ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠬᠣᠨᠢ ᠵᠢ ᠰᠣᠩᠭᠣᠬᠤ ᠠᠷᠭ᠎ᠠ
ᠨᠡᠶ᠋ᠢᠲᠡᠯᠡᠭᠰᠡᠨ ᠴᠠᠭ᠄ 2020-01-09

ᠬᠣᠨᠢ ᠵᠢ ᠰᠤᠩᠭᠤᠨ ᠠᠪᠬᠤ᠎ᠳᠤ᠂ ᠡᠷᠬᠡᠪᠰᠢ ᠬᠤᠳᠠᠯᠳᠤᠨ ᠠᠪᠬᠤ ᠦᠶ᠎ᠡ᠎ᠳᠤ᠎ᠪᠠᠨ ᠨᠠᠷᠢᠯᠢᠭ ᠠᠵᠢᠭᠯᠠᠬᠤ ᠬᠡᠷᠡᠭᠲᠡᠶ᠄
      ᠨᠢᠭᠡ᠂ ᠬᠤᠨᠢᠨ᠎ᠤ ᠬᠦᠳᠡᠯᠦᠯ ᠪᠠᠷᠢᠯ᠎ᠢ ᠠᠵᠢᠭᠯᠠᠨ᠎ᠠ᠃ ᠡᠷᠡᠭᠦᠯ ᠬᠤᠨᠢᠨ᠎ᠤ ᠬᠥᠳᠡᠯᠵᠦ ᠪᠠᠷᠢᠬᠤ᠎ᠨᠢ ᠪᠤᠰᠢᠭᠤ ᠱᠠᠯᠠᠮᠠᠭ᠋ᠠᠢ᠂ ᠰᠤᠨᠤᠷ᠎ᠨᠢ ᠰᠣᠷᠭᠣᠭ᠂ ᠨᠢᠳᠦ᠎ᠨᠢ ᠭᠡᠷᠡᠯ᠎ᠲᠠᠢ᠂ ᠪᠦᠷᠬᠦᠭᠦᠯ ᠦᠰᠦ᠎ᠨᠢ ᠭᠢᠯᠠᠭ᠋ᠠᠷ ᠪᠠᠢ᠌ᠳᠠᠭ᠃ ᠬᠠᠷᠢᠨ ᠡᠪᠡᠳᠴᠢᠲᠡᠢ ᠬᠣᠨᠢ᠎ᠨᠢ ᠬᠠᠷᠢᠭᠤ ᠳᠤᠰᠬᠠᠬᠤ᠎ᠨᠢ ᠤᠳᠠᠭ᠋ᠠᠨ᠂ ᠦᠷᠭᠦᠯᠵᠢ ᠲᠣᠯᠣᠭ᠋ᠠᠶ᠎ᠪᠠᠨ ᠪᠦᠯᠬᠦᠢ᠌ᠯᠭᠡᠨ᠂ ᠴᠢᠬᠢ᠎ᠪᠠᠨ ᠤᠨᠵᠢᠢ᠍ᠯᠭ᠋ᠠᠨ᠂ ᠵᠠᠷᠢᠮ᠎ᠳᠤ᠎ᠪᠠᠨ ᠬᠡᠪᠲᠡᠭᠡᠳ ᠪᠣᠰᠬᠤ ᠦᠭᠡᠢ᠂ ᠪᠦᠷᠬᠦᠭᠦᠯ ᠦᠰᠦ᠎ᠨᠢ ᠥᠩᠭᠡ ᠭᠢᠯᠪᠠᠭ᠎ᠠ ᠦᠭᠡᠢ᠂ ᠨᠢᠰᠤ ᠨᠢᠯᠪᠤᠰᠤ᠎ᠪᠠᠨ ᠭᠣᠭᠣᠵᠢᠭᠤᠯᠵᠤ᠂ ᠬᠡᠪᠢᠬᠦ᠎ᠨᠢ ᠲᠠᠰᠤᠯᠳᠠᠬᠤ ᠪᠤᠶᠤ ᠬᠡᠪᠢᠬᠦ ᠦᠭᠡᠢ ᠪᠠᠢ᠌ᠳᠠᠭ᠃
      ᠬᠣᠶᠠᠷ᠂ ᠬᠤᠨᠢᠨ᠎ᠤ ᠪᠠᠭ᠋ᠠᠰᠤ ᠵᠢ᠎ᠨᠢ ᠦᠵᠡᠨ᠎ᠡ᠃ ᠡᠷᠡᠭᠦᠯ ᠬᠣᠨᠢᠨ᠎ᠤ ᠪᠠᠭ᠋ᠠᠰᠤ᠎ᠨᠢ ᠪᠦᠯᠢᠶᠡᠨ᠂ ᠥᠩᠭᠡ᠎ᠨᠢ ᠭᠢᠯᠠᠭ᠋ᠠᠷ ᠮᠦᠷᠲᠡᠭᠡᠨ ᠢᠳᠡᠰᠢᠯᠡᠭᠰᠡᠨ ᠲᠡᠵᠢᠭᠡᠯ ᠪᠤᠷᠳᠤᠭ᠋ᠠᠨ᠎ᠤ ᠥᠩᠭᠡ᠎ᠲᠠᠢ ᠠᠳᠠᠯᠢᠪᠲᠤᠷ ᠪᠠᠢ᠌ᠳᠠᠭ᠃ ᠬᠠᠷᠢᠨ ᠡᠪᠡᠳᠴᠢᠲᠡᠢ ᠬᠤᠨᠢᠨ᠎ᠤ   ᠪᠠᠭ᠋ᠠᠰᠤ᠎ᠨᠢ ᠬᠡᠲᠦᠷᠬᠡᠶ ᠬᠠᠭᠤᠷᠠᠶ ᠪᠤᠶᠤ ᠰᠢᠩᠭᠡᠨ᠂ ᠦᠨᠦᠷ᠎ᠨᠢ ᠮᠠᠭᠤᠬᠠᠶ᠂ ᠵᠠᠷᠢᠮ᠎ᠳᠤ᠎ᠪᠠᠨ ᠰᠠᠯᠢᠰᠤ᠂ ᠢᠳᠡᠭᠡ᠂ ᠴᠢᠰᠤ᠂ ᠬᠣᠷᠣᠬᠠᠶ ᠵᠡᠷᠭᠡ ᠬᠣᠯᠢᠯᠳᠤᠵᠤ ᠪᠠᠢ᠌ᠳᠠᠭ᠃
      ᠭᠤᠷᠪᠠ᠂ ᠮᠠᠯ᠎ᠤᠨ ᠡᠮᠴᠢ᠎ᠪᠠᠷ ᠪᠤᠶᠤ ᠥᠪᠡᠷ ᠵᠶ᠋ᠡᠨ ᠬᠣᠨᠢᠨ᠎ᠤ ᠰᠠᠯᠢᠰᠤᠲᠤ ᠪᠦᠷᠬᠦᠪᠴᠢ ᠵᠢ ᠪᠠᠢ᠌ᠴᠠᠭ᠋ᠠᠨ᠎ᠠ᠃ ᠬᠤᠷᠤᠭᠤ᠎ᠪᠠᠷ ᠵᠶ᠋ᠠᠨ ᠳᠡᠭᠡᠷ᠎ᠡ ᠳᠣᠤᠷ᠎ᠠ ᠨᠢᠳᠦᠨ ᠵᠤᠪᠬᠢ ᠵᠢ᠎ᠨᠢ ᠤᠷᠪᠠᠭᠤᠯᠤᠨ ᠥᠩᠭᠡ ᠵᠢ᠎ᠨᠢ ᠦᠵᠡᠨ᠎ᠡ᠂ ᠡᠷᠡᠭᠦᠯ ᠬᠣᠨᠢᠨ᠎ᠤ ᠰᠠᠯᠢᠰᠤᠲᠤ ᠪᠦᠷᠬᠦᠪᠴᠢ᠎ᠨᠢ ᠭᠦᠢ᠍ᠬᠡᠨ ᠤᠯᠠᠭ᠋ᠠᠨ ᠥᠩᠭᠡ᠎ᠲᠠᠢ᠂ ᠬᠠᠷᠢᠨ ᠡᠪᠡᠳᠴᠢᠲᠡᠢ ᠬᠣᠨᠢᠨ᠎ᠤ ᠰᠠᠯᠢᠰᠤᠲᠤ ᠪᠦᠷᠬᠦᠪᠴᠢ᠎ᠨᠢ ᠴᠠᠶ᠋ᠢᠪᠤᠷ ᠪᠤᠶᠤ ᠰᠢᠷ᠎ᠠ ᠦᠩᠭᠡ᠎ᠲᠠᠢ ᠪᠠᠢ᠌ᠳᠠᠭ᠃ ᠳᠠᠷᠠᠭ᠎ᠠ᠎ᠳᠤᠨᠢ ᠠᠮᠠᠨ ᠬᠥᠨᠳᠡᠶ ᠵᠢ᠎ᠨᠢ ᠪᠠᠢ᠌ᠴᠠᠭ᠋ᠠᠨ᠎ᠠ᠂ ᠵᠠᠪᠠᠵᠢ᠎ᠪᠠᠷ᠎ᠨᠢ ᠳᠣᠯᠢᠶᠠᠪᠤᠷ ᠬᠤᠷᠤᠭᠤ ᠪᠠ ᠳᠤᠮᠳᠠ ᠬᠤᠷᠤᠭᠤ᠎ᠪᠠᠨ ᠠᠮᠠᠨ ᠬᠦᠨᠳᠡᠢ᠎ᠳᠤ᠎ᠨᠢ ᠤᠷᠤᠭᠤᠯᠤᠨ᠂ ᠬᠡᠯᠡ ᠵᠢ᠎ᠨᠢ ᠲᠠᠲᠠᠨ ᠭᠠᠷᠭ᠋ᠠᠵᠤ᠂ ᠦᠩᠭᠦᠷ᠎ᠢ᠎ᠨᠢ ᠠᠵᠢᠭᠯᠠᠨ᠎ᠠ᠃ ᠡᠷᠡᠭᠦᠯ ᠬᠣᠨᠢᠨ᠎ᠤ ᠬᠡᠯᠡ᠎ᠨᠢ ᠤᠯᠠᠭ᠋ᠠᠨ᠂ ᠬᠥᠪᠳᠥ ᠦᠭᠡᠢ᠂ ᠠᠮᠠᠨ᠎ᠠᠴᠠ᠎ᠨᠢ ᠮᠠᠭᠤᠬᠠᠢ ᠦᠨᠦᠷ ᠭᠠᠷᠬᠤ ᠦᠭᠡᠢ᠃ ᠡᠪᠡᠳᠴᠢᠲᠡᠢ ᠬᠣᠨᠢᠨ᠎ᠤ ᠬᠡᠯᠡ᠎ᠨᠢ ᠬᠠᠭᠤᠷᠠᠢ᠂ ᠦᠮᠡᠬᠡᠶ ᠦᠨᠦᠷ᠎ᠲᠠᠢ᠂ ᠬᠡᠯᠡᠨ᠎ᠤ ᠦᠩᠭᠦᠷ ᠳᠡᠭᠡᠷ᠎ᠡ᠎ᠨᠢ ᠬᠦᠪᠲᠦ᠎ᠲᠠᠢ ᠮᠦᠷᠲᠡᠭᠡᠨ ᠰᠢᠷ᠎ᠠ ᠪᠤᠶᠤ ᠬᠠᠷᠠᠪᠲᠤᠷ ᠰᠢᠷ᠎ᠠ ᠥᠩᠭᠡ᠎ᠲᠠᠢ᠂ ᠵᠠᠷᠢᠮ᠎ᠳᠤ᠎ᠪᠠᠨ ᠪᠠᠰᠠ ᠢᠳᠡᠭᠡᠯᠡᠵᠦ ᠢᠯᠵᠡᠷᠡᠭᠰᠡᠨ ᠪᠠᠢ᠌ᠳᠠᠯ ᠢᠯᠡᠷᠡᠳᠡᠭ᠃

ᠢᠷᠡᠯᠲᠡ᠄ ᠦᠪᠦᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠨᠢᠭᠡ)
ᠦᠨᠳᠡᠭᠡᠨ ᠲᠠᠬᠢᠶᠠᠨ᠎ᠤ ᠰᠠᠢ᠌ᠨ ᠡᠭᠦᠯᠳᠡᠷ᠎ᠤᠨ ᠪᠠᠷᠢᠮᠵᠢᠶ᠎ᠠ ᠪᠠ ᠰᠠᠢ᠌ᠨ ᠡᠭᠦᠯᠳᠡᠷ᠎ᠢ ᠢᠯᠭ᠋ᠠᠨ ᠲᠠᠨᠢᠬᠤ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠨᠢᠭᠡ)
ᠲᠠᠬᠢᠶᠠᠨ᠎ᠤ ᠤᠷᠤᠨ ᠨᠤᠲᠤᠭ᠎ᠤᠨ ᠡᠭᠦᠯᠳᠡᠷ (ᠨᠢᠭᠡ)
ᠲᠠᠬᠢᠶᠠᠨ᠎ᠤ ᠤᠷᠤᠨ ᠨᠤᠲᠤᠭ᠎ᠤᠨ ᠡᠭᠦᠯᠳᠡᠷ (ᠬᠤᠶᠠᠷ)
 
            