᠢᠳᠡᠭ ᠰᠤᠷᠲᠠᠯ᠎ᠢ ᠪᠠᠳᠠᠷᠠᠭᠤᠯᠵᠤ᠂ ᠦᠨᠡᠨ᠎ᠢ ᠪᠠᠷᠢᠮᠲᠠᠯᠠᠨ ᠪᠣᠳᠠᠲᠠᠢ ᠵᠢ ᠡᠷᠬᠢᠮᠯᠡᠵᠦ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠂ ᠠᠷᠠᠳ ᠲᠦᠮᠡᠨ᠎ᠳᠤ ᠦᠢ᠍ᠯᠡᠴᠢᠯᠡᠬᠦ ᠴᠢᠳᠠᠪᠤᠷᠢ᠎ᠪᠠᠨ ᠳᠡᠭᠡᠭᠰᠢᠯᠡᠭᠦᠯᠭᠦ ᠭᠡᠷᠡᠭᠳᠡᠢ;
(ᠭᠤᠷᠪᠠ) ᠨᠠᠮ᠎ᠤᠨ ᠳᠦᠷᠢᠮ ᠨᠠᠮ᠎ᠤᠨ ᠲᠣᠭᠲᠠᠭ᠋ᠠᠯ ᠨᠠᠮ᠎ᠤᠨ ᠰᠠᠬᠢᠯᠭ᠎ᠠ ᠪᠠᠲᠤ ᠪᠠ ᠬᠠᠤᠯᠢ ᠲᠣᠭᠲᠠᠭ᠋ᠠᠯ᠎ᠢ ᠴᠢᠩᠭ᠎ᠠ ᠵᠢᠷᠤᠮᠯᠠᠵᠤ᠂ ᠲᠥᠪ ᠭᠣᠣᠯᠴᠢ ᠠᠷᠢᠭᠤᠨ ᠴᠢᠬᠡᠴᠢ᠂ ᠲᠤᠰᠢᠶᠠᠯ ᠬᠠᠷᠢᠭᠤᠴᠠᠯᠭ᠎ᠠ᠎ᠪᠠᠨ ᠵᠢᠷᠤᠮᠵᠢᠩᠭᠤᠢ ᠭᠦᠢ᠍ᠴᠡᠳᠬᠡᠵᠦ᠂ ᠤᠬᠠᠮᠰᠠᠷ᠎ᠠᠴᠠ᠎ᠪᠠᠨ ᠬᠢᠨᠠᠯᠲᠠ ᠲᠠᠯᠪᠢᠬᠤ ᠵᠢ ᠬᠦᠯᠢᠶᠡᠬᠦ ᠭᠡᠷᠡᠭᠳᠡᠢ;
(ᠳᠥᠷᠪᠡ) ᠨᠡᠢ᠌ᠭᠡᠮ ᠵᠢᠷᠤᠮ᠎ᠤᠨ ᠭᠣᠣᠯᠯᠠᠭᠴᠢ ᠦᠷᠳᠡᠭ᠎ᠤᠨ ᠦᠵᠡᠯᠲᠡ ᠵᠢ ᠲᠦᠷᠦᠭᠦᠯᠡᠨ ᠦᠢ᠍ᠯᠡᠳᠦᠯᠭᠡᠵᠢᠭᠦᠯᠵᠦ᠂ ᠰᠢᠨ᠎ᠡ ᠴᠠᠭ ᠦᠶ᠎ᠡ ᠵᠢᠨ ᠬᠥᠳᠡᠭᠡ ᠲᠣᠰᠬᠣᠨ᠎ᠤ ᠤᠶᠤᠨ᠎ᠤ ᠪᠣᠯᠪᠠᠰᠤᠨ᠎ᠤ ᠪᠠᠢ᠌ᠭᠤᠯᠤᠯᠲᠠ ᠵᠢ ᠠᠬᠢᠭᠤᠯᠵᠤ᠂ ᠬᠠᠭᠤᠴᠢᠨ ᠪᠣᠯᠬᠢ ᠳᠠᠳᠬᠠᠯ᠎ᠢ ᠥᠭᠡᠷᠡᠴᠢᠯᠡᠬᠦ ᠵᠢ ᠠᠬᠢᠭᠤᠯᠵᠤ᠂ ᠪᠣᠯᠪᠠᠰᠤᠨ ᠨᠤᠲᠤᠭ᠎ᠤᠨ ᠰᠤᠷᠲᠠᠯ᠎ᠢ ᠪᠠᠢ᠌ᠭᠤᠯᠬᠤ ᠬᠡᠷᠡᠭᠲᠡᠢ᠃
ᠲᠠᠪᠤᠳᠤᠭ᠋ᠠᠷ ᠵᠦᠢ᠍ᠯ ᠡᠯ᠎ᠡ ᠱᠠᠲᠤᠨ᠎ᠤ ᠨᠠᠮ᠎ᠤᠨ ᠬᠣᠷᠢᠶ᠎ᠠ ᠢᠯᠠᠩᠭᠤᠶ᠎ᠠ ᠰᠢᠶᠠᠨ᠎ᠤ ᠱᠠᠲᠤᠨ᠎ᠤ ᠨᠠᠮ᠎ᠤᠨ ᠬᠣᠷᠢᠶ᠎ᠠ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠭᠣᠣᠯ ᠴᠣᠭᠴᠠ ᠵᠢᠨ ᠬᠠᠷᠢᠭᠤᠴᠠᠯᠭ᠎ᠠ ᠵᠢ ᠨᠠᠷᠢᠨ ᠬᠢᠨᠠᠮᠠᠭ᠋ᠠᠢ ᠭᠦᠢ᠍ᠴᠡᠳᠬᠡᠵᠦ᠂ ᠨᠠᠮ᠎ᠤᠨ ᠠᠵᠢᠯ᠎ᠤᠨ ᠰᠠᠯᠠᠭ᠎ᠠ ᠮᠥᠴᠢᠷ᠎ᠤᠨ ᠪᠣᠳᠠᠲᠠᠢ ᠬᠠᠷᠢᠭᠤᠴᠠᠯᠭ᠎ᠠ ᠵᠢ ᠴᠢᠩᠭ᠋ᠠᠳᠬᠠᠵᠤ᠂ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠠᠬᠢᠭᠤᠯᠬᠤ ᠵᠢ ᠴᠢᠬᠤᠯᠠ ᠠᠵᠢᠯ ᠪᠣᠯᠭ᠋ᠠᠨ ᠴᠢᠩᠭ᠎ᠠ ᠠᠳᠬᠤᠵᠤ ᠪᠣᠳᠠᠲᠠᠢ ᠠᠳᠬᠤᠵᠤ᠂ ᠬᠢᠨᠠᠯᠲᠠ ᠲᠠᠯᠪᠢᠬᠤ ᠬᠦᠴᠦᠨ᠎ᠢ ᠨᠡᠢ᠌ᠳᠬᠡᠵᠦ᠂ ᠠᠵᠢᠯ᠎ᠤᠨ ᠬᠠᠮᠲᠤᠷᠠᠯ ᠬᠦᠴᠦᠨ᠎ᠢ ᠪᠦᠷᠢᠯᠳᠦᠭᠦᠯᠬᠦ ᠬᠡᠷᠡᠭᠲᠡᠢ᠃ ᠡᠯ᠎ᠡ ᠱᠠᠲᠤᠨ᠎ᠤ ᠰᠠᠬᠢᠯᠭ᠎ᠠ ᠪᠠᠲᠤ ᠪᠠᠢ᠌ᠴᠠᠭ᠋ᠠᠬᠤ ᠬᠢᠨᠠᠨ ᠪᠠᠢ᠌ᠴᠠᠭ᠋ᠠᠬᠤ ᠪᠠᠢ᠌ᠭᠤᠯᠭ᠎ᠠ ᠢᠯᠠᠩᠭᠤᠶ᠎ᠠ ᠰᠢᠶᠠᠨ᠎ᠤ ᠱᠠᠲᠤᠨ᠎ᠤ ᠰᠠᠬᠢᠯᠭ᠎ᠠ ᠪᠠᠲᠤ ᠪᠠᠢ᠌ᠴᠠᠭ᠋ᠠᠬᠤ ᠬᠢᠨᠠᠨ ᠪᠠᠢ᠌ᠴᠠᠭ᠋ᠠᠬᠤ ᠪᠠᠢ᠌ᠭᠤᠯᠭ᠎ᠠ ᠠᠳᠠᠯᠢ ᠱᠠᠲᠤᠨ᠎ᠤ ᠨᠠᠮ᠎ᠤᠨ ᠬᠣᠷᠢᠶ᠎ᠠ ᠵᠢ ᠬᠠᠮᠵᠢᠨ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠭᠰᠡᠨ ᠪᠠᠢ᠌ᠳᠠᠯ᠎ᠳᠤ ᠬᠢᠨᠠᠯᠲᠠ ᠲᠠᠯᠪᠢᠵᠤ ᠪᠠᠢ᠌ᠴᠠᠭ᠋ᠠᠬᠤ᠎ᠪᠠᠨ ᠴᠢᠩᠭ᠋ᠠᠳᠬᠠᠵᠤ᠂ ᠤᠯᠠᠨ ᠲᠦᠮᠡᠨ᠎ᠤ ᠠᠰᠢᠭ ᠲᠤᠰᠠ ᠵᠢ ᠬᠣᠬᠢᠷᠠᠭᠤᠯᠤᠭᠰᠠᠨ ᠲᠥᠪ ᠪᠤᠰᠤ ᠰᠤᠷᠲᠠᠯ ᠪᠠ ᠢᠯᠵᠠᠷᠠᠯ᠎ᠤᠨ ᠠᠰᠠᠭᠤᠳᠠᠯ᠎ᠢ ᠦᠷᠭᠦᠯᠵᠢᠯᠡᠨ ᠴᠡᠭᠴᠡᠯᠡᠨ ᠵᠠᠰᠠᠬᠤ ᠬᠡᠷᠡᠭᠲᠡᠢ᠃
ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠵᠢᠴᠢ ᠲᠡᠭᠦᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ ᠢᠯᠠᠩᠭᠤᠶ᠎ᠠ ᠰᠢᠶᠠᠨ᠎ᠤ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠵᠢᠴᠢ ᠲᠡᠭᠦᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ ᠡᠭᠦᠷᠭᠡ ᠴᠢᠳᠠᠪᠬᠢ ᠲᠤᠰᠢᠶᠠᠯ ᠬᠠᠷᠢᠭᠤᠴᠠᠯᠭ᠎ᠠ ᠶᠣᠰᠣᠭ᠋ᠠᠷ ᠬᠠᠮᠢᠶᠠᠷᠤᠯᠲᠠ ᠬᠢᠨᠠᠯᠲᠠ᠎ᠪᠠᠨ ᠴᠢᠩᠭ᠋ᠠᠳᠬᠠᠵᠤ᠂ ᠬᠥᠳᠡᠭᠡ ᠲᠣᠰᠬᠣᠨ᠎ᠤ ᠦᠨᠳᠦᠰᠦᠨ ᠱᠠᠲᠤᠨ᠎ᠤ ᠺᠠᠳ᠋ᠷ᠎ᠤᠨ ᠤᠬᠠᠮᠰᠠᠷ᠎ᠠᠴᠠ᠎ᠪᠠᠨ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠠᠬᠢᠭᠤᠯᠬᠤ ᠬᠡᠷᠡᠭᠲᠡᠢ᠃
ᠬᠣᠶᠠᠳᠤᠭ᠋ᠠᠷ ᠪᠦᠯᠦᠭ ᠠᠷᠢᠭᠤᠨ ᠴᠢᠬᠡᠴᠢ᠎ᠪᠠᠷ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠦᠢ᠍ᠯᠡ ᠠᠵᠢᠯᠯᠠᠭ᠎ᠠ ᠵᠢᠨ ᠵᠢᠷᠤᠮᠵᠢᠯ
ᠵᠢᠷᠭᠤᠳᠤᠭ᠋ᠠᠷ ᠵᠦᠢ᠍ᠯ ᠬᠥᠳᠡᠭᠡ ᠠᠵᠤ ᠠᠬᠤᠢ ᠵᠢ ᠬᠦᠴᠦᠷᠬᠡᠭᠵᠢᠭᠦᠯᠦᠨ ᠲᠠᠷᠢᠶᠠᠴᠢᠳ᠎ᠲᠤ ᠠᠰᠢᠭ ᠬᠦᠷᠲᠡᠭᠡᠵᠦ ᠲᠠᠷᠢᠶᠠᠴᠢᠳ᠎ᠢ ᠪᠠᠶᠠᠵᠢᠭᠤᠯᠬᠤ ᠨᠥᠬᠥᠪᠦᠷᠢ ᠪᠡᠯᠡ ᠮᠥᠩᠭᠥ ᠣᠯᠭᠣᠬᠤ ᠶᠠᠪᠤᠴᠠ᠎ᠳᠤ ᠡᠵᠡᠯᠡᠨ ᠠᠪᠬᠤ᠂ ᠨᠡᠭᠦᠯᠭᠡᠨ
ᠬᠡᠷᠡᠭᠯᠡᠬᠦ ᠵᠢ ᠴᠠᠭ᠋ᠠᠵᠠᠯᠠᠨ᠎ᠠ᠃ ᠡᠭᠦᠨ᠎ᠳᠤ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠬᠤᠳᠠᠯ ᠵᠶ᠋ᠠᠷ ᠮᠡᠳᠡᠭᠦᠯᠬᠦ᠂ ᠬᠠᠭᠤᠷᠮᠠᠭᠯᠠᠨ ᠠᠪᠬᠤ ᠵᠡᠷᠭᠡ ᠠᠷᠭ᠎ᠠ ᠪᠠᠷᠢᠯ ᠵᠶ᠋ᠠᠷ ᠨᠥᠬᠥᠪᠦᠷᠢ ᠪᠡᠯᠡ ᠮᠥᠩᠭᠥ ᠵᠢ ᠮᠡᠬᠡᠯᠡᠨ ᠠᠪᠬᠤ;
(ᠬᠣᠶᠠᠷ) ᠨᠥᠬᠥᠪᠦᠷᠢ ᠪᠡᠯᠡ ᠮᠥᠩᠭᠥ ᠵᠢ ᠳᠤᠮᠳᠠ᠎ᠠᠴᠠ᠎ᠨᠢ ᠦᠯᠡᠳᠡᠭᠡᠭᠦ;
(ᠭᠤᠷᠪᠠ) ᠬᠥᠳᠡᠭᠡ ᠠᠵᠤ ᠠᠬᠤᠢ ᠵᠢ ᠬᠦᠴᠦᠷᠬᠡᠭᠵᠢᠭᠦᠯᠦᠨ ᠲᠠᠷᠢᠶᠠᠴᠢᠳ᠎ᠲᠤ ᠠᠰᠢᠭ ᠬᠦᠷᠲᠡᠭᠡᠵᠦ ᠲᠠᠷᠢᠶᠠᠴᠢᠳ᠎ᠢ ᠪᠠᠶᠠᠵᠢᠭᠤᠯᠬᠤ ᠨᠥᠬᠥᠪᠦᠷᠢ ᠪᠡᠯᠡ ᠮᠥᠩᠭᠥ ᠵᠢ ᠡᠵᠡᠯᠡᠨ ᠠᠪᠬᠤ᠂ ᠨᠡᠭᠦᠯᠭᠡᠨ ᠬᠡᠷᠡᠭᠯᠡᠬᠦ ᠪᠤᠰᠤᠳ ᠦᠢ᠍ᠯᠡ ᠠᠵᠢᠯᠯᠠᠭ᠎ᠠ᠃
ᠳᠣᠯᠣᠳᠤᠭ᠋ᠠᠷ ᠵᠦᠢ᠍ᠯ ᠬᠥᠳᠡᠭᠡ ᠲᠣᠰᠬᠣᠨ᠎ᠤ ᠬᠠᠮᠲᠤ ᠵᠢᠨ ᠪᠡᠯᠡ ᠮᠥᠩᠭᠥ ᠡᠳ᠋ ᠬᠥᠷᠥᠩᠭᠡ ᠡᠬᠢ ᠪᠠᠶᠠᠯᠢᠭ᠎ᠤᠨ ᠬᠠᠮᠢᠶᠠᠷᠤᠯᠲᠠ ᠵᠢᠨ ᠳᠤᠮᠳᠠ ᠡᠷᠬᠡ ᠪᠠᠷᠢᠨ ᠳᠤᠷ᠎ᠠ᠎ᠪᠠᠷ ᠵᠶ᠋ᠠᠨ ᠠᠭ᠋ᠠᠰᠢᠯᠠᠵᠤ᠂ ᠬᠤᠪᠢ ᠵᠢᠨ ᠠᠰᠢᠭ ᠣᠯᠬᠤ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) 《ᠲᠢᠴᠢ ᠬᠠᠳᠠᠭ᠋ᠠᠯᠠᠮᠵᠢ》 ᠭᠠᠷᠭ᠋ᠠᠵᠤ᠂ ᠬᠠᠮᠲᠤ ᠨᠡᠢ᠌ᠲᠡ ᠵᠢᠨ ᠠᠰᠢᠭ ᠣᠷᠣᠯᠭ᠎ᠠ ᠵᠢ ᠨᠢᠭᠤᠨ ᠳᠠᠯᠳᠠᠯᠠᠵᠤ᠂ ᠦᠯᠡᠳᠡᠭᠡᠨ ᠠᠪᠴᠤ᠂ ᠣᠷᠣᠯᠠᠵᠤ ᠵᠠᠷᠤᠬᠤ᠂ ᠵᠠᠷᠤᠯᠭ᠎ᠠ᠎ᠪᠠᠨ ᠬᠤᠳᠠᠯ ᠵᠶ᠋ᠠᠷ ᠵᠢᠭᠰᠠᠭ᠋ᠠᠨ ᠬᠡᠷᠡᠭᠯᠡᠬᠦ᠂ ᠬᠠᠮᠲᠤ ᠨᠡᠢ᠌ᠲᠡ ᠵᠢᠨ ᠪᠡᠯᠡ ᠮᠥᠩᠭᠥ ᠵᠢ ᠲᠣᠭᠲᠠᠭ᠋ᠠᠯ᠎ᠠᠴᠠ ᠵᠥᠷᠢᠴᠡᠨ ᠵᠢᠭᠡᠯᠡᠭᠦᠯᠬᠦ᠂ ᠡᠰᠡᠬᠦᠯ᠎ᠡ ᠵᠣᠭᠣᠰ ᠵᠢᠭᠡᠯᠡᠬᠦ᠂ ᠣᠷᠣᠯᠠᠨ ᠥᠭᠬᠦ᠂ ᠬᠣᠷᠰᠢᠨ ᠡᠵᠡᠩᠨᠡᠬᠦ ᠵᠡᠷᠭᠡ ᠨᠡᠷ᠎ᠡ᠎ᠪᠠᠷ ᠬᠠᠮᠲᠤ ᠨᠡᠢ᠌ᠲᠡ ᠵᠢᠨ ᠪᠡᠯᠡ ᠮᠥᠩᠭᠥ ᠵᠢ ᠤᠷᠲᠤ ᠬᠤᠭᠤᠴᠠᠭ᠎ᠠ᠎ᠪᠠᠷ ᠥᠷᠢᠲᠦᠬᠦ ᠪᠤᠶᠤ ᠭᠡᠯᠪᠡᠷᠢ ᠵᠢ᠎ᠨᠢ ᠥᠭᠡᠷᠡᠲᠦᠭᠦᠯᠦᠨ ᠡᠵᠡᠯᠡᠨ ᠭᠡᠷᠡᠭᠯᠡᠭᠦ;
(ᠬᠣᠶᠠᠷ) ᠬᠠᠮᠲᠤ ᠵᠢᠨ ᠡᠳ᠋ ᠬᠥᠷᠥᠩᠭᠡ ᠵᠢ ᠢᠯᠭ᠋ᠠᠷᠠᠭᠤᠯᠤᠨ ᠪᠠᠢ᠌ᠴᠠᠭ᠋ᠠᠬᠤ ᠳᠤᠮᠳᠠ ᠮᠡᠳᠡᠭᠦᠯᠬᠦ ᠦᠭᠡᠢ ᠨᠢᠭᠤᠬᠤ᠂ ᠣᠷᠬᠢᠭᠳᠠᠭᠤᠯᠤᠨ ᠮᠡᠳᠡᠭᠦᠯᠬᠦ᠂ ᠳᠣᠣᠷ᠎ᠠ ᠦᠨ᠎ᠡ᠎ᠪᠠᠷ ᠰᠢᠢ᠍ᠳᠪᠦᠷᠢᠯᠡᠬᠦ᠂ ᠦᠨ᠎ᠡ ᠲᠥᠯᠥᠪᠦᠷᠢ ᠦᠭᠡᠢ᠎ᠪᠠᠷ ᠡᠵᠡᠯᠡᠨ ᠬᠡᠷᠡᠭᠯᠡᠬᠦ ᠪᠤᠶᠤ ᠪᠡᠯᠭᠡᠳᠡᠯ᠎ᠤᠨ ᠴᠢᠨᠠᠷᠲᠠᠢ ᠵᠣᠭᠣᠰ ᠥᠭᠬᠦ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ ᠲᠣᠰᠬᠣᠨ᠎ᠤ ᠬᠠᠮᠲᠤ ᠵᠢᠨ ᠭᠡᠷ ᠪᠠᠢ᠌ᠰᠢᠩ᠂ ᠪᠡᠯᠡᠳᠬᠡᠮᠵᠢ ᠲᠥᠬᠦᠭᠡᠷᠦᠮᠵᠢ ᠵᠡᠷᠭᠡ ᠬᠠᠮᠲᠤ ᠵᠢᠨ ᠡᠳ᠋ ᠬᠥᠷᠥᠩᠭᠡ ᠵᠢ ᠡᠵᠡᠯᠡᠨ ᠬᠡᠷᠡᠭᠯᠡᠬᠦ᠂ ᠡᠰᠡᠬᠦᠯ᠎ᠡ ᠬᠠᠮᠲᠤ ᠵᠢᠨ ᠡᠳ᠋ ᠬᠥᠷᠥᠩᠭᠡ᠎ᠪᠠᠷ ᠲᠤᠰ ᠬᠥᠮᠥᠨ ᠪᠤᠶᠤ ᠪᠤᠰᠤᠳ ᠬᠥᠮᠥᠨ᠎ᠤ ᠥᠷᠢ ᠥᠭᠴᠡᠭᠡ ᠵᠢ ᠪᠠᠲᠤᠯᠠᠨ ᠳᠠᠭ᠋ᠠᠭ᠋ᠠᠬᠤ;
(ᠭᠤᠷᠪᠠ) ᠬᠠᠤᠯᠢ ᠲᠣᠭᠲᠠᠭ᠋ᠠᠯ᠎ᠢ ᠵᠥᠷᠢᠴᠡᠨ ᠬᠠᠮᠲᠤ ᠵᠢᠨ ᠭᠠᠵᠠᠷ ᠰᠢᠷᠣᠢ ᠵᠢ ᠳᠠᠭ᠋ᠠᠭ᠋ᠠᠴᠢᠯᠠᠭᠤᠯᠤᠭᠰᠠᠨ᠂ ᠲᠠᠷᠢᠶᠠᠴᠢᠨ ᠡᠷᠦᠭᠡ ᠵᠢᠨ ᠳᠠᠭ᠋ᠠᠭ᠋ᠠᠴᠢᠯᠠᠭᠰᠠᠨ ᠭᠠᠵᠠᠷ ᠰᠢᠷᠣᠢ ᠵᠢ ᠲᠣᠬᠢᠷᠠᠭᠤᠯᠤᠨ ᠬᠣᠷᠢᠶᠠᠨ ᠠᠪᠤᠭᠰᠠᠨ᠂ ᠳᠠᠭ᠋ᠠᠭ᠋ᠠᠴᠢᠯᠠᠨ ᠡᠵᠡᠩᠨᠡᠬᠦ ᠲᠤᠬᠠᠢ ᠵᠢᠨ ᠬᠥᠮᠥᠨ᠎ᠢ ᠭᠠᠵᠠᠷ ᠰᠢᠷᠣᠢ ᠳᠠᠭ᠋ᠠᠭ᠋ᠠᠴᠢᠯᠠᠨ ᠡᠵᠡᠩᠨᠡᠬᠦ ᠡᠷᠬᠡ᠎ᠪᠠᠨ ᠬᠠᠷᠢᠯᠴᠠᠨ ᠰᠣᠯᠢᠬᠤ᠂ ᠰᠢᠯᠵᠢᠭᠦᠯᠦᠨ ᠥᠭᠬᠦ ᠪᠤᠶᠤ ᠭᠠᠵᠠᠷ ᠰᠢᠷᠣᠢ ᠡᠵᠡᠩᠨᠡᠬᠦ ᠡᠷᠬᠡ᠎ᠪᠠᠨ ᠡᠷᠭᠢᠯᠲᠡ᠎ᠳᠤ ᠣᠷᠣᠭᠤᠯᠬᠤ ᠶᠠᠪᠤᠳᠠᠯ᠎ᠢ ᠠᠯᠪᠠᠳᠠᠭᠰᠠᠨ᠂ ᠬᠠᠷᠰᠢᠯᠠᠭᠰᠠᠨ᠂ ᠡᠰᠡᠬᠦᠯ᠎ᠡ ᠭᠠᠵᠠᠷ ᠰᠢᠷᠣᠢ ᠳᠠᠭ᠋ᠠᠭ᠋ᠠᠴᠢᠯᠠᠨ ᠡᠵᠡᠩᠨᠡᠬᠦ ᠡᠷᠬᠡ᠎ᠪᠠᠨ ᠬᠠᠷᠢᠯᠴᠠᠨ ᠰᠣᠯᠢᠬᠤ᠂ ᠰᠢᠯᠵᠢᠭᠦᠯᠦᠨ ᠥᠭᠬᠦ ᠪᠤᠶᠤ ᠭᠠᠵᠠᠷ ᠰᠢᠷᠣᠢ ᠡᠵᠡᠩᠨᠡᠬᠦ ᠡᠷᠬᠡ᠎ᠪᠠᠨ ᠡᠷᠭᠢᠯᠲᠡ᠎ᠳᠤ ᠣᠷᠣᠭᠤᠯᠵᠤ ᠣᠯᠣᠭᠰᠠᠨ ᠠᠰᠢᠭ ᠣᠯᠵᠠᠪᠤᠷᠢ ᠵᠢ ᠳᠤᠷ᠎ᠠ᠎ᠪᠠᠷ ᠵᠶ᠋ᠠᠨ ᠦᠯᠡᠳᠡᠭᠡᠨ ᠠᠪᠴᠤ᠂ ᠰᠠᠭᠤᠯᠭ᠋ᠠᠨ ᠲᠤᠰᠢᠶᠠᠯᠭ᠋ᠠᠬᠤ;
(ᠳᠥᠷᠪᠡ) ᠬᠠᠤᠯᠢ ᠲᠣᠭᠲᠠᠭ᠋ᠠᠯ᠎ᠢ ᠵᠥᠷᠢᠴᠡᠨ ᠬᠥᠳᠡᠭᠡ ᠲᠣᠰᠬᠣᠨ᠎ᠤ ᠣᠷᠣᠨ ᠰᠠᠭᠤᠴᠠ ᠵᠢᠨ ᠭᠠᠵᠠᠷ ᠭᠤᠶᠤᠴᠢᠯᠠᠬᠤ᠂ ᠬᠡᠷᠡᠭᠯᠡᠬᠦ ᠤᠴᠢᠷ ᠶᠠᠪᠤᠳᠠᠯ᠎ᠢ ᠰᠢᠢ᠍ᠳᠪᠦᠷᠢᠯᠡᠵᠦ᠂ ᠲᠤᠰᠬᠤᠨ᠎ᠤ ᠠᠷᠠᠳ᠎ᠤᠨ ᠬᠦᠰᠡᠯ ᠰᠠᠨᠠᠭ᠎ᠠ᠎ᠠᠴᠠ ᠵᠥᠷᠢᠴᠡᠨ ᠣᠷᠣᠨ ᠰᠠᠭᠤᠴᠠ ᠵᠢᠨ ᠭᠠᠵᠠᠷ᠎ᠢ ᠠᠯᠪᠠᠳᠠᠨ ᠡᠷᠭᠢᠯᠲᠡ᠎ᠳᠤ ᠣᠷᠣᠭᠤᠯᠤᠭᠰᠠᠨ᠂ ᠡᠰᠡᠬᠦᠯ᠎ᠡ ᠲᠤᠰᠬᠤᠨ᠎ᠤ ᠠᠷᠠᠳ᠎ᠤᠨ ᠬᠠᠤᠯᠢ ᠶᠣᠰᠣᠭ᠋ᠠᠷ ᠣᠯᠣᠭᠰᠠᠨ ᠣᠷᠣᠨ ᠰᠠᠭᠤᠴᠠ ᠵᠢᠨ ᠭᠠᠵᠠᠷ᠎ᠢ ᠬᠠᠤᠯᠢ ᠵᠢ ᠵᠥᠷᠢᠴᠡᠨ ᠬᠣᠷᠢᠶᠠᠨ ᠠᠪᠴᠤ᠂ ᠣᠷᠣᠨ ᠰᠠᠭᠤᠴᠠ ᠵᠢᠨ ᠭᠠᠵᠠᠷ᠎ᠠᠴᠠ ᠤᠬᠤᠷᠢᠨ ᠭᠠᠷᠬᠤ ᠵᠢ ᠲᠤᠰᠬᠤᠨ᠎ᠤ ᠠᠷᠠᠳ᠎ᠢ ᠬᠣᠲᠠ᠎ᠳᠤ ᠡᠷᠦᠭᠡ ᠠᠮᠠ ᠣᠷᠣᠭᠤᠯᠬᠤ ᠨᠥᠬᠥᠴᠡᠯ ᠪᠤᠯᠭ᠋ᠠᠵᠤ᠂ ᠲᠤᠰᠬᠤᠨ᠎ᠤ ᠠᠷᠠᠳ᠎ᠢ ᠠᠯᠪᠠᠳᠠᠵᠤ ᠪᠠᠢ᠌ᠭ᠋ᠠᠳ ᠨᠡᠭᠦᠯᠭᠡᠨ ᠰᠢᠯᠵᠢᠭᠦᠯᠵᠦ ᠣᠷᠣᠨ ᠰᠠᠭᠤᠴᠠ ᠵᠢᠨ ᠭᠠᠵᠠᠷ᠎ᠠᠴᠠ ᠭᠠᠷᠭ᠋ᠠᠬᠤ;
(ᠲᠠᠪᠤ) ᠬᠠᠮᠲᠤ ᠵᠢᠨ ᠡᠵᠡᠩᠨᠡᠯᠲᠡ ᠵᠢᠨ ᠴᠢᠨᠠᠷᠲᠠᠢ ᠪᠦᠲᠦᠭᠡᠨ ᠪᠠᠢ᠌ᠭᠤᠯᠤᠯᠲᠠ᠎ᠳᠤ ᠬᠡᠷᠡᠭᠯᠡᠬᠦ ᠭᠠᠵᠠᠷ᠎ᠢ ᠬᠢᠮᠳᠠ᠎ᠪᠠᠷ ᠬᠤᠳᠠᠯᠳᠤᠬᠤ᠂ ᠲᠦᠷᠢᠶᠡᠰᠦᠯᠡᠭᠦᠯᠬᠦ ᠵᠡᠷᠭᠡ ᠵᠠᠷᠤᠳᠠᠯ᠎ᠢ ᠡᠵᠡᠯᠡᠬᠦ᠂ ᠨᠡᠭᠦᠯᠭᠡᠨ ᠭᠡᠷᠡᠭᠯᠡᠭᠦ;
(ᠵᠢᠷᠭᠤᠭ᠎ᠠ) ᠭᠠᠵᠠᠷ ᠰᠢᠷᠣᠢ ᠲᠠᠲᠠᠪᠤᠷᠢᠯᠠᠭᠰᠠᠨ ᠲᠥᠯᠥᠪᠦᠷᠢ ᠰᠦᠢ᠍ᠳᠬᠡᠯ ᠪᠠ ᠬᠣᠯᠪᠣᠭᠳᠠᠯ ᠪᠦᠬᠦᠢ ᠪᠤᠰᠤᠳ ᠰᠦᠢ᠍ᠳᠬᠡᠯ᠎ᠢ ᠡᠵᠡᠯᠡᠨ ᠠᠪᠬᠤ᠂ ᠨᠡᠭᠦᠯᠭᠡᠨ ᠭᠡᠷᠡᠭᠯᠡᠭᠦ;
(ᠳᠣᠯᠣᠭ᠎ᠠ) ᠬᠠᠤᠯᠢ ᠲᠣᠭᠲᠠᠭ᠋ᠠᠯ᠎ᠠᠴᠠ ᠵᠥᠷᠢᠴᠡᠨ ᠬᠠᠮᠲᠤ ᠵᠢᠨ ᠥᠮᠴᠢᠯᠡᠯ᠎ᠤᠨ ᠭᠠᠵᠠᠷ ᠰᠢᠷᠣᠢ ᠪᠣᠯᠣᠨ ᠣᠶ ᠰᠢᠭᠤᠢ᠂ ᠠᠭᠤᠯᠠ ᠳᠠᠪᠠᠭ᠎ᠠ᠂ ᠨᠤᠲᠤᠭ ᠪᠡᠯᠴᠢᠭᠡᠷ᠂ ᠠᠲᠠᠷ ᠭᠠᠵᠠᠷ᠂ ᠭᠣᠣᠯ᠎ᠤᠨ ᠰᠠᠢ᠌ᠷᠭ᠋ᠠᠯ ᠵᠡᠷᠭᠡ ᠡᠬᠢ ᠪᠠᠶᠠᠯᠢᠭ᠎ᠢ ᠲᠠᠲᠠᠪᠤᠷᠢᠯᠠᠨ ᠡᠵᠡᠯᠡᠬᠦ᠂ ᠡᠵᠡᠯᠡᠬᠦ᠂ 《ᠲᠦᠷᠢᠶᠡᠰᠦᠯᠡᠬᠦ᠎ᠪᠠᠷ ᠲᠠᠲᠠᠪᠤᠷᠢᠯᠠᠬᠤ ᠵᠢ ᠣᠷᠣᠯᠠᠭᠤᠯᠵᠤ》 ᠰᠢᠯᠵᠢᠭᠦᠯᠦᠨ ᠬᠡᠷᠡᠭᠯᠡᠬᠦ᠂ ᠡᠰᠡᠬᠦᠯ᠎ᠡ ᠲᠠᠷᠢᠶᠠᠨ ᠭᠠᠵᠠᠷ᠂ ᠣᠢ᠌ᠲᠤ ᠭᠠᠵᠠᠷ᠂ ᠡᠪᠡᠰᠦᠲᠦ ᠲᠠᠯ᠎ᠠ ᠵᠢ ᠵᠦᠢ ᠵᠣᠬᠢᠰᠲᠠᠢ ᠨᠡᠭᠡᠭᠡᠨ ᠠᠰᠢᠭᠯᠠᠬᠤ ᠪᠠ ᠬᠠᠮᠠᠭ᠋ᠠᠯᠠᠬᠤ ᠵᠡᠷᠭᠡ ᠠᠵᠢᠯ᠎ᠤᠨ ᠳᠤᠮᠳᠠ ᠬᠢᠨᠠᠯᠲᠠ ᠲᠠᠯᠪᠢᠬᠤ᠎ᠨᠢ ᠬᠦᠴᠦᠨ ᠦᠭᠡᠢ᠂ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠬᠠᠮᠢᠶᠠᠷᠬᠤ ᠦᠭᠡᠢ ᠪᠠᠢ᠌ᠬᠤ;
(ᠨᠠᠢ᠍ᠮᠠ) ᠬᠥᠳᠡᠭᠡ ᠲᠣᠰᠬᠣᠨ᠎ᠤ ᠬᠠᠮᠲᠤ ᠵᠢᠨ ᠪᠡᠯᠡ ᠮᠥᠩᠭᠥ ᠡᠳ᠋ ᠬᠥᠷᠥᠩᠭᠡ ᠡᠬᠢ ᠪᠠᠶᠠᠯᠢᠭ᠎ᠤᠨ ᠬᠠᠮᠢᠶᠠᠷᠤᠯᠲᠠ ᠵᠢᠨ ᠳᠤᠮᠳᠠ ᠡᠷᠬᠡ ᠪᠠᠷᠢᠨ ᠳᠤᠷ᠎ᠠ᠎ᠪᠠᠷ ᠵᠶ᠋ᠠᠨ ᠠᠭ᠋ᠠᠰᠢᠯᠠᠵᠤ᠂ ᠬᠤᠪᠢ ᠵᠢᠨ ᠠᠰᠢᠭ ᠣᠯᠬᠤ ᠪᠤᠰᠤᠳ ᠦᠢ᠍ᠯᠡ ᠠᠵᠢᠯᠯᠠᠭ᠎ᠠ᠃
ᠨᠠᠢ᠍ᠮᠠᠳᠤᠭ᠋ᠠᠷ ᠵᠦᠢ᠍ᠯ ᠬᠥᠳᠡᠭᠡ ᠲᠣᠰᠬᠣᠨ᠎ᠤ ᠪᠦᠲᠦᠭᠡᠨ ᠪᠠᠢ᠌ᠭᠤᠯᠤᠯᠲᠠ ᠵᠢᠨ ᠵᠦᠢ᠍ᠯᠡᠰ᠎ᠤᠨ ᠬᠠᠮᠢᠶᠠᠷᠤᠯᠲᠠ ᠵᠢᠨ ᠳᠤᠮᠳᠠ ᠬᠤᠳᠠᠯ ᠬᠡᠯᠡᠵᠦ ᠬᠠᠭᠤᠷᠮᠠᠭᠯᠠᠨ ᠵᠣᠬᠢᠶᠠᠬᠤ᠂ ᠨᠡᠢ᠌ᠲᠡ ᠵᠢ ᠬᠣᠬᠢᠷᠠᠭᠤᠯᠵᠤ ᠪᠡᠶ᠎ᠡ᠎ᠪᠠᠨ ᠪᠣᠷᠳᠣᠬᠤ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠲᠥᠷᠥᠯ ᠵᠦᠢ᠍ᠯ᠎ᠢ ᠬᠤᠳᠠᠯ ᠵᠶ᠋ᠠᠷ ᠵᠢᠭᠰᠠᠭ᠋ᠠᠬᠤ᠂ ᠪᠠᠷᠢᠯᠭ᠎ᠠ ᠵᠢᠨ ᠬᠡᠮᠵᠢᠶ᠎ᠡ ᠵᠢ ᠬᠤᠳᠠᠯ ᠵᠶ᠋ᠠᠷ ᠨᠡᠮᠡᠭᠳᠡᠭᠦᠯᠬᠦ ᠵᠡᠷᠭᠡ ᠠᠷᠭ᠎ᠠ ᠪᠠᠷᠢᠯ ᠵᠶ᠋ᠠᠷ ᠳᠠᠮᠵᠢᠭᠤᠯᠤᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠦᠲᠦᠭᠡᠨ ᠪᠠᠢ᠌ᠭᠤᠯᠤᠯᠲᠠ᠂ ᠬᠥᠳᠡᠭᠡ ᠲᠣᠰᠬᠣᠨ᠎ᠤ ᠣᠷᠣᠰᠢᠨ ᠰᠠᠭᠤᠷᠢᠰᠢᠬᠤ ᠣᠷᠴᠢᠨ ᠲᠣᠭᠣᠷᠢᠨ᠎ᠢ ᠴᠡᠭᠴᠡᠯᠡᠨ ᠵᠠᠰᠠᠬᠤ᠂ ᠬᠥᠳᠡᠭᠡ ᠲᠣᠰᠬᠣᠨ᠎ᠤ ᠣᠯᠠᠨ ᠨᠡᠢ᠌ᠲᠡ ᠵᠢᠨ ᠲᠥᠬᠦᠭᠡᠷᠦᠮᠵᠢ ᠵᠢᠨ ᠪᠦᠲᠦᠭᠡᠨ ᠪᠠᠢ᠌ᠭᠤᠯᠤᠯᠲᠠ᠂ ᠬᠥᠳᠡᠭᠡ ᠲᠣᠰᠬᠣᠨ᠎ᠤ ᠠᠮᠢ ᠠᠬᠤᠢ ᠵᠢ ᠬᠠᠮᠠᠭ᠋ᠠᠯᠠᠨ ᠰᠡᠷᠭᠦᠭᠡᠬᠦ᠂ ᠬᠥᠳᠡᠭᠡ ᠲᠣᠰᠬᠣᠨ᠎ᠤ ᠠᠷᠠᠳ᠎ᠢ ᠪᠠᠶᠠᠵᠢᠭᠤᠯᠬᠤ ᠠᠵᠤ ᠦᠢ᠍ᠯᠡᠰ ᠵᠡᠷᠭᠡ ᠲᠥᠷᠥᠯ ᠵᠦᠢ᠍ᠯ᠎ᠤᠨ ᠪᠡᠯᠡ ᠮᠥᠩᠭᠥ ᠵᠢ ᠮᠡᠬᠡᠯᠡᠨ ᠠᠪᠬᠤ;
(ᠬᠣᠶᠠᠷ) ᠬᠥᠳᠡᠭᠡ ᠲᠣᠰᠬᠣᠨ᠎ᠤ ᠪᠠᠷᠢᠯᠭ᠎ᠠ ᠵᠢᠨ ᠲᠥᠷᠥᠯ ᠵᠦᠢ᠍ᠯ᠎ᠳᠤ ᠬᠤᠳᠠᠯ ᠬᠠᠭᠤᠷᠮᠠᠭ ᠵᠶ᠋ᠠᠷ ᠳᠠᠭ᠋ᠠᠭ᠋ᠠᠴᠢᠯᠠᠯᠲᠠ ᠵᠠᠷᠯᠠᠵᠤ᠂ ᠳᠠᠭ᠋ᠠᠭ᠋ᠠᠴᠢᠯᠠᠯᠲᠠ ᠬᠦᠯᠢᠶᠡᠭᠴᠢᠯᠦᠭᠡ ᠰᠥᠯᠪᠡᠭᠡᠯᠳᠦᠵᠦ ᠪᠠᠢ᠌ᠭ᠋ᠠᠳ ᠳᠠᠭ᠋ᠠᠭ᠋ᠠᠴᠢᠯᠠᠯᠲᠠ ᠬᠦᠯᠢᠶᠡᠬᠦ ᠪᠤᠶᠤ ᠲᠣᠭᠲᠠᠭ᠋ᠠᠯ᠎ᠠᠴᠠ ᠵᠥᠷᠢᠴᠡᠨ ᠳᠠᠭ᠋ᠠᠭ᠋ᠠᠴᠢᠯᠠᠯᠲᠠ ᠵᠠᠷᠯᠠᠬᠤ ᠦᠭᠡᠢ᠂ ᠳᠠᠭ᠋ᠠᠭ᠋ᠠᠴᠢᠯᠠᠯᠲᠠ ᠵᠠᠷᠯᠠᠬᠤ᠎ᠠᠴᠠ ᠵᠠᠢ᠌ᠯᠠᠬᠤ;
(ᠭᠤᠷᠪᠠ) ᠬᠥᠳᠡᠭᠡ ᠲᠣᠰᠬᠣᠨ᠎ᠤ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ᠎ᠳᠤ ᠲᠣᠭᠲᠠᠭ᠋ᠠᠯ᠎ᠠᠴᠠ ᠵᠥᠷᠢᠴᠡᠨ ᠬᠠᠮᠢᠶᠠᠷᠬᠤ᠂ ᠭᠠᠷ ᠲᠥᠷᠥᠭᠦ;
(ᠳᠥᠷᠪᠡ) ᠲᠤᠰ ᠬᠥᠮᠥᠨ᠎ᠤ ᠬᠠᠮᠢᠶᠠᠷᠴᠤ ᠪᠠᠢ᠌ᠭ᠎ᠠ ᠭᠠᠵᠠᠷ ᠣᠷᠣᠨ ᠪᠠ ᠲᠤᠬᠠᠢ᠌ᠯᠠᠭᠰᠠᠨ ᠠᠵᠢᠯ᠎ᠤᠨ ᠬᠡᠪᠴᠢᠶᠡᠨ᠎ᠳᠠᠬᠢ ᠵᠦᠢ᠍ᠯᠡᠰ᠎ᠢ ᠲᠣᠭᠲᠠᠭ᠋ᠠᠯ᠎ᠠᠴᠠ ᠵᠥᠷᠢᠴᠡᠨ ᠳᠠᠭ᠋ᠠᠭ᠋ᠠᠨ ᠠᠪᠤᠭᠰᠠᠨ᠂ ᠡᠰᠡᠬᠦᠯ᠎ᠡ ᠡᠷᠬᠡ ᠲᠤᠰᠢᠶᠠᠯ ᠪᠤᠶᠤ ᠡᠭᠦᠷᠭᠡ ᠲᠤᠰᠢᠶᠠᠯ᠎ᠤᠨ ᠵᠶ᠋ᠠᠨ ᠨᠥᠯᠥᠭᠡ ᠵᠢ ᠠᠰᠢᠭᠯᠠᠨ ᠬᠠᠨᠢ ᠨᠥᠬᠥᠷ᠂ ᠦᠷ᠎ᠡ ᠬᠡᠦᠬᠡᠳ ᠵᠢᠴᠢ ᠲᠡᠭᠦᠨ᠎ᠤ ᠬᠠᠨᠢ ᠨᠥᠬᠥᠷ ᠵᠡᠷᠭᠡ ᠲᠦᠷᠦᠯ ᠰᠠᠳᠤᠨ ᠪᠠ ᠪᠤᠰᠤᠳ ᠣᠨᠴᠠᠭ᠋ᠠᠢ ᠬᠠᠷᠢᠴᠠᠭ᠎ᠠ᠎ᠲᠠᠢ ᠬᠥᠮᠥᠨ᠎ᠢ ᠬᠠᠪᠰᠤᠷᠤᠨ ᠲᠤᠰ ᠬᠥᠮᠥᠨ᠎ᠤ ᠬᠠᠮᠢᠶᠠᠷᠴᠤ ᠪᠠᠢ᠌ᠭ᠎ᠠ ᠭᠠᠵᠠᠷ ᠣᠷᠣᠨ ᠪᠠ ᠲᠤᠬᠠᠢ᠌ᠯᠠᠭᠰᠠᠨ ᠠᠵᠢᠯ᠎ᠤᠨ ᠬᠡᠪᠴᠢᠶᠡᠨ᠎ᠳᠠᠬᠢ ᠵᠦᠢ᠍ᠯᠡᠰ᠎ᠢ ᠳᠠᠭ᠋ᠠᠭ᠋ᠠᠨ ᠠᠪᠤᠬᠰᠠᠨ;
(ᠲᠠᠪᠤ) ᠰᠢᠶᠠᠩ ᠲᠣᠰᠬᠣᠨ᠎ᠤ ᠪᠦᠲᠦᠭᠡᠨ ᠪᠠᠢ᠌ᠭᠤᠯᠤᠯᠲᠠ ᠵᠢᠨ ᠲᠥᠷᠥᠯ ᠵᠦᠢ᠍ᠯ᠎ᠤᠨ ᠬᠠᠮᠢᠶᠠᠷᠤᠯᠲᠠ ᠳᠤᠮᠳᠠ ᠬᠤᠳᠠᠯ ᠬᠡᠯᠡᠵᠦ ᠬᠠᠭᠤᠷᠮᠠᠭᠯᠠᠨ ᠵᠣᠬᠢᠶᠠᠭᠰᠠᠨ᠂ ᠨᠡᠢ᠌ᠲᠡ ᠵᠢ ᠬᠣᠬᠢᠷᠠᠭᠤᠯᠵᠤ ᠪᠡᠶ᠎ᠡ᠎ᠪᠠᠨ ᠪᠣᠷᠳᠣᠭᠰᠠᠨ ᠪᠤᠰᠤᠳ ᠦᠢ᠍ᠯᠡ ᠠᠵᠢᠯᠯᠠᠭ᠎ᠠ᠃
ᠶᠢᠰᠦᠳᠦᠭᠡᠷ ᠵᠦᠢ᠍ᠯ ᠬᠥᠳᠡᠭᠡ ᠲᠣᠰᠬᠣᠨ᠎ᠤ ᠨᠡᠢ᠌ᠭᠡᠮ᠎ᠤᠨ ᠬᠠᠮᠢᠶᠠᠷᠤᠯᠲᠠ ᠪᠠ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠳᠤᠮᠳᠠ ᠡᠷᠬᠡ ᠲᠤᠰᠢᠶᠠᠯ ᠵᠶ᠋ᠠᠨ ᠳᠤᠷ᠎ᠠ᠎ᠪᠠᠷ ᠵᠶ᠋ᠠᠨ ᠬᠡᠷᠡᠭᠯᠡᠵᠦ᠂ ᠭᠤᠶᠠᠴᠢᠯᠠᠨ ᠬᠠᠤᠯᠢ ᠶᠣᠰᠣ ᠵᠢ ᠵᠥᠷᠢᠴᠡᠬᠦ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠬᠥᠳᠡᠭᠡ ᠲᠣᠰᠬᠣᠨ᠎ᠤ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠥᠷᠥᠯ᠎ᠤᠨ ᠠᠵᠢᠯ᠎ᠤᠨ ᠪᠠᠢ᠌ᠷᠢ ᠵᠢᠨ ᠠᠵᠢᠯᠲᠠᠨ ᠤᠷᠢᠵᠤ ᠬᠡᠷᠡᠭᠯᠡᠬᠦ᠂ ᠬᠥᠳᠡᠭᠡ ᠲᠣᠰᠬᠣᠨ᠎ᠤ ᠨᠤᠷᠠᠬᠤ ᠠᠶᠤᠯᠲᠠᠢ ᠭᠡᠷ ᠪᠠᠢ᠌ᠰᠢᠩ᠎ᠢ ᠥᠭᠡᠷᠡᠴᠢᠯᠡᠨ ᠰᠢᠨᠡᠳᠬᠡᠬᠦ᠂ ᠵᠡᠮᠳᠡᠭ᠎ᠢ ᠰᠢᠯᠭ᠋ᠠᠨ ᠲᠣᠭᠲᠠᠭ᠋ᠠᠬᠤ᠂ ᠣᠷᠣᠯᠭ᠎ᠠ ᠪᠠᠭ᠋ᠠᠲᠠᠢ ᠬᠥᠮᠥᠨ ᠠᠮᠠ ᠵᠢ ᠬᠢᠨᠠᠨ ᠲᠣᠭᠲᠠᠭ᠋ᠠᠬᠤ ᠵᠢᠴᠢ ᠪᠤᠰᠤᠳ ᠨᠡᠢ᠌ᠭᠡᠮ᠎ᠤᠨ ᠪᠠᠲᠤᠯᠠᠭ᠎ᠠ᠂ ᠨᠡᠢ᠌ᠭᠡᠮ᠎ᠤᠨ ᠠᠪᠤᠷᠠᠨ ᠲᠤᠰᠠᠯᠠᠯᠲᠠ᠂ ᠲᠥᠷᠥ ᠵᠢᠨ ᠪᠣᠳᠣᠯᠭ᠎ᠠ ᠵᠢᠨ ᠳᠡᠮᠵᠢᠯᠭᠡ᠂ ᠭᠠᠮᠰᠢᠭ᠎ᠠᠴᠠ ᠠᠪᠤᠷᠠᠨ ᠲᠡᠳᠬᠦᠬᠦ ᠵᠣᠭᠣᠰ ᠮᠥᠩᠭᠥ ᠡᠳ᠋ ᠪᠣᠳᠠᠰ᠎ᠢ ᠬᠤᠪᠢᠶᠠᠷᠢᠯᠠᠬᠤ ᠵᠡᠷᠭᠡ ᠵᠦᠢ᠍ᠯᠡᠰ᠎ᠲᠤ᠂ ᠲᠥᠷᠥᠯ ᠰᠠᠳᠤᠨ ᠨᠠᠢ᠌ᠵᠠ ᠨᠥᠬᠥᠳ᠎ᠲᠡᠭᠡᠨ ᠬᠠᠷᠠᠭ᠋ᠠᠯᠵᠠᠯ ᠦᠵᠡᠭᠦᠯᠵᠦ᠂ ᠡᠷᠬᠡ ᠲᠡᠭᠰᠢ ᠵᠢ ᠢᠯᠡᠳᠲᠡ ᠠᠯᠳᠠᠬᠤ;
(ᠬᠣᠶᠠᠷ) ᠲᠤᠰᠬᠤᠨ᠎ᠤ ᠠᠷᠠᠳ᠎ᠤᠨ ᠭᠦᠳᠡᠯᠮᠦᠷᠢ ᠦᠢ᠍ᠯᠡᠴᠢᠯᠡᠭᠡᠨ᠎ᠤ ᠵᠠᠷᠤᠳᠠᠯ ᠵᠡᠷᠭᠡ ᠵᠦᠢ ᠵᠣᠬᠢᠰᠲᠠᠢ ᠵᠣᠭᠣᠰ᠎ᠢ ᠵᠣᠷᠢᠭᠤᠳᠠ ᠥᠷᠢᠲᠦᠵᠦ᠂ ᠰᠠᠭᠤᠳᠬᠠᠨ ᠠᠪᠤᠭᠰᠠᠨ᠂ ᠡᠰᠡᠬᠦᠯ᠎ᠡ ᠭᠠᠮᠰᠢᠭ᠎ᠠᠴᠠ ᠠᠪᠤᠷᠠᠵᠤ ᠠᠪᠤᠷᠠᠨ ᠲᠤᠰᠠᠯᠠᠬᠤ᠂ ᠨᠥᠬᠥᠪᠦᠷᠢ᠂ ᠲᠤᠰᠠᠯᠠᠮᠵᠢ ᠵᠢᠨ ᠮᠥᠩᠭᠥ᠂ ᠡᠳ᠋ ᠪᠣᠳᠠᠰ᠎ᠢ ᠰᠢᠯᠵᠢᠭᠦᠯᠦᠨ ᠥᠭᠬᠦ ᠵᠢ ᠤᠳᠠᠭ᠋ᠠᠰᠢᠷᠠᠭᠤᠯᠬᠤ;
(ᠭᠤᠷᠪᠠ) ᠬᠡᠪᠴᠢᠶ᠎ᠡ᠂ ᠪᠠᠷᠢᠮᠵᠢᠶ᠎ᠠ᠎ᠠᠴᠠ ᠬᠡᠲᠦᠷᠡᠭᠦᠯᠦᠨ ᠲᠣᠰᠬᠣᠨ᠎ᠤ ᠠᠷᠠᠳ᠎ᠠᠴᠠ ᠪᠡᠯᠡ ᠴᠤᠭᠯᠠᠭᠤᠯᠵᠤ ᠭᠦᠳᠡᠯᠮᠦᠷᠢ ᠬᠦᠴᠦ ᠭᠠᠷᠭ᠋ᠠᠯᠭ᠋ᠠᠬᠤ᠂ ᠵᠠᠷᠤᠳᠠᠯ ᠲᠡᠰᠬᠡᠨ ᠨᠣᠭᠳᠠᠭᠤᠯᠬᠤ ᠪᠤᠶᠤ ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠶ᠂ ᠲᠠᠷᠢᠶᠠᠴᠢᠳ᠎ᠤᠨ ᠲᠤᠰᠬᠠᠢ ᠠᠵᠢᠯ᠎ᠤᠨ ᠬᠣᠷᠰᠢᠶ᠎ᠠ᠂ ᠠᠵᠤ ᠠᠬᠤᠢ᠌ᠯᠠᠯ ᠵᠡᠷᠭᠡ᠎ᠠᠴᠠ ᠳᠤᠷ᠎ᠠ᠎ᠪᠠᠷ ᠵᠶ᠋ᠠᠨ ᠪᠡᠯᠡ ᠴᠤᠭᠯᠠᠭᠤᠯᠵᠤ᠂ ᠳᠤᠷ᠎ᠠ᠎ᠪᠠᠷ ᠵᠶ᠋ᠠᠨ ᠲᠡᠰᠬᠡᠨ ᠨᠣᠭᠳᠠᠭᠤᠯᠵᠤ᠂ ᠳᠤᠷ᠎ᠠ᠎ᠪᠠᠷ ᠵᠶ᠋ᠠᠨ ᠰᠦᠢ᠍ᠳᠬᠡᠯ ᠬᠤᠷᠢᠶᠠᠬᠤ;
(ᠳᠥᠷᠪᠡ) ᠴᠢᠯᠡᠭᠡ ᠲᠠᠢ᠌ᠯᠬᠤ ᠮᠥᠩᠭᠥ᠂ ᠲᠠᠯᠠᠷᠬᠠᠯ᠎ᠤᠨ ᠮᠥᠩᠭᠥ᠂ ᠦᠢ᠍ᠯᠡᠴᠢᠯᠡᠭᠡᠨ᠎ᠤ ᠵᠠᠷᠤᠳᠠᠯ ᠵᠡᠷᠭᠡ ᠨᠡᠷ᠎ᠡ᠎ᠪᠠᠷ ᠲᠣᠰᠬᠣᠨ᠎ᠤ ᠠᠷᠠᠳ ᠪᠣᠯᠣᠨ ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠶ᠂ ᠲᠠᠷᠢᠶᠠᠴᠢᠳ᠎ᠤᠨ ᠲᠤᠰᠬᠠᠢ ᠠᠵᠢᠯ᠎ᠤᠨ ᠬᠣᠷᠰᠢᠶ᠎ᠠ᠂ ᠠᠵᠤ ᠠᠬᠤᠢ᠌ᠯᠠᠯ ᠵᠡᠷᠭᠡ᠎ᠠᠴᠠ ᠡᠳ᠋ ᠪᠣᠳᠠᠰ ᠠᠪᠬᠤ ᠪᠤᠶᠤ ᠢᠯᠡᠷᠬᠡᠢ ᠳᠣᠣᠷ᠎ᠠ ᠦᠨ᠎ᠡ᠎ᠪᠠᠷ ᠲᠦᠷᠢᠶᠡᠰᠦᠯᠡᠨ ᠬᠡᠷᠡᠭᠯᠡᠬᠦ᠂ ᠵᠢᠭᠡᠯᠡᠬᠦ ᠨᠡᠷ᠎ᠡ᠎ᠪᠠᠷ ᠲᠣᠰᠬᠣᠨ᠎ᠤ ᠠᠷᠠᠳ ᠪᠣᠯᠣᠨ ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠶ᠂ ᠲᠠᠷᠢᠶᠠᠴᠢᠳ᠎ᠤᠨ ᠲᠤᠰᠬᠠᠢ ᠠᠵᠢᠯ᠎ᠤᠨ ᠬᠣᠷᠰᠢᠶ᠎ᠠ᠂ ᠠᠵᠤ ᠠᠬᠤᠢ᠌ᠯᠠᠯ ᠵᠡᠷᠭᠡ᠎ᠠᠴᠠ ᠡᠳ᠋ ᠪᠣᠳᠠᠰ ᠠᠪᠬᠤ;
(ᠲᠠᠪᠤ) ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠶᠠᠪᠤᠴᠠ᠎ᠳᠤ ᠲᠠᠰᠤᠯᠤᠯᠲᠠ ᠵᠢᠨ ᠡᠷᠬᠡ᠎ᠪᠠᠨ ᠳᠤᠷ᠎ᠠ᠎ᠪᠠᠷ ᠵᠶ᠋ᠠᠨ ᠬᠡᠷᠡᠭᠯᠡᠬᠦ ᠪᠤᠶᠤ ᠬᠠᠤᠯᠢ ᠬᠡᠷᠡᠭᠵᠢᠭᠦᠯᠬᠦ ᠡᠷᠬᠡ᠎ᠪᠠᠨ ᠠᠰᠢᠭᠯᠠᠨ ᠬᠤᠪᠢ ᠵᠢᠨ ᠠᠰᠢᠭ ᠤᠯᠬᠤ;
(ᠵᠢᠷᠭᠤᠭ᠎ᠠ) ᠬᠥᠳᠡᠭᠡ ᠲᠣᠰᠬᠣᠨ᠎ᠤ ᠣᠷᠣᠰᠢᠨ ᠰᠠᠭᠤᠷᠢᠰᠢᠬᠤ ᠣᠷᠴᠢᠨ ᠲᠣᠭᠣᠷᠢᠨ᠂ ᠨᠠᠰᠤᠵᠢᠯ᠎ᠤᠨ ᠠᠰᠠᠷᠠᠮᠵᠢ ᠨᠠᠢ᠌ᠳᠠᠨ ᠬᠥᠮᠥᠵᠢᠭᠦᠯᠬᠦ ᠵᠡᠷᠭᠡ ᠲᠣᠰᠬᠣᠨ᠎ᠤ ᠶᠠᠪᠤᠳᠠᠯ᠎ᠤᠨ ᠦᠢ᠍ᠯᠡᠴᠢᠯᠡᠭᠡ ᠵᠢ ᠬᠤᠳᠠᠯᠳᠤᠨ ᠠᠪᠬᠤ ᠳᠤᠮᠳᠠ ᠬᠤᠪᠢ ᠵᠢᠨ ᠠᠰᠢᠭ ᠣᠯᠬᠤ;
(ᠳᠣᠯᠣᠭ᠎ᠠ) ᠰᠢᠶᠠᠩ ᠲᠣᠰᠬᠣᠨ᠎ᠤ ᠨᠡᠢ᠌ᠭᠡᠮ᠎ᠤᠨ ᠬᠠᠮᠢᠶᠠᠷᠤᠯᠲᠠ ᠪᠣᠯᠣᠨ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠳᠤᠮᠳᠠ ᠡᠷᠬᠡ ᠲᠤᠰᠢᠶᠠᠯ ᠵᠶ᠋ᠠᠨ ᠳᠤᠷ᠎ᠠ᠎ᠪᠠᠷ ᠬᠡᠷᠡᠭᠯᠡᠭᠰᠡᠨ᠂ ᠭᠣᠶᠠᠴᠢᠯᠠᠨ ᠬᠠᠤᠯᠢ ᠶᠣᠰᠣ ᠵᠢ ᠵᠥᠷᠢᠴᠡᠭᠰᠡᠨ ᠪᠤᠰᠤᠳ ᠦᠢ᠍ᠯᠡ ᠠᠵᠢᠯᠯᠠᠭ᠎ᠠ᠃
ᠠᠷᠪᠠᠳᠤᠭ᠋ᠠᠷ ᠵᠦᠢ᠍ᠯ ᠲᠤᠰᠬᠤᠨ᠎ᠤ ᠱᠠᠲᠤᠨ᠎ᠤ ᠵᠣᠬᠢᠶᠠᠨ ᠪᠠᠢ᠌ᠭᠤᠯᠤᠯᠲᠠ ᠵᠢᠨ ᠰᠣᠩᠭᠣᠭᠤᠯᠢ᠎ᠳᠤ ᠳᠡᠮᠵᠢᠯᠭᠡ ᠣᠯᠬᠤ᠎ᠪᠠᠷ ᠬᠡᠭᠡᠯᠢ ᠲᠦᠯᠬᠢᠬᠦ᠂ ᠰᠣᠩᠭᠣᠭᠤᠯᠢ ᠵᠢ ᠡᠪᠳᠡᠬᠦ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠲᠣᠭᠲᠠᠭᠰᠠᠨ ᠳᠡᠰ ᠳᠠᠷᠠᠭ᠋ᠠᠯᠠᠯ᠎ᠢ ᠵᠥᠷᠢᠴᠡᠨ ᠰᠣᠩᠭᠣᠭᠤᠯᠢ ᠵᠢ ᠵᠣᠬᠢᠶᠠᠨ ᠪᠠᠢ᠌ᠭᠤᠯᠵᠤ᠂ ᠣᠷᠣᠯᠴᠠᠬᠰᠠᠨ᠂ ᠡᠰᠡᠬᠦᠯ᠎ᠡ ᠰᠣᠩᠭᠣᠭᠤᠯᠢ ᠵᠢᠨ ᠪᠢᠯᠧᠲ᠎ᠢ ᠬᠠᠭᠤᠷᠮᠠᠭᠯᠠᠨ ᠵᠣᠬᠢᠶᠠᠵᠤ᠂ ᠰᠣᠩᠭᠣᠭᠤᠯᠢ ᠵᠢᠨ ᠪᠢᠯᠧᠲ᠎ᠤᠨ ᠲᠣᠭ᠎ᠠ ᠵᠢ ᠬᠤᠳᠠᠯ ᠵᠶ᠋ᠠᠷ ᠮᠡᠳᠡᠭᠦᠯᠵᠦ᠂ ᠰᠣᠩᠭᠣᠭᠤᠯᠢ ᠵᠢᠨ ᠦᠷ᠎ᠡ ᠳ᠋ᠦᠩ᠎ᠢ ᠥᠭᠡᠷᠡᠲᠦᠭᠦᠯᠭᠦ;
(ᠬᠣᠶᠠᠷ) ᠬᠦᠴᠦᠷᠬᠡᠭᠯᠡᠬᠦ᠂ ᠰᠦᠷᠳᠡᠭᠦᠯᠬᠦ᠂ ᠮᠡᠬᠡᠯᠡᠬᠦ᠂ ᠬᠡᠭᠡᠯᠢ ᠲᠦᠯᠬᠢᠬᠦ᠂ ᠰᠦᠯᠪᠡᠭᠡᠯᠡᠬᠦ ᠵᠡᠷᠭᠡ ᠵᠦᠢ ᠪᠤᠰᠤ ᠠᠷᠭ᠎ᠠ ᠪᠠᠷᠢᠯ ᠵᠶ᠋ᠠᠷ ᠲᠤᠰᠬᠤᠨ᠎ᠤ ᠠᠷᠠᠳ᠎ᠤᠨ ᠰᠣᠩᠭᠣᠬᠤ ᠡᠷᠬᠡ ᠪᠠ ᠰᠣᠩᠭᠣᠭᠳᠠᠬᠤ ᠡᠷᠬᠡ᠎ᠪᠠᠨ ᠬᠠᠤᠯᠢ ᠶᠣᠰᠣᠭ᠋ᠠᠷ ᠬᠡᠷᠡᠭᠵᠢᠭᠦᠯᠬᠦ ᠵᠢ ᠬᠠᠷᠰᠢᠯᠠᠬᠰᠠᠨ;
(ᠭᠤᠷᠪᠠ) ᠬᠠᠷ᠎ᠠ ᠬᠠᠷᠭᠢᠰ ᠬᠦᠴᠦᠨ᠂ ᠣᠪᠣᠭ ᠲᠥᠷᠥᠯ᠎ᠤᠨ ᠬᠦᠴᠦᠨ᠂ ᠱᠠᠰᠢᠨ ᠰᠤᠷᠲᠠᠬᠤᠨ᠎ᠤ ᠬᠦᠴᠦᠨ᠎ᠢ ᠠᠰᠢᠭᠯᠠᠨ ᠰᠣᠩᠭᠣᠭᠤᠯᠢ ᠵᠢ ᠬᠠᠷᠰᠢᠯᠠᠬᠤ᠂ ᠵᠠᠬᠢᠷᠬᠤ᠂ ᠡᠪᠳᠡᠭᠦ;
(ᠳᠥᠷᠪᠡ) ᠰᠣᠩᠭᠣᠭᠤᠯᠢ ᠵᠢᠨ ᠵᠢᠱ᠌ᠢᠭᠳᠡᠭᠰᠡᠳ᠎ᠢ ᠭᠦᠳᠬᠡᠨ ᠭᠦᠵᠢᠷᠯᠡᠵᠦ᠂ ᠴᠤᠤᠷᠬᠠᠯ ᠲᠠᠯᠪᠢᠨ ᠭᠦᠳᠭᠡᠭᠦ;
(ᠲᠠᠪᠤ) ᠲᠤᠰᠬᠤᠨ᠎ᠤ ᠱᠠᠲᠤᠨ᠎ᠤ ᠵᠣᠬᠢᠶᠠᠨ ᠪᠠᠢ᠌ᠭᠤᠯᠤᠯᠲᠠ ᠵᠢᠨ ᠰᠣᠩᠭᠣᠭᠤᠯᠢ᠎ᠳᠤ ᠳᠡᠮᠵᠢᠯᠭᠡ ᠣᠯᠬᠤ᠎ᠪᠠᠷ ᠬᠡᠭᠡᠯᠢ ᠲᠦᠯᠬᠢᠬᠦ᠂ ᠰᠣᠩᠭᠣᠭᠤᠯᠢ ᠵᠢ ᠡᠪᠳᠡᠭᠰᠡᠨ ᠪᠤᠰᠤᠳ ᠠᠵᠢᠯᠯᠠᠭ᠎ᠠ᠎ᠨᠤᠭᠤᠳ᠃
ᠠᠷᠪᠠᠨ ᠨᠢᠭᠡᠳᠦᠭᠡᠷ ᠵᠦᠢ᠍ᠯ ᠬᠡᠯᠪᠡᠷᠢᠴᠢ ᠦᠵᠡᠯ᠂ ᠨᠣᠶᠠᠨᠴᠢ ᠰᠤᠷᠲᠠᠯ᠂ ᠵᠢᠷᠭ᠋ᠠᠨ ᠴᠡᠩᠭᠡᠬᠦ ᠦᠵᠡᠯ ᠪᠠ ᠱᠠᠯᠢᠨ ᠪᠦᠷᠢᠯᠭᠡᠬᠦ ᠰᠤᠷᠲᠠᠯ ᠶᠠᠪᠤᠭᠤᠯᠬᠤ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠠᠷᠠᠳ᠎ᠢ ᠵᠦᠳᠡᠭᠡᠵᠦ ᠡᠳ᠋᠎ᠢ ᠰᠦᠢ᠍ᠳᠬᠡᠬᠦ 《ᠳᠦᠷᠢ ᠲᠥᠷᠬᠦ ᠵᠢᠨ ᠢᠨᠵᠧᠨᠧᠷᠢᠩ》᠂ 《ᠠᠵᠢᠯ᠎ᠤᠨ ᠪᠦᠲᠦᠮᠵᠢ ᠵᠢᠨ ᠢᠨᠵᠧᠨᠧᠷᠢᠩ》᠎ᠢ ᠭᠢᠭᠦ;
(ᠬᠣᠶᠠᠷ) ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ ᠵᠢ ᠨᠠᠢ᠌ᠳᠠᠪᠤᠷᠢᠵᠢᠭᠤᠯᠬᠤ ᠪᠠ ᠡᠭᠦᠷᠭᠡ
ᠪᠠᠢ᠌ᠷᠢᠯᠠᠭᠤᠯᠬᠤ᠎ᠳᠤ 《ᠨᠢᠭᠡ ᠯᠡ ᠠᠳᠠᠯᠢ᠎ᠪᠠᠷ ᠱᠠᠭ᠋ᠠᠷᠳᠠᠬᠤ》᠂ ᠮᠧᠬᠠᠨᠢᠭ ᠵᠶ᠋ᠠᠷ ᠬᠡᠷᠡᠭᠵᠢᠭᠦᠯᠬᠦ᠂ ᠱᠠᠲᠤ ᠱᠠᠲᠤ᠎ᠪᠠᠷ ᠡᠭᠦᠷᠭᠡ ᠨᠡᠮᠡᠬᠦ᠂ ᠭᠡᠲᠦ ᠣᠷᠣᠮ ᠦᠯᠡᠳᠡᠭᠡᠬᠦ᠂ ᠣᠯᠠᠨ ᠲᠦᠮᠡᠨ᠎ᠤ ᠳᠠᠷᠤᠭ᠋ᠠᠰᠤ ᠵᠢ ᠭᠦᠨᠳᠦᠷᠡᠭᠦᠯᠭᠦ;
(ᠭᠤᠷᠪᠠ) ᠠᠯᠪᠠᠳᠠᠨ ᠵᠠᠷᠯᠢᠭᠳᠠᠬᠤ᠂ ᠲᠠᠷᠢᠶᠠᠴᠢᠳ᠎ᠤᠨ ᠬᠠᠤᠯᠢ ᠶᠣᠰᠣᠭ᠋ᠠᠷ ᠡᠵᠡᠨ ᠮᠡᠳᠡᠵᠦ ᠲᠣᠬᠢᠷᠠᠭᠤᠯᠤᠭᠰᠠᠨ ᠦᠢ᠍ᠯᠡᠳᠪᠦᠷᠢᠯᠡᠯ ᠡᠵᠡᠩᠨᠡᠯᠲᠡ ᠵᠢᠨ ᠵᠦᠢ᠍ᠯᠡᠰ᠎ᠲᠤ ᠭᠠᠷ ᠳᠦᠷᠦᠭᠦ᠂ ᠲᠠᠷᠢᠶᠠᠴᠢᠳ᠎ᠢ ᠠᠯᠪᠠᠳᠠᠵᠤ ᠪᠠᠢ᠌ᠭ᠋ᠠᠳ ᠵᠢᠭ᠋ᠠᠨ ᠲᠣᠭᠲᠠᠭ᠋ᠠᠭᠰᠠᠨ ᠦᠢ᠍ᠯᠡᠳᠪᠦᠷᠢᠯᠡᠯ᠎ᠤᠨ ᠬᠡᠷᠡᠭᠰᠡᠯ᠎ᠢ ᠬᠤᠳᠠᠯᠳᠤᠨ ᠠᠪᠤᠭᠤᠯᠬᠤ᠂ ᠵᠢᠭ᠋ᠠᠨ ᠲᠣᠭᠲᠠᠭ᠋ᠠᠭᠰᠠᠨ ᠠᠷᠭ᠎ᠠ ᠵᠠᠮ ᠵᠶ᠋ᠠᠷ ᠲᠠᠷᠢᠶᠠᠯᠠᠩ᠎ᠤᠨ ᠪᠦᠲᠦᠭᠡᠭᠳᠡᠬᠦᠨ᠎ᠢ ᠪᠣᠷᠣᠯᠠᠭᠤᠯᠬᠤ ᠪᠤᠶᠤ ᠲᠥᠯᠥᠪᠦᠷᠢᠲᠦ ᠦᠢ᠍ᠯᠡᠴᠢᠯᠡᠭᠡ ᠭᠦᠯᠢᠶᠡᠯᠭᠡᠭᠦ;
(ᠳᠥᠷᠪᠡ) ᠲᠤᠰᠬᠤᠨ᠎ᠤ ᠠᠷᠠᠳ᠎ᠲᠤ ᠬᠠᠨᠳᠤᠬᠤ ᠣᠪᠣᠷ᠎ᠨᠢ ᠮᠠᠭᠤ᠂ ᠲᠤᠰᠬᠤᠨ᠎ᠤ ᠠᠷᠠᠳ᠎ᠢ ᠵᠣᠷᠢᠭᠤᠳᠠ ᠭᠠᠴᠢᠵᠤ᠂ ᠲᠤᠰᠬᠤᠨ᠎ᠤ ᠠᠷᠠᠳ᠎ᠤᠨ ᠬᠠᠤᠯᠢ ᠶᠣᠰᠣᠭ᠋ᠠᠷ ᠠᠰᠠᠭᠤᠳᠠᠯ ᠲᠤᠰᠬᠠᠬᠤ᠂ ᠬᠦᠰᠡᠯ ᠱᠠᠭ᠋ᠠᠷᠳᠠᠯᠭ᠎ᠠ᠎ᠪᠠᠨ ᠢᠯᠡᠳᠬᠡᠬᠦ ᠵᠢ ᠬᠠᠷᠰᠢᠯᠠᠨ ᠨᠥᠯᠥᠭᠡᠯᠡᠬᠦ᠂ ᠡᠰᠡᠬᠦᠯ᠎ᠡ ᠲᠤᠰᠬᠤᠨ᠎ᠤ ᠠᠷᠠᠳ᠎ᠤᠨ ᠦᠢ᠍ᠯᠡᠳᠪᠦᠷᠢᠯᠡᠯ᠂ ᠠᠮᠢᠳᠤᠷᠠᠯ ᠵᠡᠷᠭᠡ ᠠᠮᠢ ᠪᠡᠶ᠎ᠡ ᠵᠢᠨ ᠠᠰᠢᠭ ᠲᠤᠰᠠ᠎ᠳᠤ ᠬᠣᠯᠪᠣᠭᠳᠠᠬᠤ ᠠᠰᠠᠭᠤᠳᠠᠯ᠎ᠢ ᠲᠦᠷᠦ ᠵᠢᠨ ᠪᠣᠳᠣᠯᠭ᠎ᠠ ᠪᠤᠶᠤ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠴᠠᠭ ᠲᠤᠬᠠᠢᠳᠤᠨᠢ ᠰᠢᠢ᠍ᠳᠪᠦᠷᠢᠯᠡᠵᠦ ᠴᠢᠳᠠᠬᠤ ᠦᠭᠡᠢ ᠪᠠᠢ᠌ᠬᠤ;
(ᠲᠠᠪᠤ) ᠡᠯᠳᠡᠪ ᠨᠡᠷ᠎ᠡ᠎ᠪᠠᠷ ᠰᠢᠯᠲᠠᠭ ᠪᠤᠯᠭ᠋ᠠᠵᠤ ᠵᠣᠴᠢᠨ ᠵᠠᠯᠠᠵᠤ ᠪᠡᠯᠡᠭ ᠬᠦᠷᠭᠡᠬᠦ᠂ ᠲᠣᠭᠲᠠᠭ᠋ᠠᠯ᠎ᠠᠴᠠ ᠵᠥᠷᠢᠴᠡᠨ ᠢᠳᠡᠵᠦ ᠤᠤᠭᠤᠬᠤ᠂ ᠨᠡᠮᠡᠭᠦᠷᠢ ᠮᠥᠩᠭᠥ᠂ ᠨᠥᠬᠥᠪᠦᠷᠢ ᠮᠥᠩᠭᠥ᠂ ᠱᠠᠩᠨᠠᠯ᠎ᠤᠨ ᠮᠥᠩᠭᠥ᠂ ᠠᠰᠠᠷᠠᠮᠵᠢ ᠵᠡᠷᠭᠡ ᠵᠢ ᠳᠤᠷ᠎ᠠ᠎ᠪᠠᠷ ᠵᠶ᠋ᠠᠨ ᠣᠯᠭᠣᠬᠤ ᠪᠤᠶᠤ ᠲᠣᠰᠬᠣᠨ᠎ᠤ ᠱᠠᠲᠤᠨ᠎ᠤ ᠵᠣᠬᠢᠶᠠᠨ ᠪᠠᠢ᠌ᠭᠤᠯᠤᠯᠲᠠ᠂ ᠲᠣᠰᠬᠣᠨ᠎ᠤ ᠠᠷᠠᠳ᠂ ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠶ᠂ ᠲᠠᠷᠢᠶᠠᠴᠢᠳ᠎ᠤᠨ ᠲᠤᠰᠬᠠᠢ ᠠᠵᠢᠯ᠎ᠤᠨ ᠬᠣᠷᠰᠢᠶ᠎ᠠ᠂ ᠠᠵᠤ ᠠᠬᠤᠢ᠌ᠯᠠᠯ ᠵᠡᠷᠭᠡ᠎ᠨᠢ ᠬᠤᠪᠢ ᠬᠥᠮᠥᠨ᠎ᠤ ᠡᠭᠦᠷᠭᠡᠯᠡᠬᠦ ᠶᠣᠰᠣᠲᠠᠢ ᠵᠠᠷᠤᠳᠠᠯ᠎ᠢ ᠲᠠᠭ᠋ᠠᠭ᠋ᠠᠬᠤ;
(ᠵᠢᠷᠭᠤᠭ᠎ᠠ) ᠬᠤᠷᠢᠮ ᠪᠡᠯᠪᠡᠰᠦᠷᠡᠯ ᠪᠠᠶᠠᠷ᠎ᠤᠨ ᠶᠠᠪᠤᠳᠠᠯ᠎ᠢ ᠶᠡᠬᠡ᠎ᠪᠠᠷ ᠬᠢᠵᠦ᠂ ᠬᠤᠷᠢᠮ ᠪᠡᠯᠪᠡᠰᠦᠷᠡᠯ ᠪᠠᠶᠠᠷ᠎ᠤᠨ ᠶᠠᠪᠤᠳᠠᠯ᠎ᠢ ᠡᠷᠭᠢᠯᠡᠨ ᠬᠢᠬᠦ ᠲᠣᠭᠢᠶᠠᠯ᠎ᠢ ᠠᠰᠢᠭᠯᠠᠨ ᠵᠣᠭᠣᠰ ᠮᠥᠩᠭᠥ ᠠᠪᠬᠤ;
(ᠲᠤᠯᠦᠭ᠎ᠠ) ᠠᠮᠢᠳᠤᠷᠠᠯ᠎ᠤᠨ ᠲᠠᠯ᠎ᠠ᠎ᠪᠠᠷ ᠱᠠᠯᠢᠨ ᠪᠦᠷᠢᠯᠭᠡᠬᠦ᠂ ᠪᠦᠷᠢᠯᠭᠡᠨ ᠰᠦᠢ᠍ᠳᠬᠡᠬᠦ᠂ ᠵᠢᠷᠭ᠋ᠠᠯ ᠴᠡᠩᠭᠡᠯ᠎ᠢ ᠬᠥᠭᠡᠭᠡᠴᠡᠯᠳᠦᠬᠦ᠂ ᠳᠣᠣᠷᠠᠳᠤ ᠳᠤᠷᠠᠰᠢᠯ᠎ᠢ ᠬᠥᠭᠡᠭᠡᠴᠡᠯᠳᠦᠬᠦ᠂ ᠶᠡᠬᠡ ᠪᠡᠯᠡᠭ ᠰᠡᠯᠲᠡ ᠬᠦᠷᠭᠡᠬᠦ᠂ ᠨᠠᠢ᠌ᠷ ᠲᠠᠯ᠎ᠠ ᠬᠠᠷᠠᠵᠤ ᠠᠳᠠᠯᠢᠳᠬᠠᠬᠤ᠂ ᠬᠦᠨᠳᠦ᠎ᠪᠠᠷ ᠣᠷᠣᠰᠢᠭᠤᠯᠵᠤ ᠳᠥᠭᠥᠮᠬᠡᠨ ᠠᠰᠠᠷᠠᠬᠤ ᠵᠡᠷᠭᠡ ᠨᠡᠢ᠌ᠭᠡᠮ᠎ᠤᠨ ᠮᠠᠭᠤ ᠬᠡᠪ ᠰᠤᠷᠲᠠᠯ᠎ᠢ ᠭᠦᠭᠵᠢᠭᠡᠭᠦ;
(ᠨᠠᠢ᠍ᠮᠠ) ᠬᠡᠯᠪᠡᠷᠢᠴᠢ ᠦᠵᠡᠯ᠂ ᠨᠣᠶᠠᠨᠴᠢ ᠰᠤᠷᠲᠠᠯ᠂ ᠵᠢᠷᠭ᠋ᠠᠨ ᠴᠡᠩᠭᠡᠬᠦ ᠦᠵᠡᠯ ᠪᠠ ᠱᠠᠯᠢᠨ ᠪᠦᠷᠢᠯᠭᠡᠬᠦ ᠰᠤᠷᠲᠠᠯ ᠶᠠᠪᠤᠭᠤᠯᠬᠤ ᠪᠤᠰᠤᠳ ᠦᠢ᠍ᠯᠡ ᠠᠵᠢᠯᠯᠠᠭ᠎ᠠ᠃
ᠠᠷᠪᠠᠨ ᠬᠣᠶᠠᠳᠤᠭ᠋ᠠᠷ ᠵᠦᠢ᠍ᠯ ᠬᠥᠳᠡᠭᠡ ᠲᠣᠰᠬᠣᠨ᠎ᠤ ᠬᠡᠷᠡᠭ ᠶᠠᠪᠤᠳᠠᠯ᠎ᠳᠤ ᠬᠢᠨᠠᠯᠲᠠ ᠲᠠᠯᠪᠢᠬᠤ᠎ᠳᠠᠭᠠᠨ ᠳᠡᠭᠡᠷᠡᠬᠢ᠎ᠪᠠᠨ ᠮᠡᠬᠡᠯᠡᠨ ᠳᠣᠣᠷᠠᠬᠢ᠎ᠪᠠᠨ ᠬᠠᠭᠤᠷᠴᠤ᠂ ᠬᠢᠨᠠᠯᠲᠠ᠎ᠠᠴᠠ ᠵᠠᠢ᠌ᠯᠠᠬᠤ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) ᠲᠣᠭᠲᠠᠭ᠋ᠠᠯ ᠶᠣᠰᠣᠭ᠋ᠠᠷ ᠠᠷᠠᠳᠴᠢᠯᠠᠯ ᠵᠶ᠋ᠠᠷ ᠡᠳ᠋᠎ᠤᠨ ᠶᠠᠪᠤᠳᠠᠯ᠎ᠢ ᠬᠠᠮᠢᠶᠠᠷᠬᠤ ᠦᠭᠡᠢ ᠪᠤᠶᠤ ᠡᠳ᠋᠎ᠤᠨ ᠶᠠᠪᠤᠳᠠᠯ᠎ᠤᠨ ᠨᠢᠭᠲᠠᠯᠠᠨ ᠪᠤᠳᠤᠬᠤ ᠮᠠᠲ᠋ᠧᠷᠢᠶᠠᠯ᠎ᠢ ᠬᠠᠭᠤᠷᠮᠠᠭᠯᠠᠨ ᠵᠣᠬᠢᠶᠠᠬᠤ᠂ ᠬᠤᠪᠢᠷᠠᠭᠤᠯᠤᠨ ᠵᠣᠬᠢᠶᠠᠬᠤ᠂ ᠨᠢᠭᠤᠨ ᠳᠠᠯᠳᠠᠯᠠᠬᠤ᠂ ᠡᠪᠳᠡᠵᠦ ᠰᠦᠢ᠍ᠳᠭᠡᠭᠦ;
(ᠬᠣᠶᠠᠷ) ᠮᠡᠳᠡᠭᠡ ᠵᠠᠩᠭᠢ ᠵᠢ ᠢᠯᠡ ᠪᠤᠯᠭ᠋ᠠᠬᠤ ᠵᠢ ᠡᠯ᠎ᠡ ᠵᠦᠢ᠍ᠯ᠎ᠤᠨ ᠭᠡᠯᠪᠡᠷᠢ᠎ᠪᠠᠷ ᠲᠡᠪᠴᠢᠬᠦ᠂ ᠲᠡᠭᠦᠨ᠎ᠠᠴᠠ ᠵᠠᠢ᠌ᠯᠠᠬᠤ᠂ ᠬᠠᠷᠰᠢᠯᠠᠬᠤ ᠪᠤᠶᠤ ᠬᠤᠳᠠᠯ ᠬᠠᠭᠤᠷᠮᠠᠭ ᠵᠶ᠋ᠠᠷ ᠢᠯᠡ ᠪᠤᠯᠭ᠋ᠠᠬᠤ;
(ᠭᠤᠷᠪᠠ) ᠬᠦᠴᠦᠷᠬᠡᠭᠯᠡᠬᠦ᠂ ᠰᠦᠷᠳᠡᠭᠦᠯᠬᠦ᠂ ᠮᠡᠬᠡᠯᠡᠬᠦ᠂ ᠬᠡᠭᠡᠯᠢ ᠲᠦᠯᠬᠢᠬᠦ᠂ ᠰᠦᠯᠪᠡᠭᠡᠯᠡᠬᠦ ᠵᠡᠷᠭᠡ ᠵᠦᠢ ᠪᠤᠰᠤ ᠠᠷᠭ᠎ᠠ ᠪᠠᠷᠢᠯ ᠵᠶ᠋ᠠᠷ ᠲᠤᠰᠬᠤᠨ᠎ᠤ ᠠᠷᠠᠳ ᠪᠤᠶᠤ ᠲᠤᠰᠬᠤᠨ᠎ᠤ ᠠᠷᠠᠳ᠎ᠤᠨ ᠲᠥᠯᠥᠭᠡᠯᠡᠭᠴᠢᠳ᠎ᠤᠨ ᠲᠤᠯᠭ᠋ᠠᠨ ᠠᠰᠠᠭᠤᠬᠤ ᠡᠷᠬᠡ᠂ ᠤᠬ᠍ᠴᠠᠷᠠᠭᠤᠯᠬᠤ ᠡᠷᠬᠡ᠎ᠪᠠᠨ ᠬᠠᠤᠯᠢ ᠶᠣᠰᠣᠭ᠋ᠠᠷ ᠬᠡᠷᠡᠭᠵᠢᠭᠦᠯᠬᠦ ᠵᠢ ᠬᠠᠷᠰᠢᠯᠠᠬᠤ;
(ᠳᠥᠷᠪᠡ) ᠬᠣᠯᠪᠣᠭᠳᠠᠯ ᠪᠦᠬᠦᠢ ᠪᠠᠢ᠌ᠭᠤᠯᠭ᠎ᠠ᠂ ᠰᠠᠯᠠᠭ᠎ᠠ ᠮᠥᠴᠢᠷ᠂ ᠨᠢᠭᠡᠴᠢ ᠵᠢᠨ ᠲᠣᠭᠲᠠᠭ᠋ᠠᠯ ᠶᠣᠰᠣᠭ᠋ᠠᠷ ᠰᠠᠬᠢᠯᠭ᠎ᠠ ᠪᠠᠲᠤ ᠶᠣᠰᠣᠭ᠋ᠠᠷ ᠬᠠᠤᠯᠢ ᠶᠣᠰᠣᠭ᠋ᠠᠷ ᠬᠢᠨᠠᠯᠲᠠ ᠲᠠᠯᠪᠢᠬᠤ ᠪᠤᠶᠤ ᠬᠡᠷᠡᠭ᠎ᠢ ᠪᠠᠢ᠌ᠴᠠᠭ᠋ᠠᠨ ᠰᠢᠢ᠍ᠳᠪᠦᠷᠢᠯᠡᠬᠦ ᠵᠢ ᠬᠣᠷᠢᠭᠯᠠᠬᠤ ᠪᠠ ᠬᠠᠷᠰᠢᠯᠠᠬᠤ;
(ᠲᠠᠪᠤ) ᠰᠦᠷᠳᠡᠭᠦᠯᠬᠦ᠂ ᠠᠶᠤᠯᠭ᠋ᠠᠬᠤ ᠵᠡᠷᠭᠡ ᠵᠦᠢ ᠪᠤᠰᠤ ᠠᠷᠭ᠎ᠠ ᠪᠠᠷᠢᠯ ᠵᠶ᠋ᠠᠷ ᠲᠤᠰᠬᠤᠨ᠎ᠤ ᠶᠠᠪᠤᠳᠠᠯ᠎ᠳᠤ ᠬᠢᠨᠠᠯᠲᠠ ᠲᠠᠯᠪᠢᠬᠤ ᠪᠠᠢ᠌ᠭᠤᠯᠤᠮᠵᠢ ᠵᠢᠨ ᠪᠦᠷᠢᠯᠳᠦᠭᠦᠨ᠎ᠤ ᠡᠷᠬᠡ ᠲᠤᠰᠢᠶᠠᠯ ᠵᠶ᠋ᠠᠨ ᠡᠵᠡᠨ ᠮᠡᠳᠡᠵᠦ ᠬᠡᠷᠡᠭᠵᠢᠭᠦᠯᠬᠦ ᠵᠢ ᠬᠠᠷᠰᠢᠯᠠᠬᠤ᠂ ᠡᠰᠡᠬᠦᠯ᠎ᠡ ᠲᠤᠰᠬᠤᠨ᠎ᠤ ᠶᠠᠪᠤᠳᠠᠯ᠎ᠳᠤ ᠬᠢᠨᠠᠯᠲᠠ ᠲᠠᠯᠪᠢᠬᠤ ᠪᠠᠢ᠌ᠭᠤᠯᠤᠮᠵᠢ ᠵᠢᠨ ᠪᠦᠷᠢᠯᠳᠦᠭᠦᠨ᠎ᠳᠤ ᠴᠣᠬᠢᠯᠲᠠ ᠥᠭᠴᠦ ᠥᠰᠢᠶ᠎ᠡ ᠠᠪᠬᠤ;
(ᠵᠢᠷᠭᠤᠭ᠎ᠠ) ᠬᠥᠳᠡᠭᠡ ᠲᠣᠰᠬᠣᠨ᠎ᠤ ᠬᠡᠷᠡᠭ ᠶᠠᠪᠤᠳᠠᠯ᠎ᠳᠤ ᠬᠢᠨᠠᠯᠲᠠ ᠲᠠᠯᠪᠢᠬᠤ᠎ᠳᠠᠭᠠᠨ ᠳᠡᠭᠡᠷᠡᠬᠢ᠎ᠪᠠᠨ ᠮᠡᠬᠡᠯᠡᠨ ᠳᠣᠣᠷᠠᠬᠢ᠎ᠪᠠᠨ ᠬᠠᠭᠤᠷᠴᠤ᠂ ᠬᠢᠨᠠᠯᠲᠠ᠎ᠠᠴᠠ ᠵᠠᠢ᠌ᠯᠠᠬᠤ ᠪᠤᠰᠤᠳ ᠦᠢ᠍ᠯᠡ ᠠᠵᠢᠯᠯᠠᠭ᠎ᠠ᠃
ᠠᠷᠪᠠᠨ ᠭᠤᠷᠪᠠᠳᠤᠭ᠋ᠠᠷ ᠵᠦᠢ᠍ᠯ ᠨᠡᠢ᠌ᠭᠡᠮ᠎ᠤᠨ ᠬᠠᠮᠢᠶᠠᠷᠤᠯᠲᠠ ᠵᠢᠨ ᠡᠮᠬᠢ ᠵᠢᠷᠤᠮ᠎ᠢ ᠰᠠᠮᠠᠭᠤᠷᠠᠭᠤᠯᠬᠤ ᠵᠢ ᠴᠠᠭ᠋ᠠᠵᠠᠯᠠᠨ᠎ᠠ᠃ ᠳᠣᠣᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠢ᠌ᠵᠤ ᠪᠤᠯᠬᠤ ᠦᠭᠡᠢ᠄
(ᠨᠢᠭᠡ) 《ᠲᠤᠰᠬᠤᠨ᠎ᠤ ᠡᠵᠡᠷᠬᠡᠭᠴᠢ》 ᠵᠡᠷᠭᠡ ᠬᠠᠷ᠎ᠠ ᠪᠦᠯᠦᠭᠲᠡᠨ ᠬᠠᠷᠭᠢᠰ ᠬᠦᠴᠦᠨ᠎ᠢ ᠠᠰᠢᠭᠯᠠᠨ ᠦᠨᠳᠦᠰᠦᠨ ᠱᠠᠲᠤᠨ᠎ᠤ ᠵᠠᠰᠠᠭ᠎ᠤᠨ ᠡᠷᠬᠡ ᠵᠢ ᠡᠵᠡᠮᠰᠢᠵᠦ᠂ ᠤᠯᠠᠨ ᠲᠦᠮᠡᠨ᠎ᠢ ᠳᠠᠷᠤᠯᠠᠵᠤ᠂ ᠬᠠᠮᠲᠤ ᠵᠢᠨ ᠡᠬᠢ ᠪᠠᠶᠠᠯᠢᠭ᠎ᠢ ᠭᠠᠭᠴᠠᠭ᠋ᠠᠷ ᠡᠵᠡᠮᠰᠢᠵᠦ᠂ ᠲᠠᠷᠢᠶᠠᠯᠠᠩ ᠠᠷᠠᠯᠵᠢᠶᠠᠨ᠎ᠤ ᠵᠠᠬ᠎ᠠ ᠳᠡᠯᠭᠡᠭᠦᠷ᠂ ᠰᠢᠶᠠᠩ ᠪᠠᠯᠭ᠋ᠠᠰᠤᠨ᠎ᠤ ᠴᠤᠭᠯᠠᠭ᠎ᠠ ᠮᠠᠢ᠌ᠮᠠᠢ ᠵᠡᠷᠭᠡ ᠭᠦᠢ᠍ᠯᠭᠡᠭᠡᠨ᠎ᠤ ᠬᠦᠷᠢᠶᠡᠨ᠎ᠳᠤ ᠠᠵᠢᠯ ᠨᠢᠭᠡᠲᠡᠨ ᠵᠢᠡᠨ ᠳᠠᠷᠤᠯᠠᠵᠤ ᠵᠠᠬ᠎ᠠ ᠳᠡᠯᠭᠡᠭᠦᠷ᠎ᠢ ᠡᠵᠡᠷᠬᠡᠵᠦ᠂ ᠠᠯᠪᠠᠳᠠᠨ ᠠᠷᠠᠯᠵᠢᠶᠠᠯᠠᠭᠤᠯᠬᠤ᠂ ᠡᠰᠡᠬᠦᠯ᠎ᠡ ᠬᠠᠷ᠎ᠠ ᠪᠦᠯᠦᠭᠲᠡᠨ ᠬᠠᠷᠭᠢᠰ ᠬᠦᠴᠦᠨ᠎ᠳᠤ ᠬᠣᠯᠪᠣᠭᠳᠠᠬᠤ ᠠᠵᠢᠯᠯᠠᠭ᠎ᠠ᠎ᠳᠤ ᠣᠷᠤᠯᠴᠠᠬᠤ ᠪᠠ ᠳᠤᠷ᠎ᠠ᠎ᠪᠠᠷ᠎ᠨᠢ ᠲᠠᠯᠪᠢᠵᠤ᠂ ᠬᠠᠷ᠎ᠠ ᠪᠦᠯᠦᠭᠲᠡᠨ ᠬᠠᠷᠭᠢᠰ ᠬᠦᠴᠦᠨ᠎ᠤ 《ᠬᠠᠮᠠᠭ᠋ᠠᠯᠠᠭᠴᠢ》 ᠪᠤᠯᠬᠤ;
(ᠬᠣᠶᠠᠷ) ᠣᠪᠣᠭ ᠲᠦᠷᠦᠯ᠂ ᠠᠢ᠌ᠮᠠᠭ ᠪᠦᠯᠦᠭ᠎ᠤᠨ ᠵᠠᠭᠤᠷᠠᠯᠳᠤᠭ᠋ᠠᠨ᠎ᠢ ᠵᠣᠬᠢᠶᠠᠨ ᠪᠠᠢ᠌ᠭᠤᠯᠵᠤ ᠣᠷᠣᠯᠴᠠᠬᠤ;
(ᠭᠤᠷᠪᠠ) ᠬᠠᠤᠯᠢ ᠪᠤᠰᠤ ᠱᠠᠰᠢᠨ ᠰᠤᠷᠲᠠᠬᠤᠨ᠎ᠤ ᠠᠵᠢᠯᠯᠠᠭ᠎ᠠ ᠥᠷᠨᠢᠭᠦᠯᠬᠦ᠂ ᠡᠰᠡᠬᠦᠯ᠎ᠡ ᠱᠠᠰᠢᠨ ᠰᠤᠷᠲᠠᠬᠤᠨ᠎ᠢ ᠠᠰᠢᠭᠯᠠᠨ ᠬᠥᠳᠡᠭᠡ ᠲᠣᠰᠬᠣᠨ᠎ᠤ ᠤᠯᠠᠨ ᠨᠡᠢ᠌ᠲᠡ ᠵᠢᠨ ᠬᠡᠷᠡᠭ ᠶᠠᠪᠤᠳᠠᠯ᠎ᠳᠤ ᠭᠠᠷ ᠲᠦᠷᠦᠭᠦ;
(ᠳᠥᠷᠪᠡ) ᠵᠣᠭᠣᠰ ᠨᠠᠭ᠋ᠠᠳᠬᠤ ᠭᠠᠵᠠᠷ ᠭᠠᠷᠭ᠋ᠠᠬᠤ ᠵᠢ ᠵᠣᠬᠢᠶᠠᠨ ᠪᠠᠢ᠌ᠭᠤᠯᠬᠤ᠂ ᠲᠡᠭᠦᠨ᠎ᠳᠤ ᠣᠷᠤᠯᠴᠠᠬᠤ᠂ ᠲᠡᠭᠦᠨ᠎ᠢ ᠳᠤᠷ᠎ᠠ᠎ᠪᠠᠷ᠎ᠨᠢ ᠲᠠᠯᠪᠢᠬᠤ᠂ ᠡᠰᠡᠬᠦᠯ᠎ᠡ ᠵᠣᠭᠣᠰ ᠨᠠᠭ᠋ᠠᠳᠬᠤ ᠠᠵᠢᠯᠯᠠᠭ᠎ᠠ᠎ᠳᠤ ᠲᠦᠭᠦᠮ ᠨᠥᠬᠥᠴᠡᠯ ᠬᠠᠩᠭ᠋ᠠᠬᠤ;
(ᠲᠠᠪᠤ) ᠨᠡᠢ᠌ᠭᠡᠮ᠎ᠤᠨ ᠬᠠᠮᠢᠶᠠᠷᠤᠯᠲᠠ ᠵᠢᠨ ᠡᠮᠬᠢ ᠵᠢᠷᠤᠮ᠎ᠢ ᠰᠠᠮᠠᠭᠤᠷᠠᠭᠤᠯᠤᠭᠰᠠᠨ ᠪᠤᠰᠤᠳ ᠤᠢ᠌ᠯᠡ ᠠᠵᠢᠯᠯᠠᠭ᠎ᠠ᠃